ᠠᠯᠠᠱᠠ ᠮᠤᠩᠭᠤᠯᠴᠤᠳ ᠤᠨ ᠬᠦᠮᠡᠯᠢ ᠶᠢᠨ ᠢᠳᠡᠬᠡᠨ ᠪᠠᠵᠠᠭᠠᠬᠤ ᠤᠯᠠᠮᠵᠢᠯᠠᠯᠳᠦ ᠠᠷᠭ᠎ᠠ
ᠨᠡᠶᠢᠲᠡᠯᠡᠭᠰᠡᠨ ᠴᠠᠭ᠄
2019/8/28
     ᠬᠦᠮᠡᠯᠢ ᠪᠤᠯ ᠰᠠᠷᠠᠨ᠎ᠠ ᠶᠢᠨ ᠢᠵᠠᠭᠤᠷ ᠪᠤᠯᠬᠤ ᠤᠯᠠᠨ ᠨᠠᠰᠤᠳᠦ ᠡᠪᠡᠰᠦᠯᠢᠭ ᠤᠷᠭᠤᠮᠠᠯ ᠪᠤᠯᠬᠤ ᠶᠤᠮ᠃ ᠠᠯᠠᠱᠠ ᠶᠢᠨ ᠬᠦᠮᠡᠯᠢ ᠪᠤᠯ ᠬᠠᠶᠢᠷ ᠡᠯᠡᠰᠦᠷᠬᠡᠭ ᠲᠡᠭᠰᠢ ᠲᠠᠯ ᠎ᠠ ᠬᠦᠳᠡᠭᠡ ᠪᠡ ᠠᠳᠠᠷᠭ᠎ᠠ ᠪᠠᠷ ᠨᠠᠶᠢᠳᠠᠮ ᠤᠷᠭᠤᠳᠠᠬ᠃ ᠲᠡᠷᠡ ᠨᠢ ᠬᠠᠪᠤᠷ ᠤᠨ ᠬᠤᠭᠤᠰ ᠠᠴᠠ ᠴᠢᠬᠢᠯᠠᠵᠦ ᠤᠷᠭᠤᠬᠤ ᠶᠤᠮ᠃ ᠬᠦᠮᠡᠯᠢ ᠶᠢ ᠶᠡᠬᠡᠪᠡᠷ ᠲᠡᠬᠦᠬᠦ ᠦᠶ᠎ᠠ ᠪᠤᠯ ᠨᠠᠮᠤᠷ ᠤᠨ ᠠᠭᠤᠷ ᠤᠨ ᠤᠷᠢᠳ ᠬᠤᠵᠢᠳ ᠪᠤᠯᠬᠤ ᠴᠠᠭ ᠢᠶᠠᠷ ᠠᠮᠵᠢᠵᠦ ᠲᠡᠬᠦᠬᠦ ᠬᠡᠷᠡᠭᠳᠡᠢ ᠪᠢᠯᠡ᠃ ᠬᠦᠮᠡᠯᠢ ᠶᠢ ᠨᠢᠯᠬ᠎ᠠ ᠵᠦᠬᠡᠯᠡᠨ ᠦᠶ᠎ᠠ ᠳᠤᠨᠢ ᠲᠡᠬᠦᠵᠦ ᠢᠳᠡᠪᠡᠯ ᠰᠠᠶᠢᠨ ᠪᠠᠶᠢᠳᠠᠭ᠃      ᠨᠢᠬᠡ᠂ ᠲᠠᠪᠤᠰᠤᠯᠠᠬᠰᠠᠨ ᠬᠦᠮᠠᠯᠢ      ᠲᠡᠬᠦᠵᠦ ᠠᠪᠴᠢᠷᠠᠬᠰᠠᠨ ᠬᠦᠮᠡᠯᠢ ᠪᠠᠨ ᠠᠷᠢᠯᠭᠠᠵᠦ᠂ ᠬᠦᠢᠳᠡᠨ ᠤᠰᠤᠨ ᠳᠤ ᠰᠠᠶᠢᠳᠤᠷ ᠤᠬᠢᠶᠠᠭᠠᠳ ᠦᠬᠡᠬᠦ ᠲᠤᠰᠤ ᠦᠬᠡᠢ ᠴᠡᠪᠡᠷ ᠸᠠᠭᠠᠷ ᠰᠠᠪᠠᠨ ᠳᠤ ᠬᠢᠵᠦ ᠲᠠᠪᠤᠰᠤᠯᠠᠳᠠᠬ᠃ 10 ᠵᠢᠩ ᠤᠷᠴᠢᠮ ᠬᠦᠮᠡᠯᠢ ᠳᠤ ᠬᠠᠭᠠᠰ ᠵᠢᠩ ᠤᠷᠴᠢᠮ ᠲᠠᠪᠤᠰᠤ ᠶᠢ ᠤᠰᠤᠨ ᠳᠤ ᠠᠭᠤᠰᠬᠠᠨ ᠪᠤᠴᠠᠯᠭᠠᠵᠦ ᠬᠦᠷᠦᠬᠡᠨ᠂ ᠬᠦᠢᠳᠡᠨ ᠪᠤᠯᠬᠤ ᠳᠤᠨᠢ ᠸᠠᠭᠠᠷ ᠲᠠᠢ ᠬᠦᠮᠡᠯᠢ ᠲᠡᠬᠡᠷ᠎ᠠ ᠪᠠᠨ ᠴᠢᠳᠬᠤᠨ ᠤᠷᠤᠭᠤᠯᠵᠦ᠂ ᠲᠡᠬᠡᠷ᠎ᠠ ᠠᠴᠠ ᠨᠢ ᠴᠢᠯᠠᠭᠤ ᠪᠠᠷ ᠲᠠᠷᠤᠵᠦ ᠲᠠᠯᠪᠢᠨ ᠎ᠠ᠃ ᠪᠠᠰᠠ ᠨᠢᠬᠡ ᠠᠷᠭ᠎ᠠ ᠨᠢ ᠬᠦᠮᠡᠯᠢ ᠪᠠᠨ ᠸᠠᠭᠠᠷ ᠰᠠᠪᠠᠨ ᠳᠤ ᠬᠢᠬᠦ ᠦᠶ᠎ᠠ ᠳᠤ ᠵᠢᠭᠠᠬᠠᠨ ᠵᠢᠭᠠᠠᠬᠨ ᠢᠶᠠᠷ ᠲᠠᠪᠬᠤᠷᠯᠠᠬᠤ ᠮᠡᠳᠦ ᠲᠠᠷᠤᠵᠦ᠂ ᠲᠡᠬᠡᠷ᠎ᠠ ᠨᠢ ᠪᠠᠭ᠎ᠠ ᠬᠡᠮᠵᠢᠶᠡᠨ ᠤ ᠬᠦᠬᠡ ᠲᠠᠪᠤᠰᠤ ᠰᠠᠴᠤᠵᠦ᠂ ᠡᠨᠡ ᠮᠠᠳᠦ ᠪᠠᠷ ᠰᠠᠪᠠ ᠪᠠᠨ ᠲᠦᠭᠦᠷᠬᠡᠵᠦ᠂ ᠲᠡᠬᠡᠷ᠎ᠠ ᠠᠴᠠ ᠨᠢ ᠴᠢᠯᠠᠭᠤ ᠪᠠᠷ ᠲᠠᠷᠤᠵᠦ᠂ ᠬᠦᠢᠳᠡᠨ ᠤᠰᠤ ᠶᠢ ᠴᠢᠯᠠᠭᠤ ᠲᠠᠪᠠᠳᠠᠯ᠎ᠠ ᠬᠢᠵᠦ ᠲᠠᠯᠪᠢᠨ᠎ᠠ᠃ ᠲᠠᠪᠤᠰᠤᠯᠠᠬᠰᠠᠨ ᠬᠦᠮᠡᠯᠢ ᠬᠠᠭᠠᠰ ᠰᠠᠷ᠎ᠠ ᠭᠠᠷᠤᠢ ᠪᠤᠯᠪᠠᠯ ᠠᠮᠳᠠ ᠤᠷᠤᠵᠦ ᠢᠳᠡᠵᠦ ᠪᠤᠯᠳᠠᠬ᠃ ᠰᠠᠶᠢᠬᠠᠨ ᠲᠠᠪᠤᠰᠤᠯᠠᠬᠰᠠᠨ ᠬᠦᠮᠡᠯᠢ ᠶᠢ ᠬᠤᠶᠢᠳᠦᠠ ᠵᠢᠯ ᠤᠨ ᠬᠠᠪᠤᠷ ᠤᠨ ᠬᠤᠭᠤᠰ ᠪᠤᠯᠳᠠᠯ᠎ᠠ ᠬᠠᠳᠠᠭᠠᠯᠠᠬᠤ ᠳᠤ ᠠᠵᠢᠭ ᠦᠬᠡᠢ ᠪᠠᠶᠢᠳᠠᠭ᠃      ᠬᠤᠶᠠᠷ᠂ ᠠᠶᠢᠷᠠᠬᠯᠠᠬᠰᠠᠨ ᠬᠦᠮᠡᠯᠢ      ᠴᠠᠪᠡᠷᠯᠡᠨ‌ᠠᠷᠢᠯᠭᠠᠬᠰᠠᠨ ᠬᠦᠮᠡᠯᠢ ᠪᠠᠨ‌ᠬᠤᠷᠤᠭᠤ ᠬᠢᠷᠢ ᠤᠷᠳᠦ ᠬᠡᠷᠴᠢᠵᠦ ᠸᠠᠭᠠᠷ᠂ ᠰᠢᠯ ᠰᠠᠪᠠᠨ ᠳᠤ ᠬᠢᠵᠦ᠂ ᠨᠤᠨᠳᠠᠭ ᠲᠠᠪᠤᠰᠤ᠂ ᠢᠰᠭᠦᠯᠡᠩ ᠠᠶᠢᠷᠠᠭ ᠢ ᠵᠤᠬᠢᠴᠠᠭᠤᠯᠤᠨ ᠬᠢᠬᠡᠳ ᠬᠤᠶᠠᠷ ᠡᠳᠦᠷ ᠲᠠᠯᠪᠢᠪᠠᠯ ᠪᠤᠳᠠᠭ᠎ᠠ ᠬᠤᠭᠤᠯᠠᠨ ᠤ ᠰᠠᠶᠢᠨ ᠵᠠᠭᠤᠰᠢ ᠪᠤᠯᠳᠠᠬ᠃      ᠭᠤᠷᠪᠠ᠂ ᠬᠦᠮᠡᠯᠢ ᠶᠢᠨ ᠪᠠᠩᠰᠢ      ᠤᠬᠢᠶᠠᠵᠦ ᠴᠡᠪᠡᠷᠯᠡᠭᠰᠡᠨ ᠬᠦᠮᠡᠯᠢ ᠳᠤ ᠪᠠᠭ᠎ᠠ ᠲᠠᠪᠤᠰᠤ ᠬᠢᠵᠦ ᠭᠠᠷ ᠢᠶᠠᠷ ᠰᠠᠶᠢᠳᠤᠷ ᠪᠠᠵᠠᠵᠦ ᠰᠢᠭᠦᠰᠤ ᠶᠢ ᠨᠢ ᠰᠢᠬᠠᠵᠦ ᠭᠠᠷᠭᠠᠬᠰᠠᠨ ᠤ ᠲᠠᠷᠠᠭ᠎ᠠ ᠵᠢᠵᠢᠭᠯᠠᠨ ᠴᠠᠪᠴᠢᠭᠠᠳ ᠪᠠᠭ᠎ᠠ ᠬᠡᠮᠵᠢᠶᠡᠨ ᠤ ᠨᠦᠳᠦᠭᠰᠡᠨ ᠪᠤᠷᠴᠠ᠂ ᠦᠬᠡᠬᠦ᠂ ᠲᠠᠪᠤᠨ ᠬᠠᠯᠠᠭᠤᠨ ᠵᠡᠷᠬᠡ ᠠᠮᠳᠠ ᠶᠢᠨ ᠵᠦᠢᠯ ᠢ ᠲᠠᠭᠠᠷᠠᠭᠤᠯᠤᠨ ᠨᠠᠶᠢᠷᠠᠭᠤᠯᠵᠦ ᠢᠳᠡᠭᠡ ᠪᠤᠯᠭᠠᠨ ᠪᠤᠤᠵᠠ ᠪᠡᠷᠢᠵᠦ ᠢᠳᠡᠪᠡᠯ ᠦᠨᠦᠷ ᠠᠮᠳᠠ ᠨᠢ ᠭᠤᠶᠢᠳᠠ ᠰᠠᠶᠢᠬᠠᠨ᠂ ᠰᠢᠨ ᠎ᠠ ᠰᠤᠷᠭᠤᠬ ᠪᠠᠶᠢᠳᠠᠭ᠃ ᠲᠡᠬᠦᠨᠴᠢᠯᠠᠨ ᠬᠦᠮᠡᠯᠢ ᠶᠢ ᠪᠤᠤᠵᠠ ᠪᠠᠩᠰᠢ ᠪᠠᠵᠠᠭᠠᠬᠤ ᠳᠠᠭᠠᠨ ᠦᠪᠡᠷ ᠤᠨ ᠲᠤᠷᠠᠰᠢᠯ ᠢᠶᠠᠷ ᠢᠶᠠᠨ ᠶᠡᠭᠡ ᠪᠠᠭ᠎ᠠ ᠶᠢ ᠨᠢ ᠲᠠᠭᠠᠷᠠᠭᠤᠯᠵᠦ ᠬᠤᠯᠢᠴᠠ ᠪᠤᠯᠭᠠᠵᠦ ᠪᠤᠯᠳᠠᠭ᠃      ᠲᠦᠷᠪᠡ᠂ ᠬᠦᠮᠡᠯᠢ ᠲᠠᠢ ᠭᠤᠯᠢᠷ ᠪᠤᠳᠠᠭ᠎ᠠ      ᠬᠡᠷᠴᠢᠭᠰᠡᠨ ᠪᠤᠶᠤ ᠲᠠᠰᠤᠯᠠᠬᠰᠠᠨ ︵ᠮᠢᠬ᠎ᠠ ᠲᠠᠢ᠂ ᠠᠶᠢᠷᠠᠭ ᠪᠤᠶᠤ ᠬᠠᠷᠠᠰᠤ ᠴᠦᠮ ᠪᠤᠯᠤᠨ᠎ᠠ︶ ᠭᠤᠯᠢᠷ ᠪᠤᠳᠠᠭᠠᠨ ᠳᠤ ᠬᠦᠮᠡᠯᠢ ᠬᠢᠵᠦ ᠢᠳᠡᠬᠦ ᠳᠤ ᠬᠤᠭᠤᠯᠠᠨ ᠤ ᠠᠮᠳᠠ ᠨᠢ ᠲᠤᠩ ᠭᠤᠶᠢᠳᠡ ᠠᠶᠠᠳᠠᠢ ᠪᠤᠯᠳᠠᠭ᠃      ᠲᠠᠪᠤ᠂ ᠬᠠᠭᠤᠷᠤᠬᠰᠠᠨ ᠬᠦᠮᠡᠯᠢ      ᠤᠬᠢᠶᠠᠵᠦ ᠴᠡᠪᠡᠷᠯᠡᠭᠰᠡᠨ ᠬᠦᠮᠡᠯᠢ ᠶᠢ ᠵᠤᠬᠢᠬᠤ ᠬᠡᠮᠵᠢᠶᠡᠨ ᠤ ᠮᠢᠬ ᠎ᠠ ᠦᠬᠡᠬᠦ ᠲᠠᠢ ᠬᠠᠭᠤᠷᠴᠦ ᠢᠳᠡᠬᠦ ᠳᠤ ᠰᠠᠶᠢᠬᠠᠨ ᠵᠠᠭᠤᠰᠢ ᠨᠤᠭᠤᠭ᠎ᠠ ᠪᠤᠯᠳᠠᠭ᠃      ᠵᠢᠷᠭᠤᠭ᠎ᠠ᠂ ᠬᠦᠮᠡᠯᠢ ᠶᠢᠨ ᠬᠦᠢᠳᠡᠨ ᠨᠤᠭᠤᠭ᠎ᠠ      ᠤᠬᠢᠶᠠᠵᠦ ᠴᠡᠪᠡᠷᠯᠡᠭᠰᠡᠨ ᠬᠦᠮᠡᠯᠢ ᠶᠢ ᠪᠤᠴᠠᠯᠤᠬᠰᠠᠨ ᠤᠰᠤᠨ ᠳᠤ ᠪᠤᠷᠤᠯᠠᠭᠤᠯᠵᠦ ᠭᠠᠷᠭᠠᠭᠠᠳ ᠲᠡᠬᠡᠷ᠎ᠠ ᠨᠢ ᠵᠤᠬᠢᠬᠤ ᠬᠡᠮᠵᠢᠶᠡᠨ ᠤ ᠲᠠᠪᠤᠰᠤ ᠰᠠᠴᠤᠵᠦ᠂ ᠮᠦᠨ ᠵᠤᠬᠢᠬᠤ ᠬᠡᠮᠵᠢᠶᠡᠨ ᠤ ᠬᠠᠷ᠎ᠠ ᠲᠤᠰᠤ᠂ ᠠᠮᠳᠠ ᠤᠷᠤᠭᠤᠯᠬᠤ ᠵᠦᠢᠯ ᠢ ᠬᠢᠪᠡᠯ ᠰᠠᠶᠢᠬᠠᠨ ᠦᠨᠦᠷ ᠠᠮᠳᠠ ᠲᠠᠢ ᠨᠤᠭᠤᠭ᠎ᠠ ᠵᠠᠭᠤᠰᠢ ᠪᠤᠯᠳᠠᠭ᠃      ᠲᠤᠯᠤᠭ᠎ᠠ᠂ ᠬᠦᠮᠡᠯᠢ ᠶᠢᠨ ᠰᠤᠷᠰᠤ      ᠬᠦᠮᠡᠯᠢ ᠶᠢᠨ ᠴᠠᠴᠡᠭ ᠢ ᠲᠡᠬᠦᠵᠦ ᠠᠪᠤᠭᠠᠳ ᠤᠭᠤᠷ ᠲᠤ ᠬᠢᠵᠦ ᠪᠠᠭ᠎ᠠ ᠬᠡᠮᠵᠢᠶᠡᠨ ᠤ ᠨᠤᠠᠳᠠᠬ ᠲᠠᠪᠤᠰᠤ ᠲᠠᠢ ᠬᠠᠮᠳᠦ ᠨᠢᠯᠴᠠᠯᠠᠭᠠᠳ ᠬᠡᠰᠡᠭᠯᠡᠨ ᠲᠤᠭᠤᠢᠢᠯᠠᠵᠦ ᠬᠠᠳᠠᠭᠠᠨ ᠪᠤᠳᠠᠭ᠎ᠠ ᠬᠤᠭᠤᠯᠠᠨ ᠤ ᠠᠮᠳᠠ ᠪᠠᠭᠰᠤᠷᠭ᠎ᠠ ᠪᠤᠯᠭᠠᠵᠦ ᠪᠤᠯᠳᠠᠬ᠃      ᠨᠡᠢᠮᠠ᠂ ᠬᠦᠮᠡᠯᠢ ᠶᠢᠨ ᠬᠤᠷᠤᠳ      ᠤᠬᠢᠶᠠᠵᠦ ᠴᠡᠪᠡᠷᠯᠡᠭᠰᠡᠨ ᠬᠦᠮᠡᠯᠢ ᠳᠡᠭᠡᠨ ᠨᠤᠨᠳᠠᠬ ᠲᠠᠪᠤᠰᠤ ᠬᠢᠵᠦ ᠨᠦᠳᠦᠬᠡᠳ ᠪᠠᠭ᠎ᠠ ᠬᠡᠮᠵᠢᠶᠡᠨ ᠤ ᠠᠭᠠᠷᠴᠠ ᠲᠠᠢ ᠬᠤᠯᠢᠵᠦ᠂ ᠬᠤᠷᠤᠭᠤ ᠵᠤᠵᠠᠭᠠᠨ ᠬᠠᠪᠳᠠᠭᠠᠢ ᠲᠤᠭᠤᠢ ᠬᠤᠷᠤᠳ ᠪᠤᠯᠭᠠᠵᠦ ᠲᠡᠯᠬᠡᠴᠡ ᠮᠤᠳᠤᠨ ᠲᠡᠬᠡᠷ᠎ᠡ ᠲᠡᠯᠪᠢᠨ ᠬᠤᠷᠴᠠ ᠨᠠᠷᠠᠨ ᠤ ᠬᠡᠷᠡᠯ ᠦᠬᠡᠢ ᠭᠠᠵᠠᠷ ᠲᠤ ᠰᠠᠶᠢᠳᠤᠷ ᠬᠠᠳᠠᠭᠠᠨ᠎ᠠ᠃ ᠬᠠᠳᠠᠭᠠᠬᠰᠠᠨ ᠬᠤᠷᠤᠳ ᠢᠶᠠᠨ ᠡᠪᠦᠯ ᠬᠠᠪᠤᠷ ᠤᠨ ᠴᠠᠬ ᠲᠤ ᠤᠭᠤᠷ ᠲᠤ ᠬᠢᠵᠦ ᠨᠦᠳᠦᠬᠡᠳ ᠱᠦᠯᠦᠨ ᠳᠤ ᠬᠢᠬᠦ᠂ ᠪᠤᠤᠵᠠ ᠪᠠᠩᠰᠢ ᠶᠢᠨ ᠮᠢᠬᠠᠨ ᠳᠤ ᠬᠤᠯᠢᠬᠤ ᠪᠤᠶᠤ ᠮᠠᠯ ᠤᠨ ᠴᠢᠰᠤᠨ ᠳᠤ ᠬᠤᠯᠢᠵᠦ ᠵᠠᠶᠢᠳᠠᠰᠤ ᠴᠢᠳᠬᠤᠬᠤ ᠵᠡᠷᠬᠡ ᠪᠠᠷ ᠬᠡᠷᠡᠭᠯᠡᠬᠦ ᠳᠤ ᠰᠠᠶᠢᠬᠠᠨ ᠠᠮᠳᠠ ᠶᠢᠨ ᠵᠦᠢᠯ ᠪᠤᠯᠳᠠᠬ᠃      ᠬᠦᠮᠡᠯᠢ ᠶᠢᠨ ᠠᠨᠠᠭᠠᠬᠤ ᠦᠢᠯᠡᠳᠦᠯ ᠬᠢᠬᠡᠳ ᠢᠳᠡᠬᠡᠨ ᠪᠠᠵᠠᠭᠠᠬᠤ ᠳᠤ ᠠᠩᠬᠠᠷᠬᠤ ᠵᠦᠢᠯ᠄ ᠬᠦᠮᠡᠯᠢ ᠨᠢ ᠡᠮᠴᠢᠯᠡᠬᠡᠨ ᠤ ᠦᠢᠯᠡᠳᠦᠯ ᠲᠠᠢ ᠪᠤᠯᠬᠤᠷ ᠨᠢᠯᠬ᠎ᠠ ᠬᠦᠮᠡᠯᠢ ᠶᠢ ᠦᠷ᠎ᠠ ᠶᠢᠨ ᠲᠤᠰᠤ ᠪᠤᠶᠤ ᠦᠬᠡᠬᠦᠨ ᠳᠤ ᠬᠠᠭᠤᠷᠴᠦ ᠢᠳᠡᠪᠡᠯ ᠬᠡᠢ ᠶᠢᠨ ᠬᠦᠳᠡᠯᠬᠡᠬᠡᠨ ᠢ ᠲᠦᠷ ᠴᠠᠭ ᠲᠠᠷᠤᠬᠤ ᠪᠡ ᠪᠠᠮ ᠴᠢᠬᠢᠭ ᠤᠨ ᠬᠤᠤᠷ ᠢ ᠠᠷᠢᠯᠭᠠᠬᠤ ᠦᠢᠯᠡᠳᠦᠯ ᠲᠠᠢ᠃ ᠬᠦᠮᠡᠯᠢ ᠶᠢᠨ ᠴᠠᠭᠠᠨ ᠦᠨᠳᠦᠰᠦ ︵ᠴᠠᠭᠠᠨ ᠬᠡᠰᠡᠭ︶ ᠶᠢ ᠴᠢᠨᠠᠵᠦ ᠬᠦᠯ ᠢᠶᠠᠨ ᠤᠬᠢᠶᠠᠪᠠᠯ ᠬᠠᠪᠤᠡᠭ ᠤᠨ ᠬᠡᠮ ᠪᠡ ᠪᠠᠮ ᠡᠪᠡᠳᠴᠢᠨ ᠢ ᠵᠠᠰᠠᠬᠤ ᠦᠢᠯᠡᠳᠦᠯ ᠲᠠᠢ᠃ ᠵᠤᠨ ᠨᠠᠮᠤᠷ ᠤᠨ ᠤᠯᠠᠷᠢᠯ ᠳᠤ ᠬᠦᠮᠡᠯᠢ ᠶᠢ ᠦᠷᠬᠦᠯᠵᠢ ᠢᠳᠡᠪᠡᠯ ᠬᠠᠯᠠᠭᠤ ᠶᠡᠬᠡᠳᠴᠦ᠂ ᠬᠤᠭᠤᠯᠠᠢ ᠪᠠᠭᠠᠯᠵᠤᠤᠷ ᠬᠠᠪᠤᠳᠬᠤ᠂ ᠰᠢᠳᠦᠨ ᠤ ᠪᠤᠶᠢᠯᠠ ᠪᠤᠶᠤ ᠬᠠᠮᠠᠷ ᠠᠴᠠ ᠴᠢᠰᠤ ᠭᠠᠷᠬᠤ ᠵᠡᠷᠬᠡ ᠦᠵᠡᠭᠳᠡᠯ ᠴᠤ ᠭᠠᠷᠳᠠᠭ᠃ ᠲᠠᠶᠢᠮᠤ ᠠᠴᠠ ᠬᠡᠮᠵᠢᠶ᠎ᠠ ᠶᠢ ᠨᠢ ᠵᠤᠬᠢᠴᠠᠭᠤᠯᠵᠦ ᠢᠳᠡᠵᠦ ᠡᠳ᠋ᠯᠡᠬᠦ ᠬᠡᠷᠡᠭᠳᠡᠢ ᠶᠤᠮ᠃        ︵G · ᠴᠤᠬᠳᠦ ᠶᠢᠨ ᠨᠠᠶᠢᠷᠠᠭᠤᠯᠤᠨ ᠵᠤᠬᠢᠶᠠᠬᠰᠠᠨ ︽ᠠᠯᠠᠱᠠ ᠮᠤᠩᠭᠤᠯᠴᠤᠳ ᠤᠨ ᠤᠯᠠᠮᠵᠢᠯᠠᠯᠳᠦ ᠢᠳᠡᠬᠡᠨ ᠤᠮᠳᠠᠭᠠᠨ︾ ᠨᠤᠮ ᠠᠴᠠ ᠠᠪᠤᠪᠠ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号