ᠠᠯᠠᠱᠠ ᠨᠤᠳᠤᠭ ᠤᠨ ᠡᠪᠴᠢᠬᠦᠨ ᠰᠤᠶᠤᠯ
ᠨᠡᠶᠢᠲᠡᠯᠡᠭᠰᠡᠨ ᠴᠠᠭ᠄
2019/9/24
ᠴ᠊ · ᠰᠠᠷᠠᠨ᠎ᠠ ᠡᠪᠴᠢᠬᠦᠤ ᠵᠦᠰᠤᠵᠤ ᠪᠠᠶᠢᠨ᠎ᠠ᠃ ︵ᠡᠷᠳᠠᠨᠢᠴᠡᠴᠡᠭ ᠰᠠᠬᠦᠳᠠᠷᠯᠠᠪᠠ︶    
 ᠴᠢᠨᠠᠭᠰᠠᠨ ᠡᠪᠴᠢᠬᠦᠤ᠃ ︵ᠡᠷᠳᠠᠨᠢᠴᠡᠴᠡᠭ ᠰᠠᠬᠦᠳᠠᠷᠯᠠᠪᠠ︶
 
           ᠡᠪᠴᠢᠬᠦᠦ ᠪᠤᠯ ᠡᠮᠡᠭᠳᠡᠢ ᠬᠥᠮᠦᠨ ᠤ ᠬᠥᠨᠳᠤ ᠶᠢᠨ ᠬᠤᠭᠤᠯᠠ ᠮᠥᠨ᠂ ᠶᠡᠷᠦ ᠨᠢ ᠤᠭᠤᠴᠠ ᠲᠠᠢ ᠠᠳᠠᠯᠢ ᠪᠠᠷ ᠬᠥᠨᠳᠤᠯᠡᠳᠡᠭ ᠮᠠᠠ ᠤ ᠠᠯᠠᠱᠠ ᠨᠤᠳᠤᠭ ᠢᠶᠠᠷ ᠥᠷᠭᠡᠨ ᠳᠡᠯᠭᠡᠷᠡᠵᠤ ᠤᠯᠠᠮᠵᠢᠯᠠᠬᠳᠠᠬᠰᠠᠠ ᠵᠠᠩ ᠤᠶᠢᠯᠠ ᠪᠠᠶᠢᠵᠤ᠂ ᠤᠳᠤ ᠪᠤᠯᠳᠠᠯ᠎ᠠ ᠥᠪᠤᠷ ᠮᠤᠩᠭᠤᠯ ᠳᠠᠭᠠᠨ ᠬᠠᠮᠤᠭ ᠠᠴᠠ ᠢᠯᠡᠬᠦᠦ ᠬᠥᠨᠳᠤᠯᠠᠵᠤ ᠤᠯᠠᠮᠵᠢᠯᠠᠵᠤ ᠪᠠᠶᠢᠭ᠎ᠠ ᠰᠤᠶᠤᠯ ᠪᠢᠯᠡ᠃ ᠪᠢᠳᠡᠨ ᠤ ᠢᠳᠡᠵᠤ ᠪᠠᠶᠢᠭ᠎ᠠ ᠤᠯᠠᠭᠠᠨ ᠢᠳᠡᠭᠡᠨ ᠪᠤᠯᠬᠤ ᠡᠪᠴᠢᠬᠦᠦ ᠶᠢᠨ ᠰᠤᠶᠤᠯ ᠨᠢ ᠤᠳᠤ ᠪᠤᠯᠬᠤ ᠳᠤ ᠭᠡᠭᠡᠭᠳᠡᠵᠤ ᠤᠷᠬᠢᠬᠳᠠᠬᠤ ᠳᠡᠰᠢ ᠪᠠᠨ ᠬᠠᠨᠳᠤᠵᠤ ᠪᠠᠶᠢᠭ᠎ᠠ ᠡᠨᠡ ᠪᠠᠴᠢᠮ ᠴᠠᠭ ᠥᠶ᠎ᠡ ᠳᠤ᠂ ᠡᠪᠴᠢᠬᠦᠨ ᠤ ᠰᠤᠶᠤᠯ ᠤᠨ ᠲᠥᠯᠦᠭᠡ ᠵᠢᠳᠬᠦᠨ ᠴᠢᠷᠮᠠᠶᠢᠵᠤ ᠪᠠᠶᠢᠭ᠎ᠠ ᠴ᠊ · ᠰᠠᠷᠠᠨ᠎ᠠ ᠪᠠᠭᠰᠢ ᠠᠴᠠ ᠡᠪᠴᠢᠬᠦᠨ ᠰᠤᠶᠤᠯ ᠤᠨ ᠲᠤᠬᠠᠢ ᠰᠤᠷᠪᠤᠯᠵᠢᠯᠠᠭ᠎ᠠ ᠠᠪᠤᠬᠰᠠᠠ ᠪᠢᠯᠡ᠃       ᠴ᠊ · ᠰᠠᠷᠠᠨ᠎ᠠ ᠠᠯᠠᠱᠠ ᠵᠡᠬᠦᠨ ᠬᠤᠰᠢᠭᠤᠨ ᠤ ᠢᠡᠭᠭᠡᠨ ᠰᠤᠮᠤᠨ ᠳᠤ ᠨᠤᠳᠤᠬᠳᠠᠢ᠂ ᠠᠯᠠᠱᠠ ᠮᠤᠩᠭᠤᠯ ᠥᠨᠳᠦᠰᠦᠳᠡᠨ ᠤ ᠪᠤᠷᠢᠨ ᠲᠤᠮᠳᠠᠳᠤ ᠰᠤᠷᠭᠠᠭᠤᠯᠢ ᠶᠢᠨ ᠳᠡᠭᠡᠳᠤ ᠳᠡᠰ ᠤᠨ ᠪᠠᠭᠰᠢ᠂ ᠠᠮᠠᠨ ᠵᠤᠬᠢᠶᠠᠯ ᠴᠤᠬᠯᠠᠭᠤᠯᠤᠬᠴᠢ᠃ ᠴ᠊ · ᠰᠠᠷᠠᠨ᠎ᠠ ᠰᠤᠷᠪᠤᠯᠵᠢᠯᠠᠬᠴᠢ ᠳᠤ᠄ ︽ᠪᠢ ᠨᠠᠶᠠᠭᠠᠳ ᠤᠨ ᠳᠤ ᠪᠠᠷᠠᠭᠤᠨ ᠬᠤᠰᠢᠭᠤᠨ ᠳᠤ ᠠᠶᠢᠯ ᠪᠤᠯᠵᠤ ᠤᠴᠢᠬᠤ ᠲᠡᠷᠡ ᠥᠶ᠎ᠡ ᠠᠴᠠ ᠡᠬᠢᠯᠡᠵᠤ ᠡᠪᠴᠢᠬᠦᠨ ᠰᠤᠶᠤᠯ ᠳᠤ ᠠᠩᠬ᠎ᠠ ᠠᠯᠬᠤᠮ ᠤᠨ ᠤᠶᠢᠯᠠᠭᠠᠯᠳᠠ ᠲᠠᠢ ᠪᠤᠯᠵᠤ᠂ ᠬᠠᠳᠠᠮ ᠡᠵᠢ ᠪᠠᠷ ᠢᠶᠠᠨ ᠵᠢᠭᠠᠯᠭᠠᠨ ᠥᠪᠡᠷ ᠤᠨ ᠭᠠᠷ ᠢᠶᠠᠷ ᠢᠶᠠᠨ ᠵᠥᠰᠦᠵᠤ ᠰᠤᠷᠤᠬᠰᠠᠠ ᠶᠤᠮ᠃ ᠰᠡᠬᠦᠯ ᠳᠤᠨᠢ ᠥᠪᠡᠷ ᠢᠶᠠᠨ ᠵᠠᠩ ᠠᠭᠠᠯᠢ ᠶᠢᠨ ᠲᠤᠬᠠᠢ ᠰᠤᠳᠤᠯᠤᠯ ᠬᠢᠵᠤ ᠡᠪᠴᠢᠬᠦᠨ ᠤ ᠰᠤᠶᠤᠯ ᠤᠨ ᠥᠬᠦᠯᠡᠯᠭᠡ ᠪᠢᠴᠢᠭᠰᠡᠡ︾ ᠬᠡᠵᠤ ᠶᠠᠷᠢᠪᠠ᠃       ᠲᠠᠷᠠ ᠮᠠᠨᠢ ᠡᠪᠴᠢᠬᠦᠨ ᠰᠤᠶᠤᠯ ᠤᠨ ᠲᠤᠬᠠᠢ ᠠᠯᠠᠱᠠ ᠪᠠᠷᠠᠭᠤᠨ ᠬᠤᠰᠢᠭᠤ᠂ ᠡᠵᠡᠨ᠎ᠠ ᠬᠤᠰᠢᠭᠤ᠂ ᠠᠯᠠᠱᠠ ᠵᠡᠬᠦᠨ ᠬᠤᠰᠢᠭᠤ ᠵᠡᠷᠭᠡ ᠨᠤᠳᠤᠭ ᠢᠶᠠᠷ ᠳᠠᠪᠢᠭᠠᠳ ᠥᠨᠳᠦᠷ ᠨᠠᠰᠤᠳᠠᠢ ᠪᠤᠭᠤᠷᠤᠯᠴᠤᠳ᠂ ᠠᠬᠠᠮᠠᠳ ᠲᠤᠮᠤᠭᠠᠳᠠᠠ ᠠᠴᠠ ᠨᠠᠷᠢᠨ ᠲᠤᠳᠤ ᠰᠤᠷᠪᠤᠯᠵᠢᠯᠠᠭ᠎ᠠ ᠠᠪᠴᠤ ᠮᠠᠲ᠋ᠧᠷᠢᠶᠠᠯ ᠪᠤᠯᠭᠠᠠ ᠡᠮᠭᠢᠳᠭᠡᠭᠰᠠᠠ ᠠᠵᠢ᠃            ᠡᠪᠴᠢᠬᠦᠦ ᠠᠪᠬᠤ ᠶᠤᠰᠤ           ᠮᠤᠩᠭᠤᠯᠴᠤᠳ ᠮᠠᠯ ᠨᠢᠳᠤᠯᠠᠵᠤ ᠵᠠᠷᠤᠬᠤ ᠳᠠᠭᠠᠨ ᠶᠠᠭᠤᠨ ᠤ ᠤᠷᠢᠳ ᠡᠪᠴᠢᠬᠦᠨ ᠠᠴᠠ ᠡᠬᠢᠯᠡᠳᠡᠭ᠃ ᠡᠪᠴᠢᠬᠦᠦ ᠶᠢ ᠠᠪᠬᠤ ᠳᠠᠭᠠᠨ ᠥᠪᠡᠷ ᠤᠨ ᠭᠡᠷᠡᠭᠴᠡᠭᠡ ᠪᠠᠨ ᠥᠨᠳᠦᠰᠦᠯᠡᠡ᠂ ᠬᠤᠷᠮᠤᠢ ᠲᠠᠢ᠂ ᠬᠤᠷᠮᠤᠢ ᠥᠬᠡᠢ ᠬᠡᠬᠦ ᠮᠡᠳᠤ ᠶᠢᠨ ᠶᠠᠩᠵᠤ ᠪᠠᠷ ᠠᠪᠳᠠᠬ᠃ ᠬᠤᠷᠮᠤᠢ ᠲᠠᠢ ᠡᠪᠴᠢᠬᠦᠦ ᠶᠢ ᠠᠪᠬᠤ ᠳᠠᠭᠠᠨ ᠵᠥᠪ ᠭᠠᠷ ᠲᠠᠯ᠎ᠡ ᠠᠴᠠ ᠪᠠᠨ ᠳᠠᠭᠠᠭᠤᠯᠤᠨ ᠡᠪᠴᠢᠬᠦᠦ ᠶᠢᠨ ᠪᠥᠳᠦᠷᠬᠡᠢ ᠶᠢᠨ ᠳᠡᠭᠡᠷ᠎ᠠ ᠠᠴᠠ ᠬᠠᠪᠢᠷᠭᠠᠠ ᠤ ᠲᠤᠯᠤᠭᠠᠢ ᠶᠢ ᠳᠠᠭᠠᠷᠢᠭᠤᠯᠤᠨ ᠰᠥᠪᠡᠭᠡᠨ ᠤ ᠭᠤᠷᠪᠠᠨ ᠬᠠᠪᠢᠷᠭ᠎ᠠ ᠬᠥᠷᠳᠡᠯ᠎ᠠ ᠡᠰᠭᠡᠨ ᠠᠪᠴᠤ᠂ ᠵᠥᠪ ᠭᠠᠷ ᠲᠠᠯ᠎ᠠ ᠪᠠᠨ ᠰᠠᠯᠭᠠᠵᠤ ᠪᠠᠷᠠᠭᠰᠠᠠ ᠤ ᠳᠠᠷᠠᠭ᠎ᠠ ᠡᠪᠴᠢᠬᠦᠦ ᠪᠠᠨ ᠳᠡᠭᠡᠭᠰᠢ ᠪᠠᠨ ᠳᠠᠳᠠᠵᠤ᠂ ᠰᠤᠯᠤᠭᠠᠢ ᠭᠠᠷ ᠲᠠᠯ᠎ᠠ ᠪᠠᠨ ᠪᠥᠳᠦᠷᠭᠡᠢ ᠠᠴᠠ ᠮᠥᠨ ᠰᠥᠪᠡᠭᠡᠨ ᠤ ᠭᠤᠷᠪᠠᠨ ᠬᠠᠪᠢᠷᠭ᠎ᠠ ᠬᠥᠷᠳᠡᠯ᠎ᠠ ᠲᠤᠳᠤᠷ᠎ᠠ ᠲᠠᠯ᠎ᠠ ᠠᠴᠠ ᠨᠢ ᠡᠰᠭᠡᠵᠤ᠂ ᠥᠷᠤᠴᠡ ᠶᠢᠨ ᠬᠤᠷᠮᠤᠢ ᠶᠢᠨ ᠮᠢᠬ᠎ᠠ ᠶᠢ ᠨᠢ ᠴᠥᠮ ᠡᠪᠴᠢᠬᠦᠨ ᠳᠤ ᠭᠠᠷᠭᠠᠠ ᠥᠯᠡᠳᠡᠭᠡᠳᠡᠭ᠃ ᠬᠤᠷᠮᠤᠢ ᠥᠬᠡᠢ ᠡᠪᠴᠢᠬᠦᠤ ᠶᠢ ᠪᠤᠯ ᠴᠠᠷ᠎ᠠ ᠠᠴᠠ ᠡᠭᠴᠡ ᠤᠷᠤᠭᠤ ᠤᠬᠳᠤᠯᠵᠤ ᠠᠪᠳᠠᠬ᠃ ᠠᠯᠠᠱᠠᠴᠤᠳ ᠬᠤᠷᠮᠤᠢ ᠲᠠᠢ ᠡᠪᠴᠢᠬᠦᠦ ᠠᠪᠳᠠᠬ ᠵᠠᠩᠰᠢᠯ ᠲᠠᠢ᠃            ᠡᠪᠴᠢᠬᠦᠦ ᠳᠠᠯᠪᠢᠬᠤ ᠵᠤᠷᠢᠭᠤᠯᠤᠯᠳᠠ            ᠡᠪᠴᠢᠬᠦᠦ ᠶᠢ ᠬᠠᠷᠢ ᠳᠤ ᠮᠤᠷᠳᠠᠬᠤ ᠬᠡᠤᠭᠡᠨ ᠳᠤ ᠳᠠᠯᠪᠢᠬᠤ᠂ ᠲᠥᠷᠬᠦᠮᠴᠢᠯᠠᠵᠤ ᠢᠷᠡᠭᠰᠡᠡ ᠬᠡᠤᠭᠡᠨ ᠳᠤ ᠳᠠᠯᠪᠢᠬᠤ᠂ ᠪᠥᠰᠡᠬᠦᠢ ᠵᠤᠴᠢᠳ ᠲᠤ ᠳᠠᠯᠪᠢᠬᠤ ᠬᠡᠬᠦ ᠮᠡᠳᠤ ᠪᠠᠶᠢᠳᠠᠭ᠃ ᠠᠯᠠᠱᠠ ᠨᠤᠳᠤᠭ ᠲᠤ ᠬᠡᠤᠭᠡᠨ ᠢᠶᠠᠨ ᠬᠠᠷᠢᠯᠠᠪᠠᠯ ᠠᠪᠤ ᠡᠵᠢ ᠠᠴᠠ ᠪᠠᠨ ᠰᠠᠯᠵᠤ ᠬᠥᠮᠦᠨ ᠤ ᠭᠠᠵᠠᠷ ᠤᠴᠢᠵᠤ᠂ ᠬᠠᠳᠠᠮ ᠬᠠᠨᠢ ᠨᠥᠬᠦᠷ ᠲᠠᠢ ᠪᠠᠨ ᠡᠯᠢᠭᠡᠨ ᠲᠤᠳᠤᠨᠤ ᠪᠠᠶᠠᠨ ᠴᠢᠨᠡᠭᠡᠯᠢᠭ ᠠᠮᠢᠳᠤᠷᠠᠬᠤ ᠶᠢ ᠪᠠᠯᠭᠡᠰᠢᠶᠠᠨ ᠬᠤᠶᠠᠷ ᠪᠡᠷᠭᠡᠨ ᠲᠠᠢ ᠭᠤᠷᠪᠠᠭᠤᠯᠠ ᠢᠳᠡᠳᠡᠭ᠃ ᠭᠡᠬᠦ ᠳᠡᠭᠡᠨ ᠰᠠᠯᠠᠭᠠᠭᠤᠳ ᠤᠨ ᠳᠡᠭᠡᠵᠢ ᠪᠠᠷᠢᠬᠰᠠᠠ ᠤ ᠳᠠᠷᠠᠭ᠎ᠠ ᠬᠡᠤᠭᠡᠨ ᠤ ᠠᠪᠤ ᠡᠵᠢ ᠨᠢ ᠭᠡᠤᠭᠡᠨ ᠤ ᠭᠡᠷ ᠲᠤ ᠢᠷᠠᠵᠤ ᠡᠪᠴᠢᠬᠦᠦ ᠳᠠᠯᠪᠢᠨ ᠬᠠᠮᠳᠤᠪᠠᠷ ᠢᠶᠠᠨ ᠡᠪᠴᠢᠬᠦᠦ ᠠᠮᠰᠠᠭᠠᠳ ᠭᠡᠤᠭᠡᠨ ᠢᠶᠠᠨ ᠮᠤᠷᠳᠠᠭᠤᠯᠳᠠᠭ᠃                      ᠲᠥᠷᠬᠦᠮᠴᠢᠯᠡᠵᠤ ᠢᠷᠡᠭᠰᠡᠡ ᠬᠡᠤᠭᠡᠨ ᠳᠤ ᠳᠠᠯᠪᠢᠬᠤ            ᠥᠡᠭᠭᠡᠷᠡᠭᠰᠡᠡ ᠳᠤ ᠬᠠᠷᠢ ᠳᠤ ᠬᠤᠯᠠ ᠮᠤᠷᠳᠠᠬᠰᠠᠠ ᠭᠡᠤᠭᠡᠨ ᠨᠢ ᠬᠡᠳᠦᠨ ᠵᠢᠯ ᠪᠤᠯᠤᠭᠠᠳ ᠰᠠᠶ᠋ᠢ ᠭᠡᠷ ᠲᠡᠭᠡᠨ ᠵᠤᠯᠭᠠᠵᠤ ᠢᠷᠡᠬᠦ ᠳᠤ᠂ ᠭᠡᠤᠭᠡᠨ ᠳᠡᠭᠡᠨ ᠡᠪᠴᠢᠬᠦᠦ ᠳᠠᠯᠪᠢᠨ ᠬᠥᠨᠳᠤᠯᠡᠳᠡᠭ᠃ ᠵᠠᠷᠢᠮ ᠭᠠᠵᠠᠷ ᠲᠤ ᠤᠳᠠᠭᠠᠠ ᠵᠢᠯ ᠡᠵᠢ ᠳᠡᠭᠡᠨ ᠠᠭᠤᠯᠵᠠᠭ᠎ᠠ ᠥᠬᠡᠢ ᠬᠡᠤᠭᠡᠨ ᠨᠢ ᠡᠪᠴᠢᠬᠦᠦ ᠭᠠᠨᠵᠤᠭᠠᠯᠠᠵᠤ ᠠᠪᠴᠢᠷᠠᠵᠤ ᠥᠭᠳᠡᠭ ᠶᠤᠰᠤ ᠴᠤ ᠪᠤᠢ᠃ ᠭᠡᠷ ᠵᠠᠭᠤᠷ᠎ᠠ ᠪᠠᠨ ᠳᠠᠯᠪᠢᠬᠤ ᠡᠪᠴᠢᠬᠦᠦ ᠶᠢ ᠵᠥᠰᠦᠬᠦ ᠳᠤ 15 ᠨᠠᠰᠤ ᠬᠥᠷᠦᠭᠰᠡᠡ ᠬᠡᠤᠭᠡᠨ ᠨᠢ ᠡᠪᠴᠢᠬᠦᠦ ᠵᠥᠰᠦᠬᠦ ᠶᠢ ᠰᠤᠷᠬᠤ ᠶᠢᠨ ᠲᠥᠯᠦᠭᠡ ᠵᠥᠰᠤᠵᠤ ᠪᠤᠯᠳᠠᠬ᠃ ᠬᠤᠷᠢᠮ ᠤᠨ ᠡᠪᠴᠢᠬᠦᠦ ᠶᠢ ᠬᠠᠷᠢᠯᠴᠠᠨ ᠵᠤᠴᠢᠨ ᠲᠠᠯ᠎ᠠ ᠨᠢ ᠵᠥᠰᠦᠳᠡᠭ᠃            ᠡᠪᠴᠢᠬᠦᠦ ᠵᠥᠰᠦᠯᠭᠡ       1. ᠡᠪᠴᠢᠬᠦᠦ ᠶᠢ ᠠᠶᠢᠯ ᠪᠤᠯᠤᠬᠰᠠᠠ ᠬᠥᠮᠦᠨ ᠵᠦᠰᠦᠳᠡᠭ᠂ ᠬᠡᠬᠦ ᠳᠡᠭᠡᠨ ᠨᠠᠰᠤ ᠪᠠᠷ ᠬᠠᠮᠤᠭ ᠤᠨ ᠪᠠᠭ᠎ᠠ ᠪᠤᠶᠤ ᠰᠢᠨ᠎ᠡ ᠪᠠᠷᠢ ᠵᠥᠰᠦᠬᠦ ᠶᠤᠰᠤᠳᠠᠢ᠃ ᠵᠠᠷᠢᠮ ᠭᠠᠵᠠᠷ ᠲᠤ ᠨᠠᠰᠤ ᠠᠬᠠᠮᠠᠳ ᠪᠥᠰᠡᠬᠦᠢ ᠬᠢᠳᠤᠭᠠᠠ ᠳᠤ ᠭᠠᠷ ᠬᠥᠷᠴᠢᠭᠡᠭᠡᠳ ᠵᠠᠯᠠᠭᠤ ᠪᠠᠷᠢ ᠳᠤ ᠥᠭᠴᠤ ᠡᠪᠴᠢᠬᠦᠦ ᠵᠥᠰᠦᠬᠦᠯᠳᠡᠭ᠃       2 . ᠭᠠᠯ ᠲᠠᠬᠢᠯᠭ᠎ᠠ ᠶᠢᠨ ᠡᠪᠴᠢᠬᠦᠦ ᠶᠢ ᠭᠡᠷ ᠤᠨ ᠡᠵᠡᠭᠳᠡᠢ ᠵᠥᠰᠦᠨ᠎ᠠ᠃            ᠡᠪᠴᠢᠬᠦᠦ ᠶᠢᠨ ᠲᠥᠷᠦᠯ ᠠᠩᠬᠢᠯᠠᠯ           ᠨᠠᠶᠢᠷ ᠤᠨ ᠡᠪᠴᠢᠬᠦᠦ ᠳᠠᠯᠪᠢᠬᠤ ᠶᠤᠰᠤ᠄ ᠡᠪᠴᠢᠬᠦᠦ ᠳᠠᠯᠪᠢᠬᠤ ᠳᠤ ᠮᠠᠯ ᠤᠨ ᠪᠡᠶ᠎ᠡ ᠳᠤ ᠪᠠᠶᠢᠳᠠᠭ ᠬᠡᠯᠪᠡᠷᠢ ᠪᠠᠷ ᠨᠢ ᠳᠡᠭᠡᠭᠰᠢ ᠬᠠᠨᠳᠤᠭᠤᠯᠤᠨ᠂ ᠬᠤᠰᠢᠭᠤ ᠲᠠᠯ᠎ᠠ ᠶᠢ ᠨᠢ ᠵᠤᠴᠢᠳ ᠤᠨ ᠵᠥᠭ ᠭᠡᠷ ᠤᠨ ᠬᠤᠶᠢᠮᠤᠷ ᠳᠡᠰᠢ ᠬᠠᠨᠳᠤᠭᠤᠯᠤᠨ᠂ ᠲᠤᠳᠤᠷ᠎ᠠ ᠨᠢ ᠲᠥᠷᠪᠡᠨ ᠥᠨᠳᠦᠷ ᠳᠠᠯᠪᠢᠵᠤ᠂ ᠬᠤᠷᠮᠤᠢ ᠶᠢ ᠨᠢ ᠳᠡᠭᠡᠭᠰᠢ ᠨᠢ ᠨᠤᠭᠤᠯᠳᠠᠬ᠃ ᠲᠥᠷᠪᠡᠨ ᠥᠨᠳᠦᠷ ᠲᠠᠢ ᠪᠤᠯ ᠡᠪᠴᠢᠬᠦᠦ ᠳᠠᠯᠪᠢᠵᠤ ᠪᠠᠶᠢᠭᠠᠳ ᠵᠠᠬᠦᠨ ᠭᠠᠷ ᠲᠠᠯ᠎ᠠ ᠤᠷᠤᠭᠤ ᠪᠠᠨ ᠬᠥᠮᠦᠷᠢᠭᠡᠳ᠂ ᠵᠥᠪ ᠲᠠᠯ᠎ᠠ ᠠᠴᠠ ᠨᠢ ᠨᠢᠭᠡ ᠵᠦᠰᠦᠮ ᠤᠬᠳᠤᠯᠤᠨ᠎ᠠ᠃ ᠳᠠᠷᠠᠭ᠎ᠠ ᠨᠢ ᠭᠤᠤᠯ ᠠᠴᠠ ᠨᠢ ᠨᠢᠭᠡ ᠭᠡᠷᠴᠢᠮ ᠬᠠᠯᠢᠮᠠᠯᠠᠨ᠎ᠠ᠃ ᠳᠡᠬᠢᠨ ᠪᠤᠷᠤᠭᠤ ᠳᠠᠯ᠎ᠠ ᠠᠴᠠ ᠨᠢ ᠮᠥᠨ ᠨᠢᠭᠡ ᠵᠥᠰᠦᠭᠡᠳ ᠡᠪᠴᠢᠬᠦᠦ ᠪᠠᠨ ᠪᠤᠴᠠᠭᠠᠠ ᠪᠠᠷᠠᠭᠤᠨ ᠳᠡᠰᠢ ᠨᠢ ᠡᠷᠬᠢᠬᠦᠯᠦᠭᠡᠳ ᠤᠤᠯ ᠤᠨ ᠶᠠᠩᠵᠤᠨ ᠳᠤᠨᠢ ᠥᠭᠡᠳᠡ ᠨᠢ ᠬᠠᠨᠳᠤᠭᠤᠯᠤᠨ ᠡᠪᠭᠡᠭᠡᠳᠡᠢ ᠬᠤᠷᠮᠤᠢ ᠶᠢ ᠨᠢ ᠳᠡᠨᠢᠢᠯᠭᠡᠵᠤ ᠨᠢᠭᠡ ᠪᠤᠶᠤ ᠭᠤᠷᠪᠠ ᠲᠤᠷᠤᠬᠰᠢ ᠨᠢ ᠰᠡᠳᠠᠯᠤᠯ ᠥᠬᠡᠢ ᠵᠦᠰᠦᠨ᠎ᠠ᠃ ᠬᠡᠬᠦ ᠳᠡᠭᠡᠨ ᠤᠷᠢᠳᠠᠪᠠᠷ ᠵᠥᠪ ᠲᠠᠯ᠎ᠠ ᠠᠴᠠ ᠨᠢ ᠨᠢᠭᠡ ᠵᠦᠰᠦᠨ᠎ᠠ᠃ ᠳᠠᠬᠢᠭᠠᠳ ᠪᠠᠷᠠᠭᠤᠨ ᠲᠠᠯ᠎ᠠ ᠠᠴᠠ ᠨᠢ ᠵᠥᠰᠦᠵᠤ ᠬᠠᠮᠤᠭ ᠤᠨ ᠰᠡᠬᠦᠯ ᠳᠤ ᠦᠷᠦᠴᠡᠯᠡᠭᠰᠡᠠ ᠠᠩᠭᠠᠷᠬᠠᠢ ᠪᠠᠷ ᠲᠤᠷᠤᠬᠰᠢ ᠨᠢ ᠵᠥᠰᠦᠨ᠎ᠠ᠃ ᠢᠩᠬᠢᠵᠤ ᠵᠥᠰᠤᠵᠤ ᠪᠠᠷᠠᠭᠠᠳ ᠲᠥᠷᠪᠡᠨ ᠥᠨᠳᠦᠷ ᠢᠶᠠᠨ ᠡᠪᠴᠢᠬᠦᠨ ᠲᠤᠳᠤᠷ᠎ᠠ ᠤᠤᠯ ᠶᠤᠰᠤᠭᠠᠷ ᠨᠢ ᠳᠠᠯᠪᠢᠵᠤ᠂ ᠳᠡᠭᠡᠷ᠎ᠠ ᠨᠢ ᠵᠥᠰᠦᠮ ᠤᠳ ᠢᠶᠠᠨ ︵ᠥᠷᠡᠵᠢᠬᠦᠯᠬᠦ ᠳᠡᠮᠳᠡᠭ ᠬᠡᠯᠪᠡᠷᠢᠳᠡᠢ ︶ ᠰᠠᠷᠠᠯᠵᠢᠯᠠᠭᠤᠯᠵᠤ ᠳᠠᠯᠪᠢᠨ᠎ᠠ᠃ ᠭᠤᠤᠯ ᠤᠨ ᠵᠥᠰᠦᠮ ᠢᠶᠠᠨ ᠤᠷᠳᠤᠰᠢ ᠨᠢ ᠲᠤᠬᠤᠵᠤ ᠳᠠᠯᠪᠢᠨ᠎ᠠ᠃ ᠢᠯᠡ ᠳᠠᠯᠪᠢᠬᠰᠠᠠ ᠡᠪᠴᠢᠬᠦᠦ ᠶᠢ ᠪᠤᠯ ᠬᠤᠶᠠᠷ ᠬᠠᠪᠢᠷᠭ᠎ᠠ ᠶᠢᠨ ᠬᠠᠮᠳᠤ ᠵᠥᠰᠤᠮ ᠠᠪᠴᠤ ᠤᠭᠤᠴᠠ ᠶᠢᠨ ᠳᠠᠪᠠᠭ ᠲᠤ ᠳᠠᠯᠪᠢᠭᠠᠳ ᠶᠠᠩ ᠢᠶᠠᠨ ᠬᠢᠳᠡᠭ᠃ ᠭᠡᠬᠦ ᠳᠤ ᠤᠭᠤᠴᠠᠠ ᠤ ᠲᠤᠤᠷ᠎ᠠ ᠪᠠᠶᠢᠬᠤ ᠡᠪᠴᠢᠬᠦᠦ ᠶᠢ ᠵᠥᠰᠤᠵᠤ ᠳᠠᠭᠤᠰᠤᠭᠠᠳ ᠤᠭ ᠶᠤᠰᠤᠭᠠᠷ ᠤᠭᠤᠴᠠᠠ ᠤ ᠲᠤᠤᠷ᠎ᠠ ᠳᠠᠯᠪᠢᠬᠰᠠᠠ ᠬᠤᠶᠢᠨ᠎ᠡ ᠶᠠᠩ ᠢᠶᠠᠨ ᠬᠢᠳᠡᠭ᠃            ᠭᠠᠯ ᠲᠠᠬᠢᠯᠭ᠎ᠠ ᠶᠢᠨ ᠡᠪᠴᠢᠬᠦᠦ             ᠮᠤᠩᠭᠤᠯᠴᠤᠳ ᠭᠠᠯ ᠳᠠᠬᠢᠯᠭ᠎ᠠ ᠶᠢᠨ ᠶᠤᠰᠤ ᠪᠠᠨ ᠶᠡᠭᠡ ᠬᠥᠨᠳᠤᠯᠠᠠ ᠳᠡᠭᠡᠳᠤᠯᠡᠳᠡᠭ᠃ ︽ᠭᠥᠭᠵᠢ ᠬᠥᠭᠵᠢ ᠬᠥᠭᠡ ᠢᠮᠠᠭᠠᠠ ᠤ ᠡᠪᠴᠢᠬᠦᠦ ᠠᠰ ᠠᠰ ᠠᠯᠠᠭ ᠢᠮᠠᠭᠠᠠ ᠤ ᠡᠪᠴᠢᠬᠦᠦ︾ ᠪᠠᠷ ᠳᠠᠬᠢᠶ᠎ᠠ ᠬᠡᠵᠤ ᠬᠡᠯᠡᠳᠡᠭ᠃ ᠭᠠᠯ ᠳᠠᠬᠢᠯᠭ᠎ᠠ ᠶᠢᠨ ᠡᠪᠴᠢᠬᠦᠦ ᠨᠢ ᠡᠩ ᠤᠨ ᠡᠪᠴᠢᠬᠦᠦ ᠠᠴᠠ ᠢᠯᠭᠠᠬᠳᠠᠨ᠂ ᠡᠪᠴᠢᠬᠦᠦ ᠵᠠᠰᠠᠵᠤ ᠴᠢᠮᠡᠬᠦ ᠳᠤ ᠤᠯᠠᠠ ᠵᠦᠢᠯ ᠤᠨ ᠶᠤᠰᠤ ᠪᠠᠶᠢᠳᠠᠬ᠃ ᠬᠤᠶᠠᠷ ᠬᠠᠵᠠᠭᠤ ᠭᠡᠷᠰᠡᠭ ᠢ ᠨᠢ ᠵᠥᠰᠤᠵᠤ᠂ ᠬᠤᠷᠮᠤᠢ ᠶᠢ ᠨᠢ ᠲᠤᠳᠤᠷ᠎ᠠ ᠲᠠᠯ᠎ᠠ ᠠᠴᠠ ᠨᠢ ᠲᠤᠭᠤᠢᠢᠯᠡᠡ ᠠᠪᠤᠭᠠᠳ ᠬᠤᠶᠠᠷ ᠬᠤᠷᠤᠭᠤ ᠬᠢᠷᠢᠳᠠᠢ ᠨᠠᠷᠢᠨ ᠴᠠᠭᠠᠷᠢᠭ ᠥᠯᠡᠳᠡᠭᠡᠭᠡᠳ ᠪᠥᠳᠦᠷᠭᠡᠢ ᠠᠴᠠ ᠨᠢ ᠡᠯᠬᠦᠵᠤ ᠳᠠᠯᠪᠢᠨ᠎ᠠ᠃ ᠵᠥᠰᠤᠮ ᠢᠶᠠᠨ ᠲᠥᠷᠪᠡᠯᠵᠢᠨ ᠪᠤᠶᠤ ᠨᠠᠷᠢᠨ ᠤᠷᠳᠤ ᠵᠥᠰᠤᠮ ᠵᠥᠰᠦᠵᠤ ᠳᠠᠬᠢᠯᠭ᠎ᠠ ᠶᠢᠨ ᠢᠳᠡᠭᠡᠨ ᠲᠠᠢ ᠬᠤᠯᠢᠳᠠᠬ᠃ ᠳᠠᠪᠤᠨ ᠥᠡᠭᠭᠡ ᠶᠢᠨ ᠲᠤᠷᠭ᠎ᠠ ᠲᠤᠷᠳᠤᠩ ᠢᠶᠠᠷ ᠴᠢᠮᠠᠠ ᠤᠷᠢᠶᠠᠵᠤ᠂ ᠬᠥᠪᠤᠩ ᠡᠴᠢᠯᠡᠵᠤ ᠤᠷᠢᠶᠠᠬᠤ᠂ ᠵᠠᠷᠢᠮ ᠭᠠᠵᠠᠷ ᠴᠠᠭᠠᠨ ᠥᠡᠭᠭᠡ ᠶᠢᠨ ᠬᠥᠪᠤᠩ ᠤᠳᠠᠰᠤ ᠪᠠᠷ ᠤᠷᠢᠶᠠᠳᠠᠭ᠃ ᠭᠡᠬᠦ ᠳᠡᠭᠡᠨ ᠤᠷᠢᠶᠠᠯᠳᠠ ᠶᠢᠨ ᠲᠤᠭ᠎ᠠ ᠭᠤᠷᠪᠠ ᠪᠠᠶᠢᠳᠠᠬ᠃ ᠳᠠᠷᠠᠭ᠎ᠠ ᠨᠢ ᠡᠪᠴᠢᠬᠦᠨ ᠤ ᠬᠤᠩᠬᠤᠷ ᠲᠤ ᠡᠯ᠎ᠡ ᠵᠦᠢᠯ ᠤᠨ ᠴᠠᠭᠠᠠ ᠢᠳᠡᠭᠡ᠂ ᠰᠢᠬᠢᠷ᠂ ᠴᠢᠪᠠᠭ᠎ᠠ ᠵᠡᠷᠭᠡ ᠬᠠᠮᠤᠭ ᠤᠨ ᠰᠠᠶᠢᠨ ᠢᠳᠡᠭᠡᠨ ᠤ ᠳᠡᠭᠡᠵᠢ ᠪᠠᠨ ᠲᠥᠬᠦᠷᠭᠡᠨ ᠳᠠᠯᠪᠢᠵᠤ᠂ ᠪᠥᠬᠦ ᠵᠢᠯ ᠳᠡᠭᠡᠨ ᠢᠳᠡᠭᠡᠨ ᠤᠮᠳᠠᠭᠠᠠ᠂ ᠡᠮᠦᠰᠭᠡᠯ ᠵᠡᠬᠦᠭᠡᠯ᠂ ᠵᠤᠭᠤᠰ ᠮᠥᠡᠭᠬᠦ ᠠᠯᠢᠪᠠ ᠪᠥᠬᠦᠨ ᠢᠶᠠᠷ ᠪᠠᠶᠠᠨ ᠴᠢᠨᠡᠭᠡᠯᠢᠭ ᠶᠠᠪᠤᠬᠤ ᠶᠢ ᠪᠡᠯᠭᠡᠳᠠᠨ ᠭᠠᠯ ᠤᠨ ᠪᠤᠷᠬᠠᠠ ᠳᠠᠭᠠᠨ ᠡᠷᠬᠦᠳᠡᠭ᠃   ᠪᠠᠰᠠ ᠵᠠᠷᠢᠮ ᠭᠠᠵᠠᠷ ᠨᠢ ᠡᠪᠴᠢᠬᠦᠨ ᠤ ᠲᠥᠷᠪᠡᠨ ᠲᠠᠯ᠎ᠠ ᠳᠤ ᠵᠠᠮᠪᠠ ᠪᠠᠷ ᠵᠤᠯᠠ ᠬᠢᠵᠤ᠂ ᠡᠪᠴᠢᠬᠦᠨ ᠤ ᠭᠤᠤᠯ ᠳᠤ ᠢᠮᠠᠭᠠᠠ ᠤ ᠨᠢᠷᠤᠭᠤᠨ ᠳᠡᠭᠡᠷ᠎ᠠ ᠵᠤᠯᠠ ᠳᠠᠯᠪᠢᠬᠰᠠᠠ ᠬᠡᠯᠪᠡᠷᠢᠳᠠᠢ ᠬᠢᠵᠤ᠂ ᠲᠥᠷᠪᠡᠨ ᠵᠥᠭ ᠨᠠᠢᠮᠠᠠ ᠵᠤᠪᠬᠢᠰ ᠤᠨ ᠭᠡᠰᠢᠭ ᠪᠤᠶᠠᠨ ᠢᠶᠠᠨ ᠬᠤᠷᠦ᠋ᠢᠯᠠᠵᠤ ᠪᠠᠶᠢᠬᠤ ᠶᠢ ᠢᠯᠡᠳᠭᠡᠳᠡᠭ᠃ ᠡᠪᠴᠢᠬᠦᠦ ᠪᠠᠨ ᠠᠯᠢ ᠨᠠᠷᠢᠨ ᠤᠯᠠᠠ ᠵᠥᠰᠦᠪᠠᠯ ᠳᠡᠳᠤᠢ ᠰᠠᠶᠢᠨ ᠪᠠᠶᠢᠳᠠᠬ᠃         ᠬᠤᠷᠢᠮ ᠤᠨ ᠡᠪᠴᠢᠬᠦᠦ             ᠬᠤᠷᠢᠮ ᠤᠨ ᠡᠪᠴᠢᠬᠦᠨ ᠤ ᠶᠤᠰᠤᠨ ᠳᠤ᠂ ᠡᠪᠴᠢᠬᠦᠦ ᠶᠢ ᠲᠤᠳᠠᠭᠤ ᠪᠤᠯᠭᠠᠬᠤ ᠶᠢ ᠴᠡᠭᠡᠷᠯᠡᠳᠡᠭ᠃ ᠬᠤᠷᠢᠮ ᠤᠨ ᠡᠪᠴᠢᠬᠦᠦ ᠶᠢ ᠵᠥᠰᠦᠬᠦ ᠳᠤ ᠬᠤᠷᠮᠤᠢ ᠶᠢ ᠨᠢ ᠲᠤᠷᠤᠬᠰᠢ ᠪᠠᠨ ᠨᠢᠭᠡ ᠪᠤᠶᠤ ᠭᠤᠷᠪᠠ ᠰᠡᠳᠡᠯᠵᠤ ᠵᠥᠰᠦᠳᠡᠭ᠃ ᠡᠨᠡ ᠨᠢ ᠳᠠᠬᠢᠵᠤ ᠬᠤᠷᠢᠮᠯᠠᠬᠤ ᠶᠢ ᠲᠠᠰᠤ ᠴᠡᠭᠡᠷᠯᠡᠵᠤ᠂ ᠰᠢᠨ᠎ᠡ ᠬᠤᠤᠰ ᠢ ᠥᠳᠡᠯᠳᠡᠯ᠎ᠠ ᠵᠢᠷᠭᠠᠰᠡᠢ ᠭᠡᠵᠤ ᠪᠡᠯᠬᠡᠰᠢᠶᠠᠵᠤ ᠪᠠᠶᠢᠭ᠎ᠠ ᠶᠤᠰᠤ ᠶᠤᠮ᠃ ᠭᠡᠷᠰᠡᠭ ᠢ ᠨᠢ ᠭᠤᠤᠯ ᠢᠶᠠᠷ ᠨᠢ ᠠᠩᠬᠢᠯᠠᠵᠤ ᠵᠥᠪ ᠲᠠᠯ᠎ᠡ ᠠᠴᠠ ᠨᠢ ᠤᠷᠢᠳᠠᠪᠠᠷ ᠵᠥᠰᠦᠵᠤ᠂ ᠳᠡᠬᠦᠨ ᠢᠶᠠᠨ ᠬᠠᠨᠴᠢᠷ ᠲᠠᠢ ᠨᠢ ᠨᠠᠶᠢᠯᠡᠬᠦᠯᠵᠤ ᠠᠪᠤᠭᠠᠳ ᠳᠠᠬᠢᠨ ᠭᠤᠤᠯ ᠢᠶᠠᠷ ᠨᠢ ᠨᠢᠭᠡ ᠵᠥᠰᠤᠵᠤ ᠬᠤᠶᠠᠷ ᠵᠥᠰᠦᠮ ᠪᠤᠯᠭᠠᠭᠠᠳ ᠳᠠᠷᠠᠭᠠᠯᠠᠠ ᠪᠤᠷᠤᠭᠤ ᠲᠠᠯ᠎ᠠ ᠶᠢ ᠨᠢ ᠮᠥᠨ ᠵᠥᠰᠦᠭᠡᠳ ᠠᠪᠤᠬᠰᠠᠠ ᠤ ᠠᠷᠤ ᠳᠤ᠂ ᠬᠤᠷᠮᠤᠢ ᠶᠢ ᠨᠢ ᠮᠥᠨ ᠵᠥᠪ ᠲᠠᠯ᠎ᠡ ᠠᠴᠠ ᠨᠢ ᠳᠡᠭᠡᠷ᠎ᠡ ᠠᠴᠠ ᠲᠤᠷᠤᠬᠰᠢ ᠪᠠᠨ ᠵᠥᠰᠦᠵᠤ᠂ ᠭᠤᠤᠯ ᠲᠤᠮᠳᠠᠬᠢ ᠤᠢᠷᠦᠴᠡᠯᠡᠭᠰᠡᠡ ᠨᠥᠭᠡ ᠶᠢ ᠨᠢ ᠤᠷᠤᠭᠤ ᠪᠠᠨ ᠰᠠᠳᠠᠯᠦᠭᠡᠳ᠂ ᠪᠠᠷᠠᠭᠤᠨ ᠭᠠᠷ ᠲᠠᠯ᠎ᠠ ᠶᠢ ᠨᠢ ᠵᠥᠰᠦᠭᠰᠡᠡ ᠤ ᠳᠠᠷᠠᠭ᠎ᠠ᠂ ᠬᠤᠷᠮᠤᠢ ᠶᠢ ᠨᠢ ᠪᠥᠷ ᠲᠤᠭᠤᠢᠢᠯᠠᠭᠠᠳ ᠠᠪᠴᠢᠬᠠᠳᠠᠬ᠃ ᠤᠳᠤ ᠪᠤᠯᠬᠤ ᠳᠤ ᠬᠤᠷᠮᠤᠢ ᠶᠢ ᠨᠢ ᠰᠠᠯᠠᠭᠠᠬᠤ ᠪᠠᠨ ᠪᠠᠶᠢᠭᠠᠳ ᠰᠢᠭᠤᠳ ᠳᠡᠭᠡᠳᠤ ᠭᠡᠰᠡᠭ ᠢ ᠨᠢ ᠵᠥᠰᠦᠬᠦ ᠳᠡᠭᠡᠨ ᠬᠤᠶᠠᠷ ᠬᠠᠵᠠᠭᠤ ᠪᠠ ᠭᠡᠷᠰᠩ ᠢ ᠲᠤᠰᠪᠤᠷᠢ ᠨᠢᠭᠡ ᠨᠢᠭᠡ ᠵᠦᠰᠦᠭᠡᠳ᠂ ᠬᠤᠷᠮᠤᠢ ᠶᠢ ᠨᠢ ᠬᠤᠶᠠᠷᠳᠠ ᠵᠢᠷᠤᠵᠤ᠂ ᠡᠪᠴᠢᠬᠦᠦ ᠪᠠᠨ ᠤᠬ ᠶᠠᠩᠵᠤ ᠪᠠᠷ ᠨᠢ ᠡᠷᠬᠢᠬᠦᠯᠦᠭᠡᠳ ᠳᠠᠯᠪᠢᠵᠤ ᠬᠤᠩᠬᠤᠷ ᠲᠤᠨᠢ ᠪᠠᠰᠠ ᠬᠤᠶᠠᠷ ᠵᠢᠷᠤᠵᠤ ᠨᠡᠶᠢᠳᠡ 7 ᠤᠳᠠᠭ᠎ᠠ ᠬᠢᠳᠤᠭ᠎ᠠ ᠬᠥᠷᠭᠡᠳᠡᠭ᠃           ᠭᠡᠷ ᠵᠠᠭᠤᠷ᠎ᠠ ᠪᠠᠨ ᠳᠠᠯᠪᠢᠬᠤ ᠡᠪᠴᠢᠬᠦᠦ           ᠠᠶᠢᠯ ᠤᠨ ᠪᠠᠷᠢ ᠪᠤᠶᠤ ᠦᠬᠢᠳ ᠨᠢ ᠬᠠᠮᠳᠤ ᠪᠠᠶᠢᠯᠴᠠᠪᠠᠯ ᠬᠠᠮᠤᠭ ᠤᠨ ᠪᠠᠭ᠎ᠠ ᠨᠢ ᠵᠥᠰᠤᠨ᠎ᠠ᠂ ᠡᠰᠡᠪᠡᠯ ᠬᠠᠮᠤᠭ ᠤᠨ ᠬᠤᠯᠠ ᠠᠴᠠ ᠢᠷᠡᠭᠰᠡᠡ ᠨᠢ ᠵᠥᠰᠦᠨ᠎ᠠ᠃          ᠡᠪᠴᠢᠬᠦᠦ ᠵᠥᠰᠦᠯᠭᠡ ᠶᠢᠨ ᠤᠯᠠᠮᠵᠢᠯᠠᠯᠳᠤ ᠵᠠᠩ ᠤᠢᠢᠯᠠ       ᠠᠯᠠᠱᠠᠴᠤᠳ ᠤᠨ ᠡᠪᠴᠢᠬᠦᠦ ᠵᠥᠰᠦᠯᠭᠡ ᠳᠤ ᠡᠯ᠎ᠡ ᠵᠦᠢᠯ ᠤᠨ ᠵᠥᠩ ᠪᠢᠯᠢᠭ᠂ ᠪᠡᠯᠭᠡ ᠳᠠᠮᠪᠠᠷᠠᠯ ᠠᠭᠤᠯᠤᠬᠳᠠᠵᠤ ᠪᠠᠶᠢᠳᠠᠬ᠃ ᠪᠥᠰᠡᠬᠦᠢ ᠬᠥᠮᠦᠨ ᠤ ᠤᠶᠠᠨ ᠵᠥᠭᠡᠯᠡᠡ ᠠᠭᠠᠰᠢ ᠲᠠᠢ᠂ ᠥᠷᠦ ᠵᠥᠭᠡᠯᠡᠡ ᠰᠡᠳᠬᠢᠯ ᠲᠠᠢ ᠪᠠᠶᠢᠬᠤ ᠶᠢ ᠬᠠᠷᠠᠭᠤᠯᠤᠬᠰᠠᠠ ᠪᠡᠯᠭᠡᠳᠡᠯ ᠲᠠᠢ ᠭᠡᠵᠤ ᠥᠵᠡᠳᠡᠭ᠃ ᠬᠡᠤᠭᠡᠨ ᠨᠢ ᠡᠵᠢ ᠳᠡᠭᠡᠨ ᠡᠪᠴᠢᠬᠦᠦ ᠠᠪᠴᠢᠷᠠᠳᠠᠬ ᠨᠢ ᠪᠥᠷ ᠯᠡ ᠡᠭᠡ ᠥᠷ᠎ᠠ ᠶᠢᠨ ᠬᠠᠷᠢᠯᠴᠠᠨ ᠰᠠᠨᠠᠵᠤ ᠮᠥᠷᠦᠭᠡᠳᠦᠭᠰᠡᠡ ᠰᠡᠳᠬᠢᠯᠭᠡ ᠪᠠᠷ ᠡᠪᠴᠢᠬᠦᠦ ᠴᠡᠭᠡᠵᠢᠨ ᠳᠡᠭᠡᠨ ᠪᠤᠳᠤᠬᠤ᠂ ᠬᠠᠳᠠᠭᠠᠯᠠᠬᠤ ᠰᠢᠩᠭᠡᠭᠡᠬᠦ ᠬᠡᠵᠤ ᠮᠠᠷᠳᠠᠯ ᠥᠬᠡᠢ ᠴᠡᠭᠡᠵᠢᠯᠡᠬᠦ ᠶᠢ ᠪᠡᠯᠭᠡᠳᠡᠳᠡᠭ᠃                   ᠰᠢᠳᠦᠯᠭᠡ ᠪᠢᠰᠢᠷᠠᠯ ᠤᠨ ᠵᠠᠩ ᠤᠢᠢᠯᠡ           ᠪᠥᠰᠡᠬᠦᠢ ᠬᠥᠮᠦᠨ ᠭᠠᠯ ᠲᠤᠭᠤᠭᠠᠠ ᠳᠤ ᠤᠢᠢᠷ᠎ᠠ᠂ ᠮᠠᠯ ᠠᠬᠤᠢ ᠪᠠᠨ ᠳᠤᠳᠤᠮᠳᠠᠳᠠᠭ᠂ ᠡᠳ᠋ ᠮᠥᠡᠭᠬᠦ ᠪᠠᠨ ᠬᠠᠳᠠᠭᠠᠯᠠᠨ᠂ ᠭᠡᠷ ᠲᠡᠭᠡᠨ ᠡᠭᠡᠯᠢᠳᠡᠢ ᠡᠵᠡᠭᠳᠡᠢ ᠨᠢ ᠪᠤᠯᠳᠠᠬ ᠢᠶᠠᠷ ᠢᠶᠠᠨ ᠠᠷᠠᠳ ᠤᠨ ᠤᠯᠠᠮᠵᠢᠯᠠᠯ ᠶᠤᠰᠤᠭᠠᠷ ᠠᠶᠢᠯ ᠤᠨ ᠡᠵᠡᠭᠳᠡᠢ ᠶᠢ ︽ᠭᠠᠯ ᠤᠨ ᠪᠤᠷᠬᠠᠠ︾ ᠭᠡᠵᠤ ᠨᠡᠷᠡᠯᠡᠳᠡᠭ᠃ ᠡᠷᠳᠡᠨ ᠤ ᠰᠢᠳᠦᠯᠭᠡ ᠪᠢᠰᠢᠷᠠᠯ ᠤᠨ ᠵᠠᠩ ᠤᠢᠢᠯᠡ ᠲᠠᠢ᠂ ᠲᠡᠷᠡᠴᠢᠯᠡᠡ ᠡᠶ᠎ᠡ ᠡᠪᠳᠠᠢ ᠭᠡᠰᠡᠡ ᠪᠡᠯᠭᠡᠳᠡᠯ ᠰᠠᠨᠠᠭ᠎ᠠ ᠲᠠᠢ ᠪᠠᠶᠢᠳᠠᠭ᠃           ᠴᠡᠭᠡᠷ ᠤᠨ ᠶᠤᠰᠤ      ᠤᠨᠤᠭ᠎ᠠ ᠪᠥᠳᠦᠷᠢᠭᠡ ᠪᠤᠯᠤᠨ᠎ᠠ ᠭᠡᠳ ᠭᠠᠯ ᠳᠠᠬᠢᠯᠭ᠎ᠠ ᠠᠴᠠ ᠪᠤᠰᠤᠳ ᠡᠪᠴᠢᠬᠦᠦ ᠶᠢ ᠪᠥᠳᠦᠷᠭᠡᠢ ᠲᠠᠢ ᠨᠢ ᠳᠠᠯᠪᠢᠬᠤ ᠶᠢ ᠵᠠᠪᠠᠯ ᠴᠡᠪᠡᠷᠯᠡᠵᠤ ᠠᠪᠳᠠᠬ ᠳᠠᠳᠬᠠᠯ ᠲᠠᠢ᠂ ᠬᠤᠷᠢᠮ ᠤᠨ ᠡᠪᠴᠢᠬᠦᠨ ᠤ ᠬᠤᠷᠮᠤᠢ ᠶᠢ ᠰᠡᠳᠡᠯᠵᠤ ᠵᠥᠰᠦᠳᠡᠭ ᠨᠢ ᠰᠢᠨ᠎ᠡ ᠡᠷᠦᠭᠡ ᠪᠤᠰᠬᠠᠵᠤ ᠪᠠᠶᠢᠭ᠎ᠠ ᠬᠤᠶᠠᠷ ᠬᠥᠮᠦᠨ ᠢ ᠭᠠᠯ ᠵᠠᠯᠠᠭᠤ ᠠᠴᠠ ᠪᠠᠨ ᠴᠠᠯ ᠪᠤᠭᠤᠷᠤᠯ ᠪᠤᠯᠳᠠᠯ᠎ᠠ ᠬᠠᠮᠳᠤ ᠳᠠᠭᠠᠨ ᠵᠢᠷᠭᠠᠵᠤ ᠠᠮᠢᠳᠤᠷᠠᠬᠤ ᠶᠢ ᠪᠡᠯᠭᠡᠳᠡᠨ᠂ ᠡᠨᠡᠬᠦ ᠬᠤᠶᠠᠷ ᠵᠥᠰᠦᠯᠳᠡ ᠪᠠᠷ ᠳᠠᠬᠢᠵᠤ ᠬᠤᠷᠢᠮ ᠬᠢᠬᠦ ᠤᠢᠢᠯᠡ ᠶᠢ ᠳᠡᠪᠴᠢᠵᠤ ᠴᠡᠭᠡᠷᠯᠡᠬᠦᠯᠵᠤ ᠪᠠᠶᠢᠳᠠᠬ᠃ ᠭᠠᠯ ᠳᠠᠬᠢᠯᠭ᠎ᠠ ᠶᠢᠨ ᠡᠪᠴᠢᠬᠦᠦ ᠶᠢ ᠪᠤᠯ ᠪᠥᠳᠦᠷᠭᠡᠢ ᠶᠢ ᠨᠢ ᠠᠪᠬᠤ ᠥᠬᠡᠢ᠂ ᠪᠤᠰᠤᠳ ᠡᠪᠴᠢᠬᠦᠨ ᠤ ᠶᠤᠰᠤᠨ ᠳᠤ᠂ ᠳᠠᠪᠠᠭᠯᠠᠬᠤ ᠠᠴᠠ ᠡᠮᠦᠨ᠎ᠡ ᠲᠤᠭᠤᠭᠠᠠ ᠠᠴᠠ ᠭᠠᠷᠭᠠᠮᠠᠬᠴᠠ ᠪᠥᠳᠦᠷᠭᠡᠢ ᠶᠢ ᠠᠪᠴᠢᠬᠠᠳᠠᠬ ᠶᠤᠰᠤᠳᠠᠢ᠃       ᠠᠮᠢᠳᠤᠷᠠᠯ ᠤᠨ ᠤᠷᠴᠢᠨ ᠲᠤᠭᠤᠷᠢᠨ ᠤ ᠬᠤᠪᠢᠷᠠᠯᠳᠠ᠂ ᠬᠤᠳᠠᠴᠢᠯᠠᠯᠳᠠ ᠠᠴᠠ ᠪᠤᠯᠵᠤ ᠠᠮᠢᠳᠤᠷᠠᠯ ᠤᠨ ᠬᠥᠭ ᠠᠶᠢᠵᠢᠮ ᠬᠤᠷᠳᠤᠳᠴᠤ ᠪᠠᠶᠢᠨ᠎ᠠ᠃ ᠨᠡᠶᠢᠬᠡᠮ ᠬᠦ᠋ᠭᠵᠢᠬᠦ ᠶᠢ ᠳᠠᠭᠠᠯᠳᠤᠨ᠂ ᠮᠠᠠ ᠤ ᠮᠠᠯᠵᠢᠯ ᠤᠨ ᠰᠤᠶᠤᠯ ᠬᠤᠯᠠᠳᠴᠤ᠂ ᠰᠡᠶᠢᠷᠩ ᠪᠤᠯᠵᠤ ᠪᠠᠶᠢᠭ᠎ᠠ ᠪᠠᠴᠢᠮ ᠴᠠᠭ ᠥᠶ᠎ᠡ ᠳᠤ ᠤᠨᠴᠠᠭᠠᠢᠢᠯᠠᠠ ᠠᠬᠠᠮᠠᠳ ᠲᠤᠮᠤᠭᠠᠳᠠᠳ ᠡᠨᠡᠬᠦ ᠡᠪᠴᠢᠬᠦᠨ ᠤ ᠰᠤᠶᠤᠯ᠂ ᠢᠳᠡᠭᠡᠨ ᠤ ᠵᠠᠩ ᠤᠢᠢᠯᠡ ᠪᠠᠨ ᠤᠯᠠᠮᠵᠢᠯᠠᠠ ᠥᠭᠬᠦᠪᠡᠯ ᠵᠤᠬᠢᠨ᠎ᠠ᠃ ᠨᠡᠩ ᠢᠯᠠᠩᠭᠤᠶ᠎ᠡ ᠡᠨᠡᠬᠦ ᠭᠡᠭᠡᠭᠳᠡᠵᠤ ᠪᠠᠶᠢᠭ᠎ᠠ ᠰᠤᠶᠤᠯ ᠢᠶᠠᠨ ᠠᠪᠤᠷᠠᠵᠤ᠂ ᠰᠤᠶᠤᠯ ᠤᠨ ᠤᠬᠢ ᠰᠢᠮ᠎ᠡ ᠶᠢ ᠨᠢ ᠵᠠᠯᠠᠭᠤ ᠪᠠᠭᠠᠴᠤᠳ ᠲᠤ ᠰᠢᠩᠭᠡᠭᠡᠵᠤ ᠵᠠᠯᠭᠠᠮᠵᠢᠯᠠᠠ ᠪᠠᠳᠠᠷᠠᠭᠤᠯᠵᠤ ᠴᠢᠨᠠᠬᠰᠢᠯᠠᠪᠠᠯ ᠬᠠᠳᠠᠭᠠᠯᠠᠠ ᠳᠡᠭᠡᠳᠤᠯᠡᠬᠦ ᠭᠡᠷᠡᠭᠳᠡᠢ᠃ ᠥᠨᠳᠦᠰᠦᠳᠡᠨ ᠤ ᠪᠤᠯᠪᠠᠰᠤᠨ ᠰᠤᠶᠤᠯ ᠠᠷᠠᠨᠰᠢᠨ ᠢᠶᠠᠨ ᠳᠡᠭᠡᠳᠤᠯᠠᠠ ᠬᠥᠨᠳᠤᠳᠭᠡᠵᠤ᠂ ᠢᠳᠡᠭᠡᠨ ᠰᠤᠶᠤᠯ ᠢᠶᠠᠨ ᠬᠠᠮᠠᠭᠠᠯᠠᠵᠤ ᠶᠠᠪᠤᠶ᠎ᠠ᠃                                                      ᠵᠣᠬᠢᠶᠠᠭᠴᠢ᠄  ᠡᠷᠳᠠᠨᠢᠴᠡᠴᠡᠭ
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号