ᠳᠡᠭᠡᠳᠣ ᠮᠤᠩᠭᠤᠯ ᠤᠨ ᠵᠠᠷᠢᠮ ᠲᠤᠮ ᠰᠢᠪᠰᠢᠯᠭᠡ ᠶᠢᠨ ᠶᠤᠰᠤ
ᠨᠡᠶᠢᠲᠡᠯᠡᠭᠰᠡᠨ ᠴᠠᠭ᠄
2019/5/6
    1. ᠬᠢᠮᠤᠰᠤ ᠠᠪᠬᠤ ᠶᠤᠰᠤ           ᠰᠦᠨᠢ ᠤᠷᠤᠢ ᠭᠠᠷ ᠤᠨ ᠬᠢᠮᠦᠰᠤ ᠠᠪᠤᠪᠠᠯ ᠬᠤᠯᠠᠭᠠᠶᠢᠴᠢ ᠪᠤᠯᠤᠨ᠎ᠠ ᠭᠡᠵᠦ ᠴᠡᠭᠡᠷᠯᠡᠳᠡᠭ ᠪᠦᠭᠡᠳ ᠬᠦᠯ᠂ ᠭᠠᠷ ᠤᠨ ᠬᠢᠮᠤᠰᠤ ᠪᠠᠨ ᠠᠪᠤᠭᠠᠳ ᠬᠠᠮᠢᠶ᠎ᠠ ᠨᠠᠮᠢᠶ᠎ᠠ ᠦᠭᠡᠢ ᠭᠠᠵᠠᠷ ᠬᠠᠶᠠᠵᠦ ᠪᠤᠲᠠᠷᠠᠭᠤᠯᠳᠠᠭ ᠦᠭᠡᠢ᠃ ᠬᠠᠷᠢᠨ᠄ ︽ᠳᠡᠭᠡ ᠶᠢᠨ ᠡᠪᠡᠷ ᠲᠡᠭᠷᠢ ᠲᠤᠯᠵᠦ᠂ ᠳᠡᠮᠡᠭᠡᠨ ᠰᠡᠭᠦᠯ ᠭᠠᠵᠠᠷ ᠬᠦᠷᠬᠦ ᠦᠶ᠎ᠡ ᠳᠤ ᠴᠢ ᠴᠡᠩᠬᠡᠷ ᠴᠠᠭᠠᠨ ᠬᠠᠳᠠ ᠪᠤᠯᠤᠭᠠᠳ ᠨᠠᠮᠠᠢᠢ ᠬᠦᠯᠢᠶᠠᠵᠦ ᠪᠠᠢ᠂ ᠪᠢ ᠴᠡᠯ ᠪᠤᠭᠤᠷᠤᠯ ᠲᠤᠯᠤᠭᠠᠢ ᠲᠠᠢ᠂ ᠴᠠᠭᠠᠨ ᠪᠤᠭᠤᠷᠤᠯ ᠰᠠᠬᠠᠯ ᠲᠠᠢ ᠪᠤᠯᠵᠦ᠂ ᠮᠤᠭᠠᠢ ᠡᠰᠢ ᠲᠠᠢ ᠮᠢᠯᠠᠭ᠎ᠠ ᠪᠠᠷᠢᠵᠦ᠂ ᠮᠤᠬᠤᠷ ᠴᠠᠭᠠᠨ ᠬᠠᠶᠢᠨᠤᠭ ᠤᠨᠤᠵᠦ᠂ ᠴᠢᠮ᠎ᠠ ᠠᠴᠠ ᠴᠠᠬᠢᠭᠤᠷ ᠵᠠᠯᠠᠵᠦ ᠠᠪᠤᠶ᠎ᠠ︾ ᠭᠡᠮᠡᠨ ᠢᠷᠦᠭᠡᠨ ᠰᠢᠪᠰᠢᠵᠦ᠂ ᠬᠢᠮᠤᠰᠤ ᠪᠠᠨ ᠭᠠᠵᠠᠷ ᠲᠤ ᠪᠤᠯᠠᠵᠦ ᠲᠠᠯᠪᠢᠳᠠᠭ᠃           2. ᠨᠢᠳᠣ ᠲᠠᠲᠠᠬᠤ ᠲᠤᠮ           ᠵᠡᠭᠦᠨ ᠨᠢᠳᠣᠨ ᠤ ᠳᠡᠭᠡᠳᠣ ᠵᠤᠪᠬᠢ ᠳᠠᠳᠠᠪᠠᠯ ᠵᠦᠢᠲᠠᠢ ᠰᠠᠶᠢᠨ ᠤᠴᠢᠷ ᠲᠤᠬᠢᠶᠠᠯᠳᠣᠨ᠎ᠠ ᠭᠡᠵᠦ ᠪᠡᠯᠭᠡᠰᠢᠶᠡᠳᠡᠭ ᠪᠦᠭᠡᠳ ᠪᠠᠷᠠᠭᠤᠨ ᠨᠢᠳᠣᠨ ᠤ ᠲᠤᠤᠷᠠᠳᠣ ᠵᠤᠪᠬᠢ ᠲᠠᠲᠠᠪᠠᠯ ᠮᠠᠭᠤ ᠢᠷᠸ᠎ᠠ ᠪᠤᠯᠬᠤ᠂ ᠭᠠᠷᠤᠵᠠ ᠭᠠᠷᠬᠤ ᠶᠢᠨ ᠳᠡᠮᠳᠡᠭ ᠭᠡᠮᠡᠨ ᠦᠵᠡᠵᠦ᠂ ᠪᠠᠷᠠᠭᠤᠨ ᠨᠢᠳᠣᠨ ᠤ ᠪᠠᠨ ᠳᠠᠳᠠᠯᠳᠦᠵᠦ ᠪᠠᠶᠢᠭ᠎ᠠ ᠬᠡᠰᠡᠭ ᠲᠤ ᠲᠡᠷᠡᠰᠤ ᠡᠪᠡᠰᠤᠨ ᠤ ᠬᠠᠯᠢᠰᠤ ᠶᠢ ᠬᠦᠨᠳᠡᠯᠡᠨ ᠨᠠᠭᠠᠵᠦ᠂ ᠪᠠᠭ᠎ᠠ ᠳᠠᠭᠤ ᠪᠠᠷ ᠭᠠᠵᠠᠷ ᠤᠷᠤᠭᠤ ᠭᠤᠷᠪᠠᠨᠳᠠ ᠨᠢᠯᠪᠤᠵᠦ ᠲᠤᠮᠨᠤᠭᠠᠤᠨ᠂ ᠨᠢᠳᠣ ᠳᠠᠳᠠᠯᠳᠦᠬᠤ ᠶᠢ ᠵᠤᠭᠰᠣᠭᠠᠬᠤ ᠪᠠᠷ ᠤᠷᠤᠯᠳᠠᠳᠠᠭ᠃           3. ᠨᠢᠳᠣᠨ ᠳᠤ ᠡᠪᠣᠳᠦᠭ ᠭᠠᠷᠬᠤ ᠶᠢ ᠲᠤᠮᠨᠤᠬᠤ ᠶᠤᠰᠤ           ᠨᠢᠳᠦᠨ ᠤ ᠪᠤᠯᠤᠩ ᠬᠠᠪᠤᠳᠠᠷᠯᠠᠵᠦ ᠵᠢᠵᠢᠭ ᠤᠯᠠᠭᠠᠨ ᠬᠦᠪᠳᠦᠷᠦᠤ ᠭᠠᠷᠪᠠᠯ ᠳᠡᠭᠡᠳᠣ ᠮᠤᠩᠭᠤᠯᠴᠤᠳ ᠲᠡᠭᠦᠨ ᠢ ᠨᠢᠳᠣᠨ ᠳᠤ ᠡᠪᠤᠳᠦᠭ ᠭᠠᠷᠤᠯ᠎ᠠ ᠭᠡᠵᠦ ᠬᠡᠯᠡᠳᠡᠭ᠃ ᠨᠢᠳᠦᠨ ᠳᠤ ᠡᠪᠤᠳᠦᠭ ᠭᠠᠷᠬᠤ ᠨᠢ ᠬᠦᠮᠦᠨ ᠬᠠᠷ᠎ᠠ ᠶᠠᠪᠤᠬᠤ ᠵᠠᠮ ᠤᠨ ᠪᠡᠯᠴᠢᠷ ᠳᠡᠭᠡᠷ᠎ᠡ ᠪᠠᠶ᠎ᠠ ᠵᠠᠰᠠᠭᠰᠠᠨ ᠠᠴᠠ ᠪᠤᠯᠤᠯ᠎ᠠ ᠭᠡᠵᠦ ᠱᠤᠭᠯᠠᠵᠦ ᠬᠡᠯᠡᠳᠡᠭ᠃ ᠬᠡᠷᠪᠡ  ᠨᠢᠳᠤᠨ ᠳᠤ ᠡᠪᠦᠳᠦᠭ ᠭᠠᠷᠤᠭᠰᠠᠨ ᠪᠤᠯ᠄ ︽ᠡᠪᠦᠳᠦᠭ ᠭᠠᠷᠤᠨ᠎ᠠ ᠭᠡᠵᠦ ᠶᠠᠭᠤ ᠪᠤᠢ︖ ᠡᠪᠦᠳᠦᠭ ᠢᠶᠠᠷ ᠲᠤᠮᠨᠤᠨ᠎ᠠ  ᠭᠡᠵᠦ ᠶᠠᠭᠠᠬᠢᠳᠠᠭ ᠪᠤᠢ︖ ᠡᠯᠡᠭ︕ ᠡᠯᠡᠭ᠃ ᠤᠮ᠂ ᠲᠤᠮ︕ ᠤᠮ᠂ ᠲᠤᠮ︕︾ ᠭᠡᠵᠦ ᠰᠢᠪᠰᠢᠵᠦ᠂ ᠡᠪᠦᠳᠦᠭ ᠳᠡᠭᠡᠷ᠎ᠡ ᠪᠠᠨ ᠬᠠᠪᠤᠳᠤᠭᠰᠠᠨ ᠨᠢᠳᠣ ᠪᠠᠨ ᠬᠦᠷᠭᠡᠵᠦ ᠲᠤᠮᠨᠤᠨ᠎ᠠ ︵ᠵᠡᠬᠦᠨ ᠨᠢᠳᠣ ᠬᠠᠪᠤᠳᠣᠭᠰᠠᠨ ᠪᠤᠯ  ᠪᠠᠷᠠᠭᠤᠨ ᠡᠪᠦᠳᠦᠭ ᠢᠶᠠᠷ᠂ ᠪᠠᠷᠠᠭᠤᠨ ᠨᠢᠳᠣ ᠬᠠᠪᠤᠳᠣᠭᠰᠠᠨ ᠪᠤᠯ ᠵᠡᠬᠦᠨ ᠡᠪᠦᠳᠦᠭ ᠢᠶᠠᠷ ᠲᠤᠮᠨᠤᠨ᠎ᠠ︶᠃           4. ᠬᠤᠪᠳᠤᠭ ᠲᠤᠯᠢᠶᠠᠬᠤ ᠠᠴᠠ ᠰᠡᠷᠭᠡᠶᠢᠯᠡᠬᠦ ᠲᠤᠮ           ᠳᠡᠭᠡᠳᠣ ᠮᠤᠩᠭᠤᠯ ᠳᠤ ᠬᠤᠪᠳᠤᠭ ᠰᠡᠷᠭᠡᠶᠢᠯᠡᠬᠦ ᠭᠡᠭᠴᠢ ᠰᠤᠨᠢᠬᠠᠨ ᠲᠤᠮ ᠪᠠᠰᠠ ᠪᠠᠶᠢᠳᠠᠭ ᠰᠠᠨ᠃ ᠬᠤᠪᠳᠤᠭ ᠭᠡᠭᠴᠢ ᠪᠤᠯ ᠰᠦᠨᠢ ᠤᠷᠤᠢ ᠯᠡ ᠭᠠᠷᠴᠤ ᠢᠷᠡᠳᠡᠭ ᠬᠦᠮᠦᠨ ᠤ ᠨᠢᠳᠦᠨ ᠳᠤ ᠦᠵᠡᠭᠳᠡᠬᠦ ᠦᠭᠡᠢ ᠬᠡᠴᠡᠬᠦᠦ ᠬᠤᠪᠳᠤᠭ ᠠᠮᠢᠳᠠᠨ ᠭᠡᠵᠦ ᠬᠡᠯᠡᠯᠴᠡᠳᠡᠭ᠃ ᠡᠨᠡ ᠠᠮᠢᠳᠠᠨ ᠰᠦᠨᠢ ᠤᠷᠤᠢ ᠡᠭᠦᠳᠡᠨ ᠪᠤᠱᠣᠭᠠᠨ ᠳᠡᠭᠡᠷ᠎ᠡ ᠰᠠᠭᠤᠵᠦ᠂ ᠮᠢᠬ᠎ᠠ ᠱᠦᠯᠦ ᠢᠳᠡᠵᠦ ᠤᠤᠭᠤᠭᠰᠠᠨ ᠬᠦᠮᠦᠨ ᠭᠠᠷᠴᠤ ᠢᠷᠡᠬᠦ ᠶᠢ ᠬᠦᠯᠢᠶᠡᠳᠡᠭ᠃ ᠬᠡᠷᠪᠡ ᠡᠨᠡᠬᠦ ᠬᠤᠪᠳᠤᠭ ᠭᠡᠳᠡᠭ ᠨᠢ ᠬᠦᠮᠦᠨ ᠤ ᠤᠷᠤᠭᠤᠯ ᠠᠮᠠᠨ ᠳᠡᠭᠡᠷᠡᠬᠢ ᠲᠤᠰᠤ ᠬᠤᠷᠭᠤ ᠶᠢ ᠲᠤᠯᠢᠶᠠᠴᠢᠬᠠᠪᠠᠯ ᠬᠦᠮᠦᠨ ᠤ ᠤᠷᠤᠭᠤᠯ ᠠᠮᠠᠨ ᠳᠡᠭᠡᠷ᠎ᠡ ᠶᠠᠷ᠎ᠠ ᠰᠢᠷᠬ᠎ᠠ ᠭᠠᠷᠳᠠᠭ ᠭᠡᠨ᠎ᠡ᠃           ᠡᠶᠢᠮᠦ ᠠᠴᠠ ᠬᠦᠮᠦᠰ ᠤᠷᠤᠢ ᠶᠢᠨ ᠪᠤᠳᠠᠭ᠎ᠠ ᠪᠠᠨ ᠢᠳᠡᠭᠰᠡᠨ ᠤ ᠳᠠᠷᠠᠭ᠎ᠠ᠂ ᠭᠠᠳᠠᠭᠰᠢ ᠭᠠᠷᠬᠤ ᠦᠶ᠎ᠡ ᠳ᠋ᠭᠡᠨ ᠤᠷᠤᠭᠤᠯ ᠠᠮᠠ ᠪᠠᠨ ᠰᠠᠶᠢᠳᠣᠷ ᠠᠷᠴᠢᠵᠦ᠂ ᠭᠠᠯ ᠤᠨ ᠵᠠᠯᠢ ᠤᠷᠤᠭᠤ ᠦᠯᠢᠶᠡᠭᠡᠳ ᠭᠠᠷᠳᠠᠭ ᠵᠠᠩ ᠲᠠᠢ᠃ ᠬᠡᠷᠪᠡ ᠬᠤᠪᠳᠤᠭ ᠲᠤ ᠤᠷᠤᠭᠤᠯ ᠠᠮᠠ ᠪᠠᠨ ᠲᠤᠯᠢᠶᠠᠯᠭᠠᠭᠰᠠᠨ ᠪᠤᠯ ᠮᠤᠩᠭᠤᠯ ᠭᠡᠷ ᠤᠨ ᠡᠭᠦᠳᠡᠨ ᠤ ᠲᠤᠳᠣᠭᠤ ᠳᠡᠭᠡᠷᠡᠬᠢ  ᠵᠦᠭᠡᠯᠡᠨ ᠰᠢᠷᠤᠢ ᠶᠢ ᠢᠳᠡᠮ ᠬᠤᠷᠤᠭᠤ ᠪᠠᠷ ᠢᠶᠠᠨ ᠠᠷᠴᠢᠵᠦ ᠠᠪᠤᠭᠠᠳ ᠤᠷᠤᠭᠤᠯ ᠳᠡᠭᠡᠷ᠎ᠡ ᠪᠠᠨ ᠲᠦᠷᠬᠢᠵᠦ᠄ ︽ ᠬᠤᠪᠳᠤᠭ᠂ ᠬᠤᠪᠳᠤᠭ ᠬᠤᠶᠢᠷ᠎ᠠ ︵ᠬᠤᠶᠢᠰᠢ︶ ᠪᠠᠢ᠂ ᠬᠤᠭᠤᠯᠠ ᠪᠤᠳᠠᠭ᠎ᠠ ᠠᠴᠠ ᠬᠤᠯᠠ ᠪᠠᠢ᠂ ᠨᠠᠭᠠᠳᠣ  ᠬᠤᠪᠳᠤᠭ ᠨᠠᠭᠠᠷ᠎ᠠ ︵ᠨᠠᠰᠢ︶ ᠪᠠᠢ᠂ ᠴᠠᠭᠠᠳᠣ ᠬᠤᠪᠳᠤᠭ ᠴᠠᠭᠠᠷ᠎ᠠ ︵ᠴᠠᠰᠢ︶ ᠪᠠᠢ︾ ᠭᠡᠵᠦ ᠬᠠᠷᠢᠭᠤ ᠲᠤᠮ  ᠬᠢᠵᠦ ᠶᠠᠷ᠎ᠠ ᠰᠢᠷᠬ᠎ᠠ ᠡᠳᠡᠭᠡᠷᠡᠬᠦ ᠶᠢ ᠬᠦᠰᠡᠨ ᠲᠤᠮᠨᠤᠳᠠᠭ᠃           5. ᠭᠠᠯ ᠬᠦᠭᠵᠢᠭᠡᠬᠦ ᠶᠤᠰᠤ ᠲᠤᠮ             ᠲᠦᠯᠡᠭᠡ ᠲᠦᠯᠡᠰᠢ ᠴᠢᠬᠢᠭᠳᠦᠵᠦ᠂ ᠭᠠᠯ ᠠᠮᠠᠷᠬᠠᠨ ᠨᠤᠴᠤᠬᠤ ᠦᠭᠡᠢ ᠪᠠᠶᠢᠳᠠᠯ ᠲᠤᠤᠷ᠎ᠠ᠂ ᠭᠠᠯ  ᠳᠡᠭᠡᠷ᠎ᠡ ᠪᠠᠨ ᠢᠮᠠᠭᠠᠨ ᠤ ᠰᠡᠮᠡᠵᠠᠨ ᠦᠭᠡᠬᠦ ᠨᠡᠮᠡᠵᠦ ᠭᠠᠯ ᠢᠶᠠᠨ ᠬᠦᠭᠵᠢᠭᠡᠳᠡᠭ᠃ ᠡᠭᠦᠨ ᠳᠤ ᠭᠠᠯ ᠲᠦᠯᠡᠭᠴᠢ ᠠᠴᠠ  ᠰᠡᠮᠡᠵᠡᠨ ᠦᠭᠡᠬᠦ ᠪᠠᠨ ᠬᠠᠶᠢᠯᠭᠠᠵᠦ ᠲᠦᠯᠡᠰᠢᠨ ᠳᠡᠭᠡᠷ᠎ᠡ ᠪᠠᠨ ᠲᠤᠰᠠᠭᠠᠭᠰᠠᠭᠠᠷ᠄ ︽ᠬᠦᠭᠵᠢ︕ ᠬᠦᠭᠵᠢ︕  ᠬᠦᠬᠡ ᠢᠮᠠᠭᠠᠨ ᠤ ᠰᠡᠮᠠᠵᠡ ᠰᠢᠷᠠᠵᠦ ᠢᠳᠡᠶ᠎ᠡ᠂ ᠬᠠᠭᠵᠢ︕ ᠬᠠᠭᠵᠢ︕ ᠬᠠᠷ᠎ᠠ ᠢᠮᠠᠭᠠᠨ ᠤ ᠰᠡᠮᠡᠵᠡ ᠰᠢᠷᠠᠵᠦ  ᠢᠳᠡᠶ᠎ᠡ᠂ ᠱᠠᠭᠵᠢ︕ ᠱᠠᠭᠵᠢ︕ ᠰᠢᠷ᠎ᠠ ᠢᠮᠠᠭᠠᠨ ᠤ ᠰᠡᠮᠡᠵᠡ ᠰᠢᠷᠠᠵᠦ ᠢᠳᠡᠶ᠎ᠡ᠃︾ ᠬᠡᠵᠤ ᠲᠤᠮᠨᠤᠨ ᠭᠠᠯ ᠢᠶᠠᠨ  ᠬᠦᠭᠵᠢᠭᠡᠵᠦ ᠰᠢᠲᠠᠭᠠᠬᠤ ᠶᠤᠰᠤᠨ ᠪᠤᠢ᠃          
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号