ᠥᠭᠡᠯᠡᠳ ᠮᠤᠩᠭᠤᠯ ᠤᠨ ᠰᠠᠭᠠᠯᠢ ᠶᠢᠨ ᠠᠷᠢᠭᠢ ᠨᠡᠷᠡᠭᠦ ᠳᠤᠬᠠᠢ ᠳᠦᠭᠦᠮ ᠥᠭᠦᠯᠡᠭᠦ ᠨᠢ
ᠨᠡᠶᠢᠲᠡᠯᠡᠭᠰᠡᠨ ᠴᠠᠭ᠄
2020/8/28
                               ᠰᠠᠭᠠᠯᠢ ᠶᠢᠨ ᠠᠷᠢᠬᠢ ᠨᠡᠷᠡᠬᠦ ᠲᠤᠭᠤᠭ᠎ᠠ ᠭᠡᠷᠡᠭᠰᠡᠯ ᠤᠳ᠃      ᠥᠭᠡᠯᠡᠳᠴᠦᠳ ᠡᠷᠳᠡᠨ ᠠᠴᠠ ᠡᠳᠦᠭᠡ ᠪᠣᠯᠳᠠᠯ᠎ᠠ᠂ ᠣᠷᠳᠤ ᠣᠳᠠᠭᠠᠨ ᠠᠮᠢᠳᠤᠷᠠᠯ ᠤᠨ ᠶᠠᠪᠣᠴᠠ ᠳᠤ᠂ ᠡᠷᠭᠢᠮ ᠳᠡᠭᠡᠳᠤ᠂ ᠡᠭᠡᠯ ᠳᠤᠤᠷᠠᠳᠤ ᠭᠡᠰᠡᠨ ᠦᠬᠡᠢ ᠴᠦᠮ ᠠᠷᠢᠭᠢᠨ ᠰᠤᠶᠤᠯ ᠲᠠᠢ ᠪᠠᠶᠢᠵᠦ᠂ ᠳᠡᠭᠦᠨ ᠲᠠᠢ ᠰᠠᠯᠤᠰᠢ ᠦᠬᠡᠢ ᠬᠤᠪᠢ ᠪᠠᠷᠢᠯᠳᠤᠯᠭ᠎ᠠ ᠲᠠᠢ ᠶᠤᠮ᠃      ᠠᠷᠢᠭᠢ ᠶᠢ ᠪᠣᠳᠠᠭᠠᠨ ᠠᠷᠢᠭᠢ᠂ ᠵᠢᠮᠢᠰ ᠤᠨ ᠠᠷᠢᠭᠢ ᠁ ᠭᠡᠵᠤ ᠮᠠᠰᠢ ᠣᠯᠠᠨ ᠵᠦᠢᠯ ᠬᠤᠪᠢᠶᠠᠳᠠᠭ ᠰᠠᠨ᠃ ᠥᠭᠡᠯᠡᠳ ᠮᠤᠩᠭᠤᠯᠴᠤᠳ ᠤᠨ ᠠᠷᠢᠭᠢᠨ ᠰᠤᠶᠤᠯ ᠨᠢ ᠰᠠᠭᠠᠯᠢ ᠶᠢᠨ ᠠᠷᠢᠭᠢ ᠪᠣᠯᠤᠨ᠎ᠠ᠃ ᠰᠠᠭᠠᠯᠢ ᠶᠢᠨ ᠠᠷᠢᠭᠢᠨ ᠤ ᠥᠯᠢᠭᠡᠷ ᠳᠡᠦᠭᠡᠨ ᠳᠤ ᠥᠭᠡᠯᠡᠳ ᠮᠤᠩᠭᠤᠯᠴᠤᠳ ᠤᠨ ᠥᠴᠦᠭᠡᠳᠦᠷ ᠪᠣᠯᠤᠨ ᠦᠨᠦᠳᠤᠷ ᠤᠨ ᠢᠮ ᠳᠡᠮᠳᠡᠭ ᠬᠠᠳᠠᠭᠠᠯᠠᠭᠳᠠᠭᠰᠠᠭᠠᠷ ᠪᠣᠢ᠃      ᠥᠷᠭᠡᠨ ᠠᠭᠤᠳᠠᠮ᠂ ᠭᠦᠪᠡᠭᠡ ᠭᠢᠵᠠᠭᠠᠷ ᠨᠢ ᠬᠠᠷᠠᠭᠳᠠᠬᠤ ᠦᠬᠡᠢ ᠭᠦᠳᠡᠭᠡ ᠨᠤᠳᠤᠭ ᠪᠣᠯ ᠥᠭᠡᠯᠡᠳᠴᠦᠳ ᠤᠨ ᠠᠵᠤ ᠲᠦᠷᠦᠨ ᠠᠮᠢᠳᠤᠷᠠᠵᠤ ᠪᠠᠶᠢᠬᠤ ᠡᠭᠡ ᠣᠷᠤᠨ᠃ ᠡᠨᠡᠭᠦ ᠪᠣᠭᠢᠷᠳᠦᠯ ᠦᠭᠡᠢ ᠭᠦᠷᠦᠰᠤ ᠰᠢᠷᠤᠢ ᠨᠢ ᠡᠭᠡ ᠪᠠᠶᠢᠭᠠᠯᠢ ᠠᠴᠠ ᠭᠦᠮᠤᠨ ᠲᠦᠷᠦᠯᠭᠢᠳᠠᠨ ᠳᠤ ᠭᠦᠷᠳᠡᠭᠡᠭᠰᠡᠨ ᠣᠩᠭᠤᠨ ᠪᠠᠶᠢᠭᠠᠯᠢ᠂ ᠬᠤᠷᠮᠤᠰᠳᠠ ᠳᠡᠭᠷᠢ ᠶᠢᠨ ᠪᠣᠶᠠᠨ ᠭᠡᠰᠢᠭ ᠪᠣᠯᠤᠨ᠎ᠠ᠃ ᠭᠦᠭᠡ ᠴᠡᠩᠭᠡᠷ ᠣᠭᠳᠠᠷᠭᠤᠢ᠂ ᠨᠤᠮᠢᠨ ᠨᠤᠭᠤᠭᠠᠨ ᠳᠠᠯ᠎ᠠ ᠨᠤᠳᠤᠭ᠂ ᠮᠦᠰᠢᠶᠠᠨ ᠳᠡᠯᠭᠡᠷᠡᠭᠰᠡᠨ ᠥᠩᠭᠡ ᠪᠦᠷᠢ ᠶᠢᠨ ᠴᠡᠴᠡᠭ ᠬᠤᠸᠠᠷ ᠤᠳ ᠨᠢ ᠳᠠᠪᠤᠨ ᠥᠩᠭᠡ ᠪᠠᠷ ᠰᠤᠯᠤᠩᠭᠠᠷᠠᠭᠰᠠᠨ ᠭᠠᠶᠢᠬᠠᠮᠰᠢᠭᠳᠤ ᠰᠠᠶᠢᠬᠠᠨ ᠵᠢᠷᠤᠭ ᠳᠦᠷᠰᠦ ᠶᠢ ᠪᠣᠢ ᠪᠣᠯᠭᠠᠨ᠎ᠠ᠃ ᠪᠠᠯᠴᠢᠨ ᠢᠳᠡᠰᠢᠯᠡᠭᠦ ᠥᠭᠡᠷ ᠬᠤᠨᠢ᠂ ᠳᠠᠷᠬᠠᠨ ᠪᠠᠯᠴᠢᠭᠦ ᠠᠳᠤᠭᠤ ᠮᠠᠯ ᠤᠳ ᠨᠢ ᠶᠠᠭ ᠯᠠ ᠳᠠᠯ᠎ᠠ ᠨᠤᠳᠤᠭ ᠲᠠᠬᠢ ᠭᠦᠭᠵᠢᠮ ᠠᠶᠠᠰ ᠤᠨ ᠨᠤᠲ ᠳᠡᠮᠳᠡᠭ ᠪᠣᠯᠵᠤ᠂ ᠥᠭᠡᠯᠡᠳᠴᠦᠳ ᠤᠨ ᠵᠤᠯ ᠵᠢᠷᠭᠠᠯᠳᠤ ᠠᠮᠢᠳᠤᠷᠠᠯ ᠤᠨ ᠰᠠᠶᠢᠨ ᠰᠠᠶᠢᠬᠠᠨ ᠢ ᠪᠢᠴᠢᠭᠯᠡᠨ ᠳᠠᠭᠤᠯᠠᠵᠤ ᠪᠠᠶᠢᠭ᠎ᠠ ᠮᠠᠳᠤ᠃      ᠦᠷ ᠤᠨ ᠭᠡᠭᠡ ᠠᠷᠠᠢ ᠳᠠᠳᠠᠬᠤ ᠳᠤ᠂ ᠦᠨᠢᠶ᠎ᠡ ᠰᠠᠭᠠᠬᠤ ᠳᠠᠭᠤᠨ ᠥᠷᠯᠦᠭᠡ ᠶᠢᠨ ᠨᠠᠮ ᠵᠢᠮ ᠪᠠᠶᠢᠳᠠᠯ ᠢ ᠡᠪᠳᠡᠵᠤ᠂ ᠣᠷᠠᠨ ᠪᠣᠯᠵᠤᠮᠤᠷ ᠵᠢᠷᠭᠢᠨ ᠱᠤᠯᠤᠭᠠᠨᠠᠬᠤ ᠨᠢ ᠰᠥ ᠰᠠᠭᠠᠯᠢ ᠶᠢᠨ ᠳᠠᠭᠤᠨ ᠲᠠᠢ ᠭᠦᠭ ᠨᠠᠶᠢᠯᠠᠵᠤ᠂ ᠰᠠᠪᠠ ᠰᠠᠭᠤᠯᠭᠠᠨ ᠳᠤ ᠢᠳᠡᠭᠡᠨ ᠤ ᠳᠡᠭᠡᠵᠢ ᠴᠠᠯᠭᠢᠯᠠᠵᠤ᠂ ᠰᠦ ᠶᠢᠨ ᠦᠨᠦᠷ ᠰᠠᠩᠭᠢᠨᠠᠨ᠎ᠠ᠃ ᠳᠠᠷᠠᠭᠦ ᠰᠥ ᠰᠠᠭᠠᠯᠢ ᠨᠢ ᠥᠭᠡᠯᠡᠳ ᠪᠦᠰᠡᠭᠦ᠋ᠢᠴᠦᠳ ᠤᠨ ᠥᠩᠭᠡᠳᠤ ᠴᠢᠷᠠᠢ ᠳᠤ ᠳᠤᠰᠤᠭᠰᠠᠨ ᠠᠴᠠ ᠳᠠᠳᠠᠨᠤᠰ ᠤᠨ ᠨᠢᠭᠤᠷ ᠵᠢᠰᠤ ᠣᠯᠠᠮ ᠴᠤ ᠭᠤᠶᠤ ᠪᠣᠯᠵᠤ᠂ ᠳᠠᠷᠠᠭᠦ ᠰᠥ ᠰᠠᠭᠠᠯᠢ ᠳᠠᠯ᠎ᠠ ᠨᠤᠳᠤᠭ ᠲᠤ ᠰᠠᠴᠤᠯᠢᠭᠳᠠᠭᠰᠠᠨ ᠠᠴᠠ ᠭᠦᠷᠦᠰᠦᠳᠤ ᠳᠡᠯᠡᠭᠡᠢ ᠵᠢᠯ ᠠᠴᠠ ᠵᠢᠯ ᠣᠯᠠᠮ ᠴᠤ ᠨᠤᠮᠢᠨ ᠨᠤᠭᠤᠭᠠᠨ ᠢᠶᠠᠷ ᠠᠮᠢᠯᠠᠨ ᠳᠠᠪᠠᠯᠭᠠᠯᠠᠵᠤ᠂ ᠳᠠᠷᠠᠭᠦ ᠰᠥ ᠰᠠᠭᠠᠯᠢ ᠥᠭᠡᠯᠡᠳᠴᠦᠳ ᠤᠨ ᠭᠠᠷ ᠢᠶᠠᠷ ᠳᠠᠮᠵᠢᠨ ᠠᠮᠳᠠᠳᠤ ᠰᠠᠶᠢᠬᠠᠨ ᠰᠠᠭᠠᠯᠢ ᠶᠢᠨ ᠠᠷᠢᠭᠢ ᠨᠡᠷᠡᠭᠳᠡᠵᠤ᠂ ᠰᠠᠷᠬᠤᠤᠨ ᠤᠨ ᠰᠤᠶᠤᠯ ᠪᠦᠳᠦᠭᠡᠨ᠎ᠡ᠃      ᠰᠠᠭᠠᠯᠢ  ᠶᠢᠨ ᠰᠠᠷᠬᠤᠤᠨ  ᠨᠢ ᠥᠭᠡᠯᠡᠳ ᠮᠤᠩᠭᠤᠯᠴᠤᠳ  ᠲᠠᠢ ᠠᠳᠠᠯᠢ  ᠪᠠᠷ ᠣᠷᠳᠤ ᠣᠳᠠᠭᠠᠨ ᠳᠡᠦᠭᠡ   ᠲᠠᠢ ᠶᠤᠮ᠃ ᠠᠯᠢ ᠡᠷᠳᠡ ᠮᠤᠩᠭᠤᠯᠴᠤᠳ ᠮᠠᠯᠵᠢᠬᠤ ᠠᠮᠢᠳᠤᠷᠠᠯ  ᠢ ᠡᠷᠭᠢᠯᠡᠨ᠂ ᠠᠭᠯᠠᠭ ᠠᠭᠤᠯᠠ ᠡᠭᠡᠷᠡᠮ᠎ᠡ ᠳᠠᠯ᠎ᠠ  ᠪᠠᠷ ᠣᠳᠤᠷᠯᠠᠨ ᠨᠡᠭᠦᠳᠡᠯᠯᠡᠭᠦ  ᠳᠡᠭᠡᠨ ᠠᠷᠠᠰᠤᠨ ᠣᠭᠤᠳᠠᠨ  ᠳᠠᠭᠠᠨ ᠰᠥ ᠰᠠᠭᠠᠯᠢ ᠪᠠᠨ ᠳᠡᠭᠡᠭᠡᠵᠤ ᠠᠶᠠᠯᠠᠨ ᠶᠠᠪᠣᠬᠤ  ᠳᠤ ᠨᠢᠭᠡᠨ ᠵᠠᠮ  ᠤᠨ ᠳᠡᠩᠭᠡᠯᠡᠭᠡ  ᠠᠴᠠ ᠰᠦ  ᠶᠢᠨ ᠬᠤᠪᠢ  ᠶᠢᠨ ᠵᠢᠩ  ᠢᠶᠠᠷ ᠭᠦᠡᠳᠤ ᠭᠡᠰᠡᠭ  ᠨᠢ ᠳᠤᠭᠤᠭᠰᠢ ᠳᠤᠨᠵᠤ᠂ ᠴᠤᠯᠤ ᠴᠠᠪᠠᠷ ᠰᠦ  ᠶᠢᠨ ᠳᠡᠭᠡᠳᠤ  ᠨᠢ ᠳᠡᠭᠡᠭᠰᠢ ᠳᠡᠭᠳᠡᠨ᠂ ᠦᠯ  ᠪᠠ ᠣᠮᠳᠠ  ᠶᠢ ᠳᠠᠷᠤᠬᠤ ᠣᠠᠴᠠ ᠰᠠᠶᠢᠨ ᠢᠳᠡᠭᠡᠨ ᠪᠣᠯᠬᠤ  ᠶᠢ ᠰᠠᠷᠠᠵᠤ ᠮᠡᠳᠡᠭᠰᠡᠨ ᠠᠴᠠ᠂ ᠳᠠᠳᠡ ᠰᠠᠭᠠᠯᠢ  ᠶᠢᠨ ᠠᠷᠢᠭᠢ ᠨᠡᠷᠡᠭᠦ  ᠶᠢ ᠥᠭᠡᠷ᠎ᠡ ᠪᠣᠰᠤᠳ ᠦᠨᠳᠦᠰᠦᠳᠠᠨ ᠶᠠᠰᠤᠳᠠᠨ  ᠠᠴᠠ ᠬᠠᠮᠤᠭ  ᠤᠨ ᠳᠡᠷᠢᠭᠦᠨ  ᠳᠤ ᠮᠠᠳᠠᠪᠠ ᠭᠡᠵᠤ ᠳᠡᠦᠭᠡᠨ ᠪᠢᠴᠢᠭ ᠰᠤᠳᠤᠷ   ᠲᠤ ᠳᠡᠮᠳᠡᠭᠯᠡᠵᠤ ᠪᠣᠢ᠃ ᠡᠨᠡᠭᠦ ᠢᠯᠡᠷᠡᠭᠦᠯᠦᠯ  ᠢ ᠰᠠᠷᠠᠵᠤ ᠮᠡᠳᠡᠭᠰᠡᠨ ᠥᠭᠡᠯᠡᠳᠴᠥᠳ᠂ ᠣᠳᠠᠭᠠᠨ ᠡᠳᠦᠷ  ᠤᠨ ᠣᠢᠢᠯᠠᠳᠪᠣᠷᠢᠯᠠᠯ ᠠᠮᠢᠳᠤᠷᠠᠯ ᠤᠨ ᠶᠠᠪᠣᠴᠠ  ᠳᠠᠭᠠᠨ ᠰᠠᠭᠠᠯᠢ  ᠶᠢᠨ ᠠᠷᠢᠭᠢ ᠨᠡᠷᠡᠭᠦ  ᠶᠢ ᠡᠭᠦᠳᠴᠤ᠂ ᠰᠠᠷᠬᠤᠤᠨ   ᠤᠨ ᠰᠤᠶᠤᠯ  ᠢ ᠪᠦᠳᠦᠭᠡᠪᠡ᠃ ᠰᠠᠭᠠᠯᠢ  ᠶᠢᠨ ᠠᠷᠢᠭᠢ  ᠨᠢ ᠡᠶᠢᠨᠭᠦ ᠠᠯᠭᠤᠷ ᠠᠭᠠᠵᠢᠮ  ᠢᠶᠠᠷ ᠥᠭᠡᠯᠡᠳᠴᠥᠳ  ᠤᠨ ᠠᠮᠢᠳᠤᠷᠠᠯ ᠳᠤ ᠨᠠᠪᠴᠢᠨ ᠰᠢᠩᠭᠡᠵᠡᠢ᠃      ︽ᠮᠠᠷᠺᠦ ᠫᠣᠯᠣ ᠶᠢᠨ ᠵᠢᠭᠤᠯᠴᠢᠯᠠᠯ ᠤᠨ ᠳᠡᠮᠳᠡᠭᠯᠡᠯ︾ ᠳᠤ ᠡᠶᠢᠮᠤ ᠨᠢᠭᠡᠨ ᠳᠠᠨᠢᠯᠴᠠᠭᠤᠯᠭ᠎ᠠ ᠪᠠᠶᠢᠳᠠᠭ᠃ ᠮᠤᠩᠭᠤᠯᠴᠤᠳ ᠤᠨ ᠣᠤᠭᠤᠳᠠᠭ ᠴᠡᠭᠡ ᠪᠠᠷ ᠨᠡᠷᠡᠭᠰᠡᠨ ᠰᠠᠭᠠᠯᠢ ᠶᠢᠨ ᠠᠷᠢᠭᠢ ᠶᠢᠨ ᠥᠩᠭᠡ ᠨᠢ ᠴᠠᠭᠠᠨ ᠦᠵᠦᠮ ᠤᠨ ᠠᠷᠢᠭᠢ ᠲᠠᠢ ᠠᠳᠠᠯᠢ ᠪᠠᠶᠢᠵᠤ᠂ ᠦᠨᠦᠷ ᠠᠮᠳᠠ ᠨᠢ ᠴᠤ ᠲᠤᠩ ᠰᠠᠶᠢᠬᠠᠨ᠂ ᠡᠭᠦᠨ ᠢ ᠪᠠᠨ ᠺᠤᠮᠢᠰ ᠭᠡᠵᠤ᠂ ︽ᠺᠤᠮᠢᠰ︾ ᠨᠢ ᠰᠠᠭᠠᠯᠢ ᠶᠢᠨ ᠠᠷᠢᠭᠢ ᠶᠢ ᠵᠢᠭᠠᠵᠤ ᠪᠠᠶᠢᠨ᠎ᠠ᠃ ︽ᠸᠢᠯᠢᠶᠠᠮ ᠷᠦᠪᠷᠦᠩ ᠤᠨ ᠮᠤᠩᠭᠤᠯ ᠳᠤ ᠵᠢᠭᠤᠯᠴᠢᠯᠠᠬᠰᠠᠨ ᠳᠡᠮᠳᠡᠭᠯᠡᠯ︾ ᠳᠤ ᠰᠠᠭᠠᠯᠢ ᠶᠢᠨ ᠠᠷᠢᠭᠢ ᠨᠡᠷᠡᠭᠦ ᠠᠷᠭ᠎ᠠ ᠶᠢ ᠵᠢᠷᠤᠭᠯᠠᠭᠰᠠᠨ ᠪᠠᠶᠢᠪᠠ᠃ ᠡᠳᠡᠭᠡᠷ ᠪᠦᠭᠦᠨ ᠨᠢ ᠰᠠᠭᠠᠯᠢ ᠶᠢᠨ ᠠᠷᠢᠭᠢ ᠳᠤᠮᠳᠠᠳᠤ ᠶᠢᠨ ᠨᠤᠳᠤᠭ ᠲᠤ ᠭᠢᠯᠢ ᠭᠢᠵᠠᠭᠠᠷ ᠣᠷᠤᠨ ᠤ ᠳᠡᠦᠭᠡᠨ ᠠᠴᠠ ᠡᠭᠢ ᠰᠤᠷᠪᠣᠯᠵᠢ ᠲᠠᠢ᠂ ᠳᠠᠯ᠎ᠠ ᠶᠢᠨ ᠮᠤᠩᠭᠤᠯᠴᠤᠳ ᠡᠭᠦᠨ ᠢ ᠣᠷᠢᠤᠠᠴᠢᠯᠠᠨ ᠢᠯᠡᠷᠡᠭᠦᠯᠵᠤ᠂ ᠣᠢ ᠶᠢᠨ ᠢᠷᠭᠡᠳ ᠪᠠ ᠥᠭᠡᠷ᠎ᠡ ᠪᠣᠰᠤᠳ ᠦᠨᠳᠦᠰᠦᠳᠠᠨ ᠶᠠᠰᠤᠳᠠᠨ ᠳᠠᠭᠤᠷᠢᠶᠠᠨ ᠥᠢᠯᠡᠳᠦᠭᠰᠡᠨ ᠠᠴᠠ ᠰᠠᠭᠠᠯᠢ ᠶᠢᠨ ᠠᠷᠢᠭᠢᠨ ᠤ ᠬᠠᠮᠳᠤ ᠶᠢᠨ ᠰᠤᠶᠤᠯ ᠪᠣᠢ ᠪᠣᠯᠤᠭᠰᠠᠨ ᠢ ᠬᠠᠷᠠᠭᠤᠯᠵᠤ ᠪᠠᠶᠢᠭ᠎ᠠ ᠶᠤᠮ᠃      ᠦᠨᠦᠳᠤᠷ᠂ ᠥᠭᠡᠯᠡᠳᠴᠥᠳ ᠴᠡᠭᠡ ᠪᠠᠷ ᠰᠠᠭᠠᠯᠢ ᠶᠢᠨ ᠠᠷᠢᠭᠢ ᠨᠠᠷᠠᠵᠤ ᠪᠠᠶᠢᠬᠤ ᠪᠠᠷ ᠪᠠᠷᠠᠬᠤ ᠦᠬᠡᠢ᠂ ᠦᠨᠢᠶᠠᠨ ᠰᠥ᠂ ᠢᠮᠠᠭᠠᠨ ᠰᠦ ᠪᠠᠷ ᠴᠤ ᠰᠠᠭᠠᠯᠢ ᠶᠢᠨ ᠠᠷᠢᠭᠢ ᠨᠠᠷᠠᠵᠤ᠂ ᠨᠡᠷᠡᠭᠦ ᠠᠷᠭ᠎ᠠ ᠪᠠᠷᠢᠯ ᠨᠢ ᠪᠠᠷᠤᠭ ᠠᠳᠠᠯᠢᠪᠳᠤᠷ ᠪᠠᠶᠢᠨ᠎ᠠ᠃ ᠳᠤᠬᠠᠢ ᠶᠢᠨ ᠦᠶ᠎ᠡ ᠶᠢᠨ ᠮᠥᠩᠭᠦᠨ ᠴᠠᠭᠠᠨ ᠮᠤᠩᠭᠤᠯ ᠭᠡᠷ ᠪᠣᠯ ᠠᠷᠢᠭᠢ ᠨᠡᠷᠡᠭᠦ ᠣᠢᠢᠯᠠᠳᠪᠣᠷᠢ ᠪᠣᠯᠤᠨ᠎ᠠ᠂ ᠡᠳᠡᠭᠡᠷ ᠠᠶᠢᠷᠠᠭ ᠤᠨ ᠭᠠᠩ ᠪᠦᠷᠭᠦᠭᠦᠯ᠂ ᠳᠤᠭᠤᠭ᠎ᠠ ᠵᠢᠯᠠᠪᠴᠢ ᠵᠡᠷᠭᠡ ᠪᠣᠯ ᠠᠷᠢᠭᠢ ᠨᠡᠷᠡᠭᠦ ᠪᠠᠭᠠᠵᠢ ᠭᠡᠷᠡᠭᠯᠡᠭᠦᠷ ᠪᠠᠶᠢᠵᠦ᠂ ᠠᠩᠭᠢᠯᠤᠮ᠎ᠠ ᠦᠨᠦᠷ ᠬᠠᠩᠬᠤᠯᠤᠭᠰᠠᠨ ᠠᠷᠢᠭᠤᠨ ᠴᠠᠭᠠᠨ ᠰᠥ ᠨᠢ ᠳᠠᠷᠤᠢ ᠠᠷᠢᠭᠢ ᠨᠡᠷᠡᠭᠦ ᠳᠦᠭᠦᠭᠡᠢ ᠮᠠᠲ᠋ᠧᠷᠢᠶᠠᠯ ᠪᠣᠯᠤᠨ᠎ᠠ᠃      ᠦᠨᠡᠨᠳᠡᠭᠡᠨ ᠠᠷᠢᠭᠢ ᠨᠡᠷᠡᠭᠦ ᠳᠤ ᠭᠡᠷᠡᠭᠯᠡᠭᠦ ᠰᠥ ᠨᠢ ᠢᠰᠭᠡᠭᠰᠡᠨ ᠰᠥ᠂ ᠳᠠᠷᠤᠢ ᠠᠶᠢᠷᠠᠭ ᠪᠣᠯᠤᠨ᠎ᠠ᠃ ᠮᠤᠳᠤᠨ ᠰᠠᠭᠤᠯᠠᠭ᠎ᠠ ︵ᠠᠶᠢᠷᠠᠭ ᠤᠨ ᠭᠠᠩ︶ ᠳᠤ ᠰᠢᠨ᠎ᠠ ᠰᠤᠷᠭᠤᠭ ᠰᠦ ᠪᠠᠨ ᠭᠢᠵᠤ᠂ ᠬᠠᠪᠬᠠᠭᠠᠰᠤ ᠶᠢ ᠨᠢ ᠬᠠᠪᠬᠠᠯᠠᠨ ᠳᠤᠯᠠᠭᠠᠨ ᠤ ᠭᠡᠮᠵᠢᠶ᠎ᠡ ᠵᠤᠭᠢᠴᠠᠭᠰᠠᠨ ᠭᠠᠵᠠᠷ 5 — 6 ᠡᠳᠦᠷ ᠳᠠᠯᠪᠢᠭᠰᠠᠨ ᠤ ᠳᠠᠷᠠᠭ᠎ᠠ ᠠᠶᠠᠠᠳᠠᠭᠠᠨ ᠡᠭᠡᠳᠡᠷᠡᠵᠤ ᠠᠶᠢᠷᠠᠭ ᠪᠣᠯᠳᠠᠭ᠃ ᠡᠭᠦᠨ ᠢ ᠠᠶᠢᠷᠠᠭ ᠤᠨ ᠪᠦᠯᠢᠭᠦᠷ ︵ᠠᠶᠢᠷᠠᠭ ᠤᠨ ᠭᠠᠩ ᠳᠤ ᠣᠭᠰᠠᠷᠠᠭᠰᠠᠨ ᠳᠤᠰᠬᠠᠢ ᠪᠠᠭᠠᠵᠢ︶ ᠢᠶᠠᠷ ᠪᠦᠯᠢᠭᠦ ᠳᠤ ᠹᠢᠽᠢᠺ ᠤᠨ ᠬᠤᠪᠢᠷᠠᠯᠳᠠ ᠡᠭᠦᠰᠴᠤ᠂ ᠭᠢᠮᠢ ᠶᠢᠨ ᠵᠠᠳᠠᠷᠠᠯᠳᠠ ᠠᠴᠠ ᠠᠶᠢᠷᠠᠭ ᠤᠨ ᠳᠡᠭᠡᠳᠤ ᠭᠡᠰᠡᠭ ᠲᠤ ᠴᠠᠭᠠᠨ ᠥᠩᠭᠡᠳᠡᠢ ᠢᠳᠡᠭᠡᠨ ᠤ ᠰᠢᠩᠭᠡᠨ ᠪᠣᠢ ᠪᠣᠯᠤᠨ᠎ᠠ᠂ ᠡᠭᠦᠨ ᠢ ᠥᠭᠡᠯᠡᠳᠴᠥᠳ ︽ᠴᠠᠭᠠᠨ ᠳᠤᠰᠤ︾ ᠭᠡᠨ᠎ᠡ᠃ ᠡᠨᠡᠭᠦ ︽ᠴᠠᠭᠠᠨ ᠳᠤᠰᠤ︾ ᠪᠠᠨ ᠬᠤᠤᠠᠬᠤᠨ ᠰᠢᠷ᠎ᠠ ᠣᠰᠤ ᠶᠢ ᠨᠢ ᠢᠯᠭᠠᠷᠠᠭᠤᠯᠤᠭᠠᠳ ᠳᠤᠭᠤᠭᠠᠨ ᠳᠤ ᠭᠢᠵᠤ ᠪᠣᠴᠠᠯᠭᠠᠪᠠᠯ᠂ ᠮᠠᠨ ᠤ ᠶᠠᠷᠤᠳᠠ ᠶᠢᠨ ᠢᠳᠡᠳᠡᠭ ᠰᠢᠷ᠎ᠠ ᠳᠤᠰᠤ ᠪᠣᠯᠤᠨ᠎ᠠ᠃ ᠬᠤᠷᠢᠨ ᠺᠢᠯᠦᠭᠷᠡᠮ ᠠᠶᠢᠷᠠᠭ ᠠᠴᠠ ᠪᠠᠷᠤᠭ 1.5 ᠺᠢᠯᠦᠭᠷᠡᠮ ᠰᠢᠷ᠎ᠠ ᠳᠤᠰᠤ ᠪᠠᠭᠤᠨ᠎ᠠ᠃ ︽ᠴᠠᠭᠠᠨ ᠳᠤᠰᠤ︾ ᠶᠢ ᠨᠢ ᠠᠪᠣᠭᠰᠠᠨ ᠠᠶᠢᠷᠠᠭ ᠢᠶᠠᠨ ᠳᠤᠭᠤᠭᠠᠨ ᠳᠠᠭᠠᠨ ᠭᠢᠵᠤ᠂ ᠳᠡᠭᠡᠷ᠎ᠡ ᠨᠢ ᠳᠤᠮᠤ ᠪᠦᠳᠦᠭᠦᠨ ᠢᠷᠤᠭᠠᠷ ᠠᠮᠠᠰᠠᠷ ᠦᠭᠡᠢ᠂ ᠳᠤᠳᠤᠷ᠎ᠠ ᠪᠠᠨ ᠳᠡᠪᠢᠭᠦᠷ ᠭᠡᠯᠪᠠᠷᠢ ᠲᠠᠢ᠂ ᠭᠠᠳᠠᠭᠰᠢ ᠨᠡᠪᠳᠡᠷᠡᠭᠰᠡᠨ ᠪᠠᠭ᠎ᠠ ᠠᠮᠠ ᠲᠠᠢ ᠭᠤᠭᠤᠵᠢᠭᠤᠷ ᠣᠭᠰᠠᠷᠠᠭᠰᠠᠨ ᠭᠦᠡᠳᠡᠢ ᠮᠤᠳᠤᠨ ᠰᠠᠭᠤᠯᠠᠭ᠎ᠠ ︵ᠥᠭᠡᠯᠡᠤᠨᠴᠦᠳ ︿ᠪᠦᠷᠭᠦᠭᠦᠯ﹀ ᠭᠡᠨ᠎ᠡ︶ ᠪᠠᠷ ᠭᠦᠮᠦᠷᠡᠨ᠂ ᠪᠦᠷᠭᠦᠭᠦᠯ ᠤᠨ ᠳᠡᠭᠡᠷ᠎ᠡ ᠨᠢ ᠭᠦᠢᠳᠡᠨ ᠣᠰᠤ ᠰᠠᠪᠠᠯᠠᠬᠤ ᠳᠤᠭᠤᠭ᠎ᠠ ︵ᠥᠭᠡᠯᠡᠳᠴᠥᠳ ᠵᠢᠯᠠᠪᠴᠢ ᠭᠡᠨ᠎ᠡ︶ ᠳᠠᠯᠪᠢᠨ᠂ ᠵᠢᠯᠠᠪᠴᠢ ᠪᠣᠯᠤᠨ ᠪᠦᠷᠭᠦᠭᠦᠯ ᠬᠤᠶᠠᠷ ᠤᠨ ᠠᠭᠤᠯᠵᠠᠷ ᠭᠦᠪᠡᠭᠡ ᠶᠢ ᠳᠤᠰᠬᠠᠢ ᠳᠠᠭᠠᠷᠠᠭᠤᠯᠤᠭᠰᠠᠨ ᠪᠦᠰ ᠪᠠ ᠥᠭᠡᠷ᠎ᠡ ᠶᠠᠭᠤᠮ᠎ᠠ ᠪᠠᠷ ᠭᠡᠢ ᠭᠠᠷᠭᠠᠬᠤ ᠦᠭᠡᠢ ᠣᠷᠢᠶᠠᠵᠤ᠂ ᠵᠢᠯᠠᠪᠴᠢ ᠳᠠᠭᠠᠨ ᠭᠦᠢᠳᠡᠨ ᠣᠰᠤ ᠭᠢᠨ᠎ᠠ᠃      ᠡᠳᠡᠭᠡᠷ ᠠᠯᠬᠤᠮ ᠪᠦᠷᠢ ᠨᠢ ᠶᠠᠮᠠᠷ ᠭᠡᠷᠡᠭᠴᠡᠭᠡ ᠲᠠᠢ ᠪᠣᠯ︖ ᠡᠨᠡ ᠨᠢ ᠳᠠᠷᠤᠢ ᠠᠷᠢᠭᠢ ᠨᠡᠷᠡᠭᠦ ᠶᠢᠨ ᠨᠢᠭᠤᠴᠠ ᠪᠣᠯᠤᠯᠳᠠᠢ᠃ ᠠᠶᠢᠷᠠᠭ ᠪᠣᠴᠠᠯᠬᠤ ᠳᠤ ᠠᠭᠤᠷᠰᠢᠭᠰᠠᠨ ᠠᠭᠤᠷ ᠨᠢ ᠭᠦᠢᠳᠡᠨ ᠣᠰᠤ ᠲᠠᠢ ᠵᠢᠯᠠᠪᠴᠢ ᠶᠢᠨ ᠢᠷᠤᠭᠠᠷ ᠲᠠᠢ ᠣᠴᠠᠷᠠᠭᠰᠠᠭᠠᠷ ᠹᠢᠽᠢᠺ ᠤᠨ ᠬᠤᠪᠢᠷᠠᠯᠳᠠ ᠡᠭᠦᠰᠴᠤ᠂ ᠠᠭᠤᠷ ᠠᠴᠠ ᠪᠠᠨ ᠣᠰᠤᠨ ᠮᠥᠭᠦᠯᠢᠭ ᠪᠤᠯᠵᠤ ᠬᠤᠪᠢᠷᠠᠨ᠂ ᠳᠤᠷᠤᠭᠰᠢ ᠳᠤᠰᠤᠯᠬᠤ ᠳᠠᠭᠠᠨ ᠪᠦᠷᠭᠦᠭᠦᠯ ᠳᠤᠳᠤᠷ᠎ᠠ ᠵᠢᠰᠢᠭᠦᠤ ᠳᠠᠯᠪᠢᠭᠰᠠᠨ ᠳᠡᠪᠢᠭᠦᠷ ᠭᠡᠯᠪᠠᠷᠢ ᠲᠠᠢ ᠭᠤᠭᠤᠵᠢᠭᠤᠷ ᠲᠤ ᠳᠤᠰᠤᠭᠳᠠᠨ ᠠᠮᠠᠰᠠᠷ ᠢᠶᠠᠷ ᠨᠢ ᠭᠠᠳᠠᠭᠰᠢ ᠭᠤᠭᠤᠵᠢᠨ᠂ ᠰᠠᠪᠠᠯᠠᠬᠤ ᠰᠢᠯ ᠳᠤ ᠣᠷᠤᠰᠤᠨ ᠣᠷᠤᠭᠰᠠᠨ ᠴᠠᠪᠠᠷ ᠳᠤᠩᠭᠠᠯᠠᠭ ᠣᠰᠤ ᠰᠢᠬ ᠰᠢᠩᠭᠡᠨ ᠪᠠᠶᠡᠳᠤ ᠪᠣᠯ ᠳᠠᠷᠤᠢ ᠰᠠᠭᠠᠯᠢ ᠶᠢᠨ ᠠᠷᠢᠭᠢ ᠪᠣᠯᠤᠨ᠎ᠠ᠃ ᠵᠢᠯᠠᠪᠴᠢ ᠳᠠᠬᠢ ᠭᠦᠢᠳᠡᠨ ᠣᠰᠤ ᠪᠠᠨ ᠬᠠᠯᠠᠭᠤᠨ ᠤ ᠭᠷᠠᠳᠦ᠋ᠰ ᠢ ᠨᠢ ᠦᠵᠡᠵᠤ ᠳᠠᠰᠤᠷᠠᠯᠳᠠ ‍ᠦᠭᠡᠶ ᠰᠤᠯᠢᠬᠤ ᠶᠢ ᠳᠠᠭᠠᠯᠳᠤᠨ᠂ ᠬᠤᠷᠢ ᠭᠠᠷᠤᠢ ᠺᠢᠯᠦᠭᠷᠡᠮ ᠠᠶᠢᠷᠠᠭ ᠠᠴᠠ ᠪᠠᠷᠤᠭ 2 ᠺᠢᠯᠦᠭᠷᠡᠮ ᠰᠢᠬᠠᠮ ᠰᠠᠭᠠᠯᠢ ᠶᠢᠨ ᠠᠷᠢᠭᠢ ᠳᠤᠰᠤᠯᠠᠨ᠎ᠠ᠃ ᠭᠡᠭᠦ ᠳᠡᠭᠡᠨ᠂ 2 — 4 ᠣᠳᠠᠭᠠᠨ ᠤ ᠵᠢᠯᠠᠪᠴᠢ ᠶᠢᠨ ᠭᠦᠢᠳᠡᠨ ᠣᠰᠤᠨ ᠤ ᠰᠤᠯᠢᠯᠳᠠ ᠠᠴᠠ ᠪᠣᠯᠤᠭᠰᠠᠨ ᠰᠠᠭᠠᠯᠢ ᠶᠢᠨ ᠠᠷᠢᠭᠢ ᠶᠢ ︽ᠳᠡᠷᠢᠭᠦᠨ ᠳᠤᠭᠤᠭᠠᠨ ᠤ ᠠᠷᠢᠭᠢ︾ ᠭᠡᠵᠤ᠂ ᠳᠡᠭᠦᠨ ᠤ ᠠᠷᠢᠭᠢᠨ ᠭᠷᠡᠳᠦ᠋ᠰ ᠤᠨ ᠬᠡᠮᠵᠢᠶ᠎ᠡ ᠨᠢ ᠪᠠᠷᠤᠭ 45。 — 60。ᠪᠠᠶᠢᠵᠤ᠂ ᠭᠠᠯ ᠳᠠᠭᠠᠨ ᠡᠷᠭᠦᠭᠦ ᠳᠤ ᠳᠦᠷᠠᠯᠵᠡᠳᠠᠯ᠎ᠠ ᠨᠤᠴᠤᠨ᠎ᠠ᠃      ᠳᠡᠭᠡᠭᠡᠳ᠂ ᠠᠷᠢᠭᠢ ᠨᠠᠷᠠᠵᠤ ᠪᠠᠷᠠᠭᠰᠠᠨ ᠠᠶᠢᠷᠠᠭ ᠢᠶᠠᠨ ᠱᠨ ᠪᠦᠰ ᠢᠶᠠᠷ ᠱᠥᠭᠦᠵᠤ᠂ ᠳᠤᠭᠤᠭᠠᠨ ᠳᠤ ᠵᠥᠭᠡᠯᠡᠨ ᠭᠠᠯ ᠢᠶᠠᠷ ᠵᠢᠩᠨᠡᠭᠦ ᠶᠢᠨ ᠳᠠᠭᠠᠤ ᠳᠠᠰᠤᠷᠠᠯᠳᠠ ᠦᠬᠡᠢ ᠬᠤᠤᠠᠬᠤᠵᠤ ᠵᠢᠭᠤᠷᠮᠠᠭ ᠪᠠᠶᠡᠳᠤ ᠪᠣᠯᠭᠠᠭᠠᠳ᠂ ᠱᠨ ᠣᠭᠤᠳᠠ ᠪᠠᠷ ᠰᠢᠷ᠎ᠠ ᠣᠰᠤ ᠶᠢ ᠨᠢ ᠰᠢᠬᠠᠨ ᠭᠠᠷᠭᠠᠭᠰᠠᠨ ᠳ᠋ᠸᠤᠹᠤ ᠰᠢᠬ ᠵᠥᠭᠡᠯᠡᠨ ᠢᠳᠡᠬᠡᠨ ︽ᠰᠠᠭ᠎ᠠ︾ ᠪᠤᠯᠭᠠᠨ᠎ᠠ᠃ ᠰᠠᠭ᠎ᠠ ᠪᠠᠨ ᠭᠡ ᠣᠭᠠᠯᠵᠠ ᠲᠠᠢ ᠮᠤᠳᠤᠨ ᠭᠡᠪ ᠢᠶᠠᠷ ᠬᠡᠪᠰᠢᠬᠦᠯᠬᠦ ᠪᠣᠶᠤ ᠭᠠᠷ ᠢᠶᠠᠷ ᠢᠶᠠᠨ ᠪᠠᠵᠠᠵᠤ᠂ ᠨᠠᠷᠢᠨ ᠪᠣᠷᠭᠠᠰᠤ ᠪᠠᠷ ᠬᠤᠯᠪᠣᠭᠰᠠᠨ ᠬᠠᠪᠳᠠᠭᠠᠢ ︵ᠥᠭᠡᠯᠡᠳᠴᠥᠳ ︿ᠨᠢᠩ ᠵᠢᠷᠠᠭ᠎ᠠ﹀ ᠭᠡᠨ᠎ᠡ︶ ᠳᠡᠭᠡᠷ᠎ᠡ ᠳᠠᠯᠪᠢᠵᠤ ᠬᠠᠳᠠᠭᠠᠨ ᠠᠭᠠᠷᠤᠤᠯ ᠪᠣᠯᠭᠠᠨ᠎ᠠ᠃      ᠰᠠᠭᠠᠯᠢ ᠶᠢᠨ ᠠᠷᠢᠭᠢ ᠨᠠᠷᠠᠵᠤ ᠴᠠᠭᠠᠨ ᠢᠳᠡᠭᠡᠨ ᠭᠢᠭᠦ ᠨᠢ ᠡᠶᠢᠮᠤ ᠠᠷᠪᠢᠨ ᠶᠠᠪᠣᠴᠠ ᠥᠩᠭᠡᠷᠡᠯᠳᠡ ᠲᠠᠢ᠃ ᠰᠠᠭᠠᠯᠢ ᠶᠢᠨ ᠠᠷᠢᠭᠢ ᠨᠡᠷᠡᠭᠰᠡᠨ ᠡᠷᠦᠭᠡ ᠪᠦᠭᠦᠨ ᠶᠠᠭᠤᠨ ᠤ ᠡᠮᠦᠨ᠎ᠡ ᠰᠠᠷᠬᠤᠤᠨ ᠤᠨ ᠳᠡᠭᠡᠵᠢ ᠪᠠᠨ ᠭᠠᠯ ᠪᠣᠷᠬᠠᠨ᠂ ᠳᠡᠭᠷᠢ ᠭᠠᠵᠠᠷ ᠲᠠᠭᠠᠨ ᠡᠷᠭᠦᠨ ᠰᠠᠴᠤᠯᠢᠵᠤ᠂ ᠴᠠᠭᠠᠨ ᠢᠳᠡᠭᠡᠨ ᠰᠠᠪᠠ ᠳᠦᠭᠦᠷᠡᠩ᠂ ᠳᠠᠩᠰᠤᠭ ᠠᠮᠢᠳᠤᠷᠠᠯ ᠮᠥᠩᠭᠡ ᠣᠷᠤᠰᠢᠬᠤ ᠶᠢ ᠪᠠᠯᠭᠡᠳᠡᠨ ᠳᠠᠭᠠᠳᠬᠠᠳᠠᠭ ᠪᠢᠯᠠ᠃ ᠰᠠᠭᠠᠯᠢ ᠶᠢᠨ ᠠᠷᠢᠭᠢ ᠪᠣᠯ ᠮᠤᠩᠭᠤᠯ ᠦᠨᠳᠦᠰᠦᠳᠠᠨ ᠤ ᠣᠶᠤᠨ ᠣᠬᠠᠭᠠᠨ ᠤ ᠦᠨᠡᠳᠤ ᠪᠦᠳᠦᠭᠡᠯ᠂ ᠣᠯᠠᠮᠵᠢᠯᠠᠵᠤ ᠢᠷᠡᠭᠰᠡᠨ ᠰᠤᠶᠤᠯ ᠤᠨ ᠦᠪ ᠭᠦᠷᠦᠩᠭᠡ ᠪᠣᠯᠬᠤ ᠶᠤᠮ᠃                                                           ︵ᠵᠣᠬᠢᠶᠠᠭᠴᠢ᠄ ᠳ᠋᠊ · ᠵᠠᠮᠰᠠ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号