ᠠᠯᠠᠱᠠ ᠮᠤᠩᠭᠤᠯᠴᠤᠳ ᠤᠨ ᠳᠠᠮᠡᠬᠢᠯᠠᠬᠤ ᠶᠤᠰᠤᠨ
ᠨᠡᠶᠢᠲᠡᠯᠡᠭᠰᠡᠨ ᠴᠠᠭ᠄
2021/1/15
      ᠮᠡᠨᠳᠦ ᠶᠢᠨ ᠳᠦᠷᠦᠬᠦᠦ ᠬᠦᠬᠦᠷ ᠰᠤᠯᠢᠯᠴᠠᠵᠦ ᠳᠠᠮᠠᠬᠢᠯᠠᠬᠤ ᠵᠠᠩᠰᠢᠯ ᠪᠤᠯ ᠡᠷᠬᠡ ᠳᠡᠭᠰᠢ᠂ ᠡᠯᠢᠬᠡ ᠪᠦᠳᠦᠨ ᠠᠮᠢᠳᠤᠷᠠᠯ ᠢᠶᠠᠨ ᠪᠡᠯᠬᠡᠰᠢᠶᠡᠵᠦ᠂ ᠡᠪ ᠨᠠᠶᠢᠷ᠂ ᠡᠷᠬᠢᠮ ᠬᠦᠨᠳᠦᠳᠬᠡᠯ ᠢᠶᠠᠨ ᠢᠯᠡᠳᠬᠡᠭᠰᠡᠨ ᠮᠤᠩᠭᠤᠯᠴᠤᠳ ᠤᠨ ᠰᠠᠶᠢᠨ ᠰᠠᠶᠢᠬᠠᠨ ᠮᠡᠨᠳᠦ ᠶᠢᠨ ᠶᠤᠰᠤᠨ ᠪᠢᠯᠡ᠃ ᠠᠯᠠᠱᠠ ᠮᠤᠩᠭᠤᠯᠴᠤᠳ ᠲᠤ ᠡᠨᠡ ᠵᠠᠩᠰᠢᠯ ᠶᠡᠭᠡ ᠡᠷᠳᠡᠨ ᠠᠴᠠ ᠤᠯᠠᠮᠵᠢᠯᠠᠭᠳᠠᠭᠰᠠᠨ ᠪᠠᠶᠢᠨ᠎ᠠ᠃       ᠠᠯᠠᠱᠠ ᠮᠤᠩᠭᠤᠯᠴᠤᠳ ᠤᠨ ᠳᠠᠮᠡᠬᠢᠯᠠᠬᠤ ᠶᠤᠰᠤᠨ ᠢ ᠠᠵᠢᠭᠯᠠᠪᠠᠯ ᠳᠤᠤᠷᠠᠬᠢ ᠮᠡᠳᠦ ᠵᠠᠩ ᠦᠢᠯᠡ ᠨᠦᠭᠦᠳ ᠲᠤ ᠤᠯᠠᠮᠵᠢᠯᠠᠭᠳᠠᠨ ᠤᠳᠤ ᠪᠤᠯᠳᠠᠯ᠎ᠠ ᠵᠠᠷᠢᠮ ᠨᠢ ᠢᠯᠡᠷᠬᠡᠢ ᠬᠠᠳᠠᠭᠠᠯᠠᠭᠳᠠᠭᠰᠠᠭᠠᠷ ᠪᠠᠶᠢᠨ᠎ᠠ᠃       ᠡᠩ ᠳᠡᠷᠢᠬᠦᠨ ᠳᠤ᠂ ᠬᠦᠬᠦᠷ ᠰᠤᠯᠢᠯᠴᠠᠬᠤ ᠨᠢ ᠮᠡᠨᠳᠦ ᠶᠢᠨ ᠶᠤᠰᠤᠨ ᠪᠤᠯᠤᠨ᠎ᠠ᠃ ᠵᠢᠯ ᠴᠠᠭᠠᠨ ᠰᠠᠷ᠎ᠠ ᠪᠤᠶᠤ ᠬᠤᠷᠢᠮ ᠨᠠᠶᠢᠷ ᠤᠨ ᠦᠶᠡᠰ ᠲᠤ ᠠᠯᠠᠱᠠ ᠮᠤᠩᠭᠤᠯᠴᠤᠳ ᠤᠴᠠᠷᠠᠨ ᠵᠤᠯᠭᠠᠬᠤ ᠳᠠᠭᠠᠨ ᠤᠷᠢᠳᠠᠪᠠᠷ ᠬᠠᠷᠢᠯᠴᠠᠨ ᠬᠠᠳᠠᠭ ᠪᠠᠷᠢᠵᠦ ᠮᠠᠨᠳᠤᠯᠠᠭᠡᠳ ᠳᠠᠷᠠᠭ᠎ᠠ ᠨᠢ ᠬᠦᠬᠦᠷ ᠭᠠᠷᠭᠠᠨ ᠰᠤᠯᠢᠯᠴᠠᠵᠦ᠂ ᠠᠯᠢ ᠰᠠᠶᠢᠬᠠᠨ ᠪᠡᠯᠬᠡ ᠳᠡᠮᠪᠡᠷᠢᠯ ᠲᠠᠢ ᠦᠬᠡ ᠪᠠᠷ ᠠᠮᠤᠷ ᠮᠡᠨᠳᠦ ᠪᠠᠨ ᠮᠡᠳᠡᠯᠴᠡᠨ ᠠᠬ᠎ᠠ ᠳᠡᠬᠦᠦ ᠰᠠᠳᠤᠨ ᠤ ᠪᠠᠨ ᠡᠷᠡᠬᠦᠯ ᠡᠩᠬᠡ᠂ ᠳᠠᠪᠤᠨ ᠬᠤᠰᠢᠭᠤ ᠮᠠᠯ ᠤᠨ ᠦᠡᠭ ᠳᠠᠷᠭᠤ ᠶᠢ ᠪᠡᠯᠬᠡᠰᠢᠶᠠᠨ ᠠᠰᠠᠭᠤᠯᠴᠠᠭᠰᠠᠨ ᠤ ᠰᠡᠬᠦᠯᠡᠷ ᠰᠠᠶ᠋ᠢ ᠤᠷᠤᠨ ᠪᠠᠶᠢᠷᠢ ᠳᠠᠭᠠᠨ ᠰᠠᠭᠤᠵᠠᠭᠠᠨ ᠬᠡᠷ ᠤᠨ ᠡᠵᠡᠨ ᠤ ᠵᠠᠰᠠᠭᠰᠠᠨ ᠴᠠᠢ ᠶᠢ ᠤᠤᠭᠤᠵᠠᠭᠠᠳᠠᠭ᠃ ᠬᠦᠬᠦᠷ ᠰᠤᠯᠢᠯᠴᠠᠬᠤ ᠳᠤ ᠬᠠᠷ᠎ᠠ ᠰᠢᠷ᠎ᠠ᠂ ᠬᠦᠭᠰᠢᠨ ᠵᠠᠯᠠᠭᠤ᠂ ᠡᠷᠡᠭᠳᠡᠢ ᠡᠮᠡᠭᠳᠡᠢ᠂ ᠬᠡᠦᠬᠡᠳ ᠪᠠᠭᠠᠴᠤᠳ ᠬᠡᠵᠦ ᠢᠯᠭᠠᠯ ᠦᠬᠡᠢ ᠪᠦᠬᠦᠳᠡ ᠲᠠᠢ ᠨᠢ ᠳᠠᠮᠡᠬᠢᠯᠠᠳᠠᠭ᠃ ᠬᠡᠷᠪᠡ ︽ᠳᠤᠪᠴᠢᠯᠠᠵᠦ ᠬᠠᠶᠢᠷᠠᠯᠠ ︵ᠳᠤᠪᠴᠢᠯᠠᠶ᠎ᠠ︶︾ ᠬᠡᠰᠡᠨ ᠵᠦᠪᠰᠢᠶᠡᠷᠡᠯ ᠦᠬᠡᠢ ᠪᠠᠷ ᠬᠡᠨ ᠨᠢᠬᠡ ᠬᠦᠮᠦᠨ ᠲᠠᠢ ᠳᠠᠮᠡᠬᠢᠯᠡᠬᠤ ᠦᠬᠡᠢ ᠪᠤᠯ ᠳᠡᠷᠡ ᠬᠦᠮᠦᠨ ᠳᠤ ᠶᠤᠰᠤ ᠠᠯᠳᠠᠭᠰᠠᠨ ᠶᠠᠪᠤᠳᠠᠯ ᠪᠤᠯᠤᠨ᠎ᠠ᠃ ᠦᠷ᠎ᠠ ᠬᠡᠦᠬᠡᠳ ᠨᠢ ᠪᠤᠶᠤ ᠨᠠᠰᠦ ᠦᠶ᠎ᠠ ᠨᠢ ᠳᠤᠤᠷ᠎ᠠ ᠬᠦᠮᠦᠰ ᠨᠢ ᠵᠠᠪᠠᠯ ᠠᠪᠤ ᠡᠵᠢ᠂ ᠠᠬ᠎ᠠ ᠶᠡᠬᠡᠰ ᠢᠶᠠᠨ ᠤᠷᠢᠳᠠᠪᠠᠷ ᠰᠠᠭᠤᠬᠤ ᠶᠤᠰᠤᠳᠠᠢ ᠤᠷᠤᠨ ᠪᠠᠶᠢᠷᠢ ᠳᠤᠨᠢ ᠰᠠᠭᠤᠯᠭᠠᠭᠠᠳ ᠦᠪᠡᠷ ᠢᠶᠠᠨ ᠮᠡᠬᠦ᠋ᠢᠨ ᠵᠤᠭᠰᠤᠵᠤ ᠵᠦᠪ ᠭᠠᠷ ᠢᠶᠠᠷ ᠬᠦᠬᠦᠷ ᠢᠶᠠᠨ ᠦᠭᠴᠦ ᠰᠤᠯᠢᠯᠴᠠᠨ᠎ᠠ᠃ ᠦᠶ᠎ᠠ ᠬᠤᠷᠠᠭ ᠤᠨ ᠤᠯᠤᠰ ᠴᠦ ᠬᠡᠳ ᠨᠢᠬᠡ ᠨᠢᠬᠡᠨ ᠢᠶᠠᠨ ᠬᠠᠷᠢᠯᠴᠠᠨ ᠬᠦᠨᠳᠦᠯᠡᠵᠦ ᠵᠤᠭᠰᠤᠵᠤ ᠪᠠᠶᠢᠭᠠᠳ ᠳᠡᠮᠡᠬᠢᠯᠡᠨ᠎ᠠ᠃ ᠬᠤᠷᠢᠮ ᠨᠠᠶᠢᠷ ᠤᠨ ᠴᠠᠭ ᠲᠤ ᠪᠤᠯ ᠢᠷᠡᠭᠰᠡᠨ ᠵᠤᠴᠢᠨ ᠨᠢ ᠬᠤᠷᠢᠮ ᠤᠨ ᠠᠬᠠᠯᠠᠭᠴᠢ ᠪᠤᠯᠤᠨ ᠬᠤᠷᠢᠮ ᠤᠨ ᠪᠡᠷᠬᠡᠨ ᠠᠴᠠ ᠡᠬᠢᠯᠡᠨ ᠳᠡᠮᠡᠬᠢᠯᠡᠨ᠎ᠠ᠃ ᠵᠢᠯ ᠴᠠᠭᠠᠨ ᠰᠠᠷ᠎ᠠ ᠪᠤᠯ ᠬᠡᠷ ᠲᠡᠭᠡᠨ ᠤᠷᠢᠳᠠᠪᠠᠷ ᠠᠪᠤ ᠡᠵᠢ ᠠᠴᠠ ᠪᠠᠨ ᠳᠠᠮᠡᠬᠢᠯᠡᠵᠦ᠂ ᠠᠶᠢᠯ ᠳᠤ ᠤᠴᠢᠪᠠᠯ ᠠᠶᠢᠯ ᠤᠨ ᠠᠬᠠᠰ ᠶᠡᠬᠡᠰ ᠠᠴᠠ ᠡᠬᠢᠯᠡᠨ ᠳᠠᠮᠡᠬᠢᠯᠡᠨ᠎ᠠ᠃ ᠬᠦᠬᠦᠷ ᠳᠡᠮᠡᠬᠢ ᠨᠡᠷᠡᠬᠦ ᠨᠢ ᠬᠠᠮᠤᠭ ᠤᠨ ᠳᠡᠬᠡᠳᠦ ᠮᠡᠨᠳᠦ ᠶᠢᠨ ᠶᠤᠰᠦ ᠪᠤᠯᠬᠤ ᠳᠤᠯᠠ ᠡᠷᠬᠢᠮ ᠳᠡᠬᠡᠳᠦ᠂ ᠡᠬᠡᠯ ᠳᠤᠤᠷᠠᠳᠦ ᠬᠡᠵᠦ ᠢᠯᠭᠠᠬᠤ ᠦᠬᠡᠢ ᠪᠦᠬᠦᠳᠡ ᠬᠦᠮᠦᠨ ᠲᠠᠢ ᠨᠢᠬᠡᠨ ᠠᠳᠠᠯᠢ ᠮᠡᠨᠳᠦᠯᠡᠨ ᠳᠡᠮᠡᠬᠢ ᠨᠡᠷᠡᠬᠦ ᠶᠤᠰᠤᠳᠠᠢ᠃ ᠬᠡᠬᠦ ᠳᠡᠭᠡᠨ ᠬᠠᠨᠢ ᠨᠦᠬᠦᠷ ᠤᠯᠤᠰ ᠬᠡᠵᠢᠶ᠎ᠠ ᠬᠠᠮᠢᠭ᠎ᠠ ᠶᠠᠮᠠᠷ ᠪᠠᠶᠢᠳᠠᠯ ᠳᠤᠤᠷ᠎ᠠ ᠬᠡᠳ ᠬᠠᠷᠢᠯᠴᠠᠨ ᠳᠡᠮᠡᠬᠢᠯᠠᠬᠤ ᠶᠤᠰᠤ ᠦᠬᠡᠢ᠂ ᠬᠠᠷᠢᠨ ᠡᠷᠡᠰ ᠴᠡᠬᠡᠷᠯᠡᠳᠡᠭ᠃       ᠠᠯᠠᠱᠠᠴᠤᠳ ᠡᠷᠳᠡᠨ ᠠᠴᠠ ᠪᠠᠨ ᠬᠦᠮᠦᠨ ᠪᠤᠯᠭᠠᠨ ᠪᠠᠷᠤᠭ ᠬᠦᠬᠦᠷ ᠲᠠᠢ ᠪᠠᠶᠢᠬᠤ ᠶᠢ ᠡᠷᠬᠢᠮᠯᠡᠭᠰᠡᠭᠡᠷ ᠢᠷᠡᠭᠰᠡᠨ ᠪᠠᠶᠢᠨ᠎ᠠ᠃ ᠬᠦᠦᠴᠦᠤᠯ ᠨᠠᠰᠤᠨ ᠳᠤ ᠬᠦᠷᠪᠡᠯ ᠪᠡᠯ ᠳᠠᠰᠢᠶ᠎ᠠ ︵ᠬᠡᠳᠡ ᠬᠢᠳᠤᠭ᠎ᠠ︶ ᠬᠦᠬᠦᠷ ᠳᠠᠯᠢᠩ ᠳᠦᠬᠦᠬᠡᠷᠴᠦ ᠦᠭᠳᠡᠭ᠃ ᠬᠡᠦᠬᠡᠨᠴᠤᠤᠯ ᠶᠡᠭᠡ ᠪᠤᠯᠪᠠᠯ ᠠᠪᠤ ᠡᠵᠢ ᠨᠢ ᠮᠦᠨ ᠬᠦ ᠬᠦᠬᠦᠷ ᠦᠮᠴᠢᠯᠡᠬᠦᠯᠵᠦ ᠦᠭᠬᠦᠨ᠎ᠠ᠃ ᠡᠷᠡᠭᠳᠡᠶᠢᠴᠤᠳ ᠨᠢ ᠪᠤᠯ ᠪᠦᠰᠡᠨ ᠳᠡᠭᠡᠨ ᠭᠤᠶᠤ ᠰᠠᠶᠢᠬᠠᠨ ᠬᠠᠳᠬᠤᠮᠠᠯ ᠲᠠᠢ ᠬᠦᠬᠦᠷ ᠤᠨ ᠳᠠᠯᠢᠩ ᠵᠡᠬᠦᠵᠦ᠂ ᠡᠮᠡᠭᠳᠡᠶᠢᠴᠤᠳ ᠨᠢ ᠬᠦᠬᠦᠷ ᠢᠶᠠᠨ ᠤᠯᠠᠨ ᠶᠠᠩᠵᠦ ᠶᠢᠨ ᠬᠠᠳᠬᠤᠮᠠᠯ ᠬᠤᠸᠠᠷ ᠲᠠᠢ ᠳᠤᠷᠭᠠᠨ ᠤᠭᠤᠳᠠᠨ ᠳᠤ ᠬᠢᠵᠦ ᠬᠠᠨᠵᠢᠶᠠᠷ ᠤᠨ ᠢᠶᠠᠨ ᠰᠠᠪᠠᠨ ᠳᠤ ᠠᠪᠴᠦ ᠶᠠᠪᠤᠳᠠᠭ᠃ ᠯᠠᠮᠠ ᠬᠤᠸᠠᠷᠠᠭ ᠤᠯᠤᠰ ᠬᠠᠷᠠᠴᠤᠤᠯ ᠰᠢᠭ᠋ ᠡᠯᠳᠡᠪ ᠤᠨ ᠡᠷᠢᠶ᠎ᠠ ᠬᠤᠸᠠᠷ ᠲᠠᠢ ᠳᠠᠯᠢᠩ ᠵᠡᠬᠦᠬᠦ ᠦᠬᠡᠢ᠂ ᠤᠯᠠᠩᠬᠢ ᠳᠠᠭᠠᠨ ᠴᠣᠯᠣ ᠰᠢᠷ᠎ᠠ ᠪᠤᠶᠤ ᠬᠦᠷᠡᠩ ᠦᠩᠭᠡ ᠶᠢᠨ ᠳᠠᠯᠢᠩ ᠵᠡᠬᠦᠨ᠎ᠠ᠃       ᠠᠯᠠᠱᠠᠴᠤᠳ ᠶᠡᠷᠦ ᠠᠴᠠ ᠬᠦᠬᠦᠷ ᠢ ᠬᠤᠪᠤᠷ ᠴᠤᠬᠠᠭ ᠭᠤᠶᠤᠯᠠᠯ ᠡᠳ᠋ ᠪᠤᠯᠭᠠᠨ ᠮᠠᠰᠢ ᠬᠢᠮᠠᠭᠠᠳᠠᠢ ᠬᠡᠷᠡᠭᠯᠡᠳᠡᠭ ᠪᠠᠶᠢᠨ᠎ᠠ᠃ ᠬᠦᠬᠦᠷ ᠤᠨ ᠶᠠᠩᠵᠦ ᠬᠡᠯᠪᠡᠷᠢ ᠨᠢ ᠤᠯᠠᠨ᠂ ᠬᠢᠴᠠ ᠨᠢ ᠴᠦ ᠮᠠᠰᠢ ᠤᠷᠠᠨ ᠨᠠᠷᠢᠯᠢᠭ ᠪᠠᠶᠢᠳᠠᠭ᠃ ᠤᠯᠠᠩᠬᠢ ᠳᠠᠭᠠᠨ ᠤᠯᠠᠭᠠᠨ ᠱᠢᠷᠤᠨ ᠪᠦᠭᠯᠡᠭᠡ ᠲᠠᠢ ᠮᠠᠨᠤ᠂ ᠴᠠᠭᠠᠨ ᠬᠠᠰ᠂ ᠪᠤᠯᠤᠷ ᠵᠡᠷᠬᠡ ᠪᠠᠷ ᠬᠢᠭᠰᠡᠨ ᠬᠦᠬᠦᠷ ᠢ ᠨᠡᠶᠢᠳᠡᠮ ᠬᠡᠷᠡᠭᠯᠡᠳᠡᠭ᠃ ᠬᠦᠬᠦᠷ ᠨᠢ ᠶᠡᠭᠡ᠂ ᠪᠠᠭ᠎ᠠ᠂ ᠪᠦᠬᠡᠷᠡᠩᠬᠡᠢ᠂ ᠬᠠᠪᠳᠠᠭᠠᠢ᠂ ᠰᠡᠶᠢᠯᠪᠦᠷᠢ ᠲᠠᠢ᠂ ᠰᠡᠶᠢᠯᠪᠦᠷᠢ ᠦᠬᠡᠢ ᠵᠡᠷᠬᠡ ᠤᠯᠠᠨ ᠶᠠᠩᠵᠦ ᠪᠠᠶᠢᠳᠠᠭ᠃ ᠦᠨ᠎ᠠ ᠨᠢ ᠴᠦ ᠠᠳᠠᠯᠢ ᠦᠬᠡᠢ᠂ ᠦᠩᠭᠡᠷᠡᠭᠰᠡᠨ ᠳᠤ ᠰᠠᠶᠢᠬᠠᠨ ᠰᠢᠭ᠋ ᠬᠦᠬᠦᠷ ᠨᠢ ᠪᠠᠷᠤᠭ ᠨᠢᠬᠡ ᠶᠤᠮ ᠤᠤ ᠬᠡᠳᠦᠨ ᠪᠤᠳᠠ ᠶᠢᠨ ᠦᠨ᠎ᠠ ᠲᠠᠢ ᠪᠠᠶᠢᠵᠡᠢ᠃ ᠶᠠᠮᠠᠷ ᠶᠠᠳᠠᠭᠤ ᠬᠦᠮᠦᠨ ᠳᠤ ᠬᠡᠳ ᠵᠠᠪᠠᠯ ᠨᠢᠬᠡ ᠤᠪᠤᠭ᠎ᠠ ᠦᠨ᠎ᠠ ᠲᠠᠢ ᠬᠦᠬᠦᠷ ᠪᠠᠶᠢᠵᠦ ᠳᠠᠭᠠᠷᠠᠨ᠎ᠠ᠃ ᠡᠩ ᠤᠨ ᠴᠠᠭ ᠲᠤ ᠬᠠᠮᠠᠷ ᠳᠠᠮᠠᠬᠢ ᠬᠢᠵᠦ ᠭᠠᠷ ᠦᠵᠦᠬᠦᠷ ᠬᠡᠷᠡᠭᠯᠡᠬᠦ ᠮᠦᠩᠭᠦ᠂ ᠭᠠᠤᠯᠢ᠂ ᠵᠠᠰ᠂ ᠰᠢᠯ᠂ ᠱᠠᠭᠠᠵᠠᠩ᠂ ᠮᠤᠳᠤ᠂ ᠬᠤᠪᠠ᠂ ᠡᠪᠡᠷ ᠶᠠᠰᠦ ᠵᠡᠷᠬᠡ ᠪᠠᠷ ᠤᠷᠠᠯᠠᠵᠦ ᠬᠢᠭᠰᠡᠨ ᠬᠦᠬᠦᠷ ᠢ ᠮᠡᠨᠳᠦ ᠮᠡᠳᠡᠬᠦ ᠳᠤ ᠬᠡᠷᠡᠭᠯᠡᠬᠦ ᠨᠢ ᠬᠤᠪᠤᠷ᠃       ᠳᠠᠷᠠᠭᠠᠯᠠᠪᠠᠯ ᠵᠠᠯᠠᠯᠭ᠎ᠠ ᠳᠠᠯᠪᠢᠵᠦ ᠪᠤᠰᠤᠳ ᠢ ᠤᠷᠢᠬᠤ ᠳᠤ ᠬᠦᠬᠦᠷ ᠰᠤᠯᠢᠯᠴᠠᠨ᠎ᠠ᠃ ᠪᠤᠰᠤᠳ ᠢ ᠶᠠᠮᠠᠷ ᠨᠢᠬᠡᠨ ᠴᠢᠬᠤᠯᠠ ᠤᠴᠢᠷ ᠲᠤ ᠬᠡᠷ ᠲᠡᠭᠡᠨ ᠤᠷᠢᠬᠤ ᠦᠶᠡᠰ ᠤᠷᠢᠳᠠᠪᠠᠷ ᠬᠦᠬᠦᠷ ᠭᠠᠷᠭᠠᠵᠦ ᠳᠠᠮᠡᠬᠢᠯᠠᠳᠠᠭ᠃ ᠡᠨᠡ ᠨᠢ ᠮᠡᠨᠳᠦ ᠶᠢᠨ ᠳᠠᠮᠡᠬᠢ ᠪᠠᠷᠢᠬᠤ ᠲᠠᠢ ᠠᠳᠠᠯᠢ ᠦᠬᠡᠢ᠃ ᠠᠶᠢᠯ ᠤᠨ ᠴᠠᠢ ᠶᠢ ᠤᠤᠭᠤᠵᠤ ᠪᠠᠷᠠᠭᠰᠠᠨ ᠤ ᠳᠠᠷᠠᠭ᠎ᠠ ᠤᠷᠢᠬᠤ ᠬᠡᠰᠡᠨ ᠬᠦᠮᠦᠨ ᠳᠡᠭᠡᠨ ᠳᠠᠬᠢᠨ ᠬᠦᠬᠦᠷ ᠭᠠᠷᠭᠠᠨ ᠳᠡᠮᠡᠬᠢᠯᠡᠵᠦ᠂ ᠤᠷᠢᠬᠤ ᠤᠴᠢᠷ ᠢᠶᠠᠨ ᠭᠠᠷᠭᠠᠵᠦ ᠬᠡᠯᠡᠨ᠎ᠠ᠃ ᠵᠢᠱᠢᠶᠡᠯᠡᠪᠡᠯ᠂ ᠰᠢᠨ᠎ᠠ ᠨᠠᠶᠢᠷ ᠲᠤ ᠵᠤᠴᠢᠨ ᠵᠠᠯᠠᠬᠤ ᠳᠤ᠂ ᠤᠷᠢᠳᠠ ᠠᠴᠠ ᠤᠷᠢᠬᠤ ᠬᠦᠮᠦᠨ ᠤ ᠪᠠᠨ ᠬᠡᠷ ᠦᠷᠬᠦᠬᠡᠨ ᠳᠤ ᠪᠡᠶ᠎ᠡ ᠪᠠᠷ ᠢᠶᠠᠨ ᠤᠴᠢᠵᠦ ︽× × ᠰᠠᠷ᠎ᠠ ᠶᠢᠨ × × ᠤ ᠡᠳᠦᠷ ᠮᠠᠨ ᠤ ᠳᠤ ᠮᠤᠷᠢᠯᠠᠨ ᠰᠠᠭᠠᠳᠠᠵᠦ᠂ ᠰᠢᠨ᠎ᠠ ᠶᠢᠨ ᠴᠠᠢ ᠵᠤᠭᠤᠭᠯᠠ︾ ᠬᠡᠵᠦ ᠬᠦᠬᠦᠷ ᠭᠠᠷᠭᠠᠨ ᠵᠠᠯᠠᠯᠭ᠎ᠠ ᠳᠠᠯᠪᠢᠨ᠎ᠠ᠃ ᠴᠠᠭ᠎ᠠ ᠴᠠᠶᠢᠯᠠᠯᠭ᠎ᠠ᠂ ᠬᠤᠷᠢᠮ ᠨᠠᠶᠢᠷ ᠲᠠᠭᠠᠨ ᠳᠦᠷᠦᠯ ᠰᠠᠳᠤᠨ᠂ ᠦᠩᠭᠡ ᠳᠠᠯ᠎ᠠ ᠪᠠᠨ ᠢᠩᠬᠢᠵᠦ ᠤᠷᠢᠬᠤ ᠶᠤᠮ ᠤᠤ ᠡᠰᠡᠬᠦᠯ᠎ᠠ ᠬᠡᠨ ᠨᠢᠬᠡ ᠶᠢ ᠨᠢ ᠭᠤᠶᠤᠵᠤ ᠨᠢᠬᠡᠨ ᠴᠢᠬᠤᠯᠠ ᠠᠵᠢᠯ ᠬᠠᠪᠰᠤᠷᠤᠭᠤᠯᠬᠤ ᠴᠢᠬᠤᠯᠠ ᠲᠠᠢ ᠪᠤᠯ ᠪᠦᠷ ᠬᠡᠷ ᠲᠤᠨᠢ ᠤᠴᠢᠵᠦ ᠤᠴᠢᠷ ᠶᠠᠪᠤᠳᠠᠯ ᠢᠶᠠᠨ ᠨᠠᠷᠢᠨ ᠶᠠᠷᠢᠵᠦ᠂ ᠮᠠᠰᠢ ᠡᠶᠡᠯᠳᠡᠭ ᠨᠠᠶᠢᠷᠰᠠᠭ ᠢᠶᠠᠷ ᠤᠷᠢᠳᠠᠭ᠃ ᠡᠨᠡ ᠪᠤᠯ ᠠᠯᠠᠱᠠᠴᠤᠳ ᠤᠨ ᠪᠤᠰᠤᠳ ᠢ ᠬᠦᠨᠳᠦᠳᠬᠡᠳᠡᠭ ᠪᠤᠯᠪᠠᠰᠤᠨ ᠰᠠᠶᠢᠬᠠᠨ ᠤᠯᠠᠮᠵᠢᠯᠠᠯᠳᠤ ᠵᠠᠩ ᠳᠠᠳᠬᠠᠯ ᠪᠤᠯᠤᠨ᠎ᠠ᠃ ᠤᠷᠢᠬᠤ ᠬᠦᠮᠦᠨ ᠳᠡᠭᠡᠨ ᠪᠤᠰᠤᠳ ᠢᠶᠠᠷ ᠬᠡᠯᠡ ᠶᠠᠪᠤᠭᠤᠯᠬᠤ ᠶᠤᠮ ᠤᠤ ᠡᠰᠡᠬᠦᠯ᠎ᠠ ᠬᠦᠬᠦᠷ ᠳᠠᠮᠡᠬᠢ ᠴᠦ ᠦᠬᠡᠢ ᠪᠠᠷ ︽ᠮᠠᠨ ᠤ ᠳᠤ ᠰᠢᠨᠡᠯᠡᠭᠦ ᠪᠠᠷ ᠬᠦᠷ︾᠂ ︽ᠮᠢᠨᠤ ᠬᠦᠦ ᠶᠢᠨ ᠬᠤᠷᠢᠮ ᠳᠤ ᠤᠴᠢ︾ ᠬᠡᠬᠦ ᠮᠡᠳᠦ ᠪᠠᠷ ᠰᠢᠭᠤᠳ ᠳᠤᠯᠭᠠᠨ ᠬᠡᠯᠡᠬᠦ ᠶᠢ ᠴᠡᠭᠡᠷᠯᠡᠨ᠎ᠠ᠃ ᠬᠡᠷᠪᠡ ᠢᠩᠬᠢᠪᠡᠯ ᠶᠤᠰᠤ ᠮᠤᠷᠠᠯ ᠦᠬᠡᠢ ᠪᠤᠯᠬᠢ ᠪᠦᠳᠦᠬᠦᠯᠢᠭ ᠵᠠᠩ ᠭᠠᠷᠭᠠᠭᠰᠠᠨ᠂ ᠡᠰᠡᠬᠦᠯ᠎ᠠ ᠬᠦᠮᠦᠨ ᠢ ᠦᠯᠦ ᠳᠤᠭᠤᠵᠤ ᠳᠡᠭᠡᠷᠡᠩᠬᠦᠢ ᠠᠭᠠᠰᠢᠯᠠᠭᠰᠠᠨ ᠳᠤ ᠳᠣᠭᠠᠴᠢᠭᠳᠠᠨ᠎ᠠ᠃       ᠭᠤᠷᠪᠠ᠂ ᠪᠤᠰᠤᠳ ᠲᠤ ᠶᠠᠮᠠᠷ ᠨᠢᠬᠡᠨ ᠴᠢᠬᠤᠯᠠ ᠤᠴᠢᠷ ᠭᠠᠷᠭᠠᠬᠤ ᠦᠶᠡᠰ ᠤᠷᠢᠳᠠᠪᠠᠷ ᠳᠠᠮᠠᠬᠢᠯᠠᠨ᠎ᠠ᠃ ᠠᠯᠠᠱᠠᠴᠤᠳ ᠤᠯᠠᠩᠬᠢ ᠳᠠᠭᠠᠨ ᠤᠷᠤᠭ ᠬᠤᠷᠢᠮ ᠤᠨ ᠶᠠᠪᠤᠳᠠᠯ ᠳᠤ ᠡᠨᠡ ᠶᠤᠰᠤ ᠶᠢ ᠠᠷᠪᠢᠨ ᠬᠡᠷᠡᠭᠯᠡᠳᠡᠭ᠃ ᠦᠬᠢᠨ ᠰᠤᠷᠠᠬᠤ᠂ ᠠᠷᠢᠬᠢ ᠬᠠᠳᠠᠭ ᠳᠠᠯᠪᠢᠬᠤ ︵ᠤᠷᠤᠭ ᠳᠤᠭᠳᠠᠬᠤ︶᠂ ᠱᠠᠭᠠᠶᠢᠳᠤ ᠰᠠᠯᠭᠠᠭᠤᠳ ᠬᠡᠬᠦᠴᠢᠯᠡᠭᠰᠡᠨ ᠤᠷᠤᠭ ᠬᠤᠷᠢᠮ ᠤᠨ ᠨᠠᠷᠢᠨ ᠤᠴᠢᠷ ᠤᠳ ᠲᠤ ᠤᠷᠢᠳᠠᠪᠠᠷ ᠬᠡᠷ ᠤᠨ ᠠᠬᠠᠮᠠᠳ ᠪᠤᠶᠤ ᠬᠤᠷᠢᠮ ᠤᠨ ᠠᠬᠠᠯᠠᠭᠴᠢ ᠠᠴᠠ ᠬᠦᠢᠴᠡᠳᠬᠡᠬᠦ ᠬᠡᠵᠦ ᠪᠠᠶᠢᠭ᠎ᠠ ᠶᠤᠰᠤᠨ ᠤ ᠪᠠᠨ ᠳᠤᠬᠠᠢ ᠵᠦᠪ ᠰᠤᠷᠠᠵᠦ ᠵᠦᠪᠰᠢᠶᠡᠷᠡᠯ ᠤᠯᠤᠭᠠᠳ ᠳᠠᠮᠡᠬᠢᠯᠡᠬᠰᠠᠨ ᠤ ᠳᠠᠷᠠᠭ᠎ᠠ ᠰᠠᠶ᠋ᠢ ᠳᠤᠬᠠᠢ ᠶᠢᠨ ᠶᠤᠰᠤ ᠪᠠᠨ ᠬᠦᠢᠴᠡᠳᠬᠡᠵᠦ ᠠᠷᠢᠬᠢ ᠳᠡᠬᠡᠵᠢ ᠪᠠᠨ ᠪᠠᠷᠢᠳᠠᠭ᠃ ᠬᠦᠦ ᠳᠠᠯ᠎ᠠ ᠪᠤᠶᠤ ᠬᠡᠦᠬᠡᠨ ᠳᠠᠯ᠎ᠠ ᠶᠢᠨ ᠬᠢᠨ ᠠᠯᠢ ᠳᠠᠯ᠎ᠠ ᠳᠤ ᠤᠴᠢᠭᠰᠠᠨ ᠴᠦ ᠤᠷᠢᠳᠠᠪᠠᠷ ᠮᠡᠨᠳᠦ ᠶᠢᠨ ᠶᠤᠰᠤᠨ ᠤ ᠬᠦᠬᠦᠷ ᠰᠤᠯᠢᠯᠴᠠᠵᠦ ᠴᠠᠢ ᠤᠤᠭᠤᠭᠰᠠᠨ ᠤ ᠳᠠᠷᠠᠭ᠎ᠠ ᠳᠠᠬᠢᠨ ᠬᠦᠬᠦᠷ ᠭᠠᠷᠭᠠᠨ ᠬᠤᠷᠢᠮ ᠤᠨ ᠠᠬᠠᠯᠠᠭᠴᠢ᠂ ᠬᠤᠷᠢᠮ ᠤᠨ ᠪᠡᠷᠬᠡᠨ ᠲᠠᠢ ᠬᠦᠬᠦᠷ ᠰᠤᠯᠢᠯᠴᠠᠵᠦ᠂ ᠢᠷᠡᠭᠰᠡᠨ ᠤᠴᠢᠷ ᠢᠶᠠᠨ ᠬᠡᠯᠡᠬᠦ ᠪᠤᠶᠤ ᠬᠦᠢᠴᠡᠳᠬᠡᠬᠦ ᠬᠡᠵᠦ ᠪᠠᠶᠢᠭ᠎ᠠ ᠶᠤᠰᠤ ᠪᠠᠨ ᠬᠢᠨ᠎ᠠ᠃ ᠠᠷᠢᠬᠢ ᠬᠠᠳᠠᠭ ᠳᠠᠯᠪᠢᠬᠤ ᠶᠤᠰᠤ ᠪᠠᠷ ᠵᠢᠱᠢᠶᠡᠯᠡᠪᠡᠯ᠄ ᠵᠠᠭᠤᠴᠢᠯᠠᠵᠦ ᠢᠷᠡᠭᠰᠡᠨ ᠬᠦᠮᠦᠰ ᠴᠠᠢ ᠤᠤᠭᠤᠵᠤ ᠪᠠᠷᠠᠮᠠᠭᠴᠠ ᠪᠦᠬᠦᠳᠡᠬᠡᠷ ᠪᠤᠰᠴᠦ ᠵᠤᠭᠰᠤᠭᠠᠳ ᠬᠡᠦᠬᠡᠨ ᠳᠠᠯ᠎ᠠ ᠶᠢᠨ ᠠᠬᠠᠯᠠᠭᠴᠢ ᠶᠤᠮ ᠤᠤ ᠡᠰᠡᠬᠦᠯ᠎ᠠ ᠠᠪᠤ ᠡᠵᠢ ᠳᠤᠨᠢ ︽× × × ᠤ ᠬᠦᠪᠡᠬᠦᠨ × × × ᠤ ᠡᠮᠦᠨ᠎ᠠ ᠠᠴᠠ ᠠᠷᠢᠬᠢ ᠬᠠᠳᠠᠭ ᠤᠨ ᠳᠡᠬᠡᠵᠢ ᠪᠠᠷᠠᠯᠬᠠᠭᠤᠯᠵᠤ ᠢᠷᠡᠪᠡ︾ ᠬᠡᠮᠡᠨ ᠢᠷᠡᠭᠰᠡᠨ ᠤᠴᠢᠷ ᠢᠶᠠᠨ ᠶᠠᠷᠢᠵᠦ ᠬᠦᠬᠦᠷ ᠭᠠᠷᠭᠠᠨ ᠳᠠᠮᠠᠬᠢᠯᠠᠨ᠎ᠠ᠃ ᠱᠠᠭᠠᠶᠢᠳᠤ ᠪᠤᠶᠤ ᠰᠠᠯᠭᠠᠭᠤᠳ ᠤᠷᠤᠬᠤ ᠶᠤᠰᠤᠨ ᠳᠤ ᠮᠦᠨ ᠬᠦ ᠡᠬᠦᠨ ᠲᠠᠢ ᠠᠳᠠᠯᠢ᠃ ᠡᠨᠡ ᠪᠤᠯ ᠤᠷᠤᠭ ᠬᠤᠷᠢᠮ ᠤᠨ ᠴᠠᠭ ᠲᠤ ᠡᠷᠬᠡᠪᠰᠢ ᠬᠦᠢᠴᠡᠳᠬᠡᠬᠦ ᠶᠤᠰᠤᠳᠠᠢ ᠨᠢᠬᠡᠨ ᠵᠦᠢᠯ ᠤᠨ ᠬᠦᠨᠳᠦ ᠶᠢᠨ ᠶᠤᠰᠤᠨ ᠪᠠᠶᠢᠭ᠎ᠠ᠃ ᠡᠨᠡ ᠵᠠᠩᠰᠢᠯ ᠤᠳᠤ ᠪᠤᠯᠳᠠᠯ᠎ᠠ ᠠᠯᠠᠱᠠ ᠳᠤ ᠬᠡᠪ ᠢᠶᠠᠷ ᠬᠠᠳᠠᠭᠠᠯᠠᠭᠳᠠᠭᠰᠠᠭᠠᠷ ᠪᠠᠶᠢᠨ᠎ᠠ᠃       ᠳᠦᠷᠪᠡ᠂ ᠪᠤᠰᠤᠳ ᠲᠤ ᠤᠰᠤᠯ ᠮᠡᠳᠡᠷᠡᠬᠦ ᠦᠶᠡᠰ ᠤᠷᠢᠳᠠᠪᠠᠷ ᠳᠡᠮᠡᠬᠢᠯᠡᠨ᠎ᠠ᠃ ᠠᠯᠠᠱᠠ ᠮᠤᠩᠭᠤᠯᠴᠤᠳ ᠡᠷᠳᠡ ᠳᠡᠭᠡᠷ᠎ᠡ ᠦᠶ᠎ᠡ ᠠᠴᠠ ᠪᠠᠨ ᠡᠶ᠎ᠡ ᠨᠠᠶᠢᠷ ᠲᠠᠢ᠂ ᠡᠯᠢᠬᠡᠰᠡᠭ ᠳᠤᠳᠤᠨᠤ ᠶᠠᠪᠤᠯᠴᠠᠬᠤ ᠶᠢ ᠳᠦᠢᠯ ᠢᠶᠠᠷ ᠡᠷᠬᠢᠮᠯᠡᠵᠦ ᠢᠷᠡᠭᠰᠡᠨ ᠪᠠᠶᠢᠨ᠎ᠠ᠃ ᠦᠩᠭᠡᠷᠡᠭᠰᠡᠨ ᠳᠤ᠂ ᠶᠠᠮᠠᠷ ᠨᠢᠬᠡᠨ ᠶᠠᠪᠤᠳᠠᠯ ᠠᠴᠠ ᠰᠢᠯᠳᠠᠭᠠᠯᠠᠵᠦ ᠬᠤᠶᠠᠷ ᠬᠦᠮᠦᠨ ᠬᠤᠭᠤᠷᠤᠨᠳᠤ ᠪᠠᠨ ᠡᠪᠳᠡᠷᠡᠯᠴᠡᠪᠡᠯ᠂ ᠴᠠᠰᠢ ᠨᠢ ᠤᠴᠢᠷ ᠦᠬᠡᠢ ᠵᠠᠷᠭᠤ ᠵᠢᠭᠤᠷᠠᠭᠠᠨ ᠪᠤᠯᠵᠤ ᠦᠰ ᠪᠤᠳᠤᠬᠤ ᠪᠢᠰᠢ᠂ ᠬᠠᠷᠢᠨ ᠤᠳᠠᠯ ᠦᠬᠡᠢ ᠬᠠᠷᠢᠯᠴᠠᠨ ᠡᠪᠰᠡᠵᠦ᠂ ᠬᠡᠨ ᠨᠢᠬᠡ ᠨᠢ ᠤᠬᠠᠮᠰᠠᠷ ᠠᠴᠠ ᠪᠠᠨ ᠬᠡᠷ ᠲᠤᠨᠢ ᠢᠷᠡᠵᠦ ᠬᠦᠬᠦᠷ ᠭᠠᠷᠠᠭᠨ ︽ᠡᠪ ᠠᠯᠳᠠᠯ᠎ᠠ︕ ᠮᠠᠭᠤᠬᠠᠢ ᠪᠤᠯᠤᠯ᠎ᠠ︕︾ ᠬᠡᠵᠦ ᠪᠤᠷᠤᠭᠤ ᠬᠦᠯᠢᠶᠡᠨ ᠤᠰᠤᠯ ᠮᠡᠳᠡᠷᠡᠳᠡᠭ ᠪᠠᠶᠢᠵᠡᠢ᠃ ᠢᠯᠡᠩᠭᠤᠶ᠎ᠠ ᠬᠠᠶᠠᠭ᠎ᠠ ᠵᠡᠷᠬᠡᠯᠡᠳᠡᠭᠡ ᠠᠶᠢᠯ ᠠᠶᠢᠮᠠᠭ ᠤᠯᠤᠰ ᠬᠠᠷᠢᠯᠴᠠᠨ ᠡᠪ ᠨᠠᠶᠢᠷ ᠲᠠᠢ ᠪᠠᠶᠢᠬᠤ ᠶᠢ ᠤᠨᠴᠠ ᠡᠷᠬᠢᠮᠯᠡᠨ᠎ᠠ᠃ ᠬᠡᠷᠪᠡ ᠦᠷ᠎ᠠ ᠬᠡᠦᠬᠡᠳ ᠨᠢ ᠬᠡᠨ ᠨᠢᠬᠡᠨ ᠲᠠᠢ ᠬᠡᠷᠡᠬᠦᠯ ᠵᠢᠭᠤᠷᠠᠭᠠᠨ ᠪᠤᠯᠤᠭᠰᠠᠨ ᠶᠤᠮ ᠤᠤ ᠬᠡᠷᠡᠭ ᠤᠴᠢᠷ ᠡᠳᠦᠭᠰᠡᠨ ᠪᠤᠯ ᠡᠴᠢᠬᠡ ᠡᠬᠡ ᠨᠢ ᠲᠡᠷᠡ ᠬᠦᠮᠦᠨ ᠳᠤ ᠪᠡᠶ᠎ᠠ ᠪᠠᠷ ᠢᠶᠠᠨ ᠤᠴᠢᠨ ᠳᠠᠮᠠᠬᠢ ᠪᠠᠷᠢᠵᠦ ᠪᠤᠷᠤᠭᠤ ᠬᠦᠯᠢᠶᠡᠬᠦ ᠪᠤᠶᠤ ᠡᠰᠡᠬᠦᠯ᠎ᠠ ᠦᠷ᠎ᠠ ᠬᠡᠦᠬᠡᠳ ᠢᠶᠠᠨ ᠤᠴᠢᠭᠤᠯᠵᠤ ᠰᠢᠭᠤᠳ ᠤᠰᠤᠯ ᠮᠡᠳᠡᠷᠡᠳᠡᠭ᠃ ᠤᠰᠤᠯ ᠤᠨ ᠳᠠᠮᠠᠬᠢ ᠨᠡᠷᠡᠬᠦ ᠨᠢ ᠦᠩᠭᠡᠷᠡᠭᠰᠡᠨ ᠤ ᠦᠰ ᠵᠢᠭᠤᠷᠠᠭᠠᠨ ᠢᠶᠠᠨ ᠮᠠᠷᠳᠠᠵᠦ᠂ ᠬᠤᠶᠢᠰᠢᠳᠠ ᠨᠦᠬᠦᠷᠰᠡᠭ ᠳᠤᠳᠤᠨᠤ ᠶᠠᠪᠤᠬᠤ ᠶᠢ ᠪᠡᠯᠬᠡᠳᠡᠵᠦ ᠪᠠᠶᠢᠳᠠᠭ᠃       ᠳᠠᠪᠤ᠂ ᠬᠠᠨᠢ ᠨᠦᠬᠦᠷ ᠵᠢᠩᠬᠢᠨᠢ ᠤᠷᠤᠭ ᠰᠠᠯᠬᠤ ᠦᠶ᠎ᠠ ᠳᠤ ᠬᠠᠷᠢᠯᠴᠠᠨ ᠳᠠᠮᠠᠬᠢᠯᠠᠨ᠎ᠠ᠃ ᠶᠡᠷᠦ ᠨᠢ ᠮᠤᠩᠭᠤᠯᠴᠤᠳ ᠲᠤ ᠡᠷ᠎ᠠ ᠡᠮ᠎ᠠ ᠬᠤᠭᠤᠷᠤᠨᠳᠤ ᠪᠠᠨ ᠳᠠᠮᠠᠬᠢᠯᠠᠬᠤ ᠶᠤᠰᠤ ᠦᠬᠡᠢ ᠪᠢᠯᠡ᠃ ᠠᠯᠠᠱᠠ ᠮᠤᠩᠭᠤᠯᠴᠤᠳ ᠬᠠᠨᠢ ᠨᠦᠬᠦᠷ ᠪᠠᠷᠢᠯᠳᠤᠪᠠᠯ ᠨᠢᠬᠡ ᠪᠡᠶ᠎ᠠ ᠪᠤᠯᠤᠭᠰᠠᠨ ᠲᠠᠢ ᠠᠳᠠᠯᠢ ᠬᠡᠵᠦ ᠬᠠᠷᠢᠯᠴᠠᠨ ᠬᠦᠬᠦᠷ ᠰᠤᠯᠢᠯᠴᠠᠬᠤ ᠶᠢ ᠴᠡᠭᠡᠷᠯᠡᠳᠡᠭ᠃ ᠬᠡᠷᠪᠡ ᠢᠨᠠᠭ ᠤᠷᠤᠭ ᠤᠨ ᠶᠠᠪᠤᠳᠠᠯ ᠳᠤ ᠬᠠᠭᠠᠷᠠᠯ ᠭᠠᠷᠴᠦ ᠤᠷᠤᠭ ᠰᠠᠯᠬᠤ ᠪᠤᠯᠪᠠᠯ ᠬᠤᠶᠠᠷ ᠳᠠᠯ᠎ᠠ ᠶᠢᠨ ᠠᠬᠠᠰ ᠶᠡᠬᠡᠰ ᠲᠡᠭᠡᠨ ᠮᠡᠳᠡᠭᠳᠡᠨ ᠵᠦᠪᠰᠢᠶᠡᠷᠡᠯ ᠤᠯᠤᠭᠰᠠᠨ ᠤ ᠳᠠᠷᠠᠭ᠎ᠠ ᠵᠢᠩᠬᠢᠨᠢ ᠬᠤᠶᠠᠷ ᠳᠡᠰᠢ ᠠᠮᠢᠳᠤᠷᠠᠬᠤ ᠪᠤᠯᠤᠭᠰᠠᠨ ᠢᠶᠠᠨ ᠢᠯᠡᠷᠬᠡᠶᠢᠯᠡᠵᠦ᠂ ᠡᠷ᠎ᠠ ᠡᠮ᠎ᠠ ᠬᠤᠶᠠᠷ ᠳᠠᠮᠡᠬᠢᠯᠡᠬᠤ ᠵᠠᠩᠰᠢᠯ ᠲᠠᠢ ᠪᠠᠶᠢᠵᠡᠢ᠃ ᠡᠨᠡ ᠨᠢ ᠨᠢᠬᠡ ᠪᠡᠶ᠎ᠠ ᠰᠠᠯᠵᠦ ᠬᠤᠶᠠᠷ ᠠᠰ ᠲᠠᠭᠠᠨ ᠶᠠᠪᠤᠬᠤ ᠶᠢ ᠢᠯᠡᠳᠬᠡᠵᠦ ᠪᠠᠶᠢᠬᠤ ᠶᠢᠨ ᠳᠠᠭᠠᠤ ᠪᠠᠰᠠ ᠤᠷᠤᠭ ᠰᠠᠯᠤᠭᠰᠠᠨ ᠨᠢ ᠡᠬᠦᠷᠢᠳᠡ ᠶᠢᠨ ᠬᠠᠭᠠᠴᠡᠯ ᠪᠢᠰᠢ᠂ ᠡᠷᠬᠢᠬᠡᠳ ᠮᠦᠨ ᠡᠩ ᠤᠨ ᠨᠦᠬᠦᠷ ᠶᠤᠰᠤᠨ ᠤ ᠨᠦᠬᠦᠷᠰᠡᠭ ᠬᠠᠷᠢᠴᠠᠭ᠎ᠠ ᠲᠠᠢ ᠪᠠᠶᠢᠬᠤ ᠶᠢ ᠬᠠᠷᠠᠭᠤᠯᠤᠭᠰᠠᠨ ᠨᠢᠬᠡᠨ ᠵᠦᠢᠯ ᠤᠨ ᠪᠤᠯᠪᠠᠰᠤᠨ ᠵᠠᠩᠰᠢᠯ ᠪᠤᠯᠤᠨ᠎ᠠ᠃       ᠵᠢᠷᠭᠤᠭ᠎ᠠ᠂ ᠬᠠᠷ᠎ᠠ ᠬᠢᠬᠦ ᠦᠶᠡᠰ ᠬᠦᠬᠦᠷ ᠳᠠᠮᠠᠬᠢ ᠪᠠᠨ ᠬᠤᠷᠢᠶᠠᠨ᠎ᠠ᠃ ᠡᠨᠡ ᠪᠤᠯ ᠠᠯᠠᠱᠠ ᠮᠤᠩᠭᠤᠯᠴᠤᠳ ᠤᠨ ᠨᠢᠬᠡᠨ ᠵᠦᠢᠯ ᠤᠨ ᠪᠡᠯᠪᠡᠰᠦᠷᠡᠯ ᠤᠨ ᠶᠤᠰᠤ ᠪᠤᠯᠤᠨ᠎ᠠ᠃ ᠠᠪᠤ ᠡᠵᠢ᠂ ᠪᠠᠭᠰᠢ ᠯᠠᠮᠠ᠂ ᠠᠬ᠎ᠠ ᠶᠡᠬᠡᠰ᠂ ᠬᠠᠨᠢ ᠨᠦᠬᠦᠷ ᠨᠠᠰᠦ ᠨᠦᠭᠴᠢᠪᠡᠯ ᠤᠯᠠᠩᠬᠢ ᠳᠠᠭᠠᠨ ᠳᠤᠯᠤᠭᠠᠨ ᠳᠤᠯᠤᠭ᠎ᠠ ᠳᠦᠴᠢ ᠶᠢᠰᠦᠨ ᠬᠤᠨᠤᠭ ᠪᠤᠯᠳᠠᠯ᠎ᠠ ᠳᠠᠮᠡᠬᠢ ᠰᠤᠯᠢᠯᠴᠠᠬᠤ ᠶᠢ ᠴᠡᠭᠡᠷᠯᠡᠳᠡᠭ᠃ ᠡᠬᠦᠨ ᠠᠴᠠ ᠭᠠᠳᠠᠨ᠎ᠠ ᠡᠷᠡᠭᠳᠡᠢ ᠬᠦᠮᠦᠨ ᠦᠰᠦ ᠰᠠᠬᠠᠯ ᠢᠶᠠᠨ ᠬᠤᠰᠤᠵᠤ ᠭᠤᠶᠤᠬᠤ ᠦᠬᠡᠢ᠂ ᠡᠮᠡᠭᠳᠡᠶᠢᠴᠤᠳ ᠪᠠᠭᠤᠤ ᠪᠦᠯᠡᠵᠡᠭ ᠰᠦᠢᠬᠡ ᠵᠡᠷᠬᠡ ᠵᠠᠰᠠᠯ ᠴᠢᠮᠡᠭᠯᠡᠯ ᠢᠶᠠᠨ ᠠᠪᠴᠦ ᠬᠤᠷᠢᠶᠠᠬᠤ ᠵᠡᠷᠬᠡ ᠤᠯᠠᠨ ᠵᠦᠢᠯ ᠤᠨ ᠴᠡᠬᠡᠷ ᠲᠠᠢ ᠪᠠᠶᠢᠵᠡᠢ᠃ ᠬᠠᠷ᠎ᠠ ᠬᠢᠭᠰᠡᠨ ᠪᠢᠰᠢ ᠯᠡ ᠪᠤᠯ ᠪᠤᠰᠤᠳ ᠲᠠᠢ ᠮᠠᠨᠳᠦ ᠴᠦ ᠦᠬᠡᠢ ᠵᠦᠷᠢᠬᠦ ᠨᠢ ᠬᠦᠮᠦᠨ ᠢ ᠡᠰᠡ ᠬᠦᠨᠳᠦᠳᠭᠡᠭᠰᠡᠨ ᠶᠠᠪᠤᠳᠠᠯ ᠪᠤᠯᠤᠨ᠎ᠠ᠃ ᠡᠨᠡ ᠴᠦ ᠤᠴᠢᠷ ᠠᠴᠠ ᠬᠦᠮᠦᠨ ᠲᠠᠢ ᠠᠭᠤᠯᠵᠠᠭᠠᠳ ᠮᠡᠨᠳᠦ ᠠᠰᠠᠭᠤᠬᠤ ᠦᠬᠡᠢ ᠶᠤᠮ ᠤᠤ ᠳᠠᠮᠠᠬᠢ ᠨᠡᠷᠡᠬᠦ ᠦᠬᠡᠢ ᠪᠤᠯ ᠶᠤᠰᠤ ᠠᠯᠳᠠᠭᠰᠠᠨ ᠬᠡᠷᠡᠭ ᠪᠤᠯᠵᠤ ︽ᠬᠦᠬᠦᠷ ᠳᠠᠮᠠᠬᠢ ᠪᠠᠨ ᠬᠤᠷᠢᠶᠠᠴᠢᠬᠠᠭᠰᠠᠨ ᠶᠤᠮ ᠰᠢᠭ᠋ ᠬᠠᠮᠢᠭᠠᠰᠢ ᠪᠠᠨ ᠶᠠᠩᠵᠤ ᠶᠢᠨ ᠠᠮᠢᠳᠠᠨ ᠪᠤᠢ︾ ᠬᠡᠵᠦ ᠪᠤᠰᠤᠳ ᠲᠤ ᠵᠢᠮᠡᠯᠡᠭᠳᠡᠬᠦ ᠤᠴᠢᠷ ᠭᠠᠷᠤᠨ᠎ᠠ᠃                                                         ︵ᠵᠣᠬᠢᠶᠠᠭᠴᠢ᠄ ᠽᠠᠨᠳᠠᠷ᠎ᠠ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号