ᠭᠡᠳᠡᠰᠦ ᠳᠤᠲᠤᠷ ᠲᠠᠪᠤᠨ ᠴᠤᠯᠤ ᠡᠳ᠋ᠯᠡᠬᠦ ᠶᠤᠰᠤ
ᠨᠡᠶᠢᠲᠡᠯᠡᠭᠰᠡᠨ ᠴᠠᠭ᠄
2020/7/8
     ᠮᠠᠯ ᠤᠨ ᠳᠤᠲᠤᠷ ᠲᠠᠪᠤᠨ ᠴᠤᠯᠤ ᠶᠢ ᠭᠠᠷᠭᠠᠵᠤ ᠠᠷᠴᠢᠵᠦ ᠴᠡᠪᠡᠷᠯᠡᠬᠦ ᠨᠢ ᠪᠠᠰᠠ ᠴᠤ ᠨᠠᠷᠢᠯᠢᠭ ᠶᠠᠪᠤᠴᠠ ᠲᠠᠢ ᠠᠵᠢᠯ ᠪᠢᠯᠡ᠃ ᠬᠤᠨᠢ ᠪᠠᠨ ᠦᠪᠴᠢᠵᠦ ᠪᠠᠷᠠᠭᠰᠠᠨ ᠤ ᠳᠠᠷᠠᠭ᠎ᠠ ᠳᠡᠯᠭᠡᠭᠰᠡᠨ ᠠᠷᠠᠰᠤᠨ ᠳᠡᠭᠡᠷ᠎ᠡ ᠨᠢ ᠳᠦᠷᠪᠠᠨ ᠮᠦᠴᠢ ᠶᠢ ᠨᠢ ᠳᠡᠭᠡᠭᠰᠢ ᠬᠠᠨᠳᠤᠭᠤᠯᠤᠨ ᠭᠡᠳᠡᠰᠦ ᠠᠶᠤᠤᠯᠢᠬᠠᠢ ᠶᠢ ᠤᠩᠭᠤᠶᠢᠯᠭᠠᠭᠰᠠᠨ ᠤ ᠳᠠᠷᠠᠭ᠎ᠠ ᠭᠦᠵᠦᠭᠦᠨ ᠳᠡᠭᠡᠷ᠎ᠡ ᠪᠦᠷᠬᠦᠭᠰᠡᠨ ᠰᠡᠮᠡᠵᠠ ᠶᠢ ᠨᠢ ᠬᠠᠮᠤᠭ ᠤᠷᠢᠳᠠᠪᠡᠷ ᠬᠤᠮᠢᠵᠦ ᠠᠪᠤᠨ᠎ᠠ᠃ ᠳᠡᠷᠠᠭ᠎ᠠ ᠪᠠᠷ ᠭᠦᠵᠡᠭᠡ᠂ ᠰᠠᠶᠢᠨ ᠮᠠᠭᠤ ᠰᠠᠩᠭᠢᠷᠴᠠᠭ ︵ᠰᠠᠷᠬᠢᠨᠠᠭ︶᠂ ᠬᠤᠲᠤ ︵ᠬᠤᠳᠤᠭᠤᠳᠦ︶᠂ ᠤᠯᠤᠭᠠᠢ᠂ ᠨᠠᠷᠢᠨ ᠭᠡᠳᠡᠰᠦ ᠶᠢ ᠭᠠᠷᠭᠠᠨ᠎ᠠ᠃  ᠲᠡᠭᠡᠭᠡᠳ ᠮᠦᠭᠡᠷᠰᠦᠨ  ᠬᠤᠭᠤᠯᠠᠢ   ᠶᠢ   ᠨᠢ ᠤᠭᠲᠤᠯᠤᠭᠠᠳ  ᠠᠭᠤᠰᠬᠢ᠂  ᠵᠢᠷᠦᠬᠡ᠂  ᠡᠯᠢᠭᠡ ︵ᠡᠯᠢᠬᠡᠨ ᠳᠡᠭᠡᠷ᠎ᠡ ᠨᠠᠭᠠᠯᠳᠤᠵᠤ ᠪᠠᠶᠢᠭ᠎ᠠ  ᠰᠦᠰᠦ ᠶᠢ ᠶᠠᠭᠤᠨ ᠤ ᠡᠮᠦᠨ᠎ᠡ ᠠᠪᠬᠤ ᠶᠤᠰᠤᠲᠠᠢ︶᠂ ᠪᠦᠭᠡᠷ᠎ᠡ᠂ ᠪᠦᠳᠦᠭᠦᠨ ᠭᠡᠳᠡᠰᠦ ︵ᠭᠤᠷᠭᠤᠯᠳᠠᠢ︶ ᠵᠡᠷᠭᠡ ᠶᠢ  ᠰᠠᠯᠭᠠᠨ  ᠭᠠᠷᠭᠠᠮᠠᠬᠴᠠ ᠴᠢᠰᠦ ᠶᠢ ᠳᠤᠤᠷ᠎ᠠ ᠨᠢ ᠲᠤᠰᠬᠠᠢ ᠰᠠᠪᠠ ᠳᠤ ᠬᠠᠯᠠᠭᠤᠨ ᠢᠶᠠᠷ ᠨᠢ ᠠᠪᠴᠤ᠂ ᠨᠠᠶᠢᠷᠠᠭᠤᠯᠵᠦ  ᠴᠢᠳᠬᠤᠬᠤ ᠳᠤ ᠪᠡᠯᠡᠳᠬᠡᠨ᠎ᠡ᠃            ᠭᠡᠳᠡᠰᠦ ᠳᠤᠲᠤᠷ ᠴᠡᠪᠡᠷᠯᠡᠬᠦ ᠪᠤᠯ ᠪᠦᠰᠡᠭᠦᠢ ᠬᠦᠮᠦᠨ ᠤ ᠬᠢᠳᠡᠭ ᠠᠵᠢᠯ ᠪᠤᠯᠬᠤᠷ ᠤᠷᠠᠨ ᠪᠤᠰᠢᠭᠤ ᠡᠬᠡᠨᠡᠷ ᠪᠤᠯ ᠡᠷᠡᠭᠲᠠᠢ ᠬᠦᠮᠦᠨ ᠮᠢᠬ᠎ᠠ ᠪᠠᠨ ᠡᠪᠳᠡᠵᠦ ᠪᠠᠷᠠᠬᠤ ᠠᠴᠠ ᠡᠮᠦᠨ᠎ᠡ ᠭᠡᠳᠡᠰᠦ ᠳᠤᠲᠤᠷ ᠢ ᠵᠡᠭᠡᠵᠦ ᠴᠡᠪᠡᠷᠯᠡᠭᠡᠳ᠂ ᠴᠢᠬᠢᠭᠰᠡᠨ  ᠭᠤᠷᠭᠤᠯᠳᠠᠢ ︵ᠠᠪᠢᠰᠤ︶ ᠶᠢ ᠮᠢᠬ᠎ᠠ ᠲᠠᠢ ᠨᠤᠴᠤᠯᠳᠤᠭ᠎ᠠ ᠡᠷᠡᠭᠳᠡᠢ ᠬᠦᠮᠦᠨ ᠤ ᠬᠦᠵᠦᠭᠦᠨ ᠳᠡᠭᠡᠷ᠎ᠡ  ᠨᠢ ᠲᠤᠬᠤᠵᠦ  ᠠᠲᠠᠭ᠎ᠠ ᠶᠢ ᠨᠢ ᠬᠦᠳᠡᠯᠭᠡᠳᠡᠭ ᠪᠢᠯᠡ᠃ ᠡᠭᠦᠨ ᠲᠠᠢ ᠠᠳᠠᠯᠢ ᠪᠠᠷ ᠪᠤᠰᠢᠭᠤ ᠱᠠᠯᠠᠮᠠᠭᠠᠢ ᠡᠷᠡᠭᠲᠠᠢ ᠬᠦᠮᠦᠨ ᠪᠤᠯ ᠮᠠᠯ   ᠢᠶᠠᠨ  ᠲᠤᠶᠠᠴᠢᠵᠤ ᠪᠠᠷᠠᠪᠠᠯ ᠥᠪᠴᠢᠭᠰᠡᠨ ᠮᠠᠯ ᠤᠨ ᠠᠷᠠᠰᠤ ᠶᠢ ᠮᠠᠯ ᠤᠨ ᠭᠡᠳᠡᠰᠦ ᠳᠤᠲᠤᠷ ᠤᠷᠤᠯᠳᠤᠵᠤ ᠪᠠᠷᠠᠭ᠎ᠠ ᠦᠭᠡᠢ  ᠪᠦᠰᠡᠬᠦᠢ ᠬᠦᠮᠦᠨ ᠤ ᠪᠡᠶ᠎ᠡ ᠳᠡᠭᠡᠷ᠎ᠡ ᠨᠢ ᠨᠦᠮᠦᠷᠭᠡᠳᠡᠭ ᠠᠵᠢ᠃            ᠠᠯᠠᠱᠠ ᠬᠤᠱᠤᠤᠨᠴᠤᠳ ᠵᠠᠷᠤᠭᠰᠠᠨ ᠮᠠᠯ ᠤᠨ ᠭᠡᠳᠡᠰᠦ ᠳᠤᠲᠤᠷ ᠲᠠᠪᠤᠨ ᠴᠤᠯᠤ ᠶᠢ ᠠᠳᠠᠯᠢ ᠠᠷᠭ᠎ᠠ ᠪᠠᠷ ᠪᠤᠯᠪᠠᠰᠤᠷᠠᠭᠤᠯᠵᠦ ᠥᠪᠡᠷᠮᠢᠴᠡ ᠦᠨᠦᠷ ᠠᠮᠳᠠ ᠪᠦᠬᠦᠢ ᠢᠳᠡᠭᠡᠨ ᠪᠤᠯᠭᠠᠨ ᠡᠳ᠋ᠯᠡᠳᠡᠭ᠃ ᠡᠯᠢᠭᠡ ᠶᠢ ᠠᠭᠤᠰᠬᠢ᠂ ᠵᠢᠷᠦᠬᠡ  ᠂ ᠪᠦᠭᠡᠷ᠎ᠡ᠂ ᠭᠦᠵᠡᠭᠡ᠂ ᠰᠠᠶᠢᠨ ᠮᠠᠭᠤ ᠰᠠᠷᠬᠢᠨᠠᠭ᠂ ᠳᠠᠯᠢᠬᠦᠦ ᠵᠡᠷᠭᠡ ᠲᠠᠢ ᠬᠠᠮᠲᠤ ᠳᠤ ᠨᠢ ᠴᠢᠨᠠᠵᠤ ᠢᠳᠡᠳᠡᠭ᠃  ᠮᠢᠬ᠎ᠠ ᠲᠠᠢ ᠬᠠᠮᠳᠦ ᠴᠢᠨᠠᠵᠦ ᠢᠳᠡᠬᠦ ᠨᠢ ᠴᠦᠭᠡᠨ᠂ ᠡᠯᠢᠭᠡ ᠶᠢ ᠬᠡᠲᠦᠷᠬᠡᠢ ᠤᠳᠠᠭᠠᠨ ᠴᠢᠨᠠᠳᠠᠭ ᠦᠭᠡᠢ᠂ ᠱᠦᠬᠦᠷᠭᠡᠢ ᠪᠠᠷ ᠨᠢ ᠢᠳᠡᠳᠡᠭ᠃  ᠱᠦᠬᠦᠷᠭᠡᠢ ᠪᠠᠷ ᠢᠳᠡᠬᠦ ᠳᠤ ᠡᠯᠢᠬᠡᠨ ᠤ ᠠᠮᠳᠠ ᠨᠢ ᠰᠠᠶᠢᠨ ᠪᠦᠭᠡᠳ ᠰᠢᠩᠭᠡᠭᠡᠬᠦ  ᠳᠤ ᠴᠦ ᠬᠢᠯᠪᠠᠷ ᠪᠠᠶᠢᠳᠠᠭ᠃            ᠠᠭᠤᠰᠬᠢ ᠢᠳᠡᠬᠦ ᠳᠤ ᠵᠦᠭᠡᠯᠡᠨ ᠪᠤᠯᠪᠠᠴᠤ ᠴᠢᠨᠠᠵᠤ ᠪᠤᠯᠬᠤ ᠨᠢ ᠤᠳᠠᠭᠠᠨ᠃ ᠠᠯᠠᠱᠠ ᠳᠤ ᠠᠭᠤᠰᠬᠢ ᠶᠢ ᠳᠠᠩ   ᠢᠶᠠᠷ ᠢᠳᠡᠬᠦ ᠨᠢ ᠴᠦᠭᠡᠨ᠂ ᠬᠠᠷᠢᠨ ᠭᠦᠵᠡᠭᠡ᠂ ᠴᠤᠷᠤᠢ ᠶᠢᠨ ᠮᠢᠬ᠎ᠠ ᠶᠢᠨ ᠬᠠᠮᠲᠤ ᠨᠠᠷᠢᠨ ᠤᠷᠲᠤ ᠵᠦᠰᠦᠭᠡᠳ ᠨᠠᠷᠢᠨ ᠭᠡᠳᠡᠰᠦ ︵ᠦᠯᠦᠨ ᠭᠡᠳᠡᠰᠦ︶ ᠪᠠᠷ ᠲᠤᠤᠷᠯᠠᠨ ᠤᠷᠢᠶᠠᠭᠠᠳ ︽ᠵᠦᠷᠮ᠎ᠠ︾ ᠭᠡᠭᠴᠢ ᠶᠢ ᠬᠢᠳᠡᠭ᠃ ᠵᠦᠷᠮ᠎ᠠ ᠪᠤᠯ ᠤᠶᠢᠷᠠᠳ ᠤᠨ ᠤᠯᠠᠮᠵᠢᠯᠠᠯᠲᠤ ᠢᠳᠡᠭᠡᠨ ᠪᠤᠯᠬᠤ ᠪᠦᠭᠡᠳ ᠢᠳᠡᠬᠦ ᠳᠤ ᠰᠢᠮ᠎ᠡ ᠲᠠᠢ ᠪᠠᠶᠢᠳᠠᠭ᠃ ᠵᠦᠷᠮ᠎ᠠ ᠶᠢ ᠬᠠᠲᠠᠭᠠᠭᠠᠳ ᠣᠳᠠᠭᠠᠨ ᠬᠠᠳᠠᠭᠠᠯᠠᠵᠤ ᠪᠤᠯᠳᠠᠭ᠃            ᠠᠯᠠᠱᠠ ᠳᠤ ᠠᠪᠢᠰᠦ ᠶᠢ ᠭᠤᠷᠭᠤᠯᠳᠠᠢ ᠭᠡᠳᠡᠭ᠃ ᠭᠤᠷᠭᠤᠯᠳᠠᠢ ᠪᠤᠯ ᠰᠠᠶᠢᠨ ᠰᠠᠷᠬᠢᠨᠠᠭ᠂ ᠴᠤᠷᠤᠢ ᠶᠢᠨ ᠮᠢᠬ᠎ᠠ ᠶᠢ ᠨᠠᠷᠢᠨ ᠤᠷᠲᠤ ᠵᠦᠰᠦᠭᠡᠳ ᠴᠠᠭᠠᠨ ᠭᠡᠳᠡᠰᠦ ᠶᠢᠨ ᠬᠠᠮᠲᠤ ᠴᠢᠬᠢᠵᠤ ᠬᠢᠳᠡᠭ᠃ ᠢᠩᠬᠢᠵᠦ ᠪᠤᠯᠪᠠᠰᠤᠷᠠᠭᠤᠯᠤᠭᠰᠠᠨ ᠢᠳᠡᠭᠡᠨ ᠢ ᠬᠠᠳᠠᠭᠠᠯᠠᠵᠦ ᠨᠦᠬᠡᠴᠡᠯᠡᠬᠦ ᠳᠤ ᠠᠮᠠᠷ᠂ ᠠᠮᠲᠠ ᠨᠢ ᠰᠠᠶᠢᠬᠠᠨ ᠪᠤᠯᠬᠤᠷ ᠬᠠᠷᠠᠳᠠᠭᠰᠠᠨ ᠴᠠᠭ ᠲᠤ ᠪᠤᠷᠴᠠ ᠶᠢᠨ ᠠᠳᠠᠯᠢ ᠦᠯ ᠳᠠᠷᠤᠵᠤ ᠬᠤᠭᠤᠯᠠ ᠪᠤᠯᠳᠠᠭ᠃ ᠡᠭᠦᠨ ᠠᠴᠠ ᠭᠠᠳᠠᠨ᠎ᠠ ᠨᠠᠶᠢᠷᠠᠭᠤᠯᠤᠭᠰᠠᠨ ᠴᠢᠰᠤ ᠶᠢ ᠮᠠᠯ ᠤᠨ ᠨᠠᠷᠢᠨ  ᠭᠡᠳᠡᠰᠦᠨ ᠳᠤ ᠴᠢᠳᠬᠤᠵᠦ ᠤᠷᠤᠭᠤᠯᠳᠠᠭ᠃            ᠭᠦᠵᠡᠭᠡ ᠶᠢᠨ ᠬᠡᠷᠡᠭᠴᠡᠭᠡ ᠦᠷᠭᠡᠨ ᠳᠡᠯᠭᠡᠷᠡᠩᠭᠦᠢ ᠪᠠᠶᠢᠳᠠᠭ᠃ ᠭᠦᠵᠡᠭᠡ ᠶᠢ ᠵᠦᠷᠮ᠎ᠡ ᠲᠠᠢ ᠨᠡᠶᠢᠯᠡᠭᠦᠯᠵᠦ ᠢᠳᠡᠬᠦ ᠪᠤᠶᠤ ᠳᠠᠩ ᠢᠶᠠᠷ ᠢᠳᠡᠵᠦ ᠪᠤᠯᠤᠨ᠎ᠠ᠃ ᠭᠦᠵᠡᠭᠡ ᠶᠢ ᠪᠤᠯᠪᠠᠰᠤᠷᠠᠭᠤᠯᠤᠭᠠᠳ ᠡᠪᠦᠯ ᠴᠠᠭ ᠤᠨ ᠮᠢᠬ᠎ᠠ᠂ ᠰᠦ᠂ ᠠᠶᠢᠷᠠᠭ ᠪᠤᠶᠤ ᠲᠤᠰᠤ ᠶᠢ ᠨᠦᠭᠡᠴᠡᠯᠡᠵᠦ ᠬᠠᠳᠠᠭᠠᠯᠠᠬᠤ ᠰᠠᠪᠠ ᠪᠤᠯᠭᠠᠵᠤ ᠪᠠᠰᠠ ᠪᠤᠯᠤᠨ᠎ᠠ᠃ ᠵᠤᠨ ᠤ ᠴᠠᠭ ᠢᠳᠡᠭᠡᠯᠡᠭᠰᠡᠨ  ᠭᠦᠵᠡᠭᠡᠨ ᠳᠤ ᠠᠶᠢᠷᠠᠭ ᠲᠠᠷᠠᠭ ᠰᠠᠪᠠᠯᠠᠵᠦ ᠮᠠᠯ ᠳᠤ ᠠᠪᠴᠤ ᠶᠠᠪᠤᠵᠤ ᠪᠤᠯᠤᠨ᠎ᠠ᠃ ᠠᠶᠠᠨ ᠨᠡᠭᠦᠳᠡᠯ  ᠤᠨ ᠬᠦᠮᠦᠨ ᠤ ᠤᠮᠳᠠᠭᠠᠨ ᠢ ᠴᠤ ᠢᠳᠡᠭᠡᠯᠡᠭᠰᠡᠨ ᠭᠦᠵᠡᠭᠡᠨ ᠳᠤ ᠠᠪᠴᠤ ᠶᠠᠪᠤᠳᠠᠭ᠃ ᠭᠦᠵᠡᠭᠡ ᠶᠢ ᠰᠠᠪᠠ ᠪᠤᠯᠭᠠᠨ ᠬᠡᠷᠡᠭᠯᠡᠬᠦ ᠳᠤ ᠠᠮᠠ ᠶᠢ ᠨᠢ ᠠᠯᠢ ᠴᠢᠳᠠᠬᠤ ᠪᠠᠷ ᠪᠠᠭ᠎ᠠ ᠦᠯᠡᠳᠡᠭᠡᠬᠦ ᠶᠤᠰᠤ ᠪᠤᠢ᠃            ᠭᠡᠳᠡᠰᠦ᠂ ᠬᠤᠲᠤᠭᠤᠳᠤ᠂ ᠤᠯᠤᠭᠠᠢ ᠶᠢ ᠪᠦᠭᠦᠳᠡ ᠶᠢ ᠰᠠᠶᠢᠨ ᠴᠡᠪᠡᠷᠯᠡᠭᠰᠡᠨ ᠤ ᠳᠡᠷᠠᠭ᠎ᠠ ᠴᠢᠰᠤ ᠴᠢᠳᠬᠤᠳᠠᠭ᠃ ᠭᠡᠳᠡᠰᠦ ᠶᠢᠨ ᠦᠵᠦᠭᠦᠷ ᠨᠢ ᠨᠠᠷᠢᠨ᠂ ᠨᠢᠯᠴᠠᠭᠠᠢ ᠭᠤᠯᠭᠤᠮᠠᠳᠠᠭᠠᠢ ᠪᠠᠶᠢᠳᠠᠭ ᠤᠴᠢᠷ ᠴᠢᠰᠤ ᠴᠢᠳᠬᠤᠬᠤ ᠳᠠᠭᠠᠨ  ᠤᠯᠤᠭᠠᠢ ᠪᠠᠷ ᠠᠮᠠᠰᠠᠷᠯᠠᠨ ᠴᠢᠳᠬᠤᠬᠤ ᠪᠤᠶᠤ ᠮᠦᠬᠡᠷᠰᠦᠨ ᠬᠤᠭᠤᠯᠠᠢ ᠶᠢ ᠭᠡᠳᠡᠰᠦᠨ ᠳᠤᠨᠢ ᠤᠭᠯᠠᠵᠦ ᠴᠢᠳᠬᠤᠳᠠᠭ᠃  ᠬᠤᠲᠤᠭᠤᠳᠤ᠂ ᠤᠯᠤᠭᠠᠢ ᠶᠢᠨ ᠠᠮᠠ ᠨᠢ ᠶᠡᠭᠡ ᠪᠤᠯᠬᠤᠷ ᠴᠢᠳᠬᠤᠬᠤ ᠳᠤ ᠠᠮᠠᠷ᠂  ᠬᠤᠳᠤᠭᠤᠳᠤ ᠳᠤ ᠴᠢᠰᠦ ᠴᠢᠳᠬᠤᠭᠰᠠᠨ ᠤ ᠳᠡᠷᠠᠭ᠎ᠠ ᠡᠷᠬᠡᠪᠰᠢ ᠰᠠᠪᠬ᠎ᠠ ᠪᠤᠶᠤ ᠰᠤᠬᠠᠢ ᠶᠢ ᠨᠠᠷᠢᠯᠠᠨ ᠵᠤᠷᠭᠤᠵᠤ ᠠᠮᠠᠰᠠᠷ ᠢ ᠨᠢ ᠰᠦᠯᠪᠡᠵᠦ᠂ ᠭᠠᠳᠠᠭᠤᠷ ᠨᠢ ᠥᠯᠥᠨ ᠭᠡᠳᠡᠰᠦ ᠪᠠᠷ ᠤᠯᠠᠨᠲᠠ ᠤᠷᠢᠶᠠᠵᠤ ᠪᠠᠭᠯᠠᠭᠠᠳ ᠰᠠᠶ᠋ᠢ ᠲᠤᠭᠤᠭᠠᠨ ᠳᠤ ᠬᠢᠳᠡᠭ᠃ ᠴᠢᠰᠤ  ᠴᠢᠳᠬᠤᠭᠰᠠᠨ ᠭᠡᠳᠡᠰᠦ ᠬᠤᠲᠤᠭᠤᠳᠤ ᠵᠡᠷᠭᠡ ᠶᠢ ᠶᠡᠷᠤ ᠠᠴᠠ ᠲᠤᠰ ᠲᠤᠰ  ᠲᠤᠨᠢ ᠴᠢᠨᠠᠳᠠᠭ᠃ ᠲᠡᠭᠡᠬᠦ ᠳᠡᠭᠡᠨ ᠪᠠᠶᠢᠨ ᠳᠠᠬᠢᠨ ᠡᠷᠭᠢᠭᠦᠯᠵᠦ ᠤᠷᠪᠠᠭᠤᠯᠵᠦ ᠪᠠᠶᠢᠬᠤ ᠬᠡᠷᠡᠭᠲᠠᠢ ᠪᠦᠭᠡᠳ ᠵᠡᠭᠦᠦ ᠪᠤᠶᠤ ᠴᠡᠪᠡᠷᠬᠡᠨ ᠬᠤᠯᠤᠰᠤᠨ ᠤ ᠦᠵᠦᠭᠦᠷ ᠢᠶᠠᠷ ᠲᠠᠰᠤᠷᠠᠯᠲᠠ ᠦᠭᠡᠢ ᠰᠢᠪᠠᠵᠦ ᠬᠠᠳᠬᠤᠨ ᠬᠡᠢ ᠶᠢ ᠨᠢ ᠭᠠᠳᠠᠭᠰᠢ ᠭᠠᠷᠭᠠᠵᠦ ᠪᠠᠶᠢᠬᠤ ᠬᠡᠷᠡᠭᠲᠠᠢ᠃ ᠡᠨᠡ ᠨᠢ ᠬᠠᠭᠠᠷᠠᠬᠤ   ᠠᠴᠠ ᠰᠡᠷᠭᠡᠶᠢᠯᠡᠵᠦ ᠪᠠᠶᠢᠬᠤ ᠮᠦᠷᠲᠡᠭᠡᠨ ᠪᠤᠯᠤᠭᠰᠠᠨ ᠡᠰᠡᠬᠦ  ᠶᠢ ᠨᠢ ᠰᠢᠯᠭᠠᠨ ᠮᠡᠳᠡᠵᠦ ᠪᠠᠶᠢᠬᠤ ᠶᠠᠪᠤᠳᠠᠯ ᠪᠤᠯᠤᠨ᠎ᠠ᠃ ᠭᠡᠳᠡᠰᠦ᠂ ᠬᠤᠲᠤᠭᠤᠳᠤ᠂ ᠤᠯᠤᠭᠠᠢ ᠳᠤ ᠴᠢᠰᠦ ᠴᠢᠳᠬᠤᠬᠤ ᠨᠢ ᠠᠯᠠᠱᠠ ᠬᠤᠱᠤᠤᠨᠴᠤᠳ ᠤᠨ ᠤᠯᠠᠮᠵᠢᠯᠠᠯᠲᠤ ᠮᠢᠬᠠᠨ ᠢᠳᠡᠭᠡᠨ ᠤ ᠪᠡᠯᠡᠳᠬᠡᠬᠦ ᠠᠷᠭ᠎ᠠ ᠪᠤᠯᠤᠨ᠎ᠠ᠃ ᠡᠪᠦᠯ ᠤᠨ ᠢᠳᠡᠰᠢᠨ ᠮᠢᠬ᠎ᠠ ᠪᠡᠯᠡᠳᠬᠡᠬᠦ ᠳᠤ ᠵᠠᠷᠢᠮ ᠨᠤᠲᠤᠭ ᠢᠶᠠᠷ ᠴᠢᠳᠬᠤᠭᠰᠠᠨ ᠴᠢᠰᠤ ᠪᠠᠷ ᠵᠠᠶᠢᠳᠠᠰᠦ ᠬᠢᠵᠦ ᠲᠠᠯᠪᠢᠳᠠᠭ ᠵᠠᠩᠰᠢᠯ ᠲᠠᠢ᠃            ᠳᠤᠲᠤᠷ ᠤᠨ ᠦᠭᠡᠬᠦ ᠶᠢ ᠨᠡᠶᠢᠯᠡᠭᠦᠯᠦᠨ ᠬᠠᠶᠢᠯᠤᠭᠤᠯᠤᠭᠠᠳ ᠦᠭᠡᠬᠦᠨ ᠲᠤᠰᠤ ᠪᠤᠯᠭᠠᠨ᠎ᠠ᠃ ᠡᠭᠦᠨ ᠢ ᠠᠯᠠᠱᠠ ᠳᠤ ᠬᠤᠷᠭᠤ ᠭᠡᠳᠡᠭ᠃ ᠬᠤᠷᠭᠤᠨ ᠲᠤᠰᠤ ᠪᠠᠷ ᠪᠤᠭᠤᠷᠰᠤᠭ ᠰᠢᠷᠠᠬᠤ᠂ ᠬᠤᠭᠤᠯᠠᠨ ᠳᠤ ᠤᠷᠤᠭᠤᠯᠬᠤ ᠳᠤ ᠬᠡᠷᠡᠭᠯᠡᠳᠡᠭ᠃ ᠬᠠᠭᠤᠴᠢᠨ ᠳᠤ ᠳ᠋ᠧᠩ ᠤᠨ ᠲᠤᠰᠤ ᠪᠤᠯᠭᠠᠨ ᠭᠡᠷᠡᠯᠲᠦᠭᠦᠯᠭᠡ ᠪᠤᠯᠭᠠᠳᠠᠭ ᠪᠠᠶᠢᠵᠠᠢ᠃            ᠡᠭᠦᠨ ᠠᠴᠠ ᠭᠠᠳᠠᠨ᠎ᠠ ᠮᠠᠯ ᠤᠨ ᠲᠤᠯᠤᠭᠠᠢ ᠰᠢᠭᠢᠷ᠎ᠡ ᠶᠢ ᠬᠢᠷᠪᠤᠰᠤᠯᠠᠭᠰᠠᠨ ᠤ ᠳᠠᠷᠠᠭ᠎ᠠ ᠲᠤᠯᠤᠭᠠᠢ ᠰᠢᠬᠢᠷ᠎ᠡ  ᠶᠢᠨ ᠡᠪᠡᠷ ᠲᠤᠭᠤᠷᠠᠢ ᠶᠢ ᠠᠪᠴᠤ ᠴᠡᠪᠡᠷᠯᠡᠭᠡᠳ ᠳᠠᠩ ᠢᠶᠠᠷ ᠨᠢ ᠴᠢᠨᠠᠵᠦ ᠢᠳᠡᠳᠡᠭ᠃            ᠲᠤᠯᠤᠭᠠᠢ ᠰᠢᠭᠢᠷ᠎ᠡ ᠶᠢᠨ ᠱᠦᠯᠦ᠂ ᠮᠢᠬ᠎ᠠ ᠨᠢ ᠪᠤᠰᠤᠳ ᠵᠦᠢᠯ ᠤᠨ ᠮᠢᠬ᠎ᠠ ᠠᠴᠠ ᠤᠨᠳᠤᠤ ᠪᠠᠶᠢᠳᠠᠭ ᠢᠶᠠᠷ ᠬᠦᠮᠦᠰ ᠤᠨ ᠳᠤᠷᠠᠲᠠᠢ ᠢᠳᠡᠭᠡᠨ ᠪᠤᠯᠤᠭᠰᠠᠨ ᠪᠠᠶᠢᠨ᠎ᠠ᠃ ᠠᠯᠠᠱᠠ ᠳᠤ ᠶᠡᠷᠦ ᠨᠢ ᠲᠤᠯᠤᠭᠠᠢ ᠰᠢᠭᠢᠷ᠎ᠡ ᠶᠢ ᠨᠡᠶᠢᠯᠡᠭᠦᠯᠦᠭᠡᠳ ᠴᠠᠭᠠᠨ ᠰᠠᠷ᠎ᠠ ᠶᠢᠨ ᠰᠡᠭᠦᠯᠴᠢ ᠪᠠᠷ ᠪᠦᠭᠦᠳᠡ ᠶᠢ ᠬᠢᠷᠪᠤᠰᠤᠯᠠᠭᠠᠳ ᠴᠢᠨᠠᠵᠦ ᠢᠳᠡᠳᠡᠭ ᠶᠠᠪᠤᠳᠠᠯ ᠴᠦ ᠪᠠᠶᠢᠳᠠᠭ᠃  
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号