ᠠᠯᠠᠱᠠ ᠬᠤᠰᠢᠭᠤᠨ ᠤ ᠰᠦᠮ᠎ᠡ ᠶᠢᠨ ᠶᠠᠷᠵᠢᠩ ᠨᠠᠭᠠᠳᠤᠮ
ᠨᠡᠶᠢᠲᠡᠯᠡᠭᠰᠡᠨ ᠴᠠᠭ᠄
2019/8/19
     ᠶᠠᠷᠵᠢᠩ ᠤᠨ ᠨᠠᠭᠠᠳᠤᠮ ᠪᠤᠯ ᠤᠷᠤᠨ ᠨᠤᠳᠤᠭ ᠤᠨ ᠱᠠᠰᠢᠨ᠂ ᠲᠥᠷᠥ ᠶᠢᠨ ᠵᠠᠩᠰᠢᠯ ᠠᠭᠤᠯᠭ᠎ᠠ ᠬᠠᠷᠢᠯᠴᠠᠨ ᠤᠶᠠᠯᠳᠤᠭᠰᠠᠨ ᠡᠷ᠎ᠡ ᠶᠢᠨ ᠭᠤᠷᠪᠠᠨ ᠨᠠᠭᠠᠳᠤᠮ ᠤᠨ ᠴᠤᠭᠯᠠᠭ᠎ᠠ ᠪᠤᠯᠤᠨ᠎ᠠ᠃ ᠲᠡᠦᠭᠡᠨ ᠲᠡᠮᠳᠡᠭᠯᠡᠯ ᠠᠴᠠ ᠦᠵᠡᠪᠡᠯ᠂ ᠠᠯᠠᠱᠠ ᠬᠤᠰᠢᠭᠤᠨ ᠤ ᠬᠤᠱᠤᠢ ᠴᠢᠨ ᠸᠠᠩ ᠯᠤᠪᠰᠠᠩᠳᠤᠷᠵᠢ ᠶᠢᠨ ᠦᠶ᠎ᠡ ᠠᠴᠠ ᠨᠠᠰᠢ᠂ ᠦᠷᠡᠰ ᠨᠠᠶᠢᠷ ᠲᠦᠭᠡᠮᠡᠯᠵᠢᠵᠦ᠂ ᠦᠨᠳᠦᠰᠦᠲᠡᠨ ᠤ ᠤᠳᠬ᠎ᠠ ᠰᠤᠶᠤᠯ ᠥᠷᠭᠡᠨ ᠢᠶᠠᠷ ᠦᠷᠨᠢᠵᠦ᠂ ᠬᠡᠶᠢᠳ ᠰᠦᠮ᠎ᠡ᠂ ᠪᠠᠭ ᠨᠤᠳᠤᠭ ᠢ ᠶᠡᠬᠡᠳᠡ ᠨᠥᠯᠥᠭᠡᠯᠡᠵᠡᠢ᠃ ᠨᠠᠶᠢᠷ ᠨᠠᠭᠠᠳᠤᠮ ᠤᠨ ᠨᠥᠭᠦᠴᠡᠯ ᠢ ᠪᠦᠷᠢᠯᠳᠦᠭᠦᠯᠭᠦ ᠶᠢᠨ ᠲᠥᠯᠥᠭᠡ ᠪᠠᠭ ᠰᠦᠮ᠎ᠡ ᠬᠠᠮᠳᠤᠷᠠᠵᠤ᠂ ᠨᠤᠮ ᠤᠨ ᠬᠤᠷᠠᠯ ᠢᠶᠠᠷ ᠰᠢᠯᠳᠠᠭᠠᠨ ᠡᠭᠦᠰᠭᠡᠨ᠂ ᠮᠤᠩᠭᠤᠯᠴᠦᠳ ᠤᠨ ᠤᠳᠤᠮᠰᠢᠯ ᠵᠠᠩᠰᠢᠯ ᠢ ᠪᠠᠷᠢᠮᠳᠠᠯᠠᠵᠤ᠂ ᠬᠤᠰᠢᠭᠤᠨ ᠤ ᠦᠷᠡᠰ ᠨᠠᠶᠢᠷ ᠤᠨ ᠠᠭᠤᠯᠭ᠎ᠠ ᠨᠤᠭᠤᠳ ᠢ ᠪᠠᠭᠳᠠᠭᠠᠨ ᠠᠭᠤᠯᠵᠤ᠂ ᠡᠷ᠎ᠡ ᠶᠢᠨ ᠭᠤᠷᠪᠠᠨ ᠨᠠᠭᠠᠳᠤᠮ ᠲᠠᠯᠪᠢᠵᠤ᠂ ᠬᠦᠴᠦᠲᠦ ᠡᠷ᠎ᠡ᠂ ᠬᠤᠷᠳᠤᠨ ᠮᠤᠷᠢ᠂ ᠱᠠᠯᠠᠮᠠᠭᠠᠢ ᠨᠤᠮᠤᠴᠢᠨ ᠢ ᠪᠤᠯᠪᠠᠰᠤᠷᠠᠭᠤᠯᠵᠤ᠂ ᠦᠨᠳᠦᠰᠦᠲᠡᠨ ᠤ ᠬᠡᠯᠪᠡᠷᠢ ᠶᠢᠨ ᠨᠠᠶᠢᠷ ᠨᠠᠭᠠᠳᠤᠮ ᠢ ᠡᠭᠦᠰᠭᠡᠨ ᠶᠠᠪᠤᠭᠤᠯᠳᠠᠭ ᠪᠠᠶᠢᠪᠠ᠃ ᠡᠨᠡ ᠨᠢ ᠪᠦᠭᠦ ᠬᠤᠰᠢᠭᠤᠨ ᠤ ᠤᠯᠠᠨ ᠲᠦᠮᠡᠨᠴᠢ ᠴᠢᠨᠠᠷᠳᠠᠢ ᠬᠥᠳᠡᠯᠭᠡᠭᠡᠨ ᠪᠤᠯᠤᠨ ᠲᠦᠭᠡᠮᠡᠯᠵᠢᠵᠡᠢ᠃ ᠡᠶᠢᠮᠦ ᠳᠤ ᠪᠠᠭ᠂ ᠰᠦᠮ᠎ᠡ ᠬᠠᠷᠢᠯᠴᠠᠨ ᠲᠡᠮᠵᠢᠵᠦ ︽ᠶᠠᠷᠵᠢᠩ︾ ᠭᠠᠷᠭᠠᠬᠤ ᠪᠤᠯᠵᠠᠢ᠃      ᠠᠯᠠᠱᠠ ᠶᠢᠨ ᠪᠠᠭ ᠨᠢ ᠨᠤᠳᠤᠭ ᠤᠨ ᠤᠪᠤᠭ᠎ᠠ ᠶᠢᠨ ᠲᠠᠬᠢᠯᠭ᠎ᠠ ᠲᠡᠭᠡᠷ᠎ᠡ ᠪᠠᠨ ᠡᠷ᠎ᠡ ᠶᠢᠨ ᠭᠤᠷᠪᠠᠨ ᠨᠠᠭᠠᠳᠤᠮ ᠢ ᠶᠠᠪᠤᠭᠤᠯᠵᠤ᠂ ᠥᠪᠡᠳᠡᠭᠰᠢ ᠨᠠᠶᠢᠷ ᠲᠠᠯᠪᠢᠬᠤ ᠪᠤᠯᠵᠠᠢ᠃      ᠲᠡᠭᠡᠪᠡᠯ ᠰᠦᠮ᠎ᠡ ᠭᠡᠶᠢᠳ ᠨᠢ ᠶᠠᠷᠵᠢᠩ ᠤᠨ ᠨᠠᠶᠢᠷ ᠲᠠᠯᠪᠢᠬᠤ ᠳᠠᠭᠠᠨ ᠱᠠᠰᠢᠨ ᠤ ᠰᠤᠷᠳᠠᠯ ᠢ ᠡᠷᠭᠢᠮᠯᠡᠵᠦ᠂ ᠭᠡᠭᠡᠨ ᠯᠠᠮᠠ ᠳᠠᠭᠠᠨ ᠳ᠋ᠠᠩᠰᠢᠭ ᠮᠠᠨᠳᠠᠯ ᠡᠷᠭᠦᠵᠦ ᠮᠥᠷᠭᠦᠨ᠎ᠡ᠃ ᠨᠠᠶᠢᠷ ᠨᠠᠭᠠᠳᠤᠮ ᠤᠨ ᠬᠤᠷᠠᠯ ᠢ ᠡᠬᠢᠯᠡᠭᠦ ᠳᠡᠭᠡᠨ ᠪᠤᠷᠬᠠᠨ ᠲᠡᠭᠷᠢ᠂ ᠠᠯᠠᠱᠠ ᠶᠢᠨ ᠡᠵᠡᠳ ᠰᠠᠬᠢᠭᠤᠯᠰᠤᠨ ᠳᠤ ᠳᠠᠬᠢᠯ ᠡᠷᠭᠦᠵᠦ᠂ ᠴᠠᠭᠠᠨ ᠢᠳᠡᠭᠡ ᠪᠠᠷ ᠲᠡᠭᠡᠵᠢ ᠪᠤᠯᠭᠠᠵᠤ᠂ ᠦᠷ᠎ᠡ ᠵᠢᠮᠢᠰ᠂ ᠠᠷᠢᠭᠤᠨ ᠰᠠᠶᠢᠬᠠᠨ ᠠᠮᠳᠠᠳᠤ ᠢᠳᠡᠭᠡᠨ ᠰᠠᠴᠤᠵᠤ᠂ ᠰᠠᠩ ᠲᠠᠯᠪᠢᠨ ᠮᠥᠷᠭᠦᠵᠦ ᠶᠤᠰᠤᠯᠠᠨ᠎ᠠ᠃ ᠲᠡᠭᠦᠨᠴᠢᠯᠡᠨ ᠲᠥᠷᠥ ᠱᠠᠰᠢᠨ ᠤ ᠨᠢᠭᠡᠳᠦᠯ ᠲᠠᠢ ᠵᠠᠩᠰᠢᠯ ᠶᠤᠰᠤᠭᠠᠷ ᠤᠯᠠᠨ ᠵᠤᠴᠢᠳ᠂ ᠥᠭᠯᠢᠭᠡ ᠶᠢᠨ ᠡᠵᠡᠳ ᠲᠤ ᠴᠠᠢ᠂ ᠬᠤᠭᠤᠯᠠ ᠪᠡᠯᠡᠳᠭᠡᠵᠦ ᠵᠤᠴᠢᠯᠠᠨ᠎ᠠ᠃ ᠨᠢᠭᠡ ᠯᠡ ᠡᠳᠦᠷ ᠤᠨ ᠬᠤᠪᠢ ᠳᠤ ᠮᠤᠷᠢ ᠤᠷᠤᠯᠳᠤᠬᠤ᠂ ᠨᠤᠮᠤ ᠬᠠᠷᠪᠤᠬᠤ᠂ ᠪᠥᠭᠡ ᠪᠠᠷᠢᠯᠳᠤᠬᠤ ᠬᠥᠳᠡᠯᠭᠡᠭᠡᠨ ᠢ ᠶᠠᠪᠤᠭᠤᠯᠵᠤ᠂ ᠲᠤᠰ ᠪᠦᠷᠢ ᠳᠤ ᠤᠷᠦ᠋ᠢᠯᠠᠭᠰᠠᠨ ᠮᠤᠷᠢ᠂ ᠨᠤᠮᠤᠴᠢᠨ᠂ ᠪᠥᠭᠡ ᠶᠢ ᠪᠦᠷ ᠨᠢᠭᠡ ᠶᠤᠰᠤ ᠪᠠᠷ ᠡᠳ᠋ ᠪᠤᠳᠠᠰ᠂ ᠴᠠᠢ ᠠᠷᠢᠬᠢ᠂ ᠪᠤᠷᠠᠮ ᠰᠢᠬᠢᠷ᠂ ᠬᠠᠳᠠᠭ ᠠᠯᠴᠢᠭᠤᠷ᠂ ᠠᠳᠢᠰ ᠷᠠᠰᠢᠶᠠᠨ ᠢᠶᠠᠷ ᠱᠠᠩᠨᠠᠵᠤ ᠬᠥᠭᠢᠭᠦᠯᠦᠨ᠎ᠡ᠃ ᠬᠤᠶᠠᠳᠤᠭᠠᠷ᠂ ᠭᠤᠳᠠᠭᠠᠷ ᠤᠨ ᠬᠢᠨ ᠢ ᠮᠥᠨ ᠡᠳ᠋ ᠪᠤᠳᠠᠰ᠂ ᠠᠷᠢᠬᠢ ᠴᠠᠢ᠂ ᠬᠠᠳᠠᠭ ᠵᠡᠷᠭᠡ ᠪᠠᠷ ᠲᠤᠰ ᠪᠦᠷᠢ ᠱᠠᠩᠨᠠᠵᠤ ᠰᠠᠶᠢᠰᠢᠶᠠᠨ᠎ᠠ᠃ ᠪᠤᠰᠤᠳ ᠢ ᠪᠦᠷ ᠵᠤᠷᠢᠭᠵᠢᠭᠤᠯᠤᠨ ᠬᠠᠶᠢᠷ᠎ᠠ ᠱᠠᠩᠨᠠᠯ ᠥᠭᠭᠦᠨ᠎ᠡ᠃ ᠡᠶᠢᠮᠦ ᠬᠡᠯᠪᠡᠷᠢ ᠶᠢᠨ ᠨᠠᠭᠠᠳᠤᠮ ᠢ ᠠᠯᠠᠱᠠ ᠬᠤᠰᠢᠭᠤᠨ ᠤ ᠤᠯᠠᠩᠭᠢ ᠰᠦᠮ᠎ᠡ ᠬᠡᠶᠢᠳ ᠲᠤ ᠵᠢᠯ ᠳᠡᠭᠡᠨ ᠭᠠᠷᠭᠠᠳᠠᠭ ᠪᠠᠶᠢᠨ᠎ᠠ᠃      ᠬᠥᠳᠡᠭᠡ ᠨᠤᠳᠤᠭ ᠤᠨ ᠰᠦᠮ᠎ᠡ ᠪᠦᠷ ᠨᠠᠶᠢᠷ ᠤᠨ ᠴᠤᠭᠯᠠᠭ᠎ᠠ ᠶᠠᠪᠤᠭᠤᠯᠳᠠᠭ ᠪᠢᠯᠡ᠃ ᠬᠠᠮᠤᠭ ᠤᠨ ᠠᠯᠳᠠᠷᠳᠠᠢ ᠬᠡᠳᠦ ᠬᠡᠪᠡᠯ ᠬᠤᠩᠭᠤᠷᠥ᠌ᠯᠦᠩ ᠪᠠᠭ ᠤᠨ ᠪᠠᠷᠠᠭᠤᠨ᠂ ᠵᠡᠭᠦᠨ ᠬᠤᠶᠠᠷ ᠪᠤᠷᠭᠠᠰᠤᠳᠠᠢ ᠶᠢᠨ ᠰᠦᠮ᠎ᠡ᠂ ᠬᠤᠩᠭᠤᠷᠥ᠌ᠯᠦᠩ ᠪᠠᠭ ᠤᠨ ᠥᠷᠭᠦᠭᠡ ᠶᠢᠨ ᠰᠦᠮ᠎ᠡ ᠲᠤᠰ ᠪᠦᠷᠢ ᠶᠠᠷᠵᠢᠩ ᠭᠠᠷᠭᠠᠬᠤ ᠨᠠᠭᠠᠳᠤᠮ ᠤᠨ ᠬᠤᠷᠠᠯ ᠬᠢᠳᠡᠭ ᠤᠳᠤᠮᠰᠢᠯ ᠲᠠᠢ᠃      ᠡᠭᠦᠨ ᠠᠴᠠ ᠭᠠᠳᠠᠨ᠎ᠠ᠂ ᠪᠠᠰᠠ ᠤᠪᠤᠭ᠎ᠠ ᠶᠢᠨ ᠨᠠᠭᠠᠳᠤᠮ ᠡᠷᠬᠢᠯᠡᠵᠦ ᠨᠢᠭᠡ ᠵᠢᠯ ᠳᠤ ᠳᠥᠷᠪᠡᠨ ᠭᠠᠵᠠᠷ ᠤᠷᠤᠯᠳᠤᠭᠠᠨ ᠶᠠᠪᠤᠭᠳᠠᠳᠠᠭ ᠪᠢᠯᠡ᠃ ᠱᠢᠷᠽᠠ ᠶᠢᠨ ᠰᠦᠮ᠎ᠡ᠂ ᠳ᠋ᠠᠷ᠎ᠠ ᠡᠬᠡ ᠶᠢᠨ ᠰᠦᠮ᠎ᠡ᠂ ᠰᠢᠷᠭ᠎ᠠ ᠶᠢᠨ ᠰᠦᠮ᠎ᠡ᠂ ᠴᠤᠭᠳᠤᠬᠦ᠋ᠷᠢᠶ᠎ᠡ ᠶᠢᠨ ᠰᠦᠮ᠎ᠡ᠂ ᠴᠠᠭᠠᠨ ᠭᠤᠤᠯ ᠤᠨ ᠰᠦᠮ᠎ᠡ ᠵᠡᠷᠭᠡ ᠰᠦᠮ᠎ᠡ ᠨᠦᠭᠦᠳ ᠲᠤ ᠨᠡᠯᠢᠶᠡᠳ ᠬᠡᠮᠵᠢᠶᠡᠨ ᠤ ᠶᠠᠷᠵᠢᠩ ᠭᠠᠷᠳᠠᠭ ᠲᠡᠦᠭᠡ ᠲᠠᠢ᠃      ᠪᠤᠰᠤᠳ ᠤᠯᠠᠨ ᠰᠦᠮ᠎ᠡ ᠨᠦᠭᠦᠳ ᠲᠤ ᠠᠳᠠᠯᠢ ᠪᠤᠰᠤ ᠬᠡᠪᠴᠢᠶᠡᠨ ᠤ ᠨᠠᠭᠠᠳᠤᠮ ᠭᠠᠷᠭᠠᠵᠤ᠂ ᠤᠯᠠᠨ ᠲᠦᠮᠡᠨ ᠤ ᠨᠠᠶᠢᠷ ᠴᠤᠭᠯᠠᠭ᠎ᠠ ᠶᠠᠪᠤᠭᠳᠠᠵᠤ᠂ ᠮᠠᠯᠴᠢᠳ ᠬᠤᠭᠤᠷᠤᠨᠳᠤ ᠪᠠᠨ ᠮᠠᠷᠭᠤᠯᠳᠤᠭᠠᠨ ᠶᠠᠪᠤᠭᠤᠯᠵᠤ᠂ ᠮᠤᠷᠢᠨ ᠤ ᠬᠤᠷᠳᠤᠨ ᠨᠢ ᠮᠢᠨᠤᠬᠢ ᠴᠢᠨᠤᠬᠢ ᠭᠡᠮᠡᠨ ᠦᠷᠢᠰᠦᠯᠳᠦᠵᠦ᠂ ᠰᠢᠯᠢᠳᠡᠭ ᠰᠠᠶᠢᠨ ᠠᠵᠢᠷᠭ᠎ᠠ ᠶᠢᠨ ᠤᠨᠠᠭ᠎ᠠ ᠠᠪᠴᠤ᠂ ᠡᠭᠦᠯᠳᠡᠷ ᠢ ᠥᠭᠡᠷᠡᠴᠢᠯᠡᠨ ᠰᠠᠶᠢᠵᠢᠷᠠᠭᠤᠯᠬᠤ ᠠᠵᠢᠯ ᠪᠠ ᠪᠤᠰᠤᠳ ᠰᠤᠯᠢᠯᠴᠠᠬᠤ ᠬᠥᠳᠡᠯᠭᠡᠭᠡᠨ ᠡᠭᠦᠪᠡᠷ ᠳᠠᠮᠵᠢᠨ ᠥᠷᠨᠢᠳᠡᠭ ᠪᠠᠶᠢᠨ᠎ᠠ᠃ ᠡᠨᠡ ᠨᠢ ᠮᠥᠨ ᠵᠠᠯᠠᠭᠤᠴᠦᠳ ᠪᠠᠭᠠᠴᠤᠳ ᠪᠦᠭᠡ ᠪᠠᠷᠢᠯᠳᠤᠬᠤ᠂ ᠨᠤᠮᠤ ᠬᠠᠷᠪᠤᠬᠤ ᠮᠡᠷᠭᠡᠵᠢᠯ ᠢ ᠰᠤᠷᠴᠤ ᠡᠵᠡᠮᠰᠢᠭᠦ ᠠᠰᠢᠭᠳᠠᠢ ᠰᠠᠶᠢᠨ ᠵᠠᠪᠰᠢᠶᠠᠨ ᠪᠤᠯᠬᠤ ᠶᠤᠮ᠃      ᠲᠤᠪᠴᠢᠯᠠᠭᠠᠳ ᠬᠡᠯᠡᠪᠡᠯ᠂ ᠠᠯᠠᠱᠠ ᠮᠤᠩᠭᠤᠯᠴᠦᠳ ᠰᠦᠮ᠎ᠡ ᠬᠡᠶᠢᠳ ᠤᠨ ᠶᠠᠷᠵᠢᠩ᠂ ᠤᠪᠤᠭ᠎ᠠ ᠶᠢᠨ ᠳᠠᠬᠢᠯᠭ᠎ᠠ ᠶᠢᠨ ᠴᠤᠭᠯᠠᠭ᠎ᠠ ᠨᠠᠭᠠᠳᠤᠮ ᠢᠶᠠᠷ ᠳᠠᠮᠵᠢᠨ᠂ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠪᠤᠯᠪᠠᠰᠤᠷᠠᠯ ᠤᠨ ᠤᠷᠤᠰᠬᠠᠯ ᠴᠤᠭᠴᠠ ᠶᠢ ᠲᠦᠯᠬᠢᠨ ᠠᠬᠢᠭᠤᠯᠳᠠᠭ᠃      ᠬᠡᠶᠢᠳ ᠰᠦᠮ᠎ᠡ ᠶᠢᠨ ᠶᠠᠷᠵᠢᠩ ᠲᠡᠭᠡᠷ᠎ᠡ 20 — 30 ᠤᠷᠴᠢᠮ ᠠᠭᠳᠠ ᠤᠷᠤᠯᠳᠤᠭᠠᠨ ᠳᠤ ᠭᠠᠷᠳᠠᠭ ᠪᠠᠶᠢᠨ᠎ᠠ᠃ ᠪᠦᠭᠡ ᠠᠷᠪᠠ ᠭᠠᠷᠤᠢ ᠬᠤᠤᠰ ᠤᠷᠤᠯᠴᠠᠨ᠎ᠠ᠃       ︵ᠲᠥᠪᠵᠢᠷᠭᠠᠯ᠂ ᠲᠡᠮᠦᠷᠪᠦ᠋ᠭᠡ ᠨᠠᠷ ᠤᠨ ᠵᠤᠬᠢᠶᠠᠭᠰᠠᠨ ︽ᠠᠯᠠᠱᠠ ᠬᠤᠱᠤᠳ ᠮᠤᠩᠭᠤᠯ ᠤᠨ ᠲᠤᠪᠴᠢ ᠲᠡᠦᠭᠡ︾ ᠠᠴᠠ ᠰᠡᠶᠢᠷᠡᠭᠦᠯᠪᠡ︶
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号