ᠬᠠᠳᠠᠭ ᠤᠨ ᠰᠤᠶᠤᠯ ᠢᠶᠠᠨ ᠵᠦᠪ ᠵᠦᠢᠲᠠᠢ ᠤᠯᠠᠮᠵᠢᠯᠠᠵᠦ ᠶᠠᠪᠤᠬᠤ ᠶᠢᠨ ᠤᠴᠢᠷ ᠲᠤ
ᠨᠡᠶᠢᠲᠡᠯᠡᠭᠰᠡᠨ ᠴᠠᠭ᠄
2019/4/8
    ᠬᠠᠳᠠᠭ ᠢᠶᠠᠨ ᠶᠠᠮᠠᠷ ᠦᠶ᠎ᠠ ᠳᠤ ᠶᠠᠭᠠᠬᠢᠵᠦ ᠬᠡᠷᠡᠭᠯᠡᠬᠦ ᠪᠤᠢ ᠬᠡᠳᠡᠭ ᠪᠤᠯ ᠪᠢᠳᠡ ᠪᠦᠬᠦᠳᠡ ᠶᠢᠨ ᠠᠩᠬᠠᠷᠤᠭᠤᠰᠢᠳᠡᠢ ᠶᠠᠪᠤᠳᠠᠯ ᠶᠤᠮ᠃ ᠣᠳᠣ ᠬᠠᠰᠢ ᠶᠠᠰᠢ᠂ ᠬᠠᠮᠢᠶ᠎ᠠ ᠦᠭᠡᠢ ᠴᠠᠭ᠂ ᠭᠠᠵᠠᠷ ᠲᠤ ᠬᠡᠷᠡᠭᠯᠡᠭᠡᠳ ᠯᠡ ᠪᠠᠶᠢᠬᠤ ᠪᠤᠯᠵᠦ ᠪᠠᠶᠢᠨ᠎ᠠ᠃ ᠨᠢᠬᠡ ᠶᠤᠰᠤᠨ ᠳᠠᠭᠠᠨ ᠬᠠᠳᠠᠭ ᠤᠨ ᠲᠤᠬᠠᠢ ᠰᠤᠶᠤᠯ ᠤᠯᠠᠮᠵᠢᠯᠠᠯ᠂ ᠶᠣᠰᠣ ᠴᠡᠭᠡᠷ ᠤᠨ ᠲᠠᠯ᠎ᠠ ᠪᠠᠷ ᠣᠶᠢᠯᠠᠭᠠᠯᠳᠠ ᠳᠣᠳᠠᠮᠠᠭ ᠪᠣᠯᠣᠭᠰᠠᠨ ᠢ ᠬᠠᠷᠠᠭᠤᠯᠵᠣ ᠪᠠᠶᠢᠬᠤ ᠶᠤᠮ᠃     ᠨᠢᠳᠣᠨᠣᠨ ᠨᠠᠮᠣᠷ ᠤᠨ ᠣᠴᠢᠷ ᠶᠣᠮᠰᠠᠨ᠃ ᠰᠣᠷᠭᠠᠭᠤᠯᠢ ᠡᠬᠢᠯᠡᠳᠡᠭ ᠡᠳᠦᠷ᠂ ᠰᠣᠷᠣᠭᠴᠢᠳ ᠨᠡᠷ᠎ᠡ ᠪᠠᠨ ᠮᠡᠳᠡᠬᠦᠯᠬᠦ ᠪᠠᠷ ᠰᠣᠷᠭᠠᠭᠤᠯᠢ ᠶᠢᠨ ᠬᠦᠷᠢᠶᠡᠨ ᠳᠤ ᠴᠤᠬᠯᠠᠷᠠᠵᠦ ᠬᠦᠭᠵᠢᠶᠡᠨ ᠨᠡᠷᠬᠢᠶᠡᠨ ᠪᠢᠯᠬᠠᠵᠦ ᠪᠠᠶᠢᠪᠠ᠃ ᠬᠠᠷᠢᠨ ᠬᠤᠯᠠ ᠠᠴᠠ ᠢᠷᠡᠭᠰᠡᠨ ᠰᠤᠷᠤᠬᠴᠢᠳ ᠮᠡᠨᠢ ᠪᠠᠭᠰᠢ ᠲᠠᠢ ᠪᠠᠨ ᠠᠮᠣᠷ ᠮᠡᠨᠳᠣ ᠠᠰᠠᠭᠤᠯᠴᠠᠬᠤ ᠭᠡᠵᠣ ᠬᠠᠳᠠᠭ ᠰᠠᠮᠪᠠᠢ ᠪᠠᠷᠢᠴᠢᠬᠠᠬᠰᠠᠨ ᠬᠠᠷᠠᠬᠳᠠᠯ᠎ᠠ᠃ ᠤᠯᠠᠩᠬᠢ ᠨᠢ ᠬᠦᠬᠡ ᠦᠩᠬᠡ ᠲᠠᠢ ᠬᠠᠳᠠᠭ ᠪᠠᠷᠢᠬᠰᠠᠨ ᠪᠤᠯ᠂ ᠵᠠᠷᠢᠮ ᠨᠢ ᠴᠠᠭᠠᠨ᠂ ᠰᠢᠷ᠎ᠠ ᠠᠶᠤᠰᠢ ᠬᠠᠳᠠᠭ ᠪᠠᠷᠢᠬᠰᠠᠨ ᠬᠠᠷᠠᠬᠳᠠᠨ᠎ᠠ᠂ ᠪᠦᠷ ᠴᠦ ᠨᠠᠢᠮᠠᠨ ᠲᠠᠬᠢᠯ᠂ ᠮᠠᠨᠢ ᠶᠢᠨ ᠦᠰᠦᠭ᠂ ᠪᠤᠷᠬᠠᠨ ᠤ ᠵᠢᠷᠤᠭ ᠤᠷᠠᠯᠠᠯ ᠲᠠᠢ ᠬᠠᠳᠠᠭ ᠪᠠᠷᠢᠴᠢᠬᠠᠬᠰᠠᠨ ᠬᠡᠤᠬᠡᠳ ᠴᠦ ᠪᠤᠢ᠃ ᠪᠠᠭᠰᠢ ᠲᠠᠢ ᠪᠠᠨ ᠵᠤᠯᠭᠠᠵᠦ ᠠᠮᠤᠷ ᠮᠡᠨᠳᠦ ᠠᠰᠠᠭᠤᠬᠤ ᠨᠢ ᠶᠡᠷᠢᠶᠡᠨ ᠦᠬᠡᠢ ᠡᠨᠡ ᠡᠳᠦᠷ ᠡᠷᠬᠡᠪᠰᠢ ᠬᠦᠢᠴᠡᠬᠡᠬᠦ ᠶᠤᠰᠤ ᠤᠴᠢᠷ ᠪᠤᠯᠬᠤ ᠨᠢ ᠭᠠᠷᠴᠠᠭ᠎ᠠ ᠦᠬᠡᠢ᠃ ᠲᠡᠬᠡᠬᠡᠳ ᠰᠤᠷᠤᠬᠴᠢᠳ ᠮᠠᠨᠢ ᠪᠠᠭᠰᠢ ᠳᠠᠭᠠᠨ ᠬᠠᠳᠠᠭ ᠪᠠᠷᠢᠨ ᠵᠤᠯᠭᠠᠵᠦ᠂ ᠠᠮᠤᠷ ᠮᠡᠨᠳᠦ ᠰᠤᠷᠠᠨ᠂ ᠶᠠᠭ ᠯᠡ ᠰᠢᠨ᠎ᠠ ᠶᠢᠨ ᠵᠤᠯᠭᠠᠯᠳᠠ ᠰᠢᠭ᠋ ᠯᠡ ᠬᠦᠯ ᠦᠢᠮᠡᠬᠡᠨ ᠪᠤᠯᠵᠦ ᠪᠠᠶᠢᠬᠰᠠᠨ ᠪᠢᠯᠡ᠃           ᠮᠤᠩᠭᠤᠯᠴᠤᠳ ᠶᠠᠷᠤᠨᠢ ᠬᠠᠳᠠᠭ ᠢ ᠬᠠᠮᠢᠭ᠎ᠠ ᠪᠤᠯ ᠬᠠᠮᠢᠭ᠎ᠠ᠂ ᠬᠡᠵᠢᠶ᠎ᠡ ᠪᠤᠯ ᠬᠡᠵᠢᠶ᠎ᠠ᠂ ᠬᠡᠨ ᠪᠤᠯ ᠬᠡᠨ ᠳᠤ ᠪᠠᠯᠡᠨ ᠠᠪᠤᠭᠠᠳ ᠬᠡᠷᠡᠭᠯᠡᠳᠡᠭ ᠦᠬᠡᠢ ᠰᠢᠤ ᠳ᠋ᠠ᠃ ᠰᠢᠨ᠎ᠡ ᠰᠤᠷᠤᠯᠭ᠎ᠠ ᠶᠢᠨ ᠬᠤᠭᠤᠴᠠᠭ᠎ᠠ ᠡᠬᠢᠯᠡᠬᠦ ᠪᠦᠷᠢ ᠬᠠᠳᠠᠭ  ᠪᠠᠷᠢᠨ ᠮᠡᠨᠳᠦᠴᠢᠯᠡᠵᠦ ᠪᠠᠶᠢᠨ᠎ᠠ ᠬᠡᠳᠡᠭ ᠪᠤᠯ ᠬᠠᠳᠠᠭ ᠤᠨ ᠲᠤᠬᠠᠢ ᠶᠣᠰᠣ ᠵᠠᠩᠰᠢᠯ ᠢᠶᠠᠨ ᠪᠦᠷᠢᠨ ᠣᠶᠢᠯᠠᠭᠠᠬᠤ ᠦᠭᠡᠢ ᠪᠠᠶᠢᠬᠤ ᠶᠢᠨ ᠢᠯᠡᠷᠡᠯ ᠶᠤᠮ᠃ ᠮᠣᠩᠭᠤᠯᠴᠣᠳ ᠬᠠᠳᠠᠭ ᠢ ᠴᠠᠭᠠᠨ ᠰᠠᠷ᠎ᠠ ᠪᠤᠶᠤ ᠤᠳᠠᠭᠠᠨ ᠵᠢᠯ ᠠᠭᠤᠯᠵᠠᠭ᠎ᠠ ᠦᠬᠡᠢ ᠬᠦᠨᠳᠦᠳᠦ ᠵᠤᠴᠢᠨ᠂ ᠤᠨᠴᠠᠭᠠᠢ ᠪᠠᠶᠠᠷ ᠲᠤᠷᠠᠰᠬᠠᠯ ᠤᠨ ᠴᠠᠭ ᠢᠶᠠᠷ ᠯᠡ ᠰᠠᠶ᠋ᠢ ᠬᠡᠷᠡᠭᠯᠡᠳᠡᠭ ᠶᠣᠰᠣᠨ ᠪᠤᠢ᠃ ᠲᠡᠭᠦᠨᠴᠢᠯᠡᠨ ᠡᠬᠦᠨ ᠲᠠᠢ ᠬᠤᠯᠪᠤᠬᠳᠠᠬᠰᠠᠨ ᠨᠠᠷᠢᠨ ᠰᠢᠷᠢᠨ ᠶᠤᠰᠤ ᠴᠡᠬᠡᠷ ᠶᠡᠭᠡ ᠪᠤᠢ᠃ ᠲᠤᠬᠠᠶᠢᠯᠠᠪᠠᠯ᠄ ᠬᠠᠳᠠᠭ ᠢ ᠰᠢᠭᠤᠳ ᠬᠦᠮᠦᠨ ᠤ ᠬᠦᠵᠦᠬᠦᠨ ᠳᠤ ᠵᠡᠬᠦᠯᠬᠡᠳᠡᠭ ᠦᠬᠡᠢ᠂ ᠵᠠᠮ ᠤᠨ ᠠᠮᠨ᠂ ᠤᠯᠠᠨ ᠤ ᠭᠦᠯ ᠲᠤᠤᠷ᠎ᠠ ᠬᠠᠶᠠᠵᠦ ᠪᠤᠯᠳᠠᠭ ᠦᠬᠡᠢ᠂ ᠮᠦᠨ ᠰᠢᠷ᠎ᠠ ᠦᠩᠭᠡ ᠲᠠᠢ ᠬᠠᠳᠠᠭ᠂ ᠭᠦᠷᠦᠭ ᠵᠢᠷᠤᠭ ᠲᠠᠢ᠂ ᠨᠤᠮ ᠲᠠᠷᠨᠢ ᠶᠢᠨ ᠦᠰᠦᠭ ᠲᠠᠢ ᠬᠠᠳᠠᠭ ᠢ ᠲᠤᠷ᠎ᠠ ᠪᠠᠷ ᠭᠡᠷᠡᠭᠯᠡᠬᠦ ᠶᠢ ᠮᠠᠰᠢᠳᠡ ᠴᠡᠬᠡᠷᠯᠡᠳᠡᠭ ᠪᠦᠯᠤᠭᠡ᠃ ᠰᠢᠷ᠎ᠠ ᠦᠩᠭᠡ ᠶᠢᠨ ᠬᠠᠳᠠᠭ ᠢ ᠨᠤᠮ  ᠪᠢᠰᠢᠯᠭᠠᠯ ᠲᠠᠢ ᠯᠡᠮᠡ ᠬᠦᠮᠦᠨ᠂ ᠬᠤᠳᠤᠬᠳᠦ ᠬᠤᠪᠢᠯᠭᠠᠨ ᠵᠡᠷᠬᠡ ᠱᠠᠰᠢᠨ ᠤ ᠡᠷᠬᠢᠮ ᠬᠦᠮᠦᠨ ᠪᠤᠶᠤ ᠱᠠᠵᠢᠨ ᠨᠤᠮ ᠤᠨ ᠶᠠᠪᠤᠳᠠᠯ ᠳᠤ ᠬᠡᠷᠡᠭᠯᠡᠳᠡᠭ ᠬᠡᠳᠡᠭ ᠪᠤᠯᠬᠤᠷ ᠡᠩ ᠤᠨ ᠢᠷᠬᠡᠳ ᠤᠨ ᠠᠭᠤᠯᠵᠠᠯᠳᠠ ᠵᠤᠯᠭᠠᠯᠳᠠ᠂ ᠬᠤᠷᠢᠮ ᠨᠠᠶᠢᠷ ᠲᠡᠭᠡᠷ᠎ᠠ ᠬᠡᠷᠡᠭᠯᠡᠳᠡᠭ ᠦᠬᠡᠢ᠃ ᠬᠠᠳᠠᠭ ᠢ ᠵᠠᠮ ᠤᠨ ᠠᠮᠨ᠂ ᠤᠯᠠᠨ ᠤ ᠭᠦᠯ ᠲᠤᠤᠷ᠎ᠠ ᠬᠠᠶᠠᠪᠠᠯ᠂ ᠲᠦᠬᠡᠷᠢᠵᠤ ᠲᠡᠨᠤᠭᠦ᠂ ᠪᠠᠶ᠎ᠠ ᠳᠤ ᠡᠪᠡᠳᠴᠢᠨ ᠲᠤᠰᠬᠤ᠂ ᠮᠠᠯ ᠬᠤᠢ ᠨᠢ ᠰᠠᠯᠵᠤ ᠰᠠᠷᠨᠢᠭᠠᠳ ᠤᠷᠤ ᠮᠦᠷ ᠨᠢ ᠲᠠᠰᠤᠷᠬᠤ᠂ ᠬᠠᠴᠢᠨ ᠵᠢᠭᠳᠡᠢ ᠭᠠᠢ ᠵᠤᠪᠠᠯᠠᠩ ᠬᠠᠳᠠᠭ ᠳᠤᠨᠢ ᠤᠷᠤᠰᠢᠳᠠᠭ᠃ ᠲᠡᠷᠡ ᠴᠤ ᠮᠦᠷᠳᠡᠬᠡᠨ ᠬᠠᠳᠠᠭ ᠪᠠᠷᠢᠬᠤ᠂ ᠭᠡᠷᠡᠭᠯᠡᠬᠦ ᠶᠤᠰᠦ ᠵᠠᠩᠰᠢᠯ ᠢ ᠮᠡᠳᠡᠬᠦ ᠦᠬᠡᠢ ᠲᠤᠷ᠎ᠠ ᠲᠠᠪᠠ ᠪᠠᠷ ᠭᠡᠷᠡᠭᠯᠡᠪᠡᠯ ᠦᠷ᠎ᠠ ᠬᠡᠣᠭᠡᠳ ᠨᠢ ᠶᠡᠭᠡᠴᠤᠳ ᠢᠶᠠᠨ ᠭᠦᠨᠳᠤᠯᠡᠭᠦ ᠦᠭᠡᠢ ᠪᠤᠶᠤ ᠡᠯᠪᠡᠷᠢᠯ ᠵᠢᠷᠤᠮ ᠦᠭᠡᠢ ᠪᠤᠯᠬᠤ᠂ ᠠᠮᠠᠯᠠᠯᠳᠠ ᠭᠢᠭᠰᠡᠨ ᠠᠮᠠᠨ ᠲᠠᠩᠭᠠᠷᠢᠭ ᠭᠦᠴᠤᠨ ᠦᠭᠡᠢ ᠪᠤᠯᠵᠤ᠂  ᠭᠦᠮᠤᠨ ᠭᠦᠮᠤᠨ ᠤ ᠬᠤᠭᠤᠷᠤᠨᠳᠤ ᠢᠳᠡᠬᠡᠯ ᠦᠭᠡᠢ ᠪᠤᠯᠳᠠᠭ ᠭᠡᠳᠡᠭ ᠠᠵᠢ᠃ ᠮᠦᠨ ᠲᠡᠬᠦᠨᠴᠢᠯᠡᠨ᠂ ᠬᠠᠳᠠᠭ ᠤᠨ ᠠᠮᠨ ᠶᠢ ᠲᠠᠯᠬᠡᠵᠤ ᠪᠠᠷᠢᠬᠤ ᠶᠢ ᠴᠠᠬᠡᠷᠯᠠᠨ᠎ᠠ︔ ᠬᠠᠳᠠᠭ ᠤᠨ ᠠᠮᠨ ᠶᠢ ᠪᠤᠷᠤᠭᠤ ᠬᠠᠨᠳᠤᠭᠤᠯᠵᠤ ᠪᠠᠷᠢᠬᠤ ᠶᠢ ᠴᠠᠬᠡᠷᠯᠠᠨ᠎ᠠ︔ ᠠᠮᠢᠳᠤ ᠬᠦᠮᠤᠨ ᠬᠠᠳᠠᠭ ᠢᠶᠠᠷ ᠨᠢᠭᠤᠷ ᠢᠶᠠᠨ ᠪᠦᠳᠡᠬᠡᠬᠦ ᠶᠢ ᠴᠠᠬᠡᠷᠯᠠᠨ᠎ᠠ︔ ᠬᠠᠳᠠᠭ ᠢ ᠬᠦᠮᠤᠨ ᠤ ᠬᠦᠵᠤᠬᠦᠨ ᠳᠤ ᠡᠯᠬᠦᠬᠦ᠂ ᠵᠠᠬᠦᠯᠬᠡᠬᠦ ᠶᠢ ᠴᠠᠬᠡᠷᠯᠠᠨ᠎ᠠ᠃ ᠤᠴᠢᠷ ᠨᠢ ᠮᠤᠩᠭᠤᠯ ᠬᠦᠮᠤᠨ ᠠᠮᠢ ᠦᠬᠡᠢ ᠱᠤᠭᠤᠮᠠᠯ ᠪᠤᠶᠤ ᠮᠤᠳᠤ ᠴᠢᠯᠠᠭᠤ ᠵᠠᠷᠬᠡ ᠠᠪᠴᠤ ᠪᠠᠷᠢᠬᠤ ᠮᠠᠳᠠᠷᠠᠯ ᠦᠬᠡᠢ ᠡᠳ᠋ ᠦᠯᠦᠭ ᠲᠡᠷᠢᠬᠦᠳᠡᠨ ᠳᠤ ᠬᠠᠳᠠᠭ ᠢ ᠡᠯᠬᠦᠵᠤ ᠲᠠᠯᠪᠢᠳᠠᠭ᠃ ᠠᠮᠢᠳᠤ ᠬᠦᠮᠤᠨ ᠳᠤ ᠡᠷᠬᠡᠪᠰᠢ ᠭᠠᠷ ᠲᠤᠨᠢ ᠪᠠᠷᠢᠭᠤᠯᠬᠤ ᠬᠡᠷᠡᠭᠳᠠᠢ᠂ ᠦᠬᠡᠢ ᠪᠤᠯ ᠠᠮᠢᠳᠤ ᠬᠦᠮᠤᠨ ᠢ ᠦᠬᠦᠮᠠᠯ ᠢᠶᠠᠷ ᠦᠵᠠᠵᠤ ᠲᠤᠷᠤᠮᠵᠢᠯᠠᠭᠰᠠᠨ ᠪᠠᠯᠬᠡ ᠲᠠᠮᠪᠠᠷᠢᠯ ᠦᠬᠡᠢ ᠶᠠᠪᠤᠳᠠᠯ ᠪᠤᠯᠤᠨ᠎ᠠ ᠬᠡᠮᠡᠳᠡᠭ᠃ ᠬᠠᠳᠠᠭ ᠢ ᠬᠠᠮᠢᠶ᠎ᠠ ᠨᠠᠮᠢᠶ᠎ᠠ ᠦᠬᠡᠢ ᠲᠠᠬᠡᠷ᠎ᠠ ᠲᠤᠤᠷ᠎ᠠ ᠬᠦᠳᠡᠭᠡ ᠭᠠᠳᠠᠭ᠎ᠠ ᠳᠤ ᠬᠠᠶᠠᠬᠤ ᠶᠢ ᠴᠠᠬᠡᠷᠯᠠᠨ᠎ᠠ︔ ᠬᠠᠳᠠᠭ ᠢ ᠪᠤᠵᠠᠷᠯᠠᠬᠤ ᠪᠤᠶᠤ ᠪᠤᠵᠠᠷ ᠬᠠᠳᠠᠭ ᠬᠡᠷᠡᠭᠯᠠᠬᠦ ᠶᠢ ᠴᠠᠬᠡᠷᠯᠠᠨ᠎ᠠ︔ ᠬᠦᠨᠳᠤ ᠬᠦᠩᠬᠡᠨ ᠤ ᠢᠯᠭᠠᠯ ᠦᠬᠡᠢ ᠬᠠᠳᠠᠭ ᠲᠠᠳᠠᠬᠤ ᠪᠤᠶᠤ  ᠪᠠᠷᠢᠬᠤ ᠶᠢ ᠴᠠᠬᠡᠷᠯᠠᠨ᠎ᠠ᠃ ᠤᠴᠢᠷ ᠨᠢ ᠬᠠᠳᠠᠭ ᠲᠠᠳᠠᠬᠤ ᠨᠢ ᠠᠮᠠᠯᠠᠯᠳᠠ ᠬᠢᠵᠤ ᠠᠮᠠᠨ ᠲᠠᠩᠭᠠᠷᠢᠭ ᠲᠠᠯᠪᠢᠭᠰᠠᠨ ᠲᠠᠢ ᠠᠳᠠᠯᠢ᠃ ᠬᠠᠳᠠᠭ ᠢ ᠲᠠᠪᠬᠤᠷᠯᠠᠨ ᠪᠠᠷᠢᠬᠤ ᠶᠢ ᠴᠠᠬᠡᠷᠯᠠᠨ᠎ᠠ︔ ᠬᠠᠳᠠᠭ ᠢ ᠡᠵᠠᠨ ᠡᠰᠢ ᠦᠬᠡᠢ ᠡ᠊ᠡᠳᠡ ᠲᠠᠨᠳᠠ ᠬᠠᠮᠢᠶ᠎ᠠ ᠨᠠᠮᠢᠶ᠎ᠠ ᠦᠬᠡᠢ ᠬᠠᠶᠠᠬᠤ ᠶᠢ ᠴᠠᠬᠡᠷᠯᠠᠨ᠎ᠠ᠃ ᠤᠴᠢᠷ ᠨᠢ ᠬᠠᠳᠠᠭ ᠢ ᠬᠦᠯᠢᠶᠠᠬᠦ ᠡᠵᠠᠨ ᠦᠬᠡᠢ ᠪᠤᠯ ᠠᠳᠠ ᠪᠤᠭ ᠤᠷᠤᠰᠢᠵᠤ ᠡᠵᠠᠨ ᠢᠶᠠᠨ ᠡᠷᠢᠨ᠎ᠠ ᠬᠡᠳᠡᠭ ᠪᠢᠯᠡ᠃           ᠬᠠᠳᠠᠭ ᠢ ᠭᠡᠷᠡᠭᠯᠡᠬᠦ ᠳᠤ ᠶᠠᠮᠠᠷ ᠦᠶ᠎ᠡ ᠳᠤ ᠶᠠᠭᠠᠬᠢᠵᠣ ᠭᠡᠷᠡᠭᠯᠡᠬᠦ ᠵᠢᠴᠢ ᠬᠠᠳᠠᠭ ᠭᠡᠷᠡᠭᠯᠡᠬᠦ ᠴᠡᠭᠡᠷ ᠶᠣᠰᠣᠨ ᠢ ᠦᠨᠡᠨᠬᠦ ᠰᠠᠶᠢᠨ ᠣᠶᠢᠯᠠᠭᠠᠬᠤ ᠴᠢᠬᠤᠯᠠᠳᠠᠢ ᠪᠣᠯᠣᠭᠰᠠᠨ ᠰᠢᠤ᠃ ᠣᠴᠢᠷ ᠨᠢ ᠮᠣᠩᠭᠤᠯᠴᠣᠳ ᠪᠢᠳᠠ ᠬᠠᠳᠠᠭ ᠢᠶᠠᠷ  ᠬᠦᠨᠳᠦᠳᠬᠡᠯ ᠢᠯᠡᠷᠬᠡᠶᠢᠯᠡᠬᠦ᠂ ᠵᠦᠩᠨᠠᠨ ᠪᠡᠯᠬᠡᠳᠡᠬᠦ᠂ ᠪᠠᠶᠠᠷ ᠬᠦᠷᠬᠡᠬᠦ᠂ ᠬᠦᠰᠠᠨ ᠨᠠᠶᠢᠳᠠᠬᠤ᠂ ᠠᠮᠠᠯᠠᠯᠳᠠ ᠬᠢᠬᠦ ᠁ ᠭᠡᠬᠦᠴᠢᠯᠠᠨ ᠰᠡᠳᠬᠢᠯ ᠰᠠᠨᠠᠭ᠎ᠠ ᠪᠠᠨ ᠢᠮᠠᠭᠳᠠ ᠢᠯᠡᠳᠭᠡᠵᠣ ᠪᠠᠶᠢᠳᠠᠭ ᠪᠣᠯᠬᠤᠷ ᠬᠠᠳᠠᠭ ᠤᠨ ᠢᠶᠠᠨ ᠰᠣᠶᠣᠯ ᠢ ᠵᠦᠪ  ᠵᠦᠢ ᠶᠤᠰᠤᠭᠠᠷ ᠨᠢ ᠤᠯᠠᠮᠵᠢᠯᠠᠵᠦ ᠶᠠᠪᠤᠵᠠᠭᠠᠶ᠎ᠠ ᠮᠤᠩᠭᠤᠯᠴᠤᠳ ᠡ︕                                                                                                             ᠵᠣᠬᠢᠶᠠᠭᠴᠢ᠄  ᠰᠢᠬᠦᠳᠡᠷᠢ
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号