ᠠᠯᠠᠱᠠ ᠬᠤᠱᠤᠳᠴᠤᠳ ᠤᠨ ᠶᠤᠰᠤ ᠰᠤᠷᠲᠠᠯ ᠲᠠᠢ ᠬᠤᠯᠪᠤᠭᠳᠠᠬᠤ ᠴᠡᠭᠡᠷ 
ᠨᠡᠶᠢᠲᠡᠯᠡᠭᠰᠡᠨ ᠴᠠᠭ᠄
2019/8/23
     ᠮᠤᠩᠭᠤᠯ ᠬᠦᠮᠦᠨ ᠶᠡᠷᠤ ᠠᠴᠠ ᠶᠠᠳᠠᠭᠤ ᠶᠢ ᠲᠡᠳᠬᠦᠨ ᠵᠦᠳᠡᠭᠦᠤ ᠶᠢ ᠳᠡᠮᠵᠢᠳᠡᠭ ᠰᠠᠶᠢᠨ ᠰᠠᠶᠢᠬᠠᠨ ᠵᠠᠩ ᠵᠠᠩᠰᠢᠯ ᠲᠠᠢ ᠪᠤᠯᠬᠤᠷ ᠶᠠᠭᠤᠮ᠎ᠠ ᠪᠠᠨ ᠬᠠᠷᠠᠮᠨᠠᠵᠤ ᠨᠠᠷᠢᠯᠠᠬᠤ ᠶᠢ ᠮᠠᠰᠢ ᠴᠡᠭᠡᠷᠯᠡᠳᠡᠭ ᠶᠤᠮ᠃ ᠬᠠᠷᠠᠮᠴᠢ ᠬᠢᠪᠴᠠᠭ ᠬᠦᠮᠦᠨ ᠢ ︽ᠱᠠᠯᠠᠩ ᠮᠣᠷᠢᠨ ᠳᠤ ᠵᠠᠮ ᠬᠤᠯᠠ᠂ ᠬᠠᠷᠠᠮᠴᠢ ᠬᠦᠮᠦᠨ ᠳᠤ ᠨᠦᠬᠦᠷ ᠬᠤᠯᠠ︾ ᠭᠡᠵᠦ ᠵᠦᠢᠷᠯᠡᠨ ᠵᠢᠮᠡᠯᠡᠳᠡᠭ᠃ ᠮᠡᠷᠭᠡᠯᠡᠵᠦ ᠴᠡᠴᠡᠷᠬᠡᠨ ᠪᠡᠶ᠎ᠡ ᠪᠠᠨ ᠡᠷᠭᠦᠬᠦ ᠶᠢ ᠪᠠᠰᠠ ᠴᠡᠭᠡᠷᠯᠡᠳᠡᠭ᠃ ᠠᠶᠢᠯ ᠳᠤ ᠭᠡᠶᠢᠴᠢᠨ ᠬᠦᠮᠦᠨ ᠢᠷᠡᠪᠡᠯ ᠠᠮᠤᠷ ᠮᠡᠨᠳᠦ ᠪᠠᠨ ᠠᠰᠠᠭᠤᠯᠴᠠᠨ ᠦᠭᠡ ᠬᠡᠯᠡᠯᠴᠡᠵᠦ ᠵᠤᠭᠤᠭ ᠳᠡᠯᠭᠡᠬᠦ ᠠᠴᠠ ᠪᠢᠰᠢ ᠪᠤᠰᠤᠳ ᠤᠨ ᠡᠮᠦᠨ᠎ᠡ ᠶᠡᠬᠡᠷᠬᠡᠵᠦ᠂ ᠪᠡᠶ᠎ᠡ ᠪᠠᠨ ᠭᠠᠶᠢᠬᠠᠭᠤᠯᠵᠦ ᠡᠷᠭᠦᠵᠦ᠂ ᠮᠡᠷᠭᠡᠯᠡᠬᠦ ᠶᠢ ᠵᠢᠪᠡᠭᠦᠴᠡᠨ ᠵᠢᠭᠰᠢᠳᠡᠭ᠃       ᠡᠷᠬᠡᠲᠡᠨ ᠵᠡᠮᠳᠡᠭ ᠳᠤᠲᠠᠭᠤ ᠬᠦᠮᠦᠨ ᠢ ᠡᠯᠡᠭ ᠳᠤᠭᠤᠬᠢ ᠪᠤᠯᠭᠠᠬᠤ ᠶᠢ ᠮᠠᠰᠢ ᠴᠡᠭᠡᠷᠯᠡᠳᠡᠭ᠃ ︽ᠵᠡᠮᠳᠡᠭ ᠬᠦᠮᠦᠨ ᠢ ᠳᠠᠭᠤᠷᠢᠶᠠᠪᠠᠯ ᠮᠦᠨ ᠠᠳᠠᠯᠢ ᠵᠡᠮᠳᠡᠭ ᠪᠤᠯᠳᠠᠭ︾ ᠬᠡᠵᠦ ᠬᠡᠤᠬᠡᠳ ᠢ ᠦᠷᠭᠦᠯᠵᠢ ᠠᠶᠤᠯᠭᠠᠨ ᠰᠡᠷᠡᠮᠵᠢᠯᠡᠭᠦᠯᠳᠡᠭ ᠪᠢᠯᠡ᠃ ᠮᠦᠨ ᠬᠦᠮᠦᠨ ᠤ ᠦᠭᠡᠳᠡ ᠠᠴᠠ ᠨᠤᠯᠮᠤᠬᠤ ᠶᠢ ᠴᠡᠭᠡᠷᠯᠡᠳᠡᠭ᠃ ᠬᠦᠮᠦᠨ ᠤ ᠡᠮᠤᠨ᠎ᠡ ᠠᠴᠠ ᠨᠤᠯᠮᠤᠬᠤ ᠨᠢ ᠪᠤᠯᠬᠢ ᠪᠦᠳᠦᠭᠦᠯᠢᠭ ᠵᠠᠩ᠂ ᠬᠦᠮᠦᠨ ᠢ ᠪᠠᠰᠤᠮᠵᠢᠯᠠᠭᠰᠠᠨ ᠮᠠᠭᠤ ᠰᠤᠷᠲᠠᠯ ᠪᠤᠯᠬᠤ ᠲᠤᠯᠠ ᠬᠦᠮᠦᠨ ᠤ ᠦᠭᠡᠳᠡ ᠠᠴᠠ ᠨᠤᠯᠮᠤᠪᠠᠯ ︽ᠪᠤᠳᠠᠭ᠎ᠠ ᠬᠦᠨᠡᠰᠦ ᠴᠢᠨᠢ ᠳᠤᠲᠠᠨ᠎ᠠ︾ ᠭᠡᠵᠦ ᠬᠡᠯᠡᠳᠡᠭ᠃       ᠭᠡᠷ ᠲᠤ ᠢᠰᠭᠡᠷᠬᠦ ᠪᠤᠶᠤ ᠤᠷᠤᠨ ᠭᠠᠷᠤᠨ ᠳᠠᠭᠤᠤ ᠬᠢᠩᠰᠢᠬᠦ ᠶᠢ ᠪᠤᠯᠪᠠᠰᠤᠨ ᠪᠤᠰᠤ ᠰᠤᠷᠲᠠᠯ ᠢᠶᠠᠷ ᠦᠵᠡᠵᠦ ᠮᠠᠰᠢ ᠴᠡᠭᠡᠷᠯᠡᠳᠡᠭ᠃ ᠨᠠᠰᠤᠲᠠᠶᠢᠴᠤᠤᠯ ᠨᠢ ᠵᠠᠯᠠᠭᠤ ᠪᠠᠭᠠᠴᠤᠳ ᠤᠨ ᠭᠡᠷ ᠲᠤ ᠢᠰᠭᠡᠷᠬᠦ᠂ ᠤᠷᠤᠨ ᠭᠠᠷᠤᠨ ᠳᠠᠭᠤᠤ ᠬᠢᠩᠰᠢᠬᠦ ᠶᠢ ᠦᠯᠦ ᠲᠠᠭᠠᠰᠢᠶᠠᠨ ᠵᠢᠭᠰᠢᠨ ᠰᠡᠵᠢᠭᠯᠡᠳᠡᠭ ᠪᠤᠯᠬᠤᠷ ︽ᠭᠡᠷ ᠲᠤ ᠢᠰᠭᠡᠷᠪᠡᠯ ᠨᠢᠭᠦᠯ ᠪᠤᠯᠳᠠᠭ︾᠂ ︽ᠭᠠᠷᠬᠤ ᠨᠠᠷᠠᠨ ᠤᠯᠠᠶᠢᠪᠠᠯ ᠭᠠᠩ ᠪᠤᠯᠬᠤ ᠶᠢᠨ ᠲᠡᠮᠳᠡᠭ᠂ ᠭᠠᠷᠤᠨ ᠤᠷᠤᠨ ᠭᠢᠩᠰᠢᠪᠡᠯ ᠭᠠᠰᠠᠯᠠᠩ ᠪᠤᠯᠬᠤ ᠶᠢᠨ ᠲᠡᠮᠳᠡᠭ︾ ᠬᠡᠵᠦ ᠬᠡᠯᠡᠳᠡᠭ᠃       ᠠᠯᠢ ᠴᠦ ᠨᠤᠲᠤᠭ ᠤᠨ ᠮᠤᠩᠭᠤᠯᠴᠤᠳ ᠭᠡᠳ ᠬᠤᠯᠠᠭᠠᠢ ᠬᠢᠵᠤ ᠬᠤᠲᠠᠯ ᠬᠡᠯᠡᠬᠦ ᠶᠢ ᠶᠡᠷᠤ ᠠᠴᠠ ᠬᠤᠷᠤᠰᠤᠨ ᠵᠢᠭᠰᠢᠵᠦ ᠮᠠᠰᠢ ᠴᠡᠭᠡᠷᠯᠡᠳᠡᠭ᠃ ᠡᠶᠢᠮᠦ ᠠᠴᠠ ︽ᠪᠤᠰᠤᠳ ᠤᠨ ᠶᠠᠭᠤᠮ᠎ᠠ ᠶᠢ ᠬᠤᠯᠠᠭᠠᠶᠢᠯᠠᠪᠠᠯ ᠡᠷᠭᠢᠬᠦ ᠲᠦᠷᠦᠯ ᠲᠡᠭᠡᠨ ᠬᠤᠶᠠᠷ ᠬᠦᠯ ᠨᠢ ᠲᠠᠰᠤᠷᠠᠵᠤ ᠲᠦᠷᠦᠳᠡᠭ︾᠂ ︽ᠬᠤᠳᠠᠯᠴᠢ ᠬᠦᠮᠦᠨ ᠦᠬᠦᠭᠡᠳ ᠡᠷᠯᠢᠭ ᠲᠤ ᠤᠴᠢᠪᠠᠯ ᠬᠡᠯᠡ ᠶᠢ ᠨᠢ ᠤᠭᠲᠤᠯᠳᠠᠭ︾ ᠭᠡᠬᠦ ᠮᠡᠲᠤ ᠶᠢᠨ ᠰᠦᠷᠳᠡᠭᠦᠯᠦᠯ ᠢᠶᠠᠷ ᠬᠤᠯᠠᠭᠠᠢ ᠬᠢᠵᠦ ᠬᠤᠳᠠᠯ ᠬᠡᠯᠡᠬᠦ᠂ ᠪᠤᠰᠤᠳ ᠢ ᠬᠤᠬᠢᠷᠠᠭᠤᠯᠬᠤ ᠵᠢᠭᠰᠢᠭᠦᠷᠢᠲᠤ ᠠᠵᠢᠯᠯᠠᠭ᠎ᠠ ᠶᠢ ᠴᠡᠭᠡᠷᠯᠡᠭᠦᠯᠳᠡᠭ᠃      ᠮᠤᠩᠭᠤᠯ ᠬᠦᠮᠦᠨ ᠤᠯᠵᠠᠨ ᠳᠤ ᠰᠢᠨᠤᠬᠠᠶᠢᠷᠠᠬᠤ ᠶᠢ ᠴᠡᠭᠡᠷᠯᠡᠳᠡᠭ ᠶᠤᠰᠤ ᠲᠠᠢ᠃ ᠮᠤᠩᠭᠤᠯᠴᠤᠳ ᠤᠨ ᠤᠯᠠᠮᠵᠢᠯᠠᠯᠲᠤ ᠵᠠᠩ ᠦᠢᠯᠡ ᠳᠤ ᠪᠤᠰᠤᠳ ᠢ ᠲᠤᠰᠠᠯᠠᠬᠤ ᠪᠠᠷ ᠵᠢᠷᠭᠠᠯ ᠢᠶᠠᠨ ᠪᠤᠯᠭᠠᠵᠤ᠂ ᠪᠤᠶᠠᠨ ᠦᠢᠯᠡᠳᠴᠦ ᠪᠠᠶᠢᠭ᠎ᠠ ᠪᠠᠷ ᠦᠵᠡᠳᠡᠭ ᠪᠤᠯᠬᠤᠷ ᠦᠨᠦᠴᠢᠨ ᠪᠠᠯᠪᠠᠰᠤᠨ ᠢ ᠦᠷᠦ ᠡᠪᠡᠳᠦᠨ ᠲᠡᠳᠬᠦᠵᠦ᠂ ᠡᠪᠡᠳᠴᠢᠨ ᠵᠤᠪᠠᠯᠠᠩᠲᠠᠨ ᠢ ᠡᠷᠭᠦᠵᠦ ᠬᠠᠷᠠᠭᠠᠯᠵᠠᠳᠠᠭ ᠰᠠᠶᠢᠨ ᠰᠠᠶᠢᠬᠠᠨ ᠵᠠᠩ ᠳᠠᠳᠬᠠᠯ ᠲᠠᠢ ᠪᠤᠯᠬᠤᠷ ᠵᠠᠮ ᠮᠦᠷ ᠳᠡᠭᠡᠷ᠎ᠡ ᠬᠡᠬᠡᠭᠰᠡᠨ ᠶᠠᠭᠤᠮ᠎ᠠ ᠶᠢ ᠡᠵᠡᠨ ᠳᠤᠨᠢ ᠤᠯᠭᠤᠬᠤ ᠪᠤᠶᠤ ᠢᠯᠡ ᠭᠠᠵᠠᠷ ᠲᠠᠯᠪᠢᠵᠦ ᠮᠠᠷᠲᠠᠭᠰᠠᠨ ᠡᠵᠡᠨ ᠳᠤᠨᠢ ᠳᠦᠭᠦᠮ ᠦᠵᠡᠭᠦᠯᠳᠡᠭ᠃ ᠠᠶᠠᠯᠠᠵᠤ ᠶᠠᠪᠤᠭ᠎ᠠ ᠵᠠᠮ ᠳᠠᠭᠠᠨ ᠡᠵᠡᠨ ᠨᠢ ᠦᠭᠡᠢ ᠰᠤᠯᠠ ᠭᠡᠷ ᠲᠤ ᠤᠷᠤᠭᠰᠠᠨ ᠴᠦ ᠬᠦᠮᠦᠨ ᠤ ᠶᠠᠭᠤᠮ᠎ᠠ ᠶᠢ ᠬᠦᠨᠳᠡᠳᠡᠭ ᠶᠤᠰᠤ ᠦᠭᠡᠢ᠂ ᠨᠡᠩ ᠴᠦ ᠠᠯᠲᠠᠨ ᠬᠢᠮᠦᠰᠦ ᠬᠦᠳᠡᠯᠭᠡᠬᠦ ᠶᠢ ᠲᠠᠰᠤ ᠴᠡᠭᠡᠷᠯᠡᠳᠡᠭ᠃       ᠠᠯᠠᠱᠠ ᠬᠤᠱᠤᠤᠨᠴᠤᠳ ᠬᠦᠮᠦᠨ ᠬᠠᠷᠢᠶᠠᠬᠤ ᠶᠢ ᠪᠤᠯᠬᠢ ᠮᠠᠭᠤ ᠰᠤᠷᠲᠠᠯ ᠭᠡᠵᠦ ᠵᠢᠭᠰᠢᠨ ᠦᠵᠡᠬᠦ ᠪᠤᠯᠬᠤᠷ ︽ᠬᠦᠮᠦᠨ ᠬᠠᠷᠢᠶᠠᠪᠠᠯ ᠬᠡᠯᠡ ᠳᠡᠭᠡᠷ᠎ᠡ ᠴᠢᠨᠢ ᠶᠠᠷ᠎ᠠ ᠭᠠᠷᠳᠠᠭ︾᠂ ︽ᠬᠦᠮᠦᠨ ᠬᠠᠷᠢᠶᠠᠬᠤ ᠨᠢ ᠨᠢᠭᠦᠯ︾ ᠬᠡᠬᠦ ᠮᠡᠲᠤ ᠪᠠᠷ ᠰᠡᠷᠡᠮᠵᠢ ᠦᠭᠴᠦ ᠴᠡᠭᠡᠷᠯᠡᠭᠦᠯᠳᠡᠭ᠃       ᠠᠯᠠᠱᠠ ᠳᠤ ᠪᠦᠰᠡᠭᠦᠢ ᠬᠦᠮᠦᠨ ᠦᠰᠦ ᠪᠠᠨ ᠲᠠᠭᠠᠷᠢᠬᠤ ᠶᠢ ᠴᠡᠭᠡᠷᠯᠡᠵᠦ ᠪᠠᠶᠢᠵᠠᠢ᠃ ᠡᠨᠡ ᠨᠢ ︽ᠦᠰᠦ ᠲᠠᠭᠠᠷᠢᠪᠠᠯ ᠨᠠᠰᠤ ᠤᠬᠤᠷ ᠪᠤᠯᠳᠠᠭ︾ ᠭᠡᠵᠦ ᠦᠵᠡᠳᠡᠭ ᠠᠴᠠ ᠪᠤᠯᠤᠭᠰᠠᠨ ᠴᠡᠭᠡᠷ ᠪᠤᠯᠬᠤ ᠶᠤᠮ᠃ ᠪᠠᠰᠠ ᠠᠪᠠᠭᠠᠢ ᠬᠦᠮᠦᠨ ᠦᠰᠦ ᠪᠠᠨ ᠰᠤᠯᠠ ᠳᠠᠯᠪᠢᠬᠤ ᠶᠢ ᠴᠡᠭᠡᠷᠯᠡᠳᠡᠭ ᠶᠤᠮ᠂ ᠡᠨᠡ ᠨᠢ ᠥᠩᠭᠡᠷᠡᠭᠰᠡᠨ ᠳᠤ ᠪᠠᠯᠪᠠᠰᠤᠷᠠᠯ ᠬᠢᠪᠡᠯ ᠦᠰᠦ ᠭᠡᠵᠢᠭᠡ ᠪᠠᠨ ᠰᠤᠯᠠ ᠲᠠᠯᠪᠢᠳᠠᠭ ᠶᠤᠰᠤᠲᠠᠢ ᠪᠠᠶᠢᠭᠰᠠᠨ ᠠᠴᠠ ᠪᠤᠯᠤᠭᠰᠠᠨ ᠴᠡᠭᠡᠷ ᠶᠤᠮ᠃ ᠭᠡᠷ ᠤᠨ ᠡᠷᠦᠬᠡ ᠶᠢ ᠲᠠᠲᠠᠬᠤ ᠪᠤᠶᠤ ᠬᠠᠷᠢᠭᠤᠯᠬᠤ ᠳᠠᠭᠠᠨ ᠪᠤᠷᠤᠭᠤ ᠪᠠᠷ ᠡᠷᠭᠢᠵᠦ ᠲᠠᠲᠠᠬᠤ ᠶᠢ ᠴᠡᠭᠡᠷᠯᠡᠳᠡᠭ᠃ ᠡᠨᠡ ᠨᠢ ᠨᠦᠭᠴᠢᠭᠰᠡᠨ ᠬᠦᠮᠦᠨ ᠤ ᠭᠡᠷ ᠤᠨ ᠡᠷᠦᠬᠡ ᠶᠢ ᠪᠤᠷᠤᠭᠤ ᠪᠠᠷ ᠡᠷᠭᠢᠭᠦᠯᠵᠦ ᠲᠠᠲᠠᠳᠠᠭ ᠠᠴᠠ ᠡᠨᠡ ᠮᠡᠲᠤ ᠪᠠᠷ ᠴᠡᠭᠡᠷᠯᠡᠭᠦᠯᠦᠭᠰᠡᠨ ᠬᠡᠳᠡᠭ᠃ ᠮᠦᠨᠴᠤ ᠮᠤᠩᠭᠤᠯ ᠭᠡᠷ ᠢ ᠲᠦᠰᠢᠵᠦ ᠵᠤᠭᠰᠣᠬᠤ ᠶᠢ ᠴᠡᠭᠡᠷᠯᠡᠳᠡᠭ᠃ ᠡᠨᠠ ᠨᠢ ᠪᠡᠯᠪᠡᠰᠦᠷᠡᠬᠦ ᠬᠦᠮᠦᠨ ᠰᠠᠶ᠋ᠢ ᠡᠨᠡ ᠮᠡᠲᠤ ᠪᠠᠷ ᠵᠤᠭᠰᠤᠳᠠᠭ ᠭᠡᠵᠦ ᠴᠡᠭᠡᠷᠯᠡᠭᠦᠯᠵᠠᠢ᠃ ᠰᠠᠷ᠎ᠠ ᠳᠤ ᠰᠠᠭᠤᠭ᠎ᠠ ᠡᠬᠡᠨᠡᠷ ᠤᠨ ᠭᠡᠷ ᠲᠤ ᠤᠷᠤᠳᠠᠭ ᠦᠭᠡᠢ᠂ ᠬᠤᠷᠢᠨ ᠨᠢᠭᠡᠨ ᠬᠤᠨᠤᠭ ᠬᠦᠯ ᠴᠡᠭᠡᠷᠯᠡᠳᠡᠭ᠃                       ︵ᠪᠤᠷᠵᠢᠬᠢᠨ ᠳ᠋ᠤᠷᠬᠢ ᠶᠢᠨ ︽ᠠᠯᠠᠱᠠ ᠬᠤᠱᠤᠤᠨ ᠨᠤᠮ︾ ᠠᠴᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号