ᠲᠡᠮᠡᠭᠡ ᠶᠢ ᠰᠢᠨᠵᠢᠵᠤ ᠬᠤᠷᠸ᠎ᠠ ᠶᠢ ᠳᠠᠨᠢᠬᠤ ᠤᠬᠠᠭᠠᠨ
ᠨᠡᠶᠢᠲᠡᠯᠡᠭᠰᠡᠨ ᠴᠠᠭ᠄
2021/2/1
     ᠲᠡᠮᠡᠭᠡ ᠶᠢ ᠰᠢᠨᠵᠢᠭᠦ      ᠠᠯᠠᠱᠠ ᠨᠤᠲᠤᠭ ᠲᠤ ᠲᠡᠮᠡᠭᠡ ᠲᠠᠨᠢᠬᠤ ᠭᠡᠰᠡᠨ ᠦᠭᠡᠨ ᠳᠤ ᠰᠢᠨᠵᠢᠬᠦ ᠭᠡᠰᠡᠨ ᠤᠤᠠᠬ᠎ᠠ ᠠᠭᠤᠯᠣᠭᠳᠠᠵᠦ ᠪᠠᠶᠢᠳᠠᠭ ᠪᠥᠭᠡᠳ ᠲᠡᠮᠡᠭᠡ ᠰᠠᠶᠢᠨ ᠲᠠᠨᠢᠳᠠᠭ ᠬᠦᠮᠦᠨ ᠭᠡᠪᠡᠯ ᠦᠪᠡᠷ ᠤᠨ ᠬᠤᠲᠠᠨ ᠤ ᠪᠠᠨ ᠬᠡᠳᠤᠨ ᠵᠠᠭᠤᠨ ᠲᠡᠮᠡᠭᠡ ᠪᠠᠨ ᠨᠢᠭᠡ ᠴᠤ ᠠᠯᠳᠠᠯ ᠦᠭᠡᠢ ᠵᠢᠰᠦᠯᠡᠨ ᠲᠠᠨᠢᠬᠤ ᠪᠠᠷ ᠪᠠᠷᠠᠬᠤ ᠦᠭᠡᠢ ᠦᠷᠦᠭᠡᠯ ᠪᠤᠰᠤᠳ ᠤᠨ ᠲᠡᠮᠡᠭᠡ ᠶᠢ ᠴᠤ ᠰᠠᠶᠢᠨ ᠲᠠᠨᠢᠵᠤ᠂ ᠲᠡᠷᠡᠴᠢᠯᠡᠨ ᠬᠦᠳᠡᠭᠡ ᠭᠠᠳᠠᠭ᠎ᠠ ᠬᠠᠮᠢᠭ᠎ᠠ ᠭᠠᠵᠠᠷ ᠭᠠᠭᠴᠠ ᠬᠤᠶᠠᠷ ᠵᠡᠯᠢᠭᠦᠳ ᠲᠡᠮᠡᠭᠡ ᠥᠵᠡᠭᠰᠡᠨ ᠴᠤ ᠬᠡᠨ ᠤ ᠬᠤᠲᠠᠨ ᠤ᠂ ᠶᠠᠮᠠᠷ ᠪᠠᠶᠢᠷᠢᠨ ᠤ ᠭᠡᠵᠤ ᠰᠢᠨᠵᠢᠨ ᠲᠠᠨᠢᠬᠤ ᠪᠤᠶᠤ ᠶᠠᠮᠠᠷ ᠪᠣᠣᠷ᠎ᠠ ᠶᠢᠨ ᠪᠣᠲᠣᠭᠤ᠂ ᠶᠠᠮᠠᠷ ᠢᠩᠭᠡᠨ ᠤ ᠤᠳᠤᠮ ᠭᠡᠵᠤ ᠠᠯᠳᠠᠯ ᠦᠭᠡᠢ ᠲᠠᠨᠢᠳᠠᠭ᠃ ᠡᠨᠡ ᠨᠢ ᠵᠦᠪᠬᠡᠨ ᠲᠡᠮᠡᠭᠡᠨ ᠤ ᠵᠢᠰᠦᠨ ᠳᠤ ᠰᠠᠶᠢᠨ ᠪᠠᠶᠢᠳᠠᠭ ᠠᠴᠠ ᠪᠤᠯᠤᠭᠰᠠᠨ ᠪᠢᠰᠢ ᠶᠤᠮ᠃ ᠬᠠᠷᠢᠨ ᠲᠡᠮᠡᠭᠡ ᠰᠠᠶᠢᠨ ᠰᠢᠨᠵᠢᠵᠦ ᠴᠢᠳᠠᠳᠠᠭ ᠠᠴᠠ ᠪᠣᠯᠣᠭᠰᠠᠨ ᠪᠠᠶᠢᠳᠠᠭ᠃ ᠮᠥᠨ ᠴᠤ ᠶᠡᠷᠤ ᠶᠢᠨ ᠦᠶ᠎ᠡ ᠳᠡᠭᠡᠨ ᠬᠡᠨ ᠤ ᠬᠤᠲᠠᠨ ᠤ ᠲᠡᠮᠡᠭᠡ ᠶᠠᠮᠠᠷ ᠤᠨᠴᠠᠯᠢᠭ ᠲᠠᠢ᠂ ᠶᠠᠮᠠᠷ ᠡᠪᠡᠰᠤ ᠤᠷᠭᠤᠮᠠᠯ᠂ ᠪᠠᠶᠢᠷᠢ ᠪᠡᠯᠴᠢᠭᠡᠷ ᠤᠨ ᠲᠡᠮᠡᠭᠡ ᠶᠠᠮᠠᠷ ᠰᠢᠨᠵᠢ ᠲᠠᠢ ᠪᠠᠶᠢᠳᠠᠭ᠂ ᠶᠠᠮᠠᠷ ᠪᠣᠣᠷ᠎ᠠ ᠶᠢᠨ ᠤᠳᠤᠮ᠂ ᠶᠠᠮᠠᠷ ᠣᠨᠴᠠᠯᠢᠭ ᠲᠠᠢ ᠪᠠᠶᠢᠳᠠᠭ᠂ ᠶᠠᠮᠠᠷ ᠢᠩᠭᠡᠨ ᠤ ᠪᠣᠲᠣᠭᠤ ᠶᠠᠮᠠᠷ ᠲᠦᠷᠬᠦ ᠲᠠᠢ ᠪᠣᠯᠬᠤ ᠶᠢ ᠠᠵᠢᠵᠤ ᠰᠢᠨᠵᠢᠵᠤ ᠶᠠᠪᠤᠭᠰᠠᠨ ᠤ ᠬᠢᠨᠢ ᠲᠤᠷᠰᠢᠯᠭ᠎ᠠ ᠬᠤᠷᠠᠮᠳᠤᠯᠭ᠎ᠠ ᠪᠣᠯᠬᠤ ᠶᠤᠮ᠃ ᠡᠭᠦᠨ ᠲᠠᠢ ᠠᠳᠠᠯᠢ ᠪᠠᠷ ᠲᠡᠮᠡᠭᠡ ᠰᠢᠨᠵᠢᠬᠦ ᠳᠤ ᠲᠡᠮᠡᠭᠡᠨ ᠤ ᠲᠦᠷᠦᠭᠰᠡᠨ ᠲᠦᠷᠬᠦ ᠪᠠᠶᠢᠳᠠᠯ᠂ ᠲᠦᠷᠦᠯᠬᠢ ᠣᠨᠴᠠᠯᠢᠭ᠂ ᠦᠰᠴᠤ ᠪᠤᠶᠢᠵᠢᠭᠰᠠᠨ ᠦᠩᠭᠡᠷᠡᠯᠳᠠ᠂ ᠤᠷᠴᠢᠨ ᠲᠤᠭᠤᠷᠢᠨ ᠢ ᠨᠢ ᠨᠠᠷᠢᠨ ᠰᠢᠨᠵᠢᠬᠦ ᠠᠴᠠ ᠭᠠᠳᠠᠨ᠎ᠠ ᠲᠡᠮᠡᠭᠡᠨ ᠤ ᠤᠳᠤᠮ ᠤᠭᠰᠠᠭ᠎ᠠ ᠶᠢ ᠨᠢ ᠣᠶᠢᠯᠠᠭᠠᠵᠤ ᠰᠢᠨᠵᠢᠬᠦ ᠴᠢᠬᠤᠯᠠᠳᠠᠢ ᠪᠠᠶᠢᠳᠠᠭ᠂ ᠡᠨᠡ ᠨᠢ ᠳᠠᠷᠤᠢ ᠲᠡᠮᠡᠭᠡᠨ ᠤ ᠡᠭᠦᠯᠳᠡᠷ ᠢ ᠰᠠᠶᠢᠵᠢᠷᠠᠭᠤᠯᠬᠤ ᠳᠤ ᠪᠤᠤᠷ᠎ᠠ ᠪᠠᠨ ᠰᠠᠶᠢᠨ ᠰᠢᠨᠵᠢᠵᠤ ᠰᠣᠩᠭᠤᠬᠤ ᠲᠠᠢ ᠠᠳᠠᠯᠢ᠃      ᠬᠠᠰᠢᠷ ᠳᠡᠮᠡᠬᠡᠴᠢᠳ ᠪᠤᠲᠤᠭᠤ ᠭᠠᠷᠤᠮᠠᠭᠴᠠ ᠡᠬᠢᠯᠡᠵᠦ ᠰᠢᠨᠵᠢᠬᠦ ᠪᠦᠭᠡᠳ ᠪᠠᠷᠤᠭ ᠭᠤᠨ᠎ᠠ ᠬᠦᠷᠲᠡᠯ᠎ᠡ ᠨᠢ ᠠᠵᠢᠵᠤ ᠰᠢᠨᠵᠢᠭᠡᠳ ᠳᠡᠮᠡᠭᠡ ᠨᠢᠬᠡᠪᠦᠷᠢ ᠶᠢᠨ ᠦᠪᠡᠷᠮᠢᠴᠡ ᠤᠨᠴᠠᠯᠢᠭ᠂ ᠵᠠᠩ ᠠᠭᠠᠰᠢ᠂ ᠲᠦᠷᠦᠭᠰᠡᠨ ᠪᠠᠶᠢᠴᠠ᠂ ᠪᠤᠶᠢᠵᠢᠭᠰᠠᠨ ᠦᠩᠬᠡᠷᠡᠯᠳᠡ ᠶᠢ ᠨᠢ ᠦᠨᠳᠦᠰᠦᠯᠡᠵᠦ ᠪᠠᠶᠢᠭᠠᠳ ᠲᠠᠰᠬᠠᠨ ᠰᠤᠷᠭᠠᠵᠤ᠂ ᠳᠦᠨᠡᠨ ᠨᠠᠰᠣᠨ ᠳᠤᠨᠢ ᠰᠠᠶ᠋ᠢ ᠶᠠᠮᠠᠷ ᠳᠡᠮᠡᠭᠡ ᠪᠤᠯᠵᠤ ᠪᠤᠶᠢᠵᠢᠬᠤ᠂ ᠶᠠᠮᠠᠷ ᠳᠡᠮᠡᠭᠡ ᠪᠤᠯᠵᠤ ᠬᠤᠪᠢᠷᠠᠬᠤ᠂ ᠶᠠᠮᠠᠷ ᠳᠡᠮᠡᠭᠡ ᠪᠤᠯᠵᠤ ᠬᠦᠭᠵᠢᠬᠦ᠂ ᠶᠠᠮᠠᠷ ᠠᠷᠡᠴᠢᠯᠠᠭ᠎ᠠ ᠮᠠᠯᠯᠠᠭ᠎ᠠ ᠳᠤ ᠨᠡᠶᠢᠴᠡᠬᠦ᠂ ᠶᠠᠮᠠᠷ ᠡᠳ᠋ᠯᠡᠯ ᠬᠡᠷᠡᠭᠯᠡᠬᠡᠨ ᠳᠤ ᠵᠤᠬᠢᠴᠠᠬᠤ ᠵᠡᠷᠭᠡ ᠶᠢ ᠨᠢ ᠵᠢᠩᠬᠢᠨᠢ ᠳᠤᠭᠳᠠᠭᠠᠵᠤ ᠴᠢᠳᠠᠳᠠᠭ᠃ ᠡᠨᠡ ᠪᠦᠬᠦ ᠨᠠᠷᠢᠨ ᠤᠬᠠᠭᠠᠨ ᠠᠴᠠ ᠨᠢᠬᠡ ᠬᠡᠰᠡᠭ ᠢ ᠳᠠᠨᠢᠯᠴᠠᠭᠤᠯᠪᠠᠯ᠄      — ᠰᠠᠶ᠋ᠢ ᠭᠠᠷᠤᠭᠰᠠᠨ ᠪᠤᠳᠤᠭᠤ ᠡᠬᠡ ᠠᠴᠠ ᠪᠠᠨ ᠤᠨᠠᠮᠠᠭᠴᠠ ᠳᠠᠷᠤᠢ ᠲᠦᠷᠬᠡᠨ ᠪᠤᠰᠴᠤ ᠵᠤᠭᠰᠤᠬᠤ ᠶᠢ ᠬᠥᠯ ᠰᠠᠶᠢᠲᠠᠢ ᠪᠤᠶᠤ ᠳᠠᠮᠢᠷ ᠰᠠᠶᠢᠳᠠᠢ ᠳᠡᠮᠡᠭᠡ ᠪᠤᠯᠬᠤ ᠨᠢ ᠬᠡᠵᠦ ᠰᠢᠨᠵᠢᠬᠦ︔      — ᠰᠠᠶ᠋ᠢ ᠭᠠᠷᠤᠭᠰᠠᠨ ᠪᠤᠳᠤᠭᠤ ᠬᠦᠮᠦᠨ ᠪᠤᠶᠤ ᠪᠤᠰᠤᠳ ᠠᠮᠢᠳᠠᠨ ᠢ ᠦᠵᠡᠪᠡᠯ ᠤᠷᠤᠭᠤᠯ ᠢᠶᠠᠨ ᠴᠤᠷᠪᠤᠶᠢᠯᠭᠠᠨ ᠰᠡᠬᠦᠯ ᠢᠶᠠᠨ ᠡᠷᠳᠡᠶᠢᠯᠬᠡᠨ ᠡᠬᠡ ᠶᠢᠨ ᠢᠶᠠᠨ ᠴᠠᠭᠠᠭᠤᠷ ᠤᠷᠤᠵᠤ ᠪᠠᠶᠢᠬᠤ ᠶᠢ ᠳᠤᠭᠰᠢᠨ ᠵᠠᠩ ᠲᠠᠢ ᠪᠤᠶᠤ ᠰᠡᠷᠬᠦᠯᠡᠩ ᠳᠡᠮᠡᠭᠡ ᠪᠤᠯᠬᠤ ᠨᠢ ᠬᠡᠵᠦ ᠰᠢᠨᠵᠢᠬᠦ᠃      — ᠰᠠᠶ᠋ᠢ ᠭᠠᠷᠤᠭᠰᠠᠨ ᠪᠤᠳᠤᠭᠤᠨ ᠤ ᠳᠠᠪᠠᠭ ᠨᠢ ᠨᠢᠮᠬᠡᠨ ᠪᠦᠭᠡᠳ ᠲᠠᠭᠠᠯᠴᠠᠭ ᠢᠶᠠᠷ ᠢᠶᠠᠨ ᠭᠢᠰᠬᠢᠬᠦ ᠦᠬᠡᠢ᠂ ᠡᠭᠴᠡ ᠭᠢᠰᠬᠢᠵᠦ ᠪᠠᠶᠢᠪᠠᠯ ᠬᠤᠷᠳᠤᠨ ᠳᠡᠮᠡᠭᠡ ᠪᠤᠯᠬᠤ ᠨᠢ ᠬᠡᠵᠦ ᠰᠢᠨᠵᠢᠬᠦ᠃      — ᠰᠠᠶ᠋ᠢ ᠭᠠᠷᠤᠭᠰᠠᠨ ᠪᠤᠳᠤᠭᠤᠨ ᠤ ᠳᠠᠪᠠᠭ ᠨᠢ ᠵᠤᠵᠠᠭᠠᠨ ᠪᠦᠭᠡᠳ ᠰᠠᠭᠠᠭ ᠰᠢᠯᠪᠢ ᠨᠢ ᠪᠦᠳᠦᠬᠦᠨ ᠪᠠᠶᠢᠪᠠᠯ ᠠᠴᠢᠶ᠎ᠠ ᠳᠡᠭᠡᠭᠡᠪᠦᠷᠢ ᠳᠤ ᠳᠠᠭᠠᠭᠠᠴᠡ ᠲᠠᠢ᠂ ᠬᠤᠯᠠ ᠶᠢᠨ ᠵᠠᠮ ᠳᠤ ᠳᠤᠬᠢᠷᠠᠬᠤ ᠴᠢᠳᠠᠯ ᠬᠦᠴᠦ ᠲᠠᠢ ᠳᠡᠮᠡᠭᠡ ᠪᠤᠯᠬᠤ ᠨᠢ ᠬᠡᠵᠦ ᠰᠢᠨᠵᠢᠬᠦ᠃      — ᠰᠠᠶ᠋ᠢ ᠭᠠᠷᠤᠭᠰᠠᠨ ᠪᠤᠳᠤᠭᠤᠨ ᠤ ᠬᠦᠯ ᠨᠢ ᠮᠠᠶᠢᠭ᠎ᠠ ᠪᠤᠶᠤ ᠭᠠᠯᠠᠭᠤ ᠳᠠᠪᠠᠭ ᠲᠠᠢ ᠪᠠᠶᠢᠪᠠᠯ ᠬᠠᠱᠠᠩ ᠤᠳᠠᠭᠠᠯᠢᠭ ᠳᠡᠮᠡᠭᠡ ᠪᠤᠯᠬᠤ ᠨᠢ ᠬᠡᠵᠦ ᠰᠢᠨᠵᠢᠬᠦ᠃      — ᠪᠤᠳᠤᠭᠤᠨ ᠳᠠᠭᠠᠨ ᠶᠠᠮᠠᠷ ᠴᠤ ᠰᠢᠯᠲᠠᠭᠠᠨ ᠦᠭᠡᠢ ᠪᠠᠷ ᠦᠷᠬᠦᠯᠵᠢ ᠪᠤᠶᠢᠯᠠᠬᠤ ᠵᠠᠩ ᠲᠠᠢ ᠪᠠᠶᠢᠬᠤ ᠶᠢ ᠤᠶᠠᠨ ᠵᠦᠬᠡᠯᠡᠨ ᠠᠷᠠᠨᠰᠢᠨ ᠲᠠᠢ ᠳᠡᠮᠡᠭᠡ ᠪᠤᠯᠬᠤ ᠪᠤᠶᠤ ᠶᠠᠳᠠᠷ ᠳᠣᠷᠣᠢ ᠳᠡᠮᠡᠭᠡ ᠪᠤᠯᠬᠤ ᠨᠢ ᠬᠡᠵᠦ ᠰᠢᠨᠵᠢᠬᠦ᠃      — ᠪᠤᠳᠤᠭᠤᠨ ᠳᠠᠭᠠᠨ ᠪᠠᠷᠢᠵᠤ ᠲᠠᠯᠪᠢᠬᠤ ᠪᠣᠶᠣ ᠭᠠᠷ ᠬᠦᠷᠬᠦ ᠳᠤ ᠰᠡᠪᠡᠰᠦᠯᠡᠵᠦ ᠪᠠᠷᠬᠢᠷᠠᠵᠤ ᠪᠠᠶᠢᠪᠠᠯ ᠶᠠᠳᠠᠷ ᠳᠤᠷᠤᠢ ᠶᠠᠷᠳᠠᠭ ᠳᠡᠮᠡᠭᠡ ᠪᠤᠯᠬᠤ ᠨᠢ ᠬᠡᠵᠦ ᠰᠢᠨᠵᠢᠬᠦ᠃      — ᠪᠤᠳᠤᠭᠤᠨ ᠳᠠᠭᠠᠨ ᠲᠦᠷᠪᠡᠨ ᠬᠦᠯ ᠳᠡᠭᠡᠨ ᠬᠦᠮᠦᠨ ᠠᠮᠢᠳᠠᠨ ᠤᠶᠢᠷᠠᠲᠤᠭᠤᠯᠬᠤ ᠦᠬᠡᠢ ᠴᠡᠪᠴᠢᠬᠤ ᠲᠡᠶᠢᠷᠬᠦ ᠵᠠᠩ ᠲᠠᠢ ᠪᠠᠶᠢᠬᠤ ᠶᠢ ᠮᠠᠭᠤ ᠵᠠᠩ ᠲᠠᠢ ᠳᠡᠮᠡᠭᠡ ᠪᠤᠶᠤ ᠳᠠᠪᠤᠨ ᠠᠮᠠ ᠲᠠᠢ ᠠᠳᠤᠭᠤᠰᠤ ᠪᠤᠯᠬᠤ ᠨᠢ ᠬᠡᠵᠦ ᠰᠢᠨᠵᠢᠬᠦ᠃      — ᠳᠣᠷᠣᠮ ᠳᠤᠨᠢ ᠪᠤᠶᠢᠯᠡᠯᠠᠬᠤ ᠪᠤᠶᠤ ᠭᠤᠨᠠᠨ ᠳᠤᠨᠢ ᠠᠲᠠᠯᠠᠬᠤ ᠳᠤ ᠵᠢᠭᠠᠬᠠᠨ ᠴᠦ ᠳᠠᠭᠤ ᠭᠠᠷᠬᠤ ᠦᠬᠡᠢ ᠪᠠᠶᠢᠬᠤ ᠶᠢ ᠬᠠᠯᠠ ᠳᠠᠭᠠᠭᠠᠳᠠᠭ᠂ ᠵᠤᠷᠢᠭ ᠰᠠᠶᠢᠳᠠᠢ ᠳᠡᠮᠡᠭᠡ ᠪᠤᠯᠬᠤ ᠨᠢ ᠬᠡᠵᠦ ᠰᠢᠨᠵᠢᠬᠦ᠃      — ᠪᠣᠲᠣᠭᠤᠨ ᠨᠠᠰᠤᠨ ᠠᠴᠠ ᠳᠠᠪᠠᠭ ᠪᠠᠭᠠᠳᠠᠢ᠂ ᠪᠤᠷᠪᠢ ᠨᠠᠮᠬᠠᠨ᠂ ᠰᠢᠯᠪᠢ ᠤᠷᠲᠤ᠂ ᠳᠠᠭᠠᠯᠴᠠᠭ ᠪᠤᠰᠤᠭ᠎ᠠ ᠪᠤᠯᠵᠤ ᠬᠤᠪᠢᠷᠠᠬᠤ ᠶᠢ ᠬᠤᠯᠠ ᠬᠦᠶᠦᠳᠡᠭ ᠤᠷᠤᠯᠳᠤᠭᠠᠨ ᠤ ᠳᠡᠮᠡᠭᠡ ᠪᠤᠯᠬᠤ ᠨᠢ ᠬᠡᠵᠦ ᠰᠢᠨᠵᠢᠬᠦ᠃      — ᠡᠷ᠎ᠡ ᠪᠤᠳᠤᠭᠤ ᠳᠤᠷᠤᠮ ᠰᠤᠩᠭᠠᠭᠤ ᠳᠠᠰᠢᠶ᠎ᠠ ᠲᠠᠢ᠂ ᠴᠡᠬᠡᠵᠢ ᠦᠷᠭᠡᠨ ᠪᠠᠶᠢᠪᠠᠯ ᠠᠴᠢᠵᠤ ᠤᠨᠤᠬᠤ ᠳᠤ ᠬᠦᠴᠦ ᠴᠢᠳᠠᠯ ᠰᠠᠶᠢᠳᠠᠢ ᠠᠳᠠ ᠪᠤᠯᠬᠤ ᠨᠢ ᠬᠡᠵᠦ ᠰᠢᠨᠵᠢᠬᠦ᠃      — ᠡᠮ᠎ᠡ ᠪᠤᠳᠤᠭᠤ ᠳᠤᠷᠤᠮ ᠰᠤᠩᠭᠠᠭᠤ ᠳᠠᠰᠢᠶ᠎ᠠ ᠲᠠᠢ᠂ ᠴᠡᠬᠡᠵᠢ ᠦᠷᠬᠡᠨ ᠪᠠᠶᠢᠪᠠᠯ ᠪᠤᠳᠤᠭᠤᠨ ᠳᠠᠭᠠᠨ ᠢᠪᠡᠬᠡᠯ ᠲᠠᠢ᠂ ᠰᠦ ᠰᠠᠶᠢᠳᠠᠢ ᠢᠩᠬᠡ ᠪᠤᠯᠬᠤ ᠨᠢ ᠬᠡᠵᠦ ᠰᠢᠨᠵᠢᠬᠦ᠃      — ᠭᠤᠨ᠎ᠠ᠂ ᠲᠦᠨ᠎ᠡ ᠪᠣᠯᠵᠤ ᠪᠣᠶᠢᠵᠢᠬᠤ ᠨᠠᠰᠤᠨ ᠳᠠᠭᠠᠨ ᠵᠤ ᠰᠡᠷᠪᠡᠭᠡ ᠨᠢ ᠦᠨᠳᠦᠷ ᠳᠡᠭᠡᠷ᠎ᠡ ᠪᠠᠨ ᠦᠷᠬᠡᠨ ᠪᠤᠯᠵᠤ ᠪᠤᠶᠢᠵᠢᠬᠤ ᠶᠢ ᠠᠴᠢᠶᠠᠨ ᠳᠤ ᠳᠠᠭᠠᠭᠠᠴᠡ ᠰᠠᠶᠢᠳᠠᠢ ᠳᠡᠮᠡᠭᠡ ᠪᠤᠯᠬᠤ ᠨᠢ ᠬᠡᠵᠦ ᠰᠢᠨᠵᠢᠬᠦ᠃      — ᠳᠤᠷᠤᠮ ᠭᠤᠨᠠᠨ ᠳᠠᠭᠠᠨ ᠬᠡᠳᠡᠰᠦ ᠬᠦᠵᠡᠭᠡ ᠨᠢ ᠳᠤᠮᠤ ᠪᠤᠯᠵᠤ ᠬᠤᠪᠢᠷᠠᠬᠤ ᠶᠢ ᠳᠠᠮᠢᠷ ᠳᠡᠩᠬᠡᠬᠡ ᠮᠠᠭᠤᠳᠠᠢ ᠳᠡᠮᠡᠭᠡ ᠪᠤᠯᠬᠤ ᠨᠢ ᠬᠡᠵᠦ ᠰᠢᠨᠵᠢᠬᠦ᠃      — ᠪᠣᠲᠣᠭᠤᠨ ᠠᠴᠠ ᠪᠠᠨ ᠲᠦᠷᠪᠡᠨ ᠳᠠᠪᠠᠭ ᠢᠶᠠᠷ ᠢᠶᠠᠨ ᠲᠡᠪ ᠳᠡᠭᠰᠢ ᠭᠢᠰᠭᠢᠳᠡᠭ ᠲᠡᠮᠡᠭᠡ ᠶᠢ ᠨᠤᠮᠤᠬᠠᠨ ᠲᠤᠭᠲᠠᠭᠤᠨ ᠵᠠᠩ ᠲᠠᠢ ᠳᠡᠮᠡᠭᠡ ᠪᠤᠯᠬᠤ ᠨᠢ ᠬᠡᠵᠦ ᠰᠢᠨᠵᠢᠬᠦ᠃      — ᠪᠠᠭ᠎ᠠ ᠳᠠᠭᠠᠨ ᠳᠠᠭᠠᠯᠴᠠᠭ ᠢᠶᠠᠷ ᠢᠶᠠᠨ ᠬᠢᠰᠬᠢᠬᠦ ᠪᠤᠶᠤ ᠳᠡᠶᠢᠷᠡᠩ ᠠᠯᠬᠤᠳᠠᠭ ᠲᠡᠮᠡᠭᠡ ᠶᠢ ᠶᠠᠪᠤᠳᠠᠯ ᠮᠠᠭᠤᠲᠠᠢ ᠳᠡᠮᠡᠭᠡ ᠪᠤᠯᠬᠤ ᠨᠢ ᠬᠡᠵᠦ ᠰᠢᠨᠵᠢᠬᠦ᠃      — ᠪᠠᠭ᠎ᠠ ᠠᠴᠠ ᠪᠠᠨ ᠲᠦᠷᠪᠡᠨ ᠬᠦᠯ ᠤᠨ ᠬᠢᠮᠤᠰᠤ ᠨᠢ ᠪᠦᠳᠦᠬᠦᠨ ᠪᠦᠭᠡᠳ ᠮᠠᠯᠳᠠᠮᠠᠯ ᠬᠡᠯᠪᠡᠷᠢ ᠲᠠᠢ ᠪᠠᠶᠢᠬᠤ ᠶᠢ ᠤᠶᠢᠷ᠎ᠠ ᠬᠦᠶᠦᠯᠬᠡᠬᠦ ᠳᠤ ᠤᠨᠴᠠ ᠬᠤᠷᠳᠤᠨ ᠳᠡᠮᠡᠭᠡ ᠪᠤᠯᠬᠤ ᠨᠢ ᠬᠡᠵᠦ ᠰᠢᠨᠵᠢᠬᠦ᠃      — ᠪᠠᠭ᠎ᠠ ᠳᠠᠭᠠᠨ ᠬᠤᠶᠢᠲᠤ ᠬᠤᠶᠠᠷ ᠬᠦᠯ ᠤᠨ ᠳᠠᠭᠠᠯᠴᠠᠭ ᠢᠶᠠᠷ ᠬᠢᠰᠬᠢᠳᠡᠭ ᠵᠠᠩ ᠲᠠᠢ ᠳᠡᠮᠡᠭᠡ ᠶᠢ ᠬᠤᠯᠠ ᠵᠠᠮ ᠳᠤ ᠶᠠᠪᠣᠳᠠᠭ ᠦᠭᠡᠢ᠂ ᠠᠴᠢᠶ᠎ᠠ ᠠᠶᠠᠨ ᠳᠤ ᠶᠠᠳᠠᠷᠠᠭᠤ᠂ ᠴᠦᠷᠭᠦᠯᠡᠭᠡ ᠠᠴᠠ ᠰᠠᠭᠤᠳᠠᠭ ᠵᠠᠩ ᠲᠠᠢ ᠳᠡᠮᠡᠭᠡ ᠪᠤᠯᠬᠤ ᠨᠢ ᠬᠡᠵᠦ ᠰᠢᠨᠵᠢᠬᠦ᠃      — ᠪᠠᠭ᠎ᠠ ᠠᠴᠠ ᠪᠠᠨ ᠬᠦᠯ ᠡᠭᠴᠡ᠂ ᠪᠡᠶ᠎ᠡ ᠤᠷᠲᠤ᠂ ᠨᠣᠬᠠᠢ ᠪᠤᠷᠪᠢ ᠲᠠᠢ ︵ᠪᠤᠷᠪᠢ ᠨᠢ ᠡᠮᠦᠨᠡᠰᠢ ᠪᠠᠨ ᠳᠤᠬᠢᠭᠠᠷ︶ ᠳᠡᠭᠡᠷ᠎ᠡ ᠪᠠᠨ ᠪᠤᠷᠪᠢ ᠶᠢᠨ ᠰᠢᠷᠪᠤᠰᠤ ᠨᠢ ᠭᠤᠭᠴᠤᠭ᠎ᠠ ᠶᠡᠭᠡ ᠲᠠᠢ ᠳᠡᠮᠡᠭᠡ ᠶᠢ ᠤᠨᠴᠠ ᠬᠤᠷᠳᠤᠨ ᠳᠡᠮᠡᠭᠡ ᠪᠤᠶᠤ ᠤᠷᠤᠯᠳᠤᠭᠠᠨ ᠤ ᠮᠠᠩᠯᠠᠢ ᠪᠤᠯᠵᠤ ᠶᠠᠪᠤᠬᠤ ᠳᠡᠮᠡᠭᠡ ᠪᠤᠯᠬᠤ ᠨᠢ ᠬᠡᠵᠦ ᠰᠢᠨᠵᠢᠬᠦ᠃      — ᠪᠠᠭ᠎ᠠ ᠳᠠᠭᠠᠨ ᠭᠠᠯᠠᠭᠤ ᠳᠠᠪᠠᠭ ᠲᠠᠢ ᠳᠡᠮᠡᠭᠡ ᠶᠢ ᠬᠤᠵᠢᠮ ᠨᠢ ᠪᠠᠶᠠᠨ ᠬᠤᠳᠤᠭᠤᠳᠤ ᠪᠤᠯᠵᠤ ᠮᠡᠳᠡᠬᠦ ᠨᠢ ᠬᠡᠵᠦ ᠰᠢᠨᠵᠢᠬᠦ᠃      — ᠪᠤᠳᠤᠭᠤᠨ ᠳᠠᠭᠠᠨ ᠨᠢᠳᠦ ᠨᠢ ᠤᠯᠠᠭᠠᠨ ᠴᠠᠭᠠᠨ ᠢᠶᠠᠷ ᠡᠷᠬᠢᠵᠦ ᠭᠤᠤᠯ ᠢᠶᠠᠨ ᠲᠠᠲᠠᠵᠤ ᠲᠤᠤᠭᠠᠷᠭᠠᠬᠤ ᠵᠠᠩ ᠲᠠᠢ ᠪᠠᠶᠢᠬᠤ ᠶᠢ ᠲᠦᠢᠯ ᠤᠨ ᠳᠤᠭᠰᠢᠨ᠂ ᠵᠠᠩ ᠮᠠᠭᠤᠲᠠᠢ ᠳᠡᠮᠡᠭᠡ ᠪᠤᠯᠬᠤ ᠨᠢ ᠬᠡᠵᠦ ᠰᠢᠨᠵᠢᠬᠦ᠃      — ᠪᠤᠳᠤᠭᠤᠨ ᠨᠠᠰᠤᠨ ᠳᠠᠭᠠᠨ ᠬᠠᠷ᠎ᠠ ᠨᠢᠳᠦᠨ ᠴᠡᠴᠡᠬᠡᠢ ᠲᠠᠢ ᠨᠠᠮᠤᠭᠤᠬᠠᠨ ᠬᠠᠷᠡᠴᠡ ᠲᠠᠢ ᠪᠠᠶᠢᠬᠤ ᠶᠢ ᠤᠶᠠᠨ ᠨᠤᠮᠤᠬᠠᠨ ᠳᠡᠮᠡᠭᠡ ᠪᠤᠯᠬᠤ ᠨᠢ ᠬᠡᠵᠦ ᠰᠢᠨᠵᠢᠬᠦ᠃      — ᠪᠤᠳᠤᠭᠤ ᠳᠤᠷᠤᠮ ᠤᠨ ᠦᠪᠬᠦᠭ ᠨᠢ ᠦᠨᠳᠦᠷ ᠪᠤᠯ ᠤᠨᠤᠭᠰᠠᠨ ᠡᠵᠡᠨ ᠳᠡᠭᠡᠨ ᠬᠡᠶᠢᠮᠤᠷᠢ ᠲᠠᠢ ᠳᠡᠮᠡᠭᠡ ᠪᠤᠯᠬᠤ ᠨᠢ ᠬᠡᠵᠦ ᠰᠢᠨᠵᠢᠬᠦ᠃      — ᠪᠠᠭ᠎ᠠ ᠠᠴᠠ ᠪᠠᠨ ᠪᠦᠬᠦ ᠨᠢ ᠲᠡᠩᠴᠡᠬᠦᠤ ᠪᠦᠭᠡᠳ ᠦᠨᠳᠦᠷ᠂ ᠲᠦᠷᠪᠡᠨ ᠮᠦᠴᠢ ᠨᠢ ᠡᠭᠴᠡ ᠪᠦᠭᠡᠳ ᠤᠷᠲᠤ ᠪᠠᠶᠢᠬᠤ ᠶᠢ ᠬᠤᠷᠢᠮ ᠨᠠᠶᠢᠷ ᠲᠤ ᠤᠨᠤᠬᠤ ᠦᠩᠬᠡᠨ ᠤ ᠳᠡᠮᠡᠭᠡ ᠪᠤᠯᠬᠤ ᠨᠢ ᠬᠡᠵᠦ ᠰᠢᠨᠵᠢᠬᠦ᠃      — ᠵᠠᠷᠢᠮ ᠤᠨᠤᠭᠠᠷᠢ ᠶᠢᠨ ᠠᠳᠠ ᠶᠢ ᠪᠠᠷᠢᠵᠤ ᠤᠶᠠᠬᠤ ᠳᠤ ᠪᠠᠶᠢᠨ ᠳᠠᠬᠢᠨ ᠰᠢᠬᠡᠬᠦ ᠶᠢ ᠵᠠᠮ ᠤᠨ ᠬᠦᠵᠦᠬᠦᠤ ᠤᠷᠲᠤ ᠪᠤᠯᠬᠤ ᠨᠢ ᠬᠡᠵᠦ ᠰᠢᠨᠵᠢᠬᠦ᠃      — ᠵᠠᠷᠢᠮ ᠳᠡᠮᠡᠭᠡ ᠤᠰᠤᠨ ᠳᠠᠭᠠᠨ ᠢᠷᠡᠵᠦ ᠤᠰᠤ ᠤᠤᠭᠤᠬᠤ ᠳᠠᠭᠠᠨ ᠤᠯᠠᠨ ᠳᠠᠬᠢᠨ ᠵᠢᠰᠢᠵᠦ ᠤᠤᠭᠤᠬᠤ ᠪᠤᠶᠤ ᠬᠤᠳᠠ ᠬᠤᠳᠳᠤᠭ ᠦᠬᠡᠳᠡ ᠪᠠᠨ ᠬᠠᠷᠠᠨ ᠬᠠᠷᠠᠨ ᠶᠠᠪᠤᠬᠤ ᠶᠢ ᠡᠨᠡ ᠳᠡᠮᠡᠭᠡ ᠬᠤᠯᠠ ᠭᠠᠵᠠᠷ ᠶᠠᠪᠤᠬᠤ ᠨᠢ ᠬᠡᠵᠦ ᠰᠢᠨᠵᠢᠬᠦ᠃      — ᠳᠡᠮᠡᠬᠡᠨ ᠤ ᠨᠤᠤᠰᠤᠨ ᠰᠤᠷ ᠨᠢ ᠬᠡᠨᠡᠳᠳᠡ ᠬᠤᠭᠤᠷᠡᠬᠤ ᠪᠤᠶᠤ ᠦᠩᠬᠡ ᠠᠯᠳᠠᠬᠤ ᠶᠢ ᠡᠨᠡ ᠳᠡᠮᠡᠭᠡ ᠳᠤᠳᠤᠷ ᠬᠡᠮ ᠤᠯᠤᠭᠰᠠᠨ ᠪᠤᠶᠤ ᠰᠠᠨᠠᠭᠠᠨ ᠤ ᠡᠪᠡᠳᠴᠢᠨ ᠤᠯᠵᠠᠢ ᠬᠡᠮᠡᠨ ᠰᠢᠨᠵᠢᠬᠦ ᠵᠡᠷᠭᠡ ᠤᠯᠠᠨ ᠰᠢᠨᠵᠢᠯᠡᠭᠡ ᠪᠠ ᠬᠡᠯᠡᠯᠬᠡ ᠪᠠᠶᠢᠳᠠᠭ᠃      ᠲᠡᠮᠡᠭᠡ ᠶᠢ ᠰᠢᠨᠵᠢᠵᠤ ᠬᠤᠷᠸ᠎ᠠ ᠶᠢ ᠲᠠᠨᠢᠬᠤ      ᠳᠡᠮᠡᠭᠡ ᠶᠢ ᠰᠢᠨᠵᠢᠵᠦ ᠬᠤᠷᠸ᠎ᠠ ᠶᠢ ᠳᠠᠨᠢᠬᠤ ᠭᠡᠳᠡᠭ ᠨᠢ ᠲᠡᠮᠡᠭᠡᠨ ᠤ ᠡᠯᠳᠡᠪ ᠶᠠᠩᠵᠤ ᠶᠢᠨ ᠳᠠᠭᠤ ᠴᠢᠮᠡᠭᠡ᠂ ᠦᠢᠯᠡ ᠬᠦᠳᠡᠯᠦᠯ ᠢᠶᠠᠷ ᠨᠢ ᠲᠡᠭᠷᠢ ᠭᠠᠵᠠᠷ ᠤᠨ ᠬᠤᠪᠢᠷᠠᠯ᠂ ᠵᠢᠯ ᠤᠨ ᠦᠩᠭᠡ᠂ ᠡᠵᠡᠨ ᠤ ᠬᠢᠨᠢ ᠬᠤᠪᠢ ᠵᠠᠶᠠᠭ᠎ᠠ ᠶᠢ ᠵᠥᠩᠨᠡᠨ ᠰᠢᠨᠵᠢᠬᠦ ᠶᠢ ᠳᠡᠮᠡᠭᠡ ᠶᠢ ᠰᠢᠨᠵᠢᠵᠦ ᠬᠤᠷᠸ᠎ᠠ ᠶᠢ ᠳᠠᠨᠢᠬᠤ ᠭᠡᠳᠡᠭ᠃      ᠳᠡᠮᠡᠬᠡᠴᠢᠨ ᠬᠦᠮᠦᠨ ᠦᠷ ᠴᠠᠶᠢᠬᠤ ᠠᠴᠠ ᠰᠦᠨᠢ ᠤᠷᠤᠢ ᠤᠨᠳᠠᠬᠤ ᠪᠤᠯᠳᠠᠯ᠎ᠠ ᠪᠠᠨ ᠲᠡᠷᠡᠴᠢᠯᠡᠨ ᠨᠦᠢᠷ ᠤᠨ ᠳᠤᠮᠳᠠ ᠪᠠᠨ ᠴᠦ ᠬᠡᠰᠡᠨ ᠬᠤᠳᠠ ᠲᠠᠢ ᠳᠡᠮᠡᠬᠡᠨ ᠤ ᠪᠠᠨ ᠠᠨᠢᠷ ᠴᠢᠮᠡᠭᠡ᠂ ᠬᠦᠳᠡᠯᠦᠯ ᠪᠠᠷᠢᠯ ᠢ ᠮᠠᠨᠠᠨ ᠴᠢᠩᠨᠠᠵᠤ᠂ ᠠᠵᠢᠭᠯᠠᠨ ᠰᠢᠨᠵᠢᠵᠦ ᠪᠠᠶᠢᠳᠠᠭ᠃ ᠡᠨᠡ ᠨᠢ ᠳᠡᠮᠡᠭᠡ ᠬᠡᠳᠡᠭ ᠠᠮᠢᠳᠠᠨ ᠴᠠᠭ ᠢᠮᠠᠭᠳᠠ ᠬᠤᠯᠠ ᠤᠶᠢᠷ᠎ᠠ ᠶᠢᠨ ᠳᠠᠭᠤ ᠴᠢᠮᠡᠭᠡ ᠦᠨᠦᠷ ᠠᠮᠳᠠ ᠵᠡᠷᠭᠡ ᠶᠢ ᠬᠦᠮᠦᠨ ᠠᠴᠠ ᠬᠤᠯᠠ ᠡᠮᠦᠨ᠎ᠡ ᠰᠡᠷᠡᠵᠦ ᠮᠡᠳᠡᠳᠡᠭ ᠢᠶᠠᠷ ᠪᠠᠷᠠᠬᠤ ᠦᠬᠡᠢ ᠭᠠᠵᠠᠷ ᠲᠡᠭᠷᠢ ᠶᠢᠨ ᠭᠠᠢ ᠪᠠᠷᠴᠢᠳ᠂ ᠭᠠᠯ ᠤᠰᠤᠨ ᠤ ᠠᠶᠤᠯ ᠵᠤᠪᠠᠯᠠᠩ ᠢ ᠡᠷᠳᠡᠴᠢᠯᠡᠨ ᠪᠤᠶᠤ ᠤᠷᠢᠳᠴᠢᠯᠠᠨ ᠤᠯᠵᠤ ᠮᠡᠳᠡᠬᠦ ᠤᠨᠴᠠ ᠬᠠᠴᠢᠨ ᠰᠡᠷᠡᠯ ᠲᠠᠢ ᠪᠠᠶᠢᠳᠠᠭ᠃ ᠡᠬᠦᠨ ᠢ ᠬᠦᠮᠦᠰ ᠳᠡᠮᠡᠭᠡ ᠪᠤᠯ ᠨᠢᠬᠡᠨ ᠤ ᠭᠠᠵᠠᠷ ᠳᠤᠳᠤᠷᠠᠬᠢ ᠬᠦᠮᠦᠨ ᠠᠮᠢᠲᠠᠨ ᠤ ᠬᠦᠳᠡᠯᠦᠯ ᠪᠠᠶᠢᠳᠠᠯ ᠢ ᠰᠡᠷᠡᠵᠦ ᠮᠡᠳᠡᠬᠦ ᠤᠨᠴᠠ ᠰᠡᠷᠡᠯ ᠲᠠᠢ᠂ ᠠᠷᠪᠠᠨ ᠤ ᠭᠠᠵᠠᠷ ᠳᠤᠳᠤᠷᠠᠬᠢ ᠳᠠᠭᠤ ᠴᠢᠮᠡᠭᠡ ᠶᠢ ᠤᠯᠵᠤ ᠰᠤᠨᠤᠰᠬᠤ ᠤᠨᠴᠠ ᠰᠤᠨᠤᠷ ᠲᠠᠢ᠂ ᠬᠤᠷᠢᠨ ᠤ ᠭᠠᠵᠠᠷ ᠳᠤᠳᠤᠷᠠᠬᠢ ᠪᠤᠯᠠᠭ ᠤᠰᠤ ᠶᠢ ᠦᠨᠦᠷᠳᠤᠵᠦ ᠮᠡᠳᠡᠬᠦ ᠬᠠᠮᠠᠷ ᠲᠠᠢ᠂ ᠭᠤᠴᠢᠨ ᠤ ᠭᠠᠵᠠᠷ ᠳᠤᠳᠤᠷᠠᠬᠢ ᠡᠪᠡᠰᠦ ᠤᠷᠭᠤᠮᠠᠯ ᠤᠨ ᠰᠠᠶᠢᠨ ᠢ ᠤᠯᠵᠤ ᠮᠡᠳᠡᠬᠦ ᠤᠨᠴᠠ ᠮᠡᠳᠡᠷᠡᠮᠵᠢ ᠲᠠᠢ᠂ ᠲᠦᠴᠢᠨ ᠤ ᠭᠠᠵᠠᠷ ᠳᠤᠲᠤᠷᠠᠬᠢ ᠭᠠᠯ ᠤᠨ ᠤᠴᠢ ᠶᠢ ᠤᠯᠵᠤ ᠬᠠᠷᠠᠬᠤ ᠤᠨᠴᠠ ᠬᠠᠷᠠᠭ᠎ᠠ ᠲᠠᠢ᠂ ᠬᠡᠳᠦᠨ ᠵᠠᠭᠤᠨ ᠤ ᠭᠠᠵᠠᠷ ᠲᠤ ᠨᠢᠳᠦ ᠶᠢ ᠨᠢ ᠪᠤᠭᠤᠵᠤ ᠲᠡᠷᠭᠡ᠂ ᠭᠠᠯᠲᠤ ᠪᠠᠷ ᠲᠠᠲᠠᠵᠤ ᠬᠦᠷᠬᠡᠬᠡᠳ ᠳᠠᠯᠪᠢᠭᠰᠠᠨ ᠴᠦ ᠬᠤᠳᠠ ᠭᠡᠷ ᠢᠶᠠᠨ ᠠᠯᠳᠠᠯ ᠦᠭᠡᠢ ᠤᠯᠵᠤ ᠬᠠᠷᠢᠬᠤ ᠪᠤᠶᠤ ᠬᠡᠳᠦᠨ ᠮᠢᠩᠭᠠᠨ ᠤ ᠭᠠᠵᠠᠷ ᠲᠤ ᠬᠦᠳᠦᠯᠵᠦ ᠬᠦᠷᠬᠡᠬᠡᠳ ᠳᠠᠯᠪᠢᠭᠰᠠᠨ ᠴᠦ ᠨᠤᠳᠤᠭ ᠪᠠᠶᠢᠷᠢ ᠪᠠᠨ ᠤᠯᠵᠤ ᠪᠤᠴᠠᠳᠠᠭ ᠭᠠᠵᠠᠷᠴᠢ᠂ ᠵᠦᠭᠴᠢ ᠠᠮᠢᠳᠠᠨ ᠬᠡᠵᠦ ᠬᠡᠯᠡᠳᠡᠭ᠃ ᠡᠶᠢᠮᠦ ᠠᠴᠠ ᠳᠡᠮᠡᠭᠡ ᠶᠢ ᠰᠢᠨᠵᠢᠵᠦ ᠬᠤᠷᠸ᠎ᠠ ᠶᠢ ᠳᠠᠨᠢᠬᠤ ᠰᠤᠶᠤᠯ ᠬᠡᠳᠡᠭ ᠨᠢ ᠬᠠᠰᠢᠷ ᠮᠠᠯᠴᠢᠳ ᠬᠤᠳᠠ ᠪᠠᠶᠢᠷᠢᠨ ᠳᠠᠬᠢ ᠳᠡᠮᠡᠬᠡᠨ ᠤ ᠪᠠᠨ ᠬᠦᠳᠡᠯᠦᠯ ᠪᠠᠶᠢᠳᠠᠯ ᠢ ᠠᠵᠢᠵᠤ ᠪᠠᠶᠢᠭᠠᠳ ᠲᠡᠭᠷᠢ ᠭᠠᠵᠠᠷ ᠤᠨ ᠠᠯᠢ ᠪᠦᠬᠦᠨ ᠢ ᠤᠷᠢᠳᠴᠢᠯᠠᠨ ᠳᠠᠭᠠᠮᠠᠭᠯᠠᠬᠤ᠂ ᠪᠠᠷᠤᠭᠯᠠᠵᠤ ᠮᠡᠳᠡᠬᠦ ᠶᠢ ᠬᠡᠯᠡᠵᠦ ᠪᠠᠶᠢᠭ᠎ᠠ ᠶᠤᠮ᠃ ᠡᠬᠦᠨ ᠠᠴᠠ ᠬᠡᠳᠦ ᠶᠢ ᠠᠪᠴᠤ ᠵᠢᠱᠢᠶ᠎ᠡ ᠪᠤᠯᠭᠠᠪᠠᠯ᠄      — ᠤᠯᠠᠨ ᠳᠡᠮᠡᠭᠡ ᠬᠠᠮᠠᠷ ᠢᠶᠠᠨ ᠳᠤᠤᠭᠠᠷᠭᠠᠵᠤ ᠳᠤᠷᠬᠢᠵᠦ ᠪᠠᠶᠢᠪᠠᠯ ᠰᠠᠯᠬᠢᠨ ᠰᠢᠭᠤᠷᠭ᠎ᠠ ᠪᠤᠰᠬᠤ ᠶᠢᠨ ᠳᠡᠮᠳᠡᠭ ᠬᠡᠵᠦ ᠰᠢᠨᠵᠢᠬᠦ᠃      — ᠬᠤᠲᠠ ᠲᠠᠢ ᠲᠡᠮᠡᠭᠡ ᠦᠳᠡᠰᠢ ᠶᠢᠨ ᠪᠦᠷᠦᠢ ᠪᠤᠶᠤ ᠦᠷ ᠤᠨ ᠬᠠᠷᠠᠩᠭᠤᠢ ᠪᠠᠷ ᠱᠤᠤᠬᠢᠷᠴᠤ ᠪᠠᠶᠢᠪᠠᠯ ᠲᠡᠭᠷᠢ ᠮᠠᠭᠤᠬᠠᠶᠢᠷᠠᠵᠤ ᠬᠦᠢᠲᠡᠷᠬᠦ ᠶᠢᠨ ᠲᠡᠮᠳᠡᠭ ᠭᠡᠵᠤ ᠰᠢᠨᠵᠢᠬᠦ᠃      — ᠪᠠᠶᠢᠷᠢᠨ ᠳᠤ ᠪᠠᠶᠢᠭ᠎ᠠ ᠤᠯᠠᠨ ᠳᠡᠮᠡᠭᠡ ᠶᠠᠮᠠᠷᠴᠤ ᠰᠢᠯᠲᠠᠭᠠᠨ ᠦᠭᠡᠢ ᠪᠠᠷ ᠬᠠᠮᠳᠤ ᠳᠠᠭᠠᠨ ᠳᠡᠪᠡᠷᠡᠵᠤ ᠤᠷᠤᠯᠳᠤᠵᠤ ᠪᠠᠶᠢᠪᠠᠯ ᠲᠡᠭᠷᠢ ᠬᠦᠢᠲᠡᠷᠡᠬᠦ ᠶᠢᠨ ᠳᠡᠮᠳᠡᠭ ᠬᠡᠵᠦ ᠰᠢᠨᠵᠢᠬᠦ᠃      — ᠳᠡᠮᠡᠭᠡ ᠲᠡᠭᠷᠢ ᠦᠬᠡᠳᠡ ᠬᠠᠮᠠᠷ  ᠢᠶᠠᠨ ᠰᠡᠷᠳᠡᠯᠵᠡᠬᠦᠯᠦᠨ ᠦᠨᠦᠷᠲᠦᠵᠦ ᠪᠠᠶᠢᠪᠠᠯ ᠬᠤᠷ᠎ᠠ ᠪᠤᠷᠤᠭᠠᠨ ᠤᠷᠤᠬᠤ  ᠶᠢᠨ ᠳᠡᠮᠳᠡᠭ ᠭᠡᠬᠦ  ᠪᠤᠶᠤ ᠠᠯᠤᠰ ᠨᠤᠳᠤᠭ  ᠲᠤ ᠬᠤᠷ᠎ᠠ ᠪᠤᠷᠤᠭᠠᠨ ᠤᠷᠤᠭᠰᠠᠨ  ᠤ ᠳᠡᠮᠳᠡᠭ ᠬᠡᠵᠦ ᠰᠢᠨᠵᠢᠬᠦ᠃      — ᠳᠡᠮᠡᠭᠡ ᠡᠵᠡᠨ ᠦᠬᠡᠳᠡ ᠪᠠᠨ ᠬᠠᠷᠠᠵᠤ ᠡᠪᠰᠢᠶᠡᠪᠡᠯ ᠡᠵᠡᠨ ᠤ ᠬᠢᠨᠢ ᠠᠵᠢᠯ ᠦᠢᠯᠡᠰ᠂ ᠪᠤᠳᠤᠭᠰᠠᠨ ᠰᠠᠨᠠᠭᠰᠠᠨ ᠪᠦᠬᠦᠨ ᠪᠦᠳᠦᠮᠵᠢᠲᠡᠢ ᠪᠤᠯᠬᠤ ᠶᠢᠨ ᠳᠡᠮᠳᠡᠭ ᠬᠡᠵᠦ ᠰᠢᠨᠵᠢᠬᠦ᠃      — ᠤᠬᠤᠷᠬᠠᠨ ᠴᠠᠭ ᠲᠤ ᠤᠯᠠᠨ ᠳᠡᠮᠡᠭᠡ ᠡᠪᠰᠢᠶᠡᠯᠬᠡᠵᠦ ᠪᠠᠶᠢᠪᠡᠯ ᠮᠠᠷᠭᠠᠰᠢ ᠶᠢᠨ ᠲᠡᠭᠷᠢ ᠳᠤᠭᠳᠠᠭᠤᠨ ᠳᠤᠯᠠᠭᠠᠨ ᠰᠠᠶᠢᠬᠠᠨ ᠪᠤᠯᠬᠤ ᠶᠢᠨ ᠳᠡᠮᠳᠡᠭ ᠬᠡᠵᠦ ᠰᠢᠨᠵᠢᠬᠦ᠃      — ᠤᠯᠠᠨ ᠲᠡᠮᠡᠭᠡ ᠨᠠᠷᠠ ᠦᠬᠡᠳᠡ ᠬᠠᠨᠳᠤᠵᠤ ᠬᠡᠪᠳᠡᠭᠰᠡᠨ ᠪᠠᠶᠢᠪᠠᠯ ᠬᠠᠯᠠᠭᠤᠨ ᠡᠳᠦᠷ ᠪᠤᠯᠬᠤ ᠶᠢᠨ ᠳᠡᠮᠳᠡᠭ ᠬᠡᠵᠦ ᠰᠢᠨᠵᠢᠬᠦ᠃      — ᠤᠯᠠᠨ ᠳᠡᠮᠡᠭᠡ ᠭᠠᠵᠠᠷ ᠦᠨᠦᠷᠯᠡᠵᠦ ᠵᠤᠭᠰᠤᠬᠤ ᠶᠢ ᠨᠤᠳᠤᠭ ᠲᠤ ᠰᠢᠷᠣᠢ ᠡᠪᠡᠳᠴᠢᠨ ᠳᠡᠯᠬᠡᠷᠡᠬᠦ ᠶᠢᠨ ᠳᠡᠮᠳᠡᠭ ᠪᠤᠶᠤ ᠭᠠᠵᠠᠷ ᠬᠦᠳᠡᠯᠬᠦ ᠶᠢᠨ ᠳᠡᠮᠳᠡᠭ ᠬᠡᠵᠦ ᠰᠢᠨᠵᠢᠬᠦ᠃      — ᠳᠡᠮᠡᠭᠡ ᠶᠠᠮᠠᠷᠴᠤ ᠰᠢᠯᠳᠠᠭᠠᠨ ᠦᠬᠡᠢ ᠡᠩ ᠤᠨ ᠪᠠᠶᠢᠳᠠᠯ ᠳᠤ ᠬᠤᠳᠠᠨ ᠳᠤᠳᠤᠷ᠎ᠠ ᠪᠠᠨ ᠪᠤᠶᠢᠯᠠᠬᠤ ᠪᠤᠶᠤ ᠣᠨᠴᠣᠭᠤᠶᠢᠯᠠᠨ ᠠᠳᠠᠨ ᠳᠡᠮᠡᠭᠡ ᠪᠣᠶᠢᠯᠠᠯᠳᠣᠬᠤ ᠶᠢ ᠶᠠᠮᠠᠷ ᠨᠢᠬᠡᠨ ᠭᠠᠢ ᠪᠠᠷᠴᠢᠳ᠂ ᠳᠠᠶᠢᠨ ᠳᠠᠵᠢᠨ᠂ ᠭᠠᠯ ᠲᠦᠢᠮᠡᠷ᠂ ᠭᠠᠩ ᠵᠤᠳ ᠢᠷᠡᠬᠦ ᠶᠢᠨ ᠳᠡᠮᠳᠡᠭ ᠬᠡᠵᠦ ᠰᠢᠨᠵᠢᠬᠦ᠃      — ᠬᠠᠪᠤᠷ ᠤᠨ ᠳᠡᠮᠡᠬᠡᠳ ᠠᠮᠠ ᠪᠠᠨ ᠠᠩᠭᠠᠶᠢᠨ ᠰᠠᠯᠬᠢ ᠤᠭᠤᠴᠢᠵᠤ ᠪᠠᠶᠢᠪᠠᠯ ᠭᠠᠩ ᠲᠠᠢ ᠵᠢᠯ ᠪᠤᠯᠬᠤ ᠶᠢᠨ ᠳᠡᠮᠳᠡᠭ ᠬᠡᠵᠦ ᠰᠢᠨᠵᠢᠬᠦ᠃      — ᠤᠯᠠᠨ ᠲᠡᠮᠡᠭᠡ ᠬᠠᠮᠳᠤ ᠳᠠᠭᠠᠨ ᠰᠠᠯᠬᠢ ᠰᠦᠷᠴᠦ ᠪᠠᠶᠢᠪᠠᠯ ᠬᠤᠷ᠎ᠠ ᠪᠤᠷᠤᠭᠠᠨ ᠤᠷᠤᠬᠤ ᠶᠢᠨ ᠳᠡᠮᠳᠡᠭ ᠬᠡᠵᠦ ᠰᠢᠨᠵᠢᠬᠦ᠃      — ᠪᠤᠷᠤᠭᠠᠨ ᠳᠤ ᠤᠷᠤᠭᠤᠲᠠᠨ ᠬᠡᠪᠲᠡᠵᠦ ᠪᠠᠶᠢᠭᠰᠠᠨ ᠲᠡᠮᠡᠭᠡ ᠪᠤᠰᠴᠤ ᠢᠳᠡᠰᠢᠯᠡᠪᠡᠯ ᠪᠤᠷᠤᠭᠠᠨ ᠵᠤᠭᠰᠤᠬᠤ ᠶᠢᠨ ᠰᠢᠨᠵᠢ ᠭᠡᠵᠦ ᠦᠵᠡᠬᠦ᠃      — ᠤᠯᠠᠨ ᠲᠡᠮᠡᠭᠡ ᠬᠡᠪᠳᠡᠷᠢ ᠳᠡᠭᠡᠨ ᠬᠡᠪᠢᠯᠬᠡ ᠨᠢᠬᠡᠳᠬᠡᠨ ᠠᠶᠢᠵᠠᠮ ᠨᠡᠶᠢᠯᠡᠭᠦᠯᠦᠨ ᠬᠡᠪᠢᠵᠦ ᠪᠠᠶᠢᠪᠠᠯ ᠮᠠᠷᠭᠠᠰᠢ ᠶᠢᠨ ᠲᠡᠭᠷᠢ ᠳᠤᠩᠭᠠᠯᠠᠭ ᠰᠠᠶᠢᠬᠠᠨ ᠪᠤᠯᠬᠤ ᠶᠢᠨ ᠳᠡᠮᠳᠡᠭ ᠬᠡᠵᠦ ᠰᠢᠨᠵᠢᠬᠦ᠃      — ᠤᠨᠤᠵᠤ ᠶᠠᠪᠤᠭ᠎ᠠ ᠳᠡᠮᠡᠭᠡ ᠬᠡᠨᠡᠳᠳᠡ ᠳᠤᠯᠤᠭᠠᠢ ᠤᠷᠤᠭᠤᠯ ᠢᠶᠠᠨ ᠰᠡᠭᠰᠦᠷᠦᠭᠡᠳ ᠪᠠᠶᠢᠪᠠᠯ ᠦᠢᠯᠡᠰ ᠪᠦᠳᠦᠮᠵᠢ ᠦᠬᠡᠢ ᠪᠤᠯᠬᠤ ᠶᠢᠨ ᠳᠡᠮᠳᠡᠭ ᠬᠡᠵᠦ ᠰᠢᠨᠵᠢᠬᠦ᠃      — ᠤᠨᠤᠵᠤ ᠶᠠᠪᠤᠭ᠎ᠠ ᠳᠡᠮᠡᠭᠡ ᠬᠡᠨᠡᠳᠳᠡ ᠴᠢᠬᠢ ᠪᠠᠨ ᠳᠡᠯᠳᠡᠬᠡᠨᠡᠬᠦᠯᠦᠬᠡᠳ ᠪᠠᠶᠢᠪᠠᠯ ᠤᠶᠢᠷ᠎ᠠ ᠤᠷᠴᠢᠮ ᠶᠠᠮᠠᠷ ᠨᠢᠬᠡ ᠪᠤᠵᠠᠷ ᠶᠠᠭᠤᠮ᠎ᠠ ᠪᠠᠶᠢᠬᠤ ᠪᠤᠶᠤ ᠴᠢᠨ᠋ᠸ᠎ᠠ ᠨᠤᠬᠠᠢ ᠪᠠᠶᠢᠬᠤ ᠶᠢᠨ ᠳᠡᠮᠳᠡᠭ ᠬᠡᠵᠦ ᠰᠢᠨᠵᠢᠬᠦ᠃      — ᠤᠨᠤᠵᠤ ᠶᠠᠪᠤᠭ᠎ᠠ ᠳᠡᠮᠡᠭᠡ ᠬᠡᠨᠡᠳᠳᠡ ᠵᠤᠭ ᠬᠡᠵᠦ ᠵᠤᠭᠰᠤᠪᠠᠯ ᠡᠨᠡ ᠵᠠᠮ ᠢᠶᠠᠷ ᠶᠠᠪᠤᠪᠠᠯ ᠶᠠᠮᠠᠷ ᠨᠢᠬᠡᠨ ᠮᠠᠭᠤ ᠤᠴᠠᠷᠠᠯ ᠳᠤ ᠳᠤᠬᠢᠶᠠᠯᠳᠤᠬᠤ ᠨᠢ᠂ ᠦᠬᠡᠷ᠎ᠡ ᠵᠠᠮ ᠢᠶᠠᠷ ᠳᠤᠭᠤᠷᠢᠵᠤ ᠶᠠᠪᠤᠪᠠᠯ ᠰᠠᠶᠢᠨ ᠬᠡᠵᠦ ᠰᠢᠨᠵᠢᠬᠦ᠃      — ᠳᠡᠮᠡᠭᠡ ᠳᠤᠯᠤᠭᠠᠢ ᠪᠠᠨ ᠴᠤᠩᠨᠦ᠋ᠢᠯᠭᠠᠨ ᠰᠡᠬᠦᠯ ᠢᠶᠠᠨ ᠬᠠᠪᠴᠢᠵᠤ ᠪᠠᠶᠢᠪᠠᠯ ᠳᠡᠮᠡᠬᠡᠨ ᠤ ᠨᠢᠳᠦᠨ ᠳᠤ ᠬᠠᠴᠢᠨ ᠵᠢᠭᠳᠡᠢ ᠶᠠᠭᠤᠮ᠎ᠠ ᠦᠵᠡᠭᠳᠡᠵᠡᠢ ᠬᠡᠵᠦ ᠰᠢᠨᠵᠢᠳᠡᠭ᠃                                                    ︵ᠵᠣᠬᠢᠶᠠᠭᠴᠢ᠄ ᠭᠤ · ᠲᠦᠭᠵᠢᠷᠵᠠᠪ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号