ᠮᠤᠩᠭᠤᠯᠴᠤᠳ ᠤᠨ ᠬᠤᠨᠢ ᠲᠠᠢ ᠬᠤᠯᠪᠤᠭᠳᠠᠭᠰᠡᠨ ᠵᠠᠩ ᠤᠶᠢᠯᠡ
ᠨᠡᠶᠢᠲᠡᠯᠡᠭᠰᠡᠨ ᠴᠠᠭ᠄
2020/10/21
      ᠮᠤᠩᠭᠤᠯᠴᠤᠳ ᠤᠨ ᠪᠤᠭᠤᠷᠤᠯ ᠲᠡᠤᠭᠡ ᠶᠢ ᠰᠡᠭᠦᠭᠦ ᠳᠤ ᠬᠤᠨᠢ ᠮᠠᠯᠵᠢᠬᠰᠠᠨ ᠲᠡᠤᠭᠡ ᠮᠢᠩᠭᠠᠨ ᠤᠨ ᠤ ᠲᠡᠷᠳᠡᠭᠡ ᠳᠤ ᠬᠦᠷᠳᠡᠯ᠎ᠠ ᠰᠤᠨᠤᠯᠵᠠᠨ᠎ᠠ᠃ ᠠᠯᠢ ᠡᠷᠳᠡ ᠤ ᠰᠦᠡᠭ ᠤᠯᠤᠰ ᠤᠨ ᠦᠶ᠎ᠠ ᠶᠢᠨ ᠲᠡᠤᠭᠡᠨ ᠲᠡᠮᠳᠡᠭᠯᠡᠯ ᠪᠤᠶᠤ ᠰᠤᠳᠤᠷ ᠪᠢᠴᠢᠭ ᠢ ᠰᠡᠭᠦᠪᠡᠯ ︽ᠬᠤᠨᠢ ᠪᠤᠯᠪᠠᠰᠤ ᠲᠡᠲ᠋ᠠᠷ ᠲᠤᠷ ᠲᠦᠷᠦᠮᠤᠢ︾᠂ ︽ᠮᠤᠩᠭᠤᠯ ᠬᠤᠨᠢ ᠶᠢᠨ ᠨᠤᠤᠰᠤ ᠨᠤᠯᠤᠤᠷᠬᠠᠭ ᠪᠦᠭᠡᠳ ᠰᠡᠭᠦᠯ ᠲᠡᠪᠢᠭᠦᠷ ᠮᠡᠳᠤ︾ ᠬᠡᠭᠦᠴᠢᠯᠠᠨ ᠲᠡᠮᠳᠡᠭᠯᠡᠭᠰᠡᠨ ᠤ ᠬᠠᠮᠳᠤ ᠪᠠᠰᠠ ︽ᠤᠢ ᠮᠤᠳᠤ ᠡᠰᠠ ᠬᠠᠷᠠᠬᠳᠠᠪᠠᠰᠤ ᠡᠪᠡᠰᠤ ᠨᠤᠭᠤᠭ᠎ᠠ ᠪᠠᠷ ᠬᠤᠴᠢᠬᠳᠠᠪᠠᠢ᠂ ᠤᠷᠬᠢᠯ ᠠᠰᠬ᠎ᠠ ᠡᠰᠠ ᠦᠵᠡᠭᠳᠡᠪᠡᠴᠤ ᠰᠢᠯᠢ ᠨᠢᠷᠤᠭᠤ ᠶᠢ ᠲᠡᠭᠷᠢ ᠪᠦᠳᠡᠭᠡᠵᠤᠭᠦᠢ᠂ ᠠᠮᠤ ᠲᠠᠷᠢᠶ᠎ᠠ ᠦᠭᠡᠢ ᠪᠤᠯᠪᠠᠴᠤ ᠠᠶᠢᠷᠠᠭ ᠤᠭᠤᠷᠠᠭ ᠢᠶᠠᠷ ᠡᠯᠪᠡᠭ ᠲᠠᠢ᠂ ᠠᠷᠠᠰᠤᠨ ᠲᠡᠪᠡᠯ ᠢᠰᠡᠭᠡᠢ ᠦᠷᠦᠭᠡ ᠲᠠᠢ ᠪᠤᠯᠪᠠᠴᠤ ᠪᠠᠶᠠᠷ ᠵᠢᠷᠭᠠᠯ ᠲᠠᠢ︾ ᠬᠡᠮᠡᠨ ᠮᠠᠯᠴᠢᠨ ᠮᠤᠩᠭᠤᠯ ᠠᠮᠢᠳᠤᠷᠠᠯ ᠢ ᠮᠠᠬᠳᠠᠨ ᠰᠢᠯᠦᠭᠯᠡᠭᠰᠡᠨ ᠬᠠᠷᠠᠬᠳᠠᠨ᠎ᠠ᠃ ᠮᠤᠩᠭᠤᠯᠴᠤᠳ ᠤᠮᠠᠷᠠᠳᠤ ᠶᠢᠨ ᠦᠨᠳᠦᠷᠯᠢᠭ ᠤᠨ ᠤᠡᠭᠭᠤᠨ ᠪᠠᠶᠢᠭᠠᠯᠢ ᠶᠢ ᠲᠦᠰᠢᠨ᠂ ᠠᠭᠠᠳᠠᠷ ᠲᠤᠬᠰᠢᠨ ᠠᠭᠤᠷ ᠠᠮᠢᠰᠬᠤᠯ ᠳᠤᠨᠢ ᠵᠤᠬᠢᠴᠠᠨ ᠤᠷᠤᠰᠢᠬᠤ ᠳᠠᠭᠠᠨ ᠬᠤᠨᠢ ᠶᠢ ᠲᠠᠰᠬᠠᠨ ᠲᠡᠵᠢᠭᠡᠵᠤ ᠮᠠᠯᠵᠢᠬᠰᠠᠨ ᠪᠤᠯ ᠨᠢᠭᠡ ᠴᠢᠬᠤᠯᠠ ᠰᠤᠩᠭᠤᠯᠳᠠ ᠪᠠᠶᠢᠵᠤ ᠲᠠᠭᠠᠷᠠᠨ᠎ᠠ᠃ ᠮᠤᠩᠭᠤᠯᠴᠤᠳ ᠠᠮᠢᠳᠤᠷᠠᠯ ᠳᠠᠭᠠᠨ ᠬᠤᠨᠢᠨ ᠤ ᠦᠯᠠᠮᠵᠢ ᠶᠢᠨ ᠰᠢᠮ᠎ᠠ ᠲᠠᠢ ᠮᠢᠬ᠎ᠠ ᠱᠦᠯᠤ ᠰᠦ ᠲᠤᠰᠤ ᠪᠠᠷ ᠨᠢ ᠢᠳᠡᠭᠡᠨ ᠢᠶᠠᠨ ᠪᠤᠯᠭᠠᠨ᠂ ᠤᠡᠭᠭᠠᠰᠤ ᠨᠤᠤᠰᠤ ᠪᠠᠷ ᠨᠢ ᠢᠰᠡᠭᠡᠢ ᠬᠢᠵᠤ ᠦᠨᠳᠡᠭᠡᠨ ᠴᠠᠭᠠᠨ ᠦᠷᠭᠦᠭᠡ ᠪᠠᠨ ᠪᠦᠷᠢᠵᠤ᠂ ᠢᠰᠡᠭᠡᠢ ᠰᠢᠷᠢᠳᠡᠭ ᠬᠦᠳᠦᠰᠦᠨ ᠬᠦᠨᠵᠢᠯᠡ ᠪᠠᠷ ᠤᠷᠤ ᠲᠡᠪᠢᠰᠭᠡᠷ ᠢᠶᠠᠨ ᠵᠠᠰᠠᠭᠠᠳ᠂ ᠦᠡᠭᠭᠡ ᠴᠠᠭᠠᠨ ᠨᠡᠭᠡᠢ ᠲᠡᠪᠡᠯ᠂ ᠦᠨᠳᠤᠷ ᠲᠦᠷᠡᠢ ᠲᠠᠢ ᠢᠰᠡᠭᠡᠢ ᠤᠢᠢᠮᠤᠰᠤ ᠭᠤᠳᠤᠯ ᠢᠶᠠᠷ ᠢᠶᠠᠨ ᠡᠪᠤᠯ ᠤᠨ ᠬᠦᠢᠳᠡᠨ ᠡᠪᠤᠳᠦᠭ ᠲᠤᠯᠤᠮ᠎ᠠ ᠴᠠᠰᠤ ᠶᠢ ᠴᠤ ᠠᠵᠢᠭ ᠦᠭᠡᠢ ᠲᠤᠭᠤᠯᠤᠨ᠂ ᠬᠤᠷᠢᠶᠠᠵᠤ ᠬᠠᠳᠠᠭᠠᠬᠰᠠᠨ ᠬᠤᠷᠭᠤᠯ ᠬᠦᠷᠵᠡᠩ ᠢᠶᠠᠷ ᠲᠤᠯᠭ᠎ᠠ ᠶᠢᠨ ᠭᠠᠯ ᠢᠶᠠᠨ ᠬᠦᠭᠵᠢᠭᠡᠨ᠂ ᠬᠤᠭᠤᠯᠠ ᠴᠠᠢ ᠪᠠᠨ ᠪᠤᠯᠭᠤᠭᠠᠳ᠂ ᠮᠤᠩᠭᠤᠯ ᠭᠡᠷ ᠢᠶᠠᠨ ᠲᠤᠯᠠᠭᠠᠯᠠᠨ᠂ ᠭᠤᠯᠤᠮᠳᠠ ᠪᠠᠳᠠᠷᠠᠭᠤᠠ᠂ ᠬᠦᠨᠡᠰᠤ ᠡᠯᠪᠡᠭ᠂ ᠬᠠᠯᠠᠭᠤᠨ ᠳᠤ ᠬᠠᠯᠠᠬᠤ ᠦᠭᠡᠢ ᠬᠦᠢᠳᠡᠨ ᠳᠤ ᠬᠦᠷᠦᠭᠦ ᠦᠭᠡᠢ᠂ ᠰᠠᠨᠠᠭ᠎ᠠ ᠲᠦᠭᠦᠷᠡᠩ ᠰᠡᠳᠬᠢᠯ ᠪᠠᠷᠳᠠᠮ ᠠᠵᠤ ᠲᠦᠷᠦᠭᠦ ᠳᠡᠭᠡᠨ ᠡᠨᠡ ᠪᠦᠬᠦᠨ ᠢ ᠤᠯᠭᠤᠵᠤ ᠪᠠᠶᠢᠬᠤ ᠬᠤᠨᠢ ᠪᠠᠨ ᠡᠷᠳᠡᠨᠢ ᠬᠡᠮᠡᠨ ᠡᠷᠬᠢᠮᠯᠡᠳᠡᠭ᠃ ᠬᠤᠨᠢ ᠨᠢ ᠮᠤᠩᠭᠤᠯᠴᠤᠳ ᠤᠨ ᠦᠢᠯᠡᠳᠪᠤᠷᠢᠯᠠᠯ ᠤᠨ ᠴᠢᠬᠤᠯᠠ ᠬᠡᠷᠡᠭᠰᠡᠯ᠂ ᠠᠮᠢᠳᠤᠷᠠᠯ ᠤᠨ ᠬᠠᠨᠭ᠍ᠭᠠᠯᠳᠠ ᠶᠢᠨ ᠭᠤᠤᠯ ᠢᠷᠡᠯᠳᠠ ᠪᠤᠯᠤᠬᠰᠠᠨ ᠢᠶᠠᠷ ᠪᠠᠷᠠᠬᠤ ᠦᠭᠡᠢ ᠮᠤᠩᠭᠤᠯ ᠵᠠᠩ ᠦᠢᠯᠡ ᠶᠢᠨ ᠬᠦᠷᠢᠶᠠᠨ ᠳᠤ ᠴᠤ ᠤᠯᠠᠨ ᠲᠠᠯ᠎ᠠ ᠪᠠᠷ ᠢᠯᠡᠷᠡᠳᠡᠭ᠃ ᠮᠤᠩᠭᠤᠯᠴᠤᠳ ᠤᠨ ᠲᠠᠬᠢᠯᠭ᠎ᠠ ᠲᠠᠶᠢᠯᠠᠯᠭ᠎ᠠ᠂ ᠴᠡᠭᠡᠷ ᠶᠤᠰᠤᠨ᠂ ᠦᠵᠡᠯᠭᠡ ᠰᠤᠳᠤᠷ᠂ ᠨᠠᠭᠠᠳᠤᠮ ᠲᠤᠬᠯᠠᠭᠠᠮ ᠵᠡᠷᠭᠡ ᠳᠤ ᠬᠤᠨᠢ ᠯᠤᠭ᠎ᠠ ᠬᠤᠯᠪᠤᠭ᠎ᠠ ᠲᠠᠢ ᠵᠦᠢᠯ ᠤᠯᠠᠨ ᠪᠠᠶᠢᠳᠠᠭ᠃ ᠡᠭᠦᠨ ᠳᠤ ᠲᠠᠶᠢᠯᠠᠯᠭ᠎ᠠ ᠲᠠᠬᠢᠯ ᠤᠨ ᠲᠡᠭᠡᠳᠤ ᠬᠡᠯᠪᠠᠷᠢ ᠪᠤᠯᠬᠤ ᠪᠦᠬᠦᠯᠢ ᠬᠤᠨᠢᠨ ᠤ ᠰᠢᠭᠦᠰᠤ ᠲᠡᠯᠪᠢᠬᠤ ᠶᠤᠰᠤ ᠪᠤᠯ ᠡᠷᠳᠡ ᠲᠡᠭᠡᠳᠤ ᠳᠤ ᠡᠵᠡᠨ ᠪᠤᠬᠳᠠ ᠴᠢᠩᠬᠢᠰ ᠬᠠᠭᠠᠨ ᠤ ᠦᠶ᠎ᠠ ᠠᠴᠠ ᠲᠠᠷᠤᠢ ᠲᠡᠭᠡᠳᠤᠯᠠᠨ ᠬᠢᠵᠤ ᠪᠠᠶᠢᠬᠰᠠᠨ ᠢ ︽ᠬᠦᠭᠡ ᠰᠤᠳᠤᠷ︾ ᠲᠤ ᠲᠡᠮᠳᠡᠭᠯᠡᠯ ᠲᠠᠢ ᠪᠦᠭᠡᠳ ︽ᠶᠡᠭᠡ ᠬᠠᠭᠠᠨ ᠬᠤᠪᠢᠯᠠᠢ ᠵᠢᠯ ᠪᠦᠷᠢ ᠶᠢᠨ 6᠂ 7᠂ 8 ᠰᠠᠷ᠎ᠠ ᠳᠤ ᠱᠠᠩᠳᠤ ᠬᠤᠳᠠᠨ᠎ᠠ ᠰᠠᠭᠤᠵᠤ ᠲᠤᠬᠳᠠᠬᠰᠠᠨ ᠶᠤᠰᠤᠭᠠᠷ 8 ᠰᠠᠷ᠎ᠠ ᠶᠢᠨ 28 ᠳᠤ ᠰᠠᠯᠵᠤ ᠶᠠᠪᠤᠬᠤ ᠳᠠᠭᠠᠨ ᠨᠢᠭᠡ ᠶᠡᠭᠡ ᠶᠤᠰᠤᠯᠠᠯ ᠤᠨ ᠲᠠᠶᠢᠯᠠᠯᠭ᠎ᠠ ᠬᠢᠳᠡᠭ ᠪᠦᠭᠡᠳ ᠮᠦᠨ ᠡᠳᠤᠷ ᠲᠡᠭᠡᠨ ᠰᠡᠬᠢᠭᠤᠯᠰᠤᠨ ᠤ ᠲᠠᠬᠢᠯᠭ᠎ᠠ ᠬᠡᠵᠤ ᠬᠠᠷ᠎ᠠ ᠲᠤᠯᠤᠭᠠᠢᠢᠳᠤ ᠬᠤᠨᠢ ᠠᠯᠠᠵᠤ ᠰᠢᠭᠦᠰᠤᠯᠡᠵᠤ ᠲᠡᠬᠢᠮᠤᠢ︾ ᠬᠡᠵᠤ ︽ᠮᠠᠷᠺᠦ ᠫᠤᠯᠤ ᠶᠢᠨ ᠠᠶᠠᠯᠠᠯ ᠤᠨ ᠲᠡᠮᠳᠡᠭᠯᠡᠯ︾ ᠳᠤ ᠲᠤᠳᠤᠷᠠᠭᠤᠯᠤᠬᠰᠠᠨ ᠪᠠᠶᠢᠳᠠᠭ᠃ ᠡᠨᠡᠬᠦ ᠶᠤᠰᠤ ᠨᠢ ᠤᠳᠤ ᠬᠦᠷᠳᠡᠯ᠎ᠠ ᠦᠶ᠎ᠠ ᠵᠠᠯᠭᠠᠨ ᠦᠷᠭᠦᠯᠵᠢᠯᠡᠵᠤ᠂ ᠪᠤᠷᠬᠠᠨ ᠲᠡᠭᠷᠢ᠂ ᠤᠪᠤᠭ᠎ᠠ ᠤᠰᠤᠨ ᠳᠠᠭᠠᠨ ᠲᠠᠬᠢᠯᠭ᠎ᠠ ᠲᠠᠯᠪᠢᠬᠤ᠂ ᠵᠢᠯ ᠴᠠᠭᠠᠨ ᠰᠠᠷ᠎ᠠ ᠶᠢᠨ ᠪᠠᠶᠠᠷ᠂ ᠨᠠᠰᠤᠳᠠᠨ ᠤ ᠨᠠᠰᠤᠨ ᠪᠠᠶᠠᠷ᠂ ᠤᠷᠤᠭ ᠬᠤᠷᠢᠮ ᠬᠢᠬᠦ ᠵᠡᠷᠭᠡ ᠳᠤ ᠪᠦᠬᠦᠯᠢ ᠰᠢᠭᠦᠰᠤ ᠲᠠᠯᠪᠢᠬᠤ ᠪᠤᠯ ᠨᠢᠭᠡ ᠬᠦᠨᠳᠤᠳᠭᠡᠯ ᠶᠤᠰᠤᠨ ᠤ ᠵᠠᠩ ᠲᠠᠳᠬᠠᠯ ᠪᠤᠯᠤᠬᠰᠠᠭᠠᠷ ᠪᠠᠶᠢᠭ᠎ᠠ ᠶᠤᠮ᠃ ᠲᠡᠬᠢᠪᠠᠯ ᠲᠠᠯᠤ ᠰᠢᠨᠵᠢᠵᠤ ᠲᠦᠯᠭᠡ ᠦᠵᠡᠭᠦ᠂ ᠱᠠᠭ᠎ᠠ ᠪᠠᠷ ᠲᠤᠬᠯᠠᠬᠤ ᠨᠢ ᠮᠤᠩᠭᠤᠯ ᠤᠨ ᠤᠳᠤᠮᠰᠢᠯᠳᠤ ᠰᠤᠶᠤᠯ ᠤᠨ ᠨᠢᠭᠡ ᠠᠭᠤᠯᠭ᠎ᠠ ᠪᠤᠯᠵᠤ ᠤᠯᠠᠨ ᠬᠡᠯᠪᠠᠷᠢ ᠪᠠᠷ ᠤᠯᠠᠮᠵᠢᠯᠠᠬᠳᠠᠨ ᠬᠦᠭᠵᠢᠭᠰᠡᠭᠡᠷ ᠪᠠᠶᠢᠨ᠎ᠠ᠃       ᠮᠤᠩᠭᠤᠯᠴᠤᠳ ᠪᠢᠯᠢᠭ ᠤᠨ ᠤᠯᠠᠷᠢᠯ ᠤᠨ ᠦᠭᠡᠯᠵᠢᠨ ᠰᠠᠷ᠎ᠠ ᠶᠢᠨ ᠬᠤᠷᠢᠨ ᠭᠤᠷᠪᠠᠨ ᠪᠤᠶᠤ ᠬᠤᠷᠢᠨ ᠲᠦᠷᠪᠠᠨ ᠳᠤ ᠬᠤᠨᠢᠨ ᠤ ᠡᠪᠴᠢᠭᠦᠦ ᠪᠠᠷ ᠭᠠᠯ ᠢᠶᠠᠨ ᠲᠠᠬᠢᠳᠠᠭ ᠪᠦᠭᠡᠳ ᠴᠠᠭᠠᠨ ᠰᠠᠷ᠎ᠠ ᠶᠢᠨ ᠰᠢᠨ᠎ᠠ ᠶᠢᠨ ᠲᠠᠪᠤᠨ ᠳᠤ ᠮᠠᠯ ᠢᠶᠠᠨ ᠰᠢᠨᠡᠯᠡᠭᠦᠯᠵᠤ ᠦᠷ᠎ᠠ ᠶᠢᠨ ᠮᠠᠯ ᠲᠠᠢ ᠪᠠᠨ ᠬᠠᠮᠳᠤ ᠬᠤᠴᠠ ᠪᠠᠨ ᠮᠢᠯᠢᠶᠠᠳᠠᠭ᠃ ᠡᠪᠤᠯ ᠤᠨ ᠴᠠᠭ ᠲᠤ ᠬᠤᠨᠢᠨ ᠬᠤᠷᠤᠭ᠎ᠠ ᠶᠢᠨ ᠬᠦᠷᠵᠠᠩ ᠢ ᠡᠰᠭᠡᠵᠤ ᠭᠠᠷᠭᠠᠬᠤ ᠳᠠᠭᠠᠨ ᠬᠠᠮᠤᠭ ᠤᠨ ᠰᠡᠭᠦᠯ ᠤᠨ ᠨᠢᠭᠡ ᠬᠡᠰᠡᠭ ᠬᠦᠷᠵᠠᠩ ᠢ ᠬᠤᠷᠤᠭ᠎ᠠ ᠶᠢᠨ ᠢᠶᠠᠨ ᠭᠤᠤᠯ ᠳᠤ ᠰᠢᠷᠡᠭᠡ ᠪᠤᠯᠭᠠᠨ ᠵᠠᠰᠠᠵᠤ ᠦᠯᠡᠳᠡᠭᠡᠭᠡᠳ ᠲᠡᠭᠦᠨ ᠤ ᠪᠠᠨ ᠲᠡᠭᠡᠷ᠎ᠠ ᠴᠠᠢ ᠪᠤᠤᠪᠤ ᠬᠤᠷᠤᠳ ᠴᠠᠭᠠᠨ ᠢᠳᠡᠭᠡ ᠪᠠᠨ ᠦᠷᠦᠵᠤ ᠲᠠᠯᠪᠢᠭᠠᠳ ᠬᠤᠴᠠ ᠶᠢᠨ ᠰᠢᠷᠡᠭᠡ ᠮᠢᠯᠢᠶᠠᠵᠤ ᠪᠤᠢ ᠬᠡᠵᠤ ᠬᠤᠳᠠ ᠬᠦᠷᠢᠶ᠎ᠠ ᠳᠡᠭᠡᠨ ᠰᠠᠴᠤᠯᠢ ᠡᠷᠭᠦᠨ᠂ ᠤᠯᠠᠨ ᠢᠶᠠᠷ ᠢᠶᠠᠨ ᠴᠠᠶᠢᠯᠠᠵᠤ ᠨᠠᠷᠬᠢᠨ᠂ ᠬᠤᠨᠢ ᠮᠠᠯ ᠦᠨᠢᠷ ᠦᠰᠭᠦ ᠶᠢ ᠪᠡᠯᠭᠡᠰᠢᠶᠡᠳᠡᠭ᠃ ᠡᠨᠡ ᠮᠠᠳᠤ ᠶᠢᠨ ᠵᠠᠩ ᠵᠠᠩᠰᠢᠯ ᠤᠯᠠᠨ ᠪᠠᠶᠢᠳᠠᠭ ᠨᠢ ᠬᠤᠨᠢᠨ ᠤ ᠮᠤᠩᠭᠤᠯ ᠠᠮᠢᠳᠤᠷᠠᠯ ᠳᠤ ᠦᠵᠡᠭᠦᠯᠵᠤ ᠪᠠᠶᠢᠳᠠᠭ ᠴᠢᠬᠤᠯᠠ ᠦᠢᠯᠡᠳᠤᠯ ᠢ ᠪᠤᠳᠠᠳᠠᠢ ᠬᠠᠷᠠᠭᠤᠯᠵᠤ ᠪᠠᠶᠢᠬᠤ ᠶᠤᠮ᠃
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号