ᠪᠤᠤᠷ᠎ᠠ ᠰᠤᠩᠭᠤᠬᠤ ᠶᠤᠰᠤ ᠵᠠᠩᠰᠢᠯ
ᠨᠡᠶᠢᠲᠡᠯᠡᠭᠰᠡᠨ ᠴᠠᠭ᠄
2020/11/30
       ︽ᠲᠡᠮᠡᠭᠡᠨ ᠰᠦᠷᠦᠭ ᠤᠨ ᠬᠡᠮᠵᠢᠶ᠎ᠡ ᠦᠭᠡᠢ ᠡᠷᠭᠡᠳᠦ ᠡᠵᠡᠨ ᠬᠠᠭᠠᠨ ᠪᠤᠯ ᠪᠤᠤᠷ᠎ᠠ ᠶᠤᠮ︾᠃ ᠨᠡᠮᠺᠠᠪᠠᠯ ᠨᠡᠷ ᠬᠠᠪᠰᠢᠭᠤᠨ ᠪᠤᠤᠷ᠎ᠠ ᠤᠨᠤᠵᠦ ᠪᠡᠭᠡᠵᠢᠩ ᠤᠷᠤᠬᠤ ᠳᠤ ︽ᠠᠷᠠᠭ᠎ᠠ ᠰᠢᠳᠦ ᠪᠠᠨ ᠬᠠᠪᠢᠷᠴᠦ᠂ ᠠᠷᠰᠯᠠᠨ ᠪᠠᠷᠰ ᠰᠢᠭ᠋ ᠬᠦᠷᠬᠢᠷᠡᠵᠦ᠂ ᠭᠡᠳᠡᠭᠡᠷ ᠬᠦᠵᠦᠬᠦᠦ ᠪᠠᠨ ᠪᠦᠬᠦᠨ ᠳᠡᠭᠡᠨ ᠬᠠᠨᠳᠠᠷᠴᠤ᠂ ᠬᠡᠳᠡᠰᠦ ᠬᠦᠵᠡᠭᠡ ᠪᠠᠨ ᠨᠢᠷᠤᠭᠤᠨ ᠳᠠᠭᠠᠨ ᠨᠠᠭᠠᠯᠳᠤᠭᠤᠯᠵᠦ᠂ ᠴᠡᠭᠡᠵᠢ ᠲᠤᠯᠤᠭᠠᠢ ᠪᠠᠨ ᠬᠦᠭᠡᠰᠦ ᠪᠠᠷ ᠪᠤᠯᠠᠵᠦ᠂ ᠴᠡᠷᠢᠭ ᠬᠤᠶᠠᠭ ᠤᠳ ᠢ ᠰᠢᠬᠡᠰᠦ ᠪᠠᠷ ᠱᠠᠪᠰᠢᠵᠦ᠂ ᠰᠢᠨᠵᠢ ᠪᠠᠶᠢᠳᠠᠯ ᠨᠢ ᠦᠨᠡᠭᠡᠷ ᠮᠠᠭᠤᠬᠠᠢ ᠠᠶᠤᠮᠰᠢᠭᠳᠠᠢ ᠬᠠᠷᠠᠭᠳᠠᠬᠤ︾ ᠪᠤᠤᠷ᠎ᠠ ᠶᠢ ᠦᠵᠡᠭᠡᠳ ᠮᠠᠨᠵᠦ ᠶᠢᠨ ᠬᠠᠭᠠᠨ ᠠᠶᠤᠨ ᠬᠡᠯᠮᠡᠭᠳᠡᠵᠦ᠂ ᠦᠪᠡᠷ ᠤᠨ ᠠᠰᠢᠭ ᠲᠤᠰᠠ ᠶᠢᠨ ᠢᠶᠠᠨ ᠲᠦᠯᠦᠭᠡ ᠡᠨᠡᠬᠦ    ︽ᠭᠠᠯᠵᠠᠭᠤ︾ ᠲᠡᠮᠡᠭᠡ ᠶᠢ ᠨᠤᠮᠬᠠᠳᠬᠠᠵᠦ ᠤᠨᠤᠭᠰᠠᠨ ᠬᠤᠷᠤᠯᠠᠢ ᠶᠢᠨ ᠠᠶᠢᠮᠠᠭ ᠲᠤ ᠠᠯᠠᠱᠠ ᠨᠤᠳᠤᠭ ᠢ ᠦᠮᠴᠢᠯᠡᠬᠦᠯᠦᠨ ᠦᠭᠬᠦ ᠪᠠᠷ ᠪᠤᠯᠤᠭᠰᠠᠨ ᠦᠯᠢᠭᠡᠷ ᠪᠠᠶᠢᠳᠠᠭ᠃ ᠡᠨᠡ ᠨᠢ ᠬᠡᠳᠦ᠋ᠢᠪᠡᠷ ᠲᠤᠮᠤᠭ ᠪᠤᠯᠪᠠᠴᠤ ᠬᠠᠷᠢᠨ ᠬᠠᠪᠰᠢᠭᠤᠨ ᠪᠤᠤᠷ᠎ᠠ ᠶᠢᠨ ᠰᠦᠷ ᠪᠡᠶ᠎ᠡ᠂ ᠰᠢᠨᠵᠢ ᠲᠦᠷᠬᠦ ᠶᠢᠨ ᠲᠡᠬᠦᠰ ᠰᠦᠷᠯᠢᠭ᠂ ᠲᠤᠷᠢᠭᠤᠨ ᠵᠢᠪᠬᠤᠯᠠᠩ ᠢ ᠬᠠᠷᠠᠭᠤᠯᠤᠭᠰᠠᠨ ᠬᠦᠢᠴᠡᠳ ᠲᠦᠷᠰᠦᠯᠡᠯ ᠪᠤᠯᠬᠤ ᠶᠤᠮ᠃ ᠲᠡᠮᠡᠭᠡᠨ ᠰᠦᠷᠦᠭ ᠤᠨ ᠢᠶᠠᠨ ᠡᠬᠦᠯᠳᠡᠷ ᠤᠭᠰᠠᠭ᠎ᠠ ᠶᠢ ᠴᠠᠭ ᠢᠮᠠᠭᠳᠠ ᠰᠢᠯᠢᠨ ᠰᠠᠶᠢᠵᠢᠷᠠᠭᠤᠯᠬᠤ ᠳᠤ ᠡᠨᠡᠬᠦ ᠰᠢᠨᠵᠢ ᠲᠡᠭᠦᠯᠳᠡᠷ ᠡᠵᠡᠨ ᠬᠠᠭᠠᠨ ᠪᠤᠯᠤᠭᠰᠠᠨ ᠪᠤᠤᠷ᠎ᠠ ᠶᠢ ᠰᠤᠩᠭᠤᠬᠤ ᠪᠤᠯ ᠬᠠᠮᠤᠭ ᠠᠴᠠ ᠴᠢᠬᠤᠯᠠ ᠠᠵᠦ ᠪᠢᠯᠡ᠃ ᠪᠤᠤᠷ᠎ᠠ ᠲᠠᠯᠪᠢᠬᠤ ᠲᠠᠶᠢᠯᠤᠭ ᠤᠨ ︽ᠲᠤᠯᠤᠭᠠᠢ ᠨᠢ ᠠᠪᠰᠠᠷ ᠪᠦᠭᠡᠳ ᠲᠡᠭᠰᠢ᠂ ᠨᠢᠳᠦ ᠨᠢ ᠪᠦᠳᠦᠬᠦᠨ ᠪᠦᠭᠡᠳ ᠬᠠᠷᠠᠴᠠ ᠨᠢ ᠵᠦᠭᠡᠯᠡᠨ᠂ ᠮᠤᠬᠤᠷ ᠡᠪᠯᠡᠬᠦᠨ ᠬᠤᠩᠰᠢᠶᠠᠷ ᠲᠠᠢ᠂ ᠬᠠᠮᠠᠷ ᠤᠨ ᠨᠦᠭᠡ ᠨᠢ ᠲᠤᠮᠤ ᠪᠦᠭᠡᠳ ᠨᠡᠭᠡᠬᠡᠵᠦ ᠬᠠᠮᠬᠢᠬᠤ ᠨᠢ ᠤᠶᠠᠨ ᠬᠠᠳᠠᠨ᠂ ᠪᠦᠬᠦ ᠨᠢ ᠲᠤᠮᠤ ᠪᠦᠭᠡᠳ ᠰᠡᠷᠡᠬᠡᠯᠡᠬᠦ ᠨᠢ ᠬᠤᠷᠳᠤᠨ᠂ ᠮᠠᠩᠨᠠᠢ ᠦᠷᠭᠡᠨ᠂ ᠴᠢᠬᠢ ᠨᠢ ᠪᠠᠭ᠎ᠠ ᠪᠦᠭᠡᠳ ᠪᠤᠰᠤᠭ᠎ᠠ᠂ ᠰᠡᠷᠪᠡᠭᠡ ᠦᠨᠳᠦᠷ᠂ ᠴᠡᠭᠡᠵᠢ ᠦᠷᠭᠡᠨ᠂ ᠣᠷᠢᠳᠣ ᠮᠦᠴᠢ ᠨᠢ ᠶᠠᠰᠤᠯᠢᠭ ᠲᠦᠪᠯᠡᠬᠦᠨ ᠪᠦᠭᠡᠳ ᠦᠶ᠎ᠡ ᠬᠡᠰᠢᠬᠦᠦ ᠨᠢ ᠴᠢᠩᠭ᠎ᠠ ᠴᠢᠬᠢᠷᠠᠭ᠂ ᠬᠤᠶᠢᠳᠤ ᠮᠦᠴᠢ ᠨᠢ ᠦᠨᠳᠦᠷ ᠪᠦᠭᠡᠳ ᠭᠤᠶ᠎ᠠ ᠶᠢᠨ ᠪᠤᠯᠴᠢᠩ ᠨᠢ ᠴᠢᠩᠭ᠎ᠠ᠂ ᠪᠦᠭᠡᠰᠦᠭ ᠨᠢ ᠲᠤᠳᠤ ᠪᠦᠭᠡᠳ ᠲᠡᠭᠰᠢ᠂ ᠨᠤᠤᠰᠤ ᠨᠢᠭᠳᠠ᠂ ᠰᠡᠬᠦᠯ ᠤᠷᠳᠤ᠂ ᠬᠡᠪᠡᠯᠢ ᠨᠢ ᠴᠠᠪᠢ ᠤᠷᠤᠭᠤ ᠪᠠᠨ ᠲᠠᠳᠠᠩᠬᠠᠶᠢᠪᠳᠤᠷ᠂ ᠬᠠᠪᠳᠠᠭ᠎ᠠ ᠨᠢ ᠰᠢᠯᠤᠭᠤᠨ ᠮᠦᠯᠢᠭᠡᠷ ᠪᠦᠭᠡᠳ ᠵᠠᠩ ᠠᠷᠠᠨᠰᠢᠨ ᠨᠢ ᠨᠤᠮᠤᠬᠠᠨ︾ ᠤᠨᠴᠠᠯᠢᠭ ᠢ ᠠᠳᠬᠤᠵᠦ ᠬᠦᠷᠡᠩ ᠤᠯᠠᠭᠠᠨ ᠦᠩᠭᠡ ᠲᠠᠢ ᠲᠠᠶᠢᠯᠤᠭ ᠢ ᠭᠤᠤᠯᠴᠢᠯᠠᠨ ᠰᠤᠩᠭᠤᠵᠦ᠂ ᠴᠠᠭᠠᠨ ᠪᠤᠤᠷ᠎ᠠ ᠲᠠᠯᠪᠢᠬᠤ ᠪᠤᠯ ᠴᠢᠨᠳᠠᠭᠠᠨ ᠴᠠᠭᠠᠨ ᠲᠠᠶᠢᠯᠤᠭ ᠢ ᠰᠤᠩᠭᠤᠳᠠᠭ᠃ ᠤᠳᠤᠮ ᠨᠢ ᠨᠤᠮᠤᠬᠠᠨ᠂ ᠡᠳ᠋ᠯᠡᠭᠡ ᠬᠦᠯᠪᠦᠷᠢ ᠳᠤ ᠲᠠᠭᠠᠭᠠᠴᠠ ᠲᠠᠢ᠂ ᠡᠬᠡ ᠨᠢ ᠨᠤᠤᠰᠤ ᠰᠦ ᠰᠠᠶᠢᠳᠠᠢ᠂ ᠤᠰᠤ ᠭᠤᠯᠤᠳᠠᠭ ᠦᠭᠡᠢ᠂ ᠭᠤᠷᠪᠠ ᠠᠴᠠ ᠳᠠᠪᠤ ᠶᠢᠰᠦ ᠶᠢᠨ ᠬᠦᠢᠳᠡᠨ ᠳᠤ ᠭᠠᠷᠤᠭᠰᠠᠨ ᠪᠤᠳᠤᠭᠤ ᠪᠤᠯ ᠨᠡᠩ ᠰᠠᠶᠢᠨ᠃ ᠬᠡᠬᠦ ᠳᠡᠭᠡᠨ ᠬᠦᠪᠴᠢ ᠨᠢᠷᠤᠭᠤ ᠲᠠᠢ᠂ ᠬᠢᠮᠦᠰᠦ ᠪᠠᠨ ᠴᠢᠷᠳᠡᠭ᠂ ᠮᠠᠶᠢᠭ᠎ᠠ᠂ ᠪᠤᠷᠪᠢ ᠪᠠᠨ ᠬᠠᠪᠢᠷᠳᠠᠭ᠂ ᠪᠠᠷᠬᠢᠷᠠᠵᠦ ᠰᠡᠪᠡᠰᠦᠯᠡᠳᠡᠭ ᠲᠠᠶᠢᠯᠤᠭ ᠢᠶᠠᠷ ᠪᠤᠤᠷ᠎ᠠ ᠲᠠᠯᠪᠢᠳᠠᠭ ᠦᠭᠡᠢ᠃ ᠣᠨᠴᠣᠭᠤᠶᠢᠯᠠᠨ ᠲᠠᠯᠳᠠᠩ ᠪᠤᠤᠷ᠎ᠠ ᠬᠦᠮᠦᠨ ᠬᠠᠵᠠᠬᠤ ᠠᠶᠤᠯ ᠲᠠᠢ ᠲᠤᠯᠠ ᠡᠷᠭᠡ ᠲᠡᠯᠳᠡᠩ ᠦᠰᠦᠭᠰᠡᠨ ᠲᠠᠶᠢᠯᠤᠭ ᠢᠶᠠᠷ ᠪᠤᠤᠷ᠎ᠠ ᠲᠠᠯᠪᠢᠬᠤ ᠶᠢ ᠴᠢᠩᠭ᠎ᠠ ᠴᠡᠭᠡᠷᠯᠡᠳᠡᠭ᠃ ᠬᠠᠰᠢᠷ ᠲᠡᠮᠡᠭᠡᠴᠢᠳ ᠪᠤᠤᠷ᠎ᠠ ᠲᠠᠯᠪᠢᠬᠤ ᠲᠠᠶᠢᠯᠤᠭ ᠢ ᠶᠡᠷᠦ ᠨᠢ ᠭᠤᠨ᠎ᠠ ᠳᠤᠨᠢ ᠰᠢᠯᠢᠵᠦ᠂ ᠲᠦᠨ᠎ᠡ ᠳᠤᠨᠢ ᠦᠵᠡᠵᠦ᠂ ᠲᠠᠪᠤ ᠳᠤᠨᠢ ᠲᠤᠷᠰᠢᠪᠠᠯ ᠰᠠᠶᠢᠨ ᠪᠠᠶᠢᠳᠠᠭ ᠬᠡᠯᠴᠡᠳᠡᠭ ᠪᠢᠯᠡ᠃                                                     ︵ᠵᠣᠬᠢᠶᠠᠭᠴᠢ᠄  ᠮᠦᠩᠬᠡᠵᠢᠷᠭᠠᠯ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号