ᠮᠤᠩᠭᠤᠯᠴᠤᠳ ᠤᠨ ᠬᠠᠯᠳᠠᠪᠤᠷᠢᠲᠤ ᠭᠢᠵᠢᠭ ᠢ ᠰᠡᠷᠭᠡᠶᠢᠯᠡᠭᠦ ᠠᠷᠭ᠎ᠠ ᠳᠡᠮ ᠤᠨ ᠲᠤᠬᠠᠢ ᠲᠦᠭᠦᠮ ᠦᠭᠦᠯᠡᠭᠦ ᠨᠢ
ᠨᠡᠶᠢᠲᠡᠯᠡᠭᠰᠡᠨ ᠴᠠᠭ᠄
2020/3/2
     ᠮᠤᠩᠭᠤᠯᠴᠤᠳ ᠪᠣᠯ ᠨᠡᠭᠦᠳᠡᠯ ᠮᠠᠯᠵᠢᠯ ᠤᠨ ᠠᠷᠭ᠎ᠠ ᠪᠠᠷ ᠠᠮᠢᠳᠤᠷᠠᠵᠤ ᠪᠠᠶᠢᠭᠰᠠᠨ ᠦᠨᠳᠦᠰᠦᠲᠡᠨ ᠪᠤᠯᠬᠤᠷ ᠠᠮᠢᠳᠤᠷᠠᠯ ᠳᠤᠮᠳᠠ ᠪᠠᠨ ᠡᠪᠡᠳᠴᠢᠨ ᠭᠢᠵᠢᠭ ᠢ ᠰᠡᠷᠭᠡᠶᠢᠯᠡᠭᠦ ᠳᠤ ᠤᠯᠠᠨ ᠵᠦᠢᠯ ᠤᠨ ᠨᠡᠭᠦᠳᠡᠯ ᠤᠨ ᠰᠢᠨᠵᠢᠲᠡᠢ ᠠᠷᠭ᠎ᠠ ᠪᠠᠷᠢᠯ ᠢ ᠬᠡᠷᠡᠭᠯᠡᠳᠡᠭ ᠪᠠᠶᠢᠵᠠᠢ᠃ ᠬᠠᠮᠤᠭ ᠤᠨ ᠲᠤᠭᠢᠲᠠᠢ ᠠᠷᠭ᠎ᠠ ᠨᠢ ᠪᠣᠯ ᠡᠪᠡᠳᠴᠢᠨ ᠲᠠᠢ ᠭᠦᠮᠦᠨ ᠮᠠᠯ ᠢᠶᠠᠨ ᠲᠤᠰᠠᠭᠠᠷᠯᠠᠨ ᠭᠦᠯ ᠬᠤᠷᠢᠭᠯᠠᠵᠤ᠂ ᠡᠪᠡᠳᠴᠢᠨ ᠦᠭᠡᠢ ᠭᠦᠮᠦᠨ ᠮᠠᠯ ᠨᠢ ᠡᠷᠲᠡᠭᠡᠨ ᠡᠪᠡᠳᠴᠢᠨ ᠲᠠᠢ ᠭᠠᠵᠠᠷ ᠠᠴᠠ ᠨᠡᠭᠦᠳᠡᠯᠯᠡᠨ ᠵᠠᠶᠢᠯᠠᠵᠤ ᠶᠠᠪᠤᠳᠠᠭ᠃ ᠭᠡᠭᠦ ᠳᠡᠭᠡᠨ ᠡᠪᠡᠳᠴᠢᠨ ᠲᠠᠢ ᠭᠠᠵᠠᠷ ᠠᠴᠠ ᠰᠠᠯᠭᠢ ᠲᠡᠭᠡᠭᠰᠢ ᠪᠠᠨ ᠪᠤᠶᠤ ᠤᠷᠤᠰᠬᠠᠯ ᠦᠭᠡᠳᠡ ᠪᠠᠨ ᠨᠡᠭᠦᠳᠡᠯᠯᠡᠨ ᠵᠠᠶᠢᠯᠠᠬᠤ ᠠᠷᠭ᠎ᠠ ᠶᠢ ᠠᠷᠪᠢᠨ ᠭᠡᠷᠡᠭᠯᠡᠵᠤ᠂ ᠮᠠᠯ ᠬᠤᠢ ᠨᠢ ᠵᠠᠮ ᠵᠠᠭᠤᠷ᠎ᠠ ᠪᠠᠨ ᠡᠪᠡᠳᠴᠢᠨ ᠳᠤ ᠬᠠᠯᠳᠠᠪᠤᠷᠢᠯᠠᠪᠠᠯ ᠢᠯᠭᠠᠨ ᠰᠠᠯᠭᠠᠵᠤ ᠪᠤᠴᠠᠭᠠᠨ ᠤᠤᠯ ᠨᠤᠲᠤᠭ ᠲᠤᠨᠢ ᠦᠯᠡᠳᠡᠭᠡᠵᠦ᠂ ᠴᠢᠯᠦᠭᠡ ᠵᠠᠪ ᠢᠶᠠᠷ ᠢᠶᠠᠨ ᠢᠷᠡᠵᠦ ᠡᠷᠭᠢᠵᠦ ᠲᠤᠭᠤᠷᠢᠨ ᠦᠵᠡᠳᠡᠭ᠃ ᠶᠠᠮᠠᠷ ᠨᠢᠭᠡ ᠭᠠᠵᠠᠷ ᠲᠤ ᠡᠪᠡᠳᠴᠢᠨ ᠲᠠᠢ ᠭᠦᠮᠦᠨ ᠪᠤᠶᠤ ᠮᠠᠯ ᠢ ᠲᠤᠰᠠᠭᠠᠷᠯᠠᠵᠤ ᠪᠠᠶᠢᠬᠤ ᠶᠢ ᠮᠡᠳᠡᠪᠡᠯ᠂ ᠪᠤᠰᠤᠳ ᠠᠶᠢᠯ ᠤᠨ ᠭᠦᠮᠦᠨ ᠮᠠᠯ ᠴᠦ ᠲᠡᠶᠢᠰᠢ ᠪᠠᠨ ᠤᠶᠢᠷᠠᠳᠬᠤ ᠪᠠᠨ ᠪᠠᠶᠢᠵᠤ᠂ ᠪᠦᠭᠦᠳᠡᠭᠡᠷ ᠢᠶᠠᠨ ᠤᠬᠠᠮᠰᠠᠷ ᠠᠴᠠ ᠪᠠᠨ ᠡᠪᠡᠳᠴᠢᠨ ᠲᠠᠢ ᠭᠠᠵᠠᠷ ᠦᠭᠡᠳᠡ ᠴᠢᠭᠯᠡᠭᠦ ᠶᠢ ᠭᠦᠯ ᠴᠡᠭᠡᠷᠯᠡᠳᠡᠭ ᠬᠠᠤᠯᠢ ᠠᠴᠠ ᠬᠠᠳᠠᠭᠤ ᠦᠪᠡᠷᠮᠢᠴᠡ ᠴᠡᠭᠡᠷ ᠲᠠᠢ ᠪᠠᠶᠢᠵᠠᠢ᠃ ᠮᠠᠯ ᠤᠨ ᠴᠡᠴᠡᠭ ᠡᠪᠡᠳᠴᠢᠨ᠂ ᠬᠤᠭᠢᠷᠠᠭ᠎ᠠ ᠡᠪᠡᠳᠴᠢᠨ᠂ ᠬᠤᠯᠤᠭᠠᠨ᠎ᠠ ᠶᠢᠨ ᠭᠢᠵᠢᠭ᠂ ᠤᠯᠠᠭᠠᠨ ᠨᠤᠳ ᠪᠠ ᠪᠤᠰᠤᠳ ᠬᠠᠯᠳᠠᠪᠤᠷᠢᠲᠤ ᠡᠪᠡᠳᠴᠢᠨ ᠮᠡᠲᠦ ᠶᠢᠨ ᠬᠠᠯᠳᠠᠪᠤᠷᠢᠲᠤ ᠡᠪᠡᠳᠴᠢᠨ ᠢ ᠰᠡᠷᠭᠡᠶᠢᠯᠡᠭᠦ ᠳᠤ ᠡᠪᠡᠳᠴᠢᠨ ᠲᠠᠢ ᠭᠠᠵᠠᠷ ᠠᠴᠠ ᠬᠠᠮᠤᠭ ᠪᠠᠭ᠎ᠠ ᠳᠠᠭᠠᠨ ᠠᠷᠪᠠᠨ ᠭᠠᠵᠠᠷ ᠤᠨ ᠬᠤᠯᠠ ᠳᠤ ᠤᠲᠤᠷᠯᠠᠨ ᠨᠡᠭᠦᠳᠡᠯᠯᠡᠵᠦ ᠵᠠᠶᠢᠯᠠᠨ ᠶᠠᠪᠤᠳᠠᠭ ᠪᠠᠶᠢᠵᠠᠢ᠃      ᠮᠤᠩᠭᠤᠯᠴᠤᠳ ᠬᠠᠯᠳᠠᠪᠤᠷᠢᠲᠤ ᠡᠪᠡᠳᠴᠢᠨ ᠲᠠᠬᠤᠯ ᠨᠢᠶᠠᠨ ᠭᠢᠵᠢᠭ ᠢ ᠰᠡᠷᠭᠡᠶᠢᠯᠡᠭᠦ ᠳᠤ ᠶᠡᠷᠦᠩᠭᠡᠢ ᠳᠡᠭᠡᠨ ᠳᠤᠤᠷᠠᠭᠢ ᠨᠠᠢᠮᠠᠨ ᠵᠦᠢᠯ ᠤᠨ ᠠᠷᠭ᠎ᠠ ᠶᠢ ᠠᠮᠢᠳᠤᠷᠠᠯ ᠤᠨ ᠳᠤᠮᠳᠠ ᠪᠠᠨ ᠤᠯᠠᠨ ᠭᠡᠷᠡᠭᠯᠡᠳᠡᠭ ᠪᠠᠶᠢᠵᠠᠢ᠃ ᠨᠢᠭᠡ ᠳᠤ ᠬᠠᠯᠳᠠᠪᠤᠷᠢᠯᠠᠯ ᠢ ᠵᠠᠶᠢᠯᠠᠭᠤᠯᠬᠤ ᠡᠮ ᠲᠠᠢ ᠵᠦᠢᠯ ᠢ ᠵᠡᠭᠦᠯᠭᠡᠨ ᠰᠡᠷᠭᠡᠶᠢᠯᠡᠭᠦ ᠠᠷᠭ᠎ᠠ︔ ᠬᠤᠶᠠᠷ ᠲᠤ ᠭᠠᠯ ᠤᠨ ᠤᠲᠤᠭ᠎ᠠ ᠪᠠᠷ ᠤᠳᠤᠯᠭ᠎ᠠ ᠭᠢᠵᠦ ᠰᠡᠷᠭᠡᠶᠢᠯᠡᠭᠦ ᠠᠷᠭ᠎ᠠ︔ ᠭᠤᠷᠪᠠ ᠳᠤ᠂ ᠡᠮ ᠲᠠᠩ ᠤᠤᠭᠤᠯᠭᠠᠨ ᠰᠡᠷᠭᠡᠶᠢᠯᠡᠭᠦ ᠠᠷᠭ᠎ᠠ︔ ᠲᠦᠷᠪᠡ ᠳᠤ ᠠᠷᠢᠭᠤᠨ ᠴᠡᠪᠡᠷ ᠢ ᠴᠡᠪᠡᠷᠯᠡᠨ ᠰᠡᠷᠭᠡᠶᠢᠯᠡᠭᠦ ᠠᠷᠭ᠎ᠠ︔ ᠲᠠᠪᠤ ᠳᠤ ᠬᠠᠯᠬᠠᠯᠠᠵᠤ ᠰᠠᠯᠭᠠᠨ ᠬᠠᠯᠬᠠᠪᠴᠢ ᠪᠠᠷ ᠰᠡᠷᠭᠡᠶᠢᠯᠡᠭᠦ ᠠᠷᠭ᠎ᠠ︔ ᠵᠢᠷᠭᠤᠭ᠎ᠠ ᠳᠤ ᠠᠷᠢᠭᠤᠳᠬᠠᠨ ᠴᠡᠪᠡᠷᠰᠢᠭᠦᠯᠵᠦ ᠰᠡᠷᠭᠡᠶᠢᠯᠡᠭᠦ ᠠᠷᠭ᠎ᠠ︔ ᠲᠤᠯᠤᠭ᠎ᠠ ᠳᠤ ᠲᠤᠰᠠᠭᠠᠷᠯᠠᠨ ᠭᠢᠵᠠᠭᠠᠷᠯᠠᠵᠤ ᠰᠡᠷᠭᠡᠶᠢᠯᠡᠭᠦ ᠠᠷᠭ᠎ᠠ︔ ᠨᠠᠢᠮᠠ ᠳᠤ᠂ ᠵᠡᠭᠦᠦ ᠲᠠᠷᠢᠯᠭ᠎ᠠ ᠪᠠᠷ ᠰᠡᠷᠭᠡᠶᠢᠯᠡᠭᠦ ᠠᠷᠭ᠎ᠠ ᠵᠡᠷᠬᠡ ᠪᠠᠶᠢᠳᠠᠭ᠃      ᠡᠮᠴᠢ᠂ ᠲᠤᠮᠴᠢ᠂ ᠪᠦᠭᠡ ᠮᠦᠷᠭᠦᠯ ᠮᠡᠲᠦ ᠶᠢᠨ ᠡᠮᠨᠡᠯᠭᠡ ᠶᠢᠨ ᠮᠡᠷᠭᠡᠵᠢᠯ ᠲᠠᠢ ᠭᠦᠮᠦᠰ ᠠᠴᠠ ᠲᠤᠰᠬᠠᠶᠢᠯᠠᠨ ᠨᠠᠶᠢᠷᠠᠭᠤᠯᠤᠭᠰᠠᠨ ︽ᠶᠢᠰᠦᠨ ᠬᠠᠷ᠎ᠠ︾᠂ ︽ᠬᠠᠮᠠᠷ ᠲᠠᠮᠠᠭᠢ︾᠂ ︽ᠭᠠᠪᠤᠷ︾᠂ ︽ᠰᠠᠷᠢᠮᠰᠠᠭ︾ ᠵᠡᠷᠭᠡ ᠦᠨᠦᠷᠲᠦ ᠵᠦᠢᠯ ᠢ ᠪᠡᠶ᠎ᠡ ᠳᠤᠨᠢ ᠵᠡᠭᠦᠯᠭᠡᠵᠦ ᠡᠪᠡᠳᠴᠢᠨ ᠬᠠᠯᠳᠠᠪᠤᠷᠢᠯᠠᠬᠤ ᠶᠢ ᠤᠷᠢᠳᠴᠢᠯᠠᠨ ᠰᠡᠷᠭᠡᠶᠢᠯᠡᠳᠡᠭ᠂ ᠡᠮ ᠤᠨ ᠭᠦᠴᠦ ᠨᠢ ᠳᠤᠭᠰᠢᠨ ᠲᠤᠯᠠ ᠵᠢᠷᠮᠦᠰᠦᠨ ᠡᠮᠡᠭᠲᠡᠢ ᠵᠠᠷᠢᠮ ᠵᠦᠢᠯ ᠢ ᠨᠢ ᠵᠡᠭᠦᠵᠦ ᠪᠤᠯᠳᠠᠭ ᠦᠭᠡᠢ᠃ ᠤᠲᠤᠯᠭ᠎ᠠ ᠶᠢᠨ ᠵᠦᠢᠯ ᠳᠤ ᠬᠠᠷ᠎ᠠ ᠭᠦᠭᠦᠯ᠂ ᠬᠤᠸᠠᠵᠢᠶᠤᠤ᠂ ᠳᠢᠭᠪᠡᠷᠠᠩᠽᠠ᠂ ᠳᠠᠯᠠᠨ ᠲᠦᠷᠦᠭᠦᠦ᠂ ᠬᠠᠶᠢᠨᠠᠭ ᠤᠨ ᠮᠢᠬ᠎ᠠ᠂ ᠲᠤᠭᠰᠢᠨ ᠪᠦᠩ ᠠ᠂ ᠦᠮᠡᠭᠡᠢ ᠲᠤᠪᠤᠷᠬᠠᠢ᠂ ᠤᠯᠠᠭᠠᠨ ᠠᠭᠢ ᠶᠢᠨ ᠦᠨᠳᠦᠰᠦ᠂ ᠭᠤᠷᠪᠠᠨ ᠵᠢᠯ ᠪᠤᠯᠤᠭᠰᠠᠨ ᠦᠭᠡᠷ ᠤᠨ ᠭᠦᠭᠡ ᠠᠷᠭᠠᠯ᠂ ᠦᠨᠦᠴᠢᠨ ᠰᠠᠷᠢᠮᠰᠠᠭ ᠵᠡᠷᠭᠡ ᠡᠮ ᠤᠷᠤᠳᠠᠭ᠂ ᠡᠳᠡᠭᠡᠷ ᠡᠮ ᠨᠢ ᠨᠢᠶᠠᠨ ᠭᠢᠵᠢᠭ ᠢ ᠨᠢᠳᠠᠯᠠᠬᠤ ᠳᠤ ᠴᠢᠬᠤᠯᠠ ᠦᠢᠯᠡᠳᠦᠯ ᠲᠠᠢ ᠪᠠᠶᠢᠳᠠᠭ᠃ ᠡᠮ ᠤᠤᠭᠤᠯᠭᠠᠬᠤ ᠳᠤ ᠶᠢᠰᠦᠨ ᠬᠠᠷ᠎ᠠ ᠶᠢᠨ ᠨᠠᠶᠢᠷᠠᠯᠭ᠎ᠠ᠂ ᠭᠠᠷᠤᠳᠢ 5᠂ ᠭᠠᠪᠤᠷ 20 ᠵᠡᠷᠭᠡ ᠶᠢ ᠡᠮᠴᠢ ᠶᠢᠨ ᠵᠢᠯᠤᠭᠤᠳᠤᠮᠵᠢ ᠶᠢᠨ ᠳᠤᠤᠷ᠎ᠠ ᠵᠤᠭᠢᠰᠲᠠᠢ ᠪᠠᠭ᠎ᠠ ᠰᠠᠭ᠎ᠠ ᠤᠤᠭᠤᠯᠭᠠᠵᠤ᠂ ᠶᠡᠭᠡ ᠤᠤᠭᠤᠯᠭᠠᠳᠠᠭ ᠦᠭᠡᠢ᠃ ᠭᠤᠤᠯᠳᠠᠭᠤ ᠲᠤᠲᠤᠷ ᠤᠨ ᠬᠠᠯᠠᠭᠤᠨ ᠲᠠᠢ ᠪᠤᠶᠤ ᠴᠢᠰᠦ ᠭᠦᠭᠡᠷᠴᠦ ᠪᠠᠶᠢᠭ᠎ᠠ ᠭᠦᠮᠦᠰ ᠲᠤ ᠵᠤᠭᠢᠬᠤ ᠭᠡᠮᠵᠢᠶ᠎ᠡ ᠪᠠᠷ ᠬᠠᠯᠠᠭᠤᠨ ᠢ ᠪᠠᠭᠤᠷᠠᠭᠤᠯᠬᠤ ᠡᠮ ᠤᠤᠭᠤᠯᠭᠠᠳᠠᠭ᠃ ︽ᠪᠤᠵᠠᠷ ᠪᠤᠷᠳᠠᠭ ᠲᠠᠢ ᠭᠠᠵᠠᠷ ᠲᠤ ᠪᠤᠷᠬᠠᠨ ᠪᠠᠭᠤᠬᠤ ᠦᠭᠡᠢ ᠬᠠᠷᠢᠨ ᠭᠢᠵᠢᠭ ᠪᠠᠭᠤᠳᠠᠭ︾ ᠬᠡᠳᠡᠭ ᠠᠴᠠ ᠪᠡᠶ᠎ᠡ ᠬᠠᠳᠠ ᠪᠠᠨ ᠤᠭᠢᠶᠠᠬᠤ ᠠᠴᠠ ᠭᠠᠳᠠᠨ᠎ᠠ ᠠᠮᠢᠳᠤᠷᠠᠯ ᠤᠨ ᠤᠷᠴᠢᠨ ᠲᠤᠭᠤᠷᠢᠨ ᠢᠶᠠᠨ ᠴᠡᠪᠡᠷᠯᠡᠵᠤ ᠪᠠᠺᠲ᠋ᠧᠷᠢ ᠶᠢ ᠤᠷᠤᠰᠢᠬᠤ ᠤᠷᠤᠨ ᠵᠠᠢ ᠦᠭᠡᠢ ᠪᠤᠯᠭᠠᠬᠤ ᠶᠢ ᠤᠨᠴᠠ ᠠᠩᠬᠠᠷᠬᠤ ᠭᠡᠷᠡᠭᠲᠡᠢ᠃ ᠬᠠᠯᠳᠠᠪᠤᠷᠢᠲᠤ ᠡᠪᠡᠳᠴᠢᠨ ᠨᠢ ᠤᠯᠠᠩᠭᠢ ᠳᠠᠭᠠᠨ ᠲᠠᠮᠵᠢᠭᠤᠯᠤᠭᠴᠢ ᠲᠠᠢ ᠪᠠᠶᠢᠳᠠᠭ ᠠᠴᠠ ᠬᠠᠯᠳᠠᠪᠤᠷᠢᠳᠦ ᠡᠪᠡᠳᠴᠢᠨ ᠤ ᠡᠬᠢ ᠪᠠ ᠲᠠᠮᠵᠢᠭᠤᠯᠤᠭᠴᠢ ᠶᠢ ᠵᠠᠪᠠᠯ ᠶᠠᠮᠠᠷ ᠨᠢᠭᠡ ᠶᠠᠭᠤᠮ᠎ᠠ ᠪᠠᠷ ᠬᠠᠯᠬᠠᠯᠠᠨ ᠭᠢᠵᠠᠭᠠᠷᠯᠠᠬᠤ ᠭᠡᠷᠡᠭᠲᠡᠢ᠃ ᠲᠡᠷᠭᠡᠨ ᠪᠤᠯᠤ᠂ ᠭᠦᠯ ᠤᠨ ᠤᠯᠠ᠂ ᠬᠡᠷ ᠤᠨ ᠲᠡᠵᠢᠬᠡᠪᠦᠷᠢ ᠠᠮᠢᠳᠠᠨ ᠵᠡᠷᠬᠡ ᠨᠢ ᠡᠪᠡᠳᠴᠢᠨ ᠤ ᠪᠠᠺᠲ᠋ᠧᠷᠢ ᠶᠢ ᠬᠡᠷ ᠲᠤ ᠲᠠᠮᠵᠢᠭᠤᠯᠤᠨ ᠠᠪᠴᠢᠷᠠᠬᠤ ᠪᠤᠯᠤᠯᠴᠠᠭ᠎ᠠ ᠲᠠᠢ ᠪᠤᠯᠬᠤᠷ ᠠᠷᠢᠭᠤᠳᠬᠠᠨ ᠴᠡᠪᠡᠷᠯᠡᠵᠦ᠂ ᠲᠤᠰᠠᠭᠠᠷᠯᠠᠨ ᠬᠢᠵᠠᠭᠠᠷᠯᠠᠬᠤ ᠴᠢᠬᠤᠯᠠᠳᠠᠢ ᠪᠠᠶᠢᠳᠠᠭ᠃ ᠬᠠᠭᠤᠴᠢᠨ ᠳᠤ ᠡᠪᠡᠳᠴᠢᠨ ᠤ ᠪᠠᠺᠲ᠋ᠧᠷᠢ ᠶᠢ ᠡᠷᠡᠭᠦᠯ ᠭᠦᠮᠦᠨ ᠳᠤ ᠲᠠᠷᠢᠭᠠᠳ ᠲᠠᠭᠢᠵᠤ ᠡᠮ ᠤᠨ ᠭᠦᠴᠦ ᠪᠠᠷ ᠡᠮᠨᠡᠨ ᠡᠳᠡᠭᠡᠷᠡᠭᠦᠯᠪᠡᠯ ᠡᠨᠡ ᠡᠪᠡᠳᠴᠢᠨ ᠲᠠᠭᠢᠵᠤ ᠤᠷᠤᠬᠤ ᠦᠭᠡᠢ ᠪᠤᠯᠳᠠᠭ᠃ ᠭᠡᠪᠡᠴᠦ ᠤᠳᠤ ᠪᠣᠯ ᠡᠶᠢᠮᠦ ᠲᠠᠷᠢᠯᠭ᠎ᠠ ᠶᠢ ᠭᠢᠵᠦ ᠪᠤᠯᠬᠤ ᠦᠭᠡᠢ ᠪᠤᠯᠵᠠᠢ᠃ ᠪᠤᠰᠤᠳ ᠡᠪᠡᠳᠴᠢᠨ ᠤ ᠬᠠᠯᠳᠠᠪᠤᠷᠢᠯᠠᠯ ᠢ ᠰᠡᠷᠭᠡᠶᠢᠯᠡᠭᠦ ᠲᠠᠷᠢᠯᠭ᠎ᠠ ᠶᠢᠨ ᠵᠡᠭᠦᠦ ᠪᠠᠶᠢᠳᠠᠭ ᠪᠤᠯᠪᠠᠴᠤ ᠡᠨᠡ ᠤᠳᠠᠭ᠎ᠠ ᠶᠢᠨ ︽ᠰᠢᠨ᠎ᠡ ᠲᠢᠲᠢᠮᠯᠢᠭ ᠠᠭᠤᠰᠬᠢᠨ ᠦᠷᠪᠢᠰᠦᠯ︾ ᠳᠤ ᠲᠤᠭᠢᠷᠠᠬᠤ ᠲᠡᠷᠢᠯᠭ᠎ᠠ ᠶᠢᠨ ᠡᠮ ᠤᠳᠤᠬᠠᠨ ᠳᠤ ᠦᠭᠡᠢ ᠪᠠᠶᠢᠭᠰᠠᠭᠠᠷ᠃      ᠲᠡᠭᠡᠷ᠎ᠠ ᠶᠠᠷᠢᠭᠰᠠᠨ ᠨᠠᠢᠮᠠᠨ ᠵᠦᠢᠯ ᠤᠨ ᠤᠯᠠᠮᠵᠢᠯᠠᠯᠳᠤ ᠰᠡᠷᠬᠡᠶᠢᠯᠡᠬᠦ ᠠᠷᠭ᠎ᠠ ᠳᠤ ᠤᠲᠤᠬᠤ᠂ ᠠᠷᠴᠠ ᠳᠠᠪᠤᠰᠤ ᠪᠠᠷ ᠰᠢᠷᠢᠭᠯᠡᠭᠦ᠂ ᠲᠤᠰᠠᠭᠠᠷᠯᠠᠨ ᠭᠢᠵᠠᠭᠠᠷᠯᠠᠬᠤ ᠶᠢ ᠬᠠᠮᠤᠭ ᠤᠨ ᠦᠷᠭᠡᠨ ᠢᠶᠠᠷ ᠭᠡᠷᠡᠭᠯᠡᠵᠦ ᠪᠠᠶᠢᠭᠰᠠᠨ ᠶᠤᠮ᠃ ᠨᠡᠩ ᠢᠯᠠᠩᠭᠤᠶ᠎ᠠ ᠭᠤᠷᠪᠠᠨ ᠵᠢᠯ ᠪᠤᠯᠤᠭᠰᠠᠨ ᠭᠦᠭᠡ ᠠᠷᠭᠠᠯ ᠢᠶᠠᠷ ᠬᠤᠲᠠ ᠬᠤᠷᠤᠭ᠎ᠠ ᠪᠠᠨ ᠤᠳᠤᠬᠤ᠂ ᠦᠨᠡᠰᠦ ᠶᠢᠨ ᠨᠤᠨᠳᠠᠭ ᠪᠤᠯᠤᠨ ᠴᠤᠬᠤᠢ ᠶᠢᠨ ᠴᠢᠯᠠᠭᠤᠨ ᠤ ᠨᠤᠨᠳᠠᠭ ᠢᠶᠠᠷ ᠤᠷᠴᠢᠨ ᠲᠤᠭᠤᠷᠢᠨ ᠪᠤᠯᠤᠨ ᠮᠠᠯ ᠬᠤᠢ ᠪᠠᠨ ᠠᠷᠢᠭᠤᠯᠠᠬᠤ ᠪᠣᠯ ᠤᠯᠠᠮᠵᠢᠯᠠᠯᠲᠤ ᠳᠠᠳᠬᠠᠯ ᠮᠥᠨ᠃ ᠤᠨᠴᠠᠭᠠᠶᠢᠯᠠᠨ ᠮᠠᠯᠵᠢᠯ ᠢᠶᠠᠷ ᠠᠮᠢᠳᠤᠷᠠᠵᠤ ᠪᠠᠶᠢᠭ᠎ᠠ ᠠᠶᠢᠯ ᠳᠤ ᠴᠤᠬᠤᠢ ᠶᠢᠨ ᠴᠢᠯᠠᠭᠤᠨ ᠤ ᠨᠤᠨᠳᠠᠭ ᠪᠠ ᠦᠨᠡᠰᠦ ᠶᠢᠨ ᠨᠤᠨᠳᠠᠭ ᠪᠣᠯ ᠤᠳᠤ ᠶᠢᠨ ᠠᠷᠢᠭᠤᠳᠬᠠᠯ ᠤᠨ ᠤᠰᠤ ᠠᠴᠠ ᠴᠦ ᠳᠠᠪᠠᠭᠤᠯᠢᠭ ᠤᠳᠠᠭᠠᠨ ᠬᠠᠳᠠᠭᠠᠯᠠᠭᠳᠠᠬᠤ ᠰᠢᠨᠵᠢ ᠲᠠᠢ ᠪᠠᠶᠢᠳᠠᠭ᠃ ᠲᠡᠷᠡ ᠨᠢ ᠮᠠᠯ ᠤᠨ ᠰᠢᠬᠡᠭ ᠬᠤᠷᠭᠤᠯ ᠲᠠᠢ ᠬᠤᠯᠢᠯᠳᠤᠨ ᠨᠢᠭᠤᠭᠳᠠᠵᠤ᠂ ᠮᠠᠯ ᠤᠨ ᠭᠦᠯ ᠢᠶᠠᠷ ᠲᠠᠭᠢᠨ ᠳᠡᠭᠳᠡᠵᠦ ᠠᠭᠠᠷ ᠲᠤ ᠭᠡᠶᠢᠰᠦᠨ ᠠᠷᠢᠭᠤᠳᠬᠠᠯ ᠤᠨ ᠦᠢᠯᠡᠳᠦᠯ ᠢᠶᠠᠨ ᠪᠠᠳᠠᠷᠠᠭᠤᠯᠳᠠᠭ᠃ ᠠᠶᠢᠯ ᠠᠶᠢᠮᠠᠭ ᠬᠤᠭᠤᠷᠤᠨᠳᠤ ᠪᠠᠨ ᠭᠦᠯ ᠬᠤᠷᠢᠭ᠎ᠠ ᠴᠡᠭᠡᠷᠯᠡᠭᠦ᠂ ᠳᠠᠪᠤᠰᠤ ᠲᠠᠢ ᠤᠰᠤ ᠪᠤᠶᠤ ᠰᠠᠩᠷᠤ ᠪᠠᠷ ᠡᠳᠦᠷ ᠪᠦᠷᠢ ᠠᠮᠠ ᠪᠠᠨ ᠵᠠᠶᠢᠯᠬᠤ᠂ ᠬᠤᠪᠴᠠᠰᠤ ᠪᠠᠨ ᠠᠷᠢᠭᠤᠯᠠᠬᠤ ᠪᠣᠯ ᠵᠦᠪ ᠰᠤᠩᠭᠤᠯᠲᠠ ᠮᠥᠨ᠃ ᠠᠶᠢᠯ ᠪᠦᠭᠦᠨ ᠰᠤᠩᠭᠢᠨ᠎ᠠ᠂ ᠰᠠᠷᠢᠮᠰᠠᠭ᠂ ᠭᠠᠪᠤᠷ ᠮᠡᠲᠦ ᠶᠢᠨ ᠦᠨᠦᠷᠲᠦ ᠵᠦᠢᠯ ᠢ ᠭᠡᠷ ᠲᠡᠭᠡᠨ ᠦᠷᠭᠦᠯᠵᠢ ᠪᠠᠶᠢᠯᠭᠠᠵᠤ ᠪᠠᠶᠢᠪᠠᠯ ᠬᠢᠵᠢᠭ ᠡᠪᠡᠳᠴᠢᠨ ᠴᠦ ᠰᠤᠳᠤᠨ ᠰᠤᠷᠭᠤᠭ ᠦᠨᠦᠷ ᠠᠴᠠ ᠠᠶᠤᠳᠠᠭ ᠪᠢᠯᠡ᠃ ᠮᠤᠩᠭᠤᠯ ᠡᠮ ᠤᠨ ᠲᠤᠲᠤᠷ᠎ᠠ ᠪᠠᠰᠠ ︽ᠪᠠᠷᠠᠶᠢᠮ︾ ᠪᠠ ︽ᠮᠠᠨᠤ 4︾᠂ ︽ᠰᠤᠷᠤᠯᠤ 4︾᠂ ︽ᠪᠠᠪᠤ 7︾᠂ ︽ᠠᠭᠠᠷ 15︾ ᠁ ᠵᠡᠷᠭᠡ ᠡᠮ ᠤᠳ ᠨᠢ ᠡᠪᠡᠳᠴᠢᠨ ᠬᠠᠯᠳᠠᠪᠤᠷᠢᠯᠠᠯ ᠢ ᠰᠡᠷᠭᠡᠶᠢᠯᠡᠵᠦ ᠴᠢᠳᠠᠳᠠᠭ ᠪᠠᠶᠢᠪᠠ᠃ ᠤᠨᠴᠠᠭᠠᠢ ᠠᠩᠬᠠᠷᠣᠭᠤᠯᠬᠤ ᠨᠢ ᠳᠡᠭᠡᠷ᠎ᠡ ᠲᠤᠷᠠᠳᠤᠭᠰᠠᠨ ᠮᠤᠩᠭᠤᠯ ᠡᠮ ᠤᠳ ᠢ ᠭᠡᠷᠡᠭᠯᠡᠭᠦ ᠳᠡᠭᠡᠨ ᠡᠮᠴᠢ ᠶᠢᠨ ᠭᠢᠨᠠᠯᠲᠠ ᠳᠤᠤᠷ᠎ᠠ ᠠᠪᠴᠦ ᠭᠡᠷᠡᠭᠯᠡᠭᠦ ᠭᠡᠷᠡᠭᠲᠡᠢ᠃   ᠠᠳᠡ ᠪᠢᠴᠢᠵᠦ ᠪᠠᠶᠢᠭ᠎ᠠ ᠵᠤᠷ ᠨᠢ ᠪᠦᠷᠢᠨ ᠭᠦᠢᠴᠡᠳ ᠦᠭᠡᠢ ᠭᠡᠳᠡᠭ ᠢᠶᠠᠨ ᠲᠤᠲᠤᠷᠬᠠᠶᠢᠯᠠᠶ᠎ᠠ᠃      ᠮᠤᠩᠭᠤᠯ ᠲᠦᠮᠡᠨ ᠮᠢᠨᠢ ᠤᠳᠤᠮᠰᠢᠯᠲᠤ ᠬᠠᠯᠳᠠᠪᠤᠷᠢᠲᠤ ᠡᠪᠡᠳᠴᠢᠨ ᠢ ᠰᠡᠷᠭᠡᠶᠢᠯᠡᠭᠦ ᠠᠷᠭ᠎ᠠ ᠲᠤᠷᠰᠢᠯᠭ᠎ᠠ ᠶᠢ ᠠᠮᠢᠳᠤᠷᠠᠯ ᠤᠨ ᠳᠤᠮᠳᠠ ᠪᠠᠨ ᠢᠯᠡᠬᠦᠬᠡᠨ ᠭᠡᠷᠡᠭᠯᠡᠵᠦ᠂ ᠴᠢᠨᠠᠭᠰᠢᠳᠠ ᠤᠯᠠᠮᠵᠢᠯᠠᠨ ᠳᠡᠯᠭᠡᠷᠡᠭᠦᠯᠬᠦ ᠪᠤᠯᠲᠤᠭᠠᠢ︕                                              ᠵᠣᠬᠢᠶᠠᠭᠴᠢ᠄  ᠲᠦᠯᠭᠡᠴᠢᠨ ᠪᠤᠶᠠᠠᠭᠡᠰᠢᠭ
 
ᠢᠷᠡᠯᠲᠡ᠄ ᠤᠷᠳᠤᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号