ᠠᠯᠠᠱᠠ ᠮᠤᠩᠭᠤᠯᠴᠤᠤᠨ ᠤᠨ ᠭᠡᠶᠢᠴᠢᠨ ᠤᠭᠳᠤᠬᠤ ᠦᠳᠠᠬᠦ ᠶᠤᠰᠤᠨ
ᠨᠡᠶᠢᠲᠡᠯᠡᠭᠰᠡᠨ ᠴᠠᠭ᠄
2019/5/28
     ᠠᠯᠠᠱᠠ ᠮᠤᠩᠭᠤᠯᠴᠤᠤᠨ ᠤᠨ ᠵᠠᠩᠰᠢᠯ ᠳᠤ ᠠᠶᠢᠯ ᠡᠷᠤᠭᠡ ᠬᠤᠭᠤᠷᠤᠠᠳᠤ ᠪᠠᠨ ᠠᠶᠢᠯᠴᠢᠯᠠᠨ ᠶᠠᠪᠤᠯᠴᠠᠬᠤ ᠳᠠᠭᠠᠨ ᠢᠷᠡᠭᠰᠠᠨ ᠭᠡᠶᠢᠴᠢᠨ ᠢ ᠨᠠᠶᠢᠷᠰᠠᠭ ᠬᠠᠯᠠᠭᠤᠨ ᠢᠶᠠᠷ ᠤᠭᠳᠤᠨ ᠠᠭᠤᠯᠵᠠᠵᠤ᠂ ᠬᠤᠶᠠᠷ ᠭᠠᠷ ᠤᠨ ᠠᠯᠠᠭ᠎ᠠ ᠪᠠᠨ ᠲᠠᠯᠭᠡᠨ ᠮᠠᠬᠦ᠋ᠢᠰᠬᠢᠵᠤ᠄ ︽ᠲᠠ ᠠᠮᠤᠷᠬᠠᠨ ᠰᠠᠶᠢᠨ︖︾ ᠭᠡᠵᠤ ᠮᠠᠡᠳᠤᠯᠠᠳᠡᠭ ᠶᠤᠮ᠃ ᠢᠷᠡᠭᠰᠠᠨ ᠭᠡᠶᠢᠴᠢᠨ ᠨᠢ ᠦᠯᠤ ᠲᠠᠨᠢᠬᠤ ᠬᠦᠮᠤᠨ ᠪᠠᠶᠢᠭᠰᠠᠨ ᠴᠤ ᠪᠦᠷ ᠨᠢᠭᠡᠨ ᠠᠳᠠᠯᠢ ᠵᠤᠴᠢᠠᠰᠠᠭ ᠢᠶᠠᠷ ᠮᠠᠡᠳᠤᠯᠠᠬᠦ ᠶᠤᠰᠤᠳᠠᠢ᠃ ᠢᠯᠠᠩᠭᠤᠶ᠎ᠠ ᠠᠪᠤ ᠡᠵᠢ᠂ ᠠᠬᠠᠰ ᠶᠠᠭᠡᠰ ᠢᠶᠠᠨ ᠬᠦᠡᠳᠤᠤᠠᠭᠡᠳᠡᠭ ᠡᠷᠬᠢᠮ ᠨᠠᠡᠳᠢᠨ ᠵᠠᠩᠰᠢᠯ ᠢ ᠢᠮᠠᠭᠳᠠ ᠴᠢᠩᠭ᠎ᠠ ᠪᠠᠷᠢᠮᠳᠠᠯᠠᠵᠤ᠂ ᠦᠷ᠎ᠠ ᠭᠡᠤᠭᠡᠤᠨ ᠨᠢ ᠤᠳᠠᠭᠠᠨ ᠠᠭᠤᠯᠵᠠᠭ᠎ᠠ ᠦᠭᠡᠢ ᠠᠪᠤ ᠡᠵᠢ ᠳᠡᠭᠡᠨ ᠠᠭᠤᠯᠵᠠᠭᠰᠠᠭᠠᠷ ᠤᠷᠢᠤᠨ ᠢᠶᠠᠷ ᠪᠠᠷᠠᠭᠤᠨ ᠡᠪᠤᠳᠥᠭ ᠢᠶᠠᠨ ᠰᠦᠬᠦᠤᠠᠴᠤ ᠲᠠᠷᠠᠭ᠎ᠠ ᠨᠢ ᠵᠠᠬᠦᠨ ᠡᠪᠤᠳᠥᠭ ᠢᠶᠠᠨ ᠰᠦᠬᠦᠤᠠᠴᠤ ᠬᠤᠶᠠᠷ ᠭᠠᠷ ᠤᠨ ᠠᠯᠠᠭ᠎ᠠ ᠪᠠᠨ ᠲᠠᠯᠭᠡᠨ᠄ ︽ᠠᠪᠤ ᠡᠵᠢ ᠠᠮᠤᠷᠬᠠᠨ ᠤᠤ︖︾ ᠭᠡᠵᠤ ᠠᠮᠤᠷ ᠠᠶᠢᠯᠠᠤᠠᠬᠠᠨ᠎ᠠ᠃ ᠭᠡᠤᠭᠡᠨ ᠬᠦᠮᠤᠨ ᠪᠤᠯ ᠵᠠᠬᠦᠨ ᠡᠪᠤᠳᠥᠭ ᠢᠶᠠᠨ ᠰᠦᠬᠦᠤᠠᠴᠤ᠂ ᠬᠤᠶᠠᠷ ᠭᠠᠷ ᠢᠶᠠᠨ ᠵᠠᠬᠦᠨ ᠡᠪᠤᠳᠥᠭ ᠲᠠᠭᠡᠷ᠎ᠠ ᠪᠠᠨ ᠲᠠᠷᠤᠵᠤ᠄ ︽ᠠᠪᠤ ᠡᠵᠢ  ᠠᠮᠤᠷᠬᠠᠨ ᠤᠤ︖︾ ᠭᠡᠵᠤ ᠠᠮᠤᠷ ᠠᠶᠢᠯᠠᠤᠠᠬᠠᠨ᠎ᠠ᠃ ᠲᠠᠷᠠᠴᠢᠯᠠᠨ ᠦᠪᠠᠷ ᠤᠨ ᠨᠠᠭᠠᠴᠤ᠂ ᠠᠪᠠᠭ᠎ᠠ ᠵᠠᠷᠭᠡ ᠶᠢᠨ ᠲᠠᠭᠡᠳᠤ ᠦᠶ᠎ᠠ ᠶᠢᠨ ᠬᠦᠮᠤᠰ ᠪᠠ ᠠᠯᠪᠠᠨ ᠲᠤᠰᠢᠶᠠᠯ ᠢᠶᠠᠷ ᠦᠡᠳᠤᠷ ᠬᠦᠮᠤᠰ ᠲᠤ ᠴᠦᠮ ᠡᠨᠡ ᠮᠠᠳᠤ ᠪᠠᠷ ᠰᠦᠬᠦᠤᠠᠴᠤ ᠠᠮᠤᠷ ᠠᠶᠢᠯᠠᠤᠠᠬᠠᠨ᠎ᠠ᠃            ᠢᠷᠡᠭᠰᠠᠨ ᠭᠡᠶᠢᠴᠢᠨ ᠨᠢ ᠮᠤᠷᠢᠨ ᠵᠠᠯ᠎ᠠ ᠮᠤᠳᠤ ᠪᠠ ᠲᠠᠮᠠᠭᠡᠨ ᠤᠶᠠᠭᠠᠨ ᠲᠠᠭᠡᠷ᠎ᠠ ᠬᠦᠷᠴᠤ ᠢᠷᠠᠬᠦ ᠳᠤ ᠭᠡᠷ ᠤᠨ ᠡᠵᠠᠨ ᠵᠠᠪᠠᠯ ᠭᠡᠷ ᠠᠴᠠ ᠪᠠᠨ ᠭᠠᠷᠴᠤ ᠵᠠᠯ᠎ᠠ ᠤᠶᠠᠭᠠᠨ ᠲᠠᠭᠡᠷ᠎ᠠ ᠤᠭᠳᠤᠨ ᠤᠴᠢᠵᠤ ᠠᠮᠤᠷ ᠠᠰᠠᠭᠤᠨ᠎ᠠ᠃ ᠭᠡᠷᠪᠠ ᠠᠯᠪᠠᠨ ᠲᠤᠰᠢᠶᠠᠯ ᠢᠶᠠᠷ ᠦᠡᠳᠤᠷ ᠠᠬᠠᠰ ᠶᠠᠭᠡᠰ ᠬᠦᠮᠤᠨ᠂ ᠡᠰᠠᠬᠦᠯ᠎ᠠ ᠨᠠᠶᠢᠷ ᠬᠤᠷᠢᠮ ᠤᠨ ᠲᠤᠰᠬᠠᠢ ᠵᠠᠯᠠᠯᠭ᠎ᠠ ᠶᠢᠨ ᠬᠦᠮᠤᠨ ᠢᠷᠠᠪᠠᠯ ᠭᠡᠷ ᠤᠨ ᠡᠵᠠᠨ ᠶᠤᠰᠤᠨ ᠤ ᠬᠤᠪᠴᠠᠰᠤ ᠪᠠᠨ ᠡᠮᠤᠰᠤᠨ ᠮᠤᠷᠢᠨ ᠤᠶᠠᠭᠠᠨ ᠲᠠᠭᠡᠷ᠎ᠠ ᠤᠴᠢᠵᠤ ᠲᠤᠰᠴᠤ ᠤᠭᠳᠤᠨ ᠠᠮᠤᠷ ᠠᠶᠢᠯᠠᠤᠠᠬᠠᠵᠤ᠂ ᠤᠨᠤᠭ᠎ᠠ ᠤᠨᠤᠰᠢ ᠶᠢ ᠨᠢ ᠤᠶᠠᠵᠤ ᠦᠭᠬᠦ ᠶᠤᠰᠤᠳᠠᠢ᠃ ᠢᠷᠡᠭᠰᠠᠨ ᠭᠡᠶᠢᠴᠢᠨ ᠨᠢ ᠪᠠᠭᠤᠬᠤ ᠠᠶᠢᠯ ᠤᠨ ᠭᠡᠷ ᠤᠨ ᠡᠬᠦᠳᠠᠨ ᠳᠤ ᠬᠦᠷᠬᠦ ᠳᠤ ᠭᠡᠷ ᠤᠨ ᠡᠵᠠᠨ ᠨᠢ ᠤᠷᠢᠳᠠᠪᠠᠷ᠄ ︽ᠲᠠ  ᠭᠡᠷ ᠲᠤ ᠮᠤᠷᠢᠯᠠᠵᠤ ᠰᠠᠭᠠᠳᠠ︕︾ ᠭᠡᠵᠤ ᠤᠷᠢᠬᠤᠯᠠᠷ᠂ ᠭᠡᠶᠢᠴᠢᠨ ᠨᠢ ᠪᠠᠰᠠ ᠭᠡᠷ ᠤᠨ ᠡᠵᠠᠨ ᠢ᠄ ︽ᠲᠠ ᠮᠤᠷᠢᠯᠨ ︾ ᠭᠡᠵᠤ ᠬᠠᠷᠢᠭᠤ ᠶᠤᠰᠤ ᠬᠦᠢᠴᠠᠤᠠᠭᠡᠭᠡᠤᠨ ᠭᠡᠷ ᠲᠤᠨᠢ ᠤᠷᠤᠵᠤ ᠭᠠᠯ ᠤᠨ ᠪᠠᠷᠠᠭᠤᠨ ᠲᠠᠯ᠎ᠠ ᠪᠠᠷ ᠠᠯᠪᠠᠨ ᠲᠤᠰᠢᠶᠠᠯ᠂ ᠨᠠᠰᠤᠨ ᠤ ᠶᠡᠭᠡ ᠪᠠᠭ᠎ᠠ ᠶᠢᠨ ᠲᠠᠷᠠᠭᠠᠯᠠᠯ ᠤᠨ ᠲᠤᠬᠢᠷᠠᠮᠵᠢᠳᠠᠢ ᠤᠷᠤᠨ ᠰᠠᠭᠤᠳᠠᠯ ᠢᠶᠠᠨ ᠤᠯᠤᠭᠰᠠᠨ ᠤ ᠲᠠᠷᠠᠭ᠎ᠠ᠂ ᠬᠦᠬᠦᠤᠷ ᠭᠠᠷᠭᠠᠨ ᠬᠠᠷᠢᠯᠴᠠᠨ ᠮᠠᠡᠳᠤᠯᠠᠵᠤ ᠡᠬᠢᠯᠠᠨ᠎ᠠ᠃ ᠲᠠᠭᠡᠬᠦ ᠳᠡᠭᠡᠨ ᠪᠠᠶ᠎ᠠ ᠠᠴᠠ ᠪᠠᠨ ᠠᠬ᠎ᠠ ᠪᠤᠶᠤ ᠠᠯᠪᠠᠨ ᠲᠤᠰᠢᠶᠠᠯ ᠢᠶᠠᠷ ᠦᠡᠳᠤᠷ ᠬᠦᠮᠤᠨ ᠢ ᠡᠷᠭᠡᠪᠰᠢ ᠰᠠᠭᠤᠯᠭᠠᠵᠤ ᠪᠠᠶᠢᠭᠠᠤᠨ ᠪᠦᠬᠦ᠋ᠢᠰᠬᠢᠨ ᠵᠤᠭᠰᠤᠵᠤ ᠲᠠᠮᠠᠬᠢᠯᠠᠬᠤ ᠶᠤᠰᠤᠳᠠᠢ᠃ ᠪᠤᠳᠠᠳᠠᠢ ᠪᠠᠷ ᠭᠡᠯᠠᠪᠠᠯ᠂ ᠭᠡᠷ ᠤᠨ ᠡᠵᠠᠨ ᠤ ᠭᠠᠷᠭᠠᠵᠤ ᠦᠭᠬᠦᠭᠰᠠᠨ ᠬᠦᠬᠦᠤᠷ ᠢ ᠪᠠᠷᠠᠭᠤᠨ ᠭᠠᠷ ᠢᠶᠠᠷ ᠢᠶᠠᠨ ᠲᠤᠰᠴᠤ ᠠᠪᠤᠨ ᠵᠠᠬᠦᠨ ᠭᠠᠷ ᠲᠠᠭᠠᠨ ᠠᠤᠠᠬᠤᠭᠠᠤᠨ ᠦᠪᠠᠷ ᠤᠨ ᠬᠦᠬᠦᠤᠷ ᠢᠶᠠᠨ ᠪᠠᠷᠠᠭᠤᠨ ᠭᠠᠷ ᠢᠶᠠᠷ ᠢᠶᠠᠨ ᠭᠡᠷ ᠤᠨ ᠡᠵᠠᠨ ᠳᠤ ᠭᠠᠷᠳᠠᠭᠤᠯᠤᠨ᠎ᠠ᠂ ᠲᠠᠬᠢᠭᠠᠤᠨ ᠮᠦᠨ ᠲᠠᠷᠨ ᠶᠤᠰᠤ ᠪᠠᠷ ᠭᠡᠷ ᠤᠨ ᠡᠵᠠᠨ ᠨᠢ ᠭᠡᠶᠢᠴᠢᠨ ᠤ ᠬᠦᠬᠦᠤᠷ ᠢ ᠪᠠᠷᠠᠭᠤᠨ ᠭᠠᠷ ᠢᠶᠠᠷ ᠪᠤᠴᠠᠭᠠᠵᠤ ᠦᠭᠬᠦ ᠳᠤ ᠭᠡᠶᠢᠴᠢᠨ ᠨᠢ ᠮᠦᠨ ᠭᠡᠷ ᠤᠨ ᠡᠵᠠᠨ ᠳᠤ ᠬᠦᠬᠦᠤᠷ ᠢ ᠨᠢ ᠪᠤᠴᠠᠭᠠᠨ ᠦᠭᠬᠦ ᠡᠨᠡ ᠬᠤᠭᠤᠷᠤᠠᠳᠤ᠄ ︽ᠲᠠ ᠠᠮᠤᠷᠬᠠᠨ ᠰᠠᠶᠢᠨ ᠤᠤ︖ ᠲᠠᠨ ᠤ ᠪᠠᠶ᠎ᠠ ᠰᠠᠶᠢᠨ ᠤᠤ︖ ᠰᠦᠷᠥᠭ ᠮᠠᠯ ᠤᠨ ᠲᠠᠷᠭᠤ ᠬᠦᠴᠤ ᠰᠠᠶᠢᠨ︖︾ ᠭᠡᠬᠦ ᠮᠠᠳᠤ ᠶᠢᠨ ᠭᠡᠳᠤᠨ ᠪᠠᠯᠭᠡ ᠲᠠᠮᠪᠠᠷᠠᠯ ᠲᠠᠢ ᠦᠭᠡ ᠵᠥᠷᠢᠬᠦᠯᠵᠤ ᠰᠠᠨᠠᠭ᠎ᠠ ᠰᠠᠤᠡᠬᠢᠯᠭᠡ ᠪᠠᠨ ᠮᠠᠳᠠᠯᠴᠠᠵᠤ ᠡᠬᠢᠯᠠᠳᠡᠭ ᠶᠤᠮ᠃            ᠭᠡᠶᠢᠴᠢᠨ ᠬᠦᠮᠤᠨ ᠠᠶᠢᠯ ᠳᠤ ᠤᠴᠢᠬᠤ ᠳᠠᠭᠠᠨ ᠠᠩᠬᠠᠷᠬᠤ ᠵᠦᠢᠯ ᠭᠡᠪᠠᠯ᠂ ᠠᠶᠢᠯ ᠤᠨ ᠭᠠᠳᠠᠭ᠎ᠠ ᠤᠴᠢᠬᠤ ᠳᠤ ᠬᠦᠮᠤᠨ ᠲᠤᠰᠴᠤ ᠭᠠᠷᠤᠭᠰᠠᠨ ᠦᠭᠡᠢ ᠪᠠᠶᠢᠳᠠᠯ ᠤᠨ ᠲᠤᠤᠷ᠎ᠠ᠂ ᠭᠡᠶᠢᠴᠢᠨ ᠬᠦᠮᠤᠨ ᠡᠷᠭᠡᠪᠰᠢ ᠬᠠᠨᠢᠶᠠᠵᠤ ᠬᠤᠭᠤᠯᠠᠢ  ᠵᠠᠰᠠᠬᠤ ᠮᠠᠳᠤ ᠪᠠᠷ ᠴᠢᠮᠡᠭᠡ ᠠᠨᠢᠷ ᠦᠭᠬᠦᠭᠡᠤᠨ ᠭᠡᠷ ᠲᠤᠨᠢ ᠤᠷᠤᠬᠤ ᠶᠤᠰᠤᠳᠠᠢ᠃ ᠭᠡᠷᠪᠠ ᠫᠤᠤ ᠵᠠᠪᠰᠡᠭ ᠠᠪᠴᠤ  ᠶᠠᠪᠤᠵᠤ ᠪᠠᠶᠢᠭᠰᠠᠨ ᠪᠤᠯ ᠫᠤᠤ ᠶᠢᠨ ᠠᠮᠠ ᠶᠢ ᠨᠢ ᠲᠤᠭᠤᠭᠰᠢ ᠬᠠᠨᠳᠤᠭᠤᠯᠤᠨ ᠪᠠᠷᠢᠵᠤ ᠤᠷᠤᠬᠤ ᠭᠡᠷᠡᠭᠳᠠᠢ᠃ ᠪᠠᠰᠠ ᠪᠠᠷᠢᠭᠰᠠᠨ ᠲᠠᠰᠢᠭᠤᠷ ᠢᠶᠠᠨ ᠠᠪᠴᠤ ᠤᠷᠤᠯ ᠦᠭᠡᠢ ᠪᠠᠷ ᠭᠡᠷ ᠤᠨ ᠭᠠᠳᠠᠭ᠎ᠠ ᠲᠠᠯᠪᠢᠬᠤ ᠭᠡᠷᠡᠭᠳᠠᠢ᠃ ᠭᠡᠷᠪᠠ ᠡᠳᠠᠭᠡᠷ ᠵᠦᠢᠯ ᠢ ᠠᠩᠬᠠᠷᠬᠤ ᠦᠭᠡᠢ ᠪᠤᠯ ᠶᠤᠰᠤ ᠠᠯᠳᠠᠭᠰᠠᠨ ᠳᠤ ᠲᠤᠭᠠᠴᠠᠭᠳᠠᠨ᠎ᠠ᠃            ᠢᠷᠡᠭᠰᠠᠨ ᠭᠡᠶᠢᠴᠢᠨ ᠢ ᠬᠠᠯᠠᠭᠤᠮᠰᠤᠭ ᠢᠶᠠᠷ ᠲᠤᠰᠴᠤ ᠤᠭᠳᠤᠳᠠᠭ ᠲᠠᠢ ᠠᠳᠠᠯᠢ ᠮᠤᠷᠳᠠᠬᠤ ᠭᠡᠶᠢᠴᠢᠨ ᠢ ᠮᠦᠨ ᠬᠠᠯᠠᠭᠤᠮᠰᠤᠭ ᠢᠶᠠᠷ ᠦᠳᠠᠨ ᠮᠤᠷᠳᠠᠭᠤᠯᠤᠨ᠎ᠠ᠃ ᠭᠡᠶᠢᠴᠢᠨ ᠶᠠᠪᠤᠬᠤ ᠶᠢᠨ ᠦᠶ᠎ᠠ ᠪᠠᠷ᠄ ︽ᠵᠠ᠂ ᠤᠳᠤ ᠴᠢᠯᠤᠭᠡ ᠠᠶᠢᠯᠠᠤᠠᠬᠠᠶ᠎ᠠ︕︾ ᠭᠡᠵᠤ ᠶᠠᠪᠤᠬᠤ ᠪᠠᠨ ᠮᠠᠳᠡᠭᠳᠠᠬᠦ ᠳᠤ ᠭᠡᠷ ᠤᠨ ᠡᠵᠠᠨ᠄ ︽ᠲᠠ ᠲᠠᠪᠠ ᠪᠠᠷ ᠢᠶᠠᠨ ᠰᠠᠭᠠᠳᠠᠵᠤ ᠬᠤᠨᠤᠭᠠᠤᠨ ᠮᠤᠷᠢᠯᠨ︕︾ ᠭᠡᠵᠤ ᠭᠡᠶᠢᠴᠢᠨ ᠢᠶᠠᠨ ᠬᠤᠷᠢᠭᠯᠠᠵᠤ ᠰᠠᠭᠠᠳᠠᠭᠠᠬᠤ ᠰᠠᠨᠠᠭ᠎ᠠ ᠲᠠᠢ ᠦᠭᠡ ᠭᠡᠯᠠᠨ᠎ᠠ᠃ ᠭᠡᠷᠪᠠ ᠢᠷᠡᠭᠰᠠᠨ ᠭᠡᠶᠢᠴᠢᠨ ᠨᠢ ᠲᠤᠰ ᠠᠶᠢᠯ ᠳᠤ ᠬᠤᠨᠤᠭᠠᠤᠨ ᠮᠠᠷᠭᠠᠰᠢ ᠨᠢ ᠶᠠᠪᠤᠬᠤ ᠭᠡᠵᠤ ᠪᠠᠶᠢᠭ᠎ᠠ ᠪᠤᠯ᠄ ︽ᠲᠠ ᠲᠠᠪᠠ ᠪᠠᠷ ᠢᠶᠠᠨ ᠰᠠᠭᠠᠳᠠᠵᠤ ᠦᠡᠵᠢᠭᠡᠤᠨ ᠮᠤᠷᠢᠯᠨ︕︾ ᠭᠡᠵᠤ ᠭᠡᠷ ᠤᠨ ᠡᠵᠠᠨ ᠬᠤᠷᠢᠭᠯᠠᠨ᠎ᠠ᠃ ᠭᠡᠬᠦ ᠳᠤ ᠭᠡᠶᠢᠴᠢᠨ ᠨᠢ ᠵᠠᠪᠠᠯ ᠶᠠᠪᠤᠨ᠎ᠠ ᠭᠡᠪᠠᠯ᠂ ᠭᠡᠷ ᠤᠨ ᠡᠵᠠᠨ ᠨᠢ ᠭᠡᠶᠢᠴᠢᠨ ᠢᠶᠠᠨ ᠤᠶᠠᠭᠠᠨ ᠲᠠᠭᠡᠷ᠎ᠠ ᠬᠦᠷᠳᠠᠯ᠎ᠠ ᠦᠳᠠᠨ ᠬᠦᠷᠭᠡᠵᠤ ᠤᠨᠤᠭᠠᠨ ᠤ ᠤᠶᠠᠭ᠎ᠠ ᠶᠢ ᠨᠢ ᠲᠠᠶᠢᠯᠵᠤ ᠦᠭᠬᠦ ᠳᠤ ᠭᠡᠶᠢᠴᠢᠨ᠄ ︽ᠲᠠ ᠨᠠᠷ ᠰᠠᠶᠢᠨ ᠰᠠᠭᠠᠳᠠᠵᠤ  ᠪᠠᠶᠢᠭᠠᠷᠠᠢ︕︾ ᠭᠡᠵᠤ ᠭᠡᠯᠠᠬᠦ ᠳᠤ ᠭᠡᠷ ᠤᠨ ᠡᠵᠠᠨ ᠪᠠᠰᠠ᠄ ︽ᠵᠠ᠂ ᠲᠠ ᠰᠠᠶᠢᠨ ᠮᠤᠷᠢᠯᠨ︕ ᠲᠠᠬᠢᠨ ᠮᠤᠷᠢᠯᠠᠵᠤ  ᠰᠠᠭᠠᠳᠠᠭᠠᠷᠠᠢ︕︾ ᠭᠡᠵᠤ ᠭᠡᠯᠠᠨ᠎ᠠ᠃ ᠭᠡᠶᠢᠴᠢᠨ ᠨᠢ ᠠᠶᠢᠯ ᠤᠨ ᠤᠶᠠᠭᠠᠨ ᠲᠠᠭᠡᠷ᠎ᠠ ᠤᠨᠤᠭᠠᠨ ᠳᠠᠭᠠᠨ ᠮᠤᠷᠳᠠᠬᠤ ᠶᠤᠰᠤ ᠦᠭᠡᠢ ᠲᠤᠯᠨ ᠤᠨᠤᠭ᠎ᠠ ᠪᠠᠨ ᠬᠦᠳᠤᠯᠵᠤ ᠠᠯᠬᠤᠨ ᠶᠠᠪᠤᠭᠰᠠᠭᠠᠷ ᠠᠶᠢᠯ ᠠᠴᠠ ᠨᠠᠯᠢᠶᠠᠤᠨ ᠬᠤᠯᠠᠳᠠᠰᠬᠢᠭᠡᠤᠨ ᠤᠨᠤᠭᠠᠨ ᠳᠠᠭᠠᠨ ᠮᠤᠷᠳᠠᠵᠤ ᠶᠠᠪᠤᠨ᠎ᠠ᠃        ︵ᠰᠦᠡᠭᠷᠤᠪ ᠤᠨ ᠨᠠᠶᠢᠷᠠᠭᠤᠯᠤᠭᠰᠠᠨ ︽ᠠᠯᠠᠱᠠ ᠠᠷᠠᠤᠨ ᠤᠨ ᠵᠠᠩ ᠤᠢᠢᠯᠨ︾ ᠨᠤᠮ ᠠᠴᠠ ᠠᠪᠤᠪᠠ︶  
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号