ᠡᠷᠡᠭᠡᠢ ᠶᠢᠨ ᠴᠢᠨᠡᠭᠡᠨ ᠶᠠᠰᠤᠨ ᠤ ᠰᠤᠶᠤᠯ ᠤᠨ ᠤᠴᠢᠷ ᠤᠳᠬ᠎ᠠ
ᠨᠡᠶᠢᠲᠡᠯᠡᠭᠰᠡᠨ ᠴᠠᠭ᠄
2019/4/4
      ︽ᠳᠠᠷᠭᠤᠨ ᠴᠠᠭᠠᠨ ᠪᠤᠬ᠎ᠠ ᠪᠠᠶᠢᠨ᠎ᠠ \ ᠳᠠᠷᠳᠠᠭᠠᠷ ᠴᠠᠭᠠᠨ ᠬᠤᠴᠠ ᠪᠠᠶᠢᠨ᠎ᠠ \ ᠤᠷᠤᠭ᠎ᠠ ᠴᠠᠭᠠᠨ ᠠᠵᠢᠷᠭ᠎ᠠ ᠪᠠᠶᠢᠨ᠎ᠠ \ ᠤᠩᠭᠤᠨ ᠴᠠᠭᠠᠨ ᠪᠤᠤᠷ᠎ᠠ ᠪᠠᠶᠢᠨ᠎ᠠ︾᠂ ︽ᠳᠦᠷᠪᠡᠯᠵᠢᠨ ᠪᠠᠶ᠎ᠠ ᠲᠠᠢ \ ᠳᠦᠷᠪᠡᠨ ᠦᠨᠡᠳᠤ ᠨᠡᠷ᠎ᠡ ᠲᠠᠢ︾ ᠂ ︽ᠠᠮᠪᠠᠨ ᠨᠤᠶᠠᠨ ᠤ ᠡᠪᠤᠷ ᠲᠤ \ ᠠᠮᠪᠠᠨ ᠨᠤᠶᠠᠨ ᠤ ᠠᠷᠤ ᠳᠤ \ ᠮᠠᠯ ᠤᠨ ᠳᠦᠷᠪᠡᠨ ᠨᠡᠷ᠎ᠡ ᠲᠠᠢ︾᠂ ︽ᠦᠴᠤᠭᠡᠨ ᠪᠢᠴᠢᠬᠠᠨ ᠪᠠᠶ᠎ᠠ ᠲᠠᠢ \ ᠡᠯᠳᠡᠪ ᠵᠢᠷᠭᠤᠭᠠᠨ ᠨᠡᠷ᠎ᠡ ᠲᠠᠢ︾ ᠭᠡᠬᠦ ᠮᠡᠳᠤ ᠶᠢᠨ ᠱᠠᠭ᠎ᠠ ᠶᠢᠨ ᠳᠤᠬᠠᠢ ᠤᠨᠢᠰᠤᠭ᠎ᠠ ᠳᠠᠭᠠᠪᠤᠷᠢ ᠮᠤᠩᠭᠤᠯ ᠨᠤᠳᠤᠭ ᠲᠤ ᠦᠷᠭᠡᠨ ᠳᠡᠯᠭᠡᠷᠡᠭᠰᠡᠨ ᠪᠦᠭᠡᠳ ᠡᠷᠳᠡ ᠳᠡᠭᠡᠷ᠎ᠡ ᠦᠶ᠎ᠡ ᠠᠴᠠ ᠮᠤᠩᠭᠤᠯᠴᠤᠳ ᠠᠩ ᠠᠩᠨᠠᠯ᠂ ᠮᠠᠯ ᠮᠠᠯᠵᠢᠯ‌‍ᠤᠨ ᠳᠡᠤᠭᠡᠨ ᠶᠠᠪᠤᠴᠠ ᠳᠠᠭᠠᠨ ᠬᠦᠷᠤᠭᠡᠰᠤ ᠪᠤᠶᠤ ᠮᠠᠯ ᠤᠨ ᠱᠠᠭ᠎ᠠ ᠶᠢ ᠮᠠᠰᠢᠳᠠ ᠳᠡᠭᠡᠳᠤᠯᠠᠵᠤ᠂ ᠭᠢᠮᠠᠭᠠᠳᠠᠵᠤ᠂ ᠬᠠᠳᠠᠭᠠᠯᠠᠵᠤ᠂ ᠡᠬᠦᠨ ᠤ ᠤᠯᠠᠮ ᠳᠤ ᠵᠤᠭ᠎ᠠ ᠴᠡᠩᠭᠡᠯ᠂ ᠬᠦᠮᠤᠵᠢᠯ  ᠪᠤᠯᠪᠠᠰᠤᠷᠠᠯ᠂ ᠪᠡᠯᠭᠡᠳᠡᠯ ᠵᠦᠩᠨᠠᠯ ᠳᠤ ᠦᠢᠯᠡᠴᠢᠯᠡᠬᠦᠯᠵᠤ ᠢᠷᠡᠭᠰᠡᠨ ᠢᠶᠠᠷ ᠢᠶᠠᠨ ᠱᠠᠭ᠎ᠠ ᠶᠢᠨ ᠪᠠᠶᠠᠯᠢᠭ ᠰᠤᠶᠤᠯ ᠢ ᠪᠤᠢ ᠪᠤᠯᠭᠠᠭᠰᠠᠨ ᠶᠤᠮ᠃ ᠶᠡᠷᠤᠨᠢ ᠱᠠᠭ᠎ᠠ ᠰᠤᠶᠤᠯ ᠤᠨ ᠠᠭᠤᠯᠭ᠎ᠠ ᠦᠷᠭᠡᠨ ᠳᠡᠯᠭᠡᠷ᠂ ᠨᠠᠭᠠᠳᠬᠤ ᠭᠡᠯᠪᠡᠷᠢ ᠤᠯᠠᠨ ᠵᠦᠢᠯ ᠂ ᠦᠵᠡᠬᠦᠯᠬᠦ ᠦᠢᠯᠡᠳᠤᠯ ᠦᠪᠡᠷᠮᠢᠴᠠ ᠪᠤᠯᠬᠤᠷ ᠮᠤᠩᠭᠤᠯᠴᠤᠳ ᠤᠨ ᠶᠠᠰᠤᠨ ᠰᠤᠶᠤᠯ ᠳᠤᠮᠳᠠ ᠴᠢᠬᠤᠯᠠ ᠤᠷᠤᠨ ᠪᠠᠶᠢᠷᠢ ᠶᠢ ᠡᠵᠡᠯᠡᠵᠤ ᠪᠠᠶᠢᠳᠠᠭ᠃            ᠤᠯᠤᠰ ᠤᠨ ᠳᠤᠳᠤᠭᠠᠳᠤ ᠳᠤ᠂ ᠳᠡᠭᠡᠷ᠎ᠡ ᠵᠠᠭᠤᠨ ᠤ ᠨᠠᠶᠠᠭᠠᠳ ᠤᠨ ᠠᠴᠠ ᠡᠭᠢᠯᠡᠨ ᠮᠤᠩᠭᠤᠯ ᠰᠤᠳᠤᠯᠤᠯ ᠦᠷᠨᠢᠩᠬᠦᠢ ᠬᠦᠭᠵᠢᠬᠦ ᠶᠢ ᠳᠠᠭᠠᠯᠳᠤᠨ ᠱᠠᠭ᠎ᠠ᠂ ᠰᠤᠳᠤᠯᠤᠭᠠᠴᠢ ᠨᠠᠷ ᠤᠨ ᠠᠩᠬᠠᠷᠤᠯ ᠳᠤ ᠤᠷᠤᠭᠰᠠᠨ ᠪᠤᠯᠪᠠᠴᠤ ᠴᠦᠭᠡᠨ ᠳᠤᠭᠠᠨ ᠤ ᠦᠬᠦᠯᠡᠯ ᠵᠤᠭᠢᠶᠠᠯ ᠰᠤᠨᠢᠨ ᠰᠡᠳᠬᠦᠯ ᠳᠤ ᠨᠡᠶᠢᠳᠡᠯᠡᠭᠳᠡᠵᠤ᠂ ᠤᠷᠤᠨ ᠨᠤᠳᠤᠭ ᠤᠨ ᠵᠠᠩ ᠦᠢᠯᠡ ᠂ ᠳᠡᠤᠭᠡ ᠳᠡᠮᠳᠡᠭᠯᠡᠯ ᠤᠨ ᠨᠤᠮ ᠳᠡᠪᠳᠡᠷ ᠲᠤ ᠵᠦᠪᠭᠡᠨ ᠨᠠᠭᠠᠳᠬᠤ ᠠᠷᠭ᠎ᠠ ᠳᠤ ᠴᠢᠭᠯᠡᠭᠳᠡᠭᠰᠡᠨ ᠳᠤᠪᠴᠢ ᠳᠦᠬᠦᠮ ᠳᠠᠨᠢᠯᠴᠠᠭᠤᠯᠭ᠎ᠠ ᠪᠠᠶᠢᠵᠤ᠂ ᠳᠤᠰᠬᠠᠢ ᠰᠡᠳᠤᠪᠳᠤ ᠰᠤᠳᠤᠯᠭᠠᠨ ᠤ ᠬᠤᠪᠢ ᠳᠤ ᠳ᠋᠊ · ᠴᠠᠭᠠᠨ ᠤ ︽ᠮᠤᠩᠭᠤᠯ ᠬᠦᠮᠤᠨ ᠤ ᠢᠵᠠᠭᠤᠷ ᠳᠤᠭᠯᠠᠭᠠᠮ — ᠱᠠᠭ᠎ᠠ︾ ᠬᠠᠷᠠᠭᠳᠠᠵᠤ ᠪᠠᠶᠢᠨ᠎ᠠ᠃ ᠡᠨᠡ ᠨᠢ ᠱᠠᠭ᠎ᠠ ᠰᠤᠶᠤᠯ ᠤᠨ ᠰᠤᠳᠤᠯᠭᠠᠨ ᠬᠦᠨᠵᠡᠭᠡᠶᠢᠷᠡᠨ ᠬᠦᠭᠵᠢᠭᠡᠳᠤᠢ ᠶᠢ ᠨᠢᠭᠡ ᠶᠤᠰᠤᠨ ᠳᠤ ᠬᠠᠷᠠᠭᠤᠯᠵᠤ ᠪᠠᠶᠢᠭ᠎ᠠ ᠭᠡᠷᠡᠭ ᠪᠤᠯᠬᠤ ᠶᠤᠮ᠃ ᠬᠠᠷᠢᠨ ᠴᠤᠭᠪᠤᠶᠠᠨ ᠤ ᠡᠷᠭᠢᠯᠡᠨ ᠨᠠᠶᠢᠷᠠᠭᠤᠯᠤᠭᠰᠠᠨ ︽ᠮᠤᠩᠭᠤᠯ ᠦᠨᠳᠤᠰᠤᠳᠡᠨ ᠤ ᠱᠠᠭ᠎ᠠ ᠰᠤᠶᠤᠯ ᠤᠨ ᠰᠤᠳᠤᠯᠤᠯ ︾ ᠤᠨ ᠭᠡᠪᠯᠡᠭᠳᠡᠭᠰᠡᠨ ᠶᠠᠪᠤᠳᠠᠯ ᠨᠢ ᠱᠠᠭ᠎ᠠ ᠰᠤᠶᠤᠯ ᠤᠨ ᠰᠤᠳᠤᠯᠭᠠᠨ ᠤ ᠰᠢᠨ᠎ᠡ ᠨᠢᠭᠡᠨ ᠡᠭᠢᠯᠡᠯᠳᠡ ᠶᠢᠨ ᠴᠡᠭ  ᠪᠤᠯᠤᠭᠰᠠᠨ ᠭᠡᠵᠤ ᠦᠵᠡᠯᠳᠡᠢ᠃            ᠶᠠᠭᠤᠨ ᠤ ᠡᠮᠤᠨ᠎ᠡ᠂ ︽ᠮᠤᠩᠭᠤᠯ ᠦᠨᠳᠤᠰᠤᠳᠡᠨ ᠤ ᠱᠠᠭ᠎ᠠ ᠰᠤᠶᠤᠯ ᠤᠨ ᠰᠤᠳᠤᠯᠤᠯ︾ ᠪᠤᠯ 2016 ᠤᠨ ᠤ 9 ᠰᠠᠷ᠎ᠠ ᠶᠢᠨ 23 — 25 ᠤ ᠡᠳᠤᠷ ᠠᠯᠠᠱᠠ ᠪᠠᠷᠠᠭᠤᠨ ᠬᠤᠰᠢᠭᠤᠨ ᠤ ᠳᠦᠪ — ᠪᠠᠳᠠᠢ ᠶᠢᠨ ᠵᠢᠷᠠᠨ ᠪᠠᠯᠭᠠᠰᠤᠨ ᠳᠤ ᠪᠤᠯᠤᠭᠰᠠᠨ ᠨᠠᠢᠮᠠᠨ ᠮᠤᠵᠢ ᠤᠷᠤᠨ ᠤ ᠠᠩᠬᠠᠳᠠᠭᠴᠢ ᠤᠳᠠᠭᠠᠨ ᠤ ︽ᠡᠷᠡᠭᠡᠢ ᠮᠡᠷᠭᠡᠨ︾ ᠱᠠᠭ᠎ᠠ ᠨᠠᠭᠠᠳᠤᠮ ᠵᠢᠴᠢ ᠱᠠᠭ᠎ᠠ ᠰᠤᠶᠤᠯ ᠤᠨ ᠡᠷᠳᠡᠮ ᠰᠢᠨᠵᠢᠯᠡᠭᠡᠨ ᠤ ᠬᠤᠷᠠᠯ ᠤᠨ ᠦᠷ᠎ᠠ ᠪᠦᠳᠤᠭᠡᠯ ᠪᠤᠯᠬᠤ ᠶᠤᠮ᠃ ᠡᠨᠡ ᠤᠳᠠᠭᠠᠨ ᠤ ᠡᠷᠳᠡᠮ ᠰᠢᠨᠵᠢᠯᠡᠭᠡᠨ ᠤ ᠬᠤᠷᠠᠯ ᠨᠢ ᠦᠭᠡᠷ᠎ᠡ ᠪᠤᠰᠤᠳ ᠡᠷᠳᠡᠮ ᠰᠢᠨᠵᠢᠯᠡᠭᠡᠨ ᠤ ᠬᠤᠷᠠᠯ ᠲᠠᠢ ᠠᠳᠠᠯᠢ ᠦᠭᠡᠢ᠂ ︽ᠱᠠᠭ᠎ᠠ︾ ᠭᠡᠬᠦ ᠭᠠᠭᠴᠠ ᠰᠡᠳᠤᠪ ᠤᠨ ᠳᠤᠭᠤᠷᠢᠨ ᠳᠤ ᠦᠬᠦᠯᠡᠨ ᠶᠠᠷᠢᠯᠴᠠᠭᠰᠠᠨ ᠪᠤᠯᠬᠤᠷ ᠳᠦᠪᠯᠡᠷᠡᠩᠬᠦᠢ᠂ ᠤᠨᠴᠠᠯᠢᠭ ᠲᠠᠢ᠂ ᠠᠮᠵᠢᠯᠳᠠ ᠲᠠᠢ ᠪᠤᠯᠵᠤ᠂ ᠱᠠᠭ᠎ᠠ ᠰᠤᠶᠤᠯ ᠤᠨ ᠰᠤᠳᠤᠯᠭᠠᠨ ᠢ ᠵᠤᠷᠢᠯᠭ᠎ᠠ ᠲᠠᠢ᠂ ᠵᠤᠭᠢᠶᠠᠨ ᠪᠠᠶᠢᠭᠤᠯᠤᠯᠳᠠ ᠲᠠᠢ ᠦᠷᠨᠢᠬᠦᠯᠤᠭ᠍ᠰᠡᠨ ᠠᠩᠬᠠᠨ ᠤ ᠦᠢᠯᠡᠳᠤᠯᠭᠡ ᠪᠤᠯᠤᠭᠰᠠᠨ ᠢᠶᠠᠷ ᠪᠠᠷᠠᠬᠤ ᠦᠭᠡᠢ ᠨᠢᠭᠡᠨ ᠤᠳᠠᠭᠠᠨ ᠤ ᠤᠯᠤᠰ ᠤᠨ ᠳᠤᠳᠤᠭᠠᠳᠤ ᠶᠢᠨ ᠱᠠᠭ᠎ᠠ ᠰᠤᠶᠤᠯ ᠤᠨ ᠰᠤᠳᠤᠯᠭᠠᠨ ᠤ ᠭᠢᠷᠢ ᠳᠦᠪᠰᠢᠨ ᠢ ᠬᠠᠷᠠᠭᠤᠯᠵᠤ ᠴᠢᠳᠠᠬᠤᠶᠢᠴᠠ ᠡᠷᠳᠡᠮ ᠰᠢᠨᠵᠢᠯᠡᠭᠡᠨ ᠤ ᠬᠤᠷᠠᠯ ᠪᠤᠯᠵᠤ᠂ ᠰᠤᠳᠤᠯᠭᠠᠨ ᠤ ᠦᠬᠦᠯᠡᠯ ᠤᠳ ᠨᠢ ᠬᠤᠶᠢᠰᠢᠳᠠ ᠶᠢᠨ ᠰᠤᠳᠤᠯᠤᠯ ᠰᠢᠨᠵᠢᠯᠡᠭᠡᠨ ᠳᠤ ᠦᠨ᠎ᠡ ᠴᠠᠨ᠎ᠠ ᠲᠠᠢ ᠯᠠᠪᠯᠠᠯᠳᠠ ᠶᠢᠨ ᠮᠠᠲ᠋ᠧᠷᠢᠶᠠᠯ ᠬᠠᠩᠭᠠᠵᠤ᠂ ᠢᠯᠠᠩᠭᠤᠶ᠎ᠠ ᠨᠠᠢᠮᠠᠨ ᠮᠤᠵᠢ ᠤᠷᠤᠨ ᠤ ᠠᠩᠬᠠᠳᠠᠭᠴᠢ ᠤᠳᠠᠭᠠᠨ ᠤ ︽ᠡᠷᠡᠭᠡᠢ ᠮᠡᠷᠭᠡᠨ︾ ᠱᠠᠭ᠎ᠠ ᠨᠠᠭᠠᠳᠤᠮ ᠵᠢᠴᠢ ᠱᠠᠭ᠎ᠠ ᠰᠤᠶᠤᠯ ᠤᠨ ᠡᠷᠳᠡᠮ ᠰᠢᠨᠵᠢᠯᠡᠭᠡᠨ ᠤ ᠬᠤᠷᠠᠯ ᠤᠨ ᠠᠮᠵᠢᠯᠳᠠ ᠲᠠᠢ ᠡᠷᠭᠢᠯᠡᠭᠳᠡᠭᠰᠡᠨ ᠨᠢ ᠦᠨᠤ ᠵᠢᠯ ᠪᠤᠯᠬᠤ ᠭᠡᠵᠤ ᠪᠠᠶᠢᠭ᠎ᠠ ᠤᠯᠠᠨ  ᠤᠯᠤᠰ ᠤᠨ ᠱᠠᠭ᠎ᠠ ᠰᠤᠶᠤᠯ ᠤᠨ ᠡᠷᠳᠡᠮ ᠰᠢᠨᠵᠢᠯᠡᠭᠡᠨ ᠤ ᠬᠤᠷᠠᠯ ᠳᠤ ᠨᠠᠨᠳᠢᠨ ᠳᠤᠷᠰᠢᠯᠭ᠎ᠠ ᠬᠠᠩᠭᠠᠭᠰᠠᠨ ᠭᠡᠷᠡᠭ  ᠪᠤᠯᠵᠤ ᠪᠠᠶᠢᠭ᠎ᠠ ᠶᠤᠮ᠃            ᠳᠠᠷᠠᠭᠠᠯᠠᠪᠠᠯ᠂ ︽ᠮᠤᠩᠭᠤᠯ ᠦᠨᠳᠤᠰᠤᠳᠡᠨ ᠤ ᠱᠠᠭ᠎ᠠ ᠰᠤᠶᠤᠯ ᠤᠨ ᠰᠤᠳᠤᠯᠤᠯ︾ ᠪᠤᠯ ᠰᠢᠨᠵᠢᠶᠠᠩ᠂ ᠬᠦᠭᠡᠨᠡᠭᠤᠷ᠂ ᠭᠠᠨᠰᠤ ᠵᠡᠷᠭᠡ ᠮᠤᠵᠢ ᠤᠷᠤᠨ ᠪᠤᠯᠤᠨ ᠦᠪᠤᠷ ᠮᠤᠩᠭᠤᠯ ᠤᠨ ᠬᠦᠭᠡᠬᠤᠳᠠ᠂ ᠪᠤᠭᠤᠳᠤ᠂  ᠤᠯᠠᠭᠠᠨᠬᠠᠳᠠ᠂ ᠰᠢᠯᠢ ᠶᠢᠨ ᠭᠤᠤᠯ᠂ ᠤᠷᠳᠤᠰ᠂ ᠪᠠᠶᠠᠨᠨᠠᠭᠤᠷ᠂ ᠠᠯᠠᠱᠠ ᠠᠴᠠ ᠬᠦᠷᠤᠯᠴᠠᠨ ᠢᠷᠡᠭᠰᠡᠨ ᠡᠷᠳᠡᠮᠳᠡᠨ ᠰᠤᠳᠤᠯᠭᠠᠳᠠᠳ ᠤᠨ ︽ᠮᠤᠩᠭᠤᠯ ᠦᠨᠳᠤᠰᠤᠳᠡᠨ ᠤ ᠱᠠᠭ᠎ᠠ ᠰᠤᠶᠤᠯ ᠤᠨ ᠳᠤᠰᠬᠠᠢ ᠰᠤᠳᠤᠯᠭᠠᠨ ᠤ ᠬᠠᠮᠤᠭ ᠠᠩᠬᠠᠨ ᠤ ᠪᠦᠳᠤᠭᠡᠯ︾ ᠪᠤᠯᠬᠤ ᠶᠤᠮ᠃ ᠨᠤᠳᠤᠭ ᠨᠤᠳᠤᠭ ᠤᠨ ᠤᠯᠠᠨ ᠬᠦᠮᠤᠨ ᠤ ᠠᠳᠠᠯᠢ ᠪᠤᠰᠤ ᠬᠠᠷᠠᠭᠠᠰᠤ ᠠᠴᠠ ᠪᠢᠴᠢᠭᠰᠡᠨ ᠪᠦᠳᠤᠭᠡᠯ ᠤᠨ ᠡᠮᠭᠢᠳᠭᠡᠯ ᠪᠤᠯᠤᠭᠰᠠᠨ ᠤ ᠬᠤᠪᠢ ᠳᠤ᠂ ᠱᠠᠭ᠎ᠠ ᠶᠢᠨ ᠭᠡᠤᠭᠡᠳ ᠤᠨ ᠰᠡᠳᠭᠢᠯ ᠢ ᠪᠠᠶᠠᠰᠬᠠᠨ ᠳᠡᠷᠢᠭᠢ ᠶᠢ ᠬᠤᠷᠴᠠᠯᠠᠬᠤ᠂ ᠰᠡᠳᠭᠢᠬᠦᠢ ᠶᠢ ᠬᠦᠭᠵᠢᠭᠡᠨ ᠤᠶᠤᠨ ᠢ ᠨᠡᠭᠡᠭᠡᠭᠳᠡᠬᠦᠯᠬᠦ᠂ ᠪᠠᠶ᠎ᠠ ᠴᠤᠭᠴᠠ ᠶᠢ ᠴᠢᠭᠢᠷᠠᠭᠵᠢᠭᠤᠯᠤᠨ ᠡᠷᠡᠬᠦᠯ ᠢᠶᠠᠷ ᠦᠰᠤᠨ ᠪᠦᠢᠵᠢᠬᠤ᠂ ᠦᠢᠯᠡᠳᠪᠤᠷᠢᠯᠠᠯ ᠬᠦᠳᠡᠯᠮᠤᠷᠢ ᠳᠤ ᠬᠦᠳᠤᠯᠬᠦ᠂ ᠬᠠᠷᠢᠯᠴᠠᠨ ᠡᠶ᠎ᠡ ᠡᠪᠳᠡᠢ ᠨᠠᠶᠢᠷᠰᠠᠭ ᠪᠤᠯᠬᠤ᠂ ᠭᠡᠯᠠ ᠶᠢ ᠪᠤᠯᠪᠠᠰᠤᠷᠠᠭᠤᠯᠤᠨ ᠪᠠᠶᠠᠯᠢᠭᠵᠢᠭᠤᠯᠬᠤ᠂ ᠳᠦᠷᠪᠡᠨ ᠦᠢᠯᠡᠳᠤᠯ ᠢᠶᠠᠷ ᠳᠤᠭ᠎ᠠ ᠪᠤᠳᠤᠬᠤ᠂ ᠤᠯᠠᠮᠵᠢᠯᠠᠯᠳᠤ ᠶᠤᠰᠤ ᠵᠠᠩᠰᠢᠯ ᠢᠶᠠᠨ ᠦᠢᠯᠠᠭᠠᠬᠤ ᠵᠡᠷᠭᠡ ᠰᠤᠷᠭᠠᠨ ᠬᠦᠮᠤᠵᠢᠯ ᠤᠨ ᠦᠢᠯᠡᠳᠤᠯ︔ ᠱᠠᠭ᠎ᠠ ᠳᠡᠭᠡᠬᠦᠷ ᠠᠯᠬᠤᠳᠠᠭ ᠦᠭᠡᠢ᠂ ᠱᠠᠭ᠎ᠠ ᠶᠢ ᠬᠠᠮᠢᠶ᠎ᠠ ᠦᠭᠡᠢ ᠭᠠᠵᠠᠷ ᠪᠤᠶᠤ ᠨᠤᠳᠤᠭ ᠳᠡᠭᠡᠷ᠎ᠡ ᠪᠠᠨ ᠬᠠᠶᠠᠳᠠᠭ ᠦᠭᠡᠢ᠂ ᠨᠤᠬᠠᠢ ᠳᠤ ᠦᠭᠳᠡᠭ ᠦᠭᠡᠢ᠂ ᠱᠠᠭ᠎ᠠ ᠨᠠᠭᠠᠳᠬᠤ ᠦᠶ᠎ᠡ ᠳᠤ ᠠᠬᠠᠯᠠᠭᠴᠢ ᠨᠢ ᠵᠠᠪᠠᠯ ᠮᠠᠯᠠᠭᠠᠢ ᠵᠡᠬᠦᠬᠦ᠂  ᠬᠤᠪᠴᠠᠰᠤᠨ ᠤ ᠡ᠊ᠩᠭᠡᠷ ᠵᠠᠭᠠᠮ᠎ᠠ ᠵᠠᠳᠠᠭᠠᠢ ᠪᠠᠶᠢᠵᠤ ᠪᠤᠯᠬᠤ ᠦᠭᠡᠢ᠂ ᠨᠠᠭᠠᠳᠤᠮ ᠢ ᠡᠭᠢᠯᠡᠬᠦ ᠳᠤ ᠨᠠᠰᠤᠨ ᠤ ᠡᠷᠡᠮᠪᠡ ᠪᠠᠷ ᠬᠠᠮᠤᠭ ᠤᠨ ᠦᠨᠳᠤᠷ ᠨᠠᠰᠤᠳᠡᠢ ᠠᠬᠠᠮᠠᠳ ᠠᠴᠠ ᠡᠭᠢᠯᠡᠬᠦ ᠪᠤᠶᠤ ᠭᠠᠭᠴᠠ ᠱᠠᠭ᠎ᠠ ᠬᠠᠶᠠᠵᠤ ᠭᠡᠨ ᠨᠢ ᠮᠤᠷᠢ ᠪᠤᠰᠬᠠᠪᠠᠯ ᠳᠠᠷᠡ ᠨᠢ ᠤᠷᠢᠳᠠᠪᠠᠷ ᠡᠭᠢᠯᠡᠬᠦ᠂ ᠨᠠᠭᠠᠳᠤᠮ ᠤᠨ ᠳᠠᠭᠠᠭᠠᠮᠠᠯ ᠪᠤᠶᠤ ᠨᠠᠰᠤᠳᠠᠶᠢᠴᠤᠳ ᠤᠨ ᠵᠦᠪᠰᠢᠶᠡᠷᠡᠯ ᠦᠭᠡᠢ ᠪᠤᠯ ᠬᠦᠮᠤᠨ ᠢᠶᠠᠷ ᠤᠷᠤᠯᠠᠭᠤᠯᠤᠨ ᠱᠠᠭ᠎ᠠ ᠪᠠᠨ ᠬᠠᠷᠪᠤᠭᠤᠯᠬᠤ ᠪᠤᠶᠤ ᠬᠠᠶᠠᠭᠤᠯᠵᠤ ᠪᠤᠯᠬᠤ ᠦᠭᠡᠢ᠂ ᠱᠠᠭ᠎ᠠ ᠨᠠᠭᠠᠳᠬᠤ ᠳᠠᠭᠠᠨ ᠭᠡᠷᠡᠬᠦᠯ ᠭᠢᠬᠦ᠂ ᠬᠦᠵᠢᠷᠯᠡᠬᠦ᠂ ᠠᠭᠤᠷᠯᠠᠬᠤ ᠶᠢ ᠵᠦᠪᠰᠢᠶᠡᠷᠡᠬᠦ ᠦᠭᠡᠢ᠂ ᠨᠠᠭᠠᠳᠤᠮ ᠳᠤ ᠤᠷᠤᠯᠴᠠᠭᠰᠠᠳ ᠱᠠᠭ᠎ᠠ ᠤᠪᠤᠭᠠᠷᠠᠯᠳᠤᠭᠤᠯᠤᠨ ᠬᠦᠨᠳᠡᠭᠡ ᠲᠠᠢ ᠬᠠᠶᠠᠬᠤ᠂ ᠡᠰᠡᠬᠦᠯ᠎ᠡ ᠭᠤᠭᠤᠵᠢᠭᠤᠯᠵᠤ ᠴᠤᠪᠤᠭᠤᠯᠤᠨ ᠡᠭᠢ ᠠᠳᠠᠭ ᠦᠭᠡᠢ ᠬᠠᠶᠠᠵᠤ ᠪᠤᠯᠬᠤ ᠦᠭᠡᠢ ᠵᠡᠷᠭᠡ ᠴᠡᠭᠡᠷ ᠪᠤᠶᠤ ᠶᠤᠰᠤ ᠶᠢᠨ ᠤᠴᠢᠷ︔ ᠱᠠᠭ᠎ᠠ ᠶᠢᠨ ᠵᠢᠷᠭᠤᠭᠠᠨ ᠳᠠᠯ᠎ᠠ ᠶᠢ ᠰᠢᠨᠵᠢᠶᠠᠩ ᠳᠤ ᠠᠯᠴᠤ᠂ ᠲᠠ᠂ ᠪᠦᠭᠡ᠂ ᠴᠤᠭ᠎ᠠ᠂ ᠤᠩᠬᠤ᠂ ᠶᠠᠩᠬ᠎ᠠ ᠪᠤᠶᠤ ᠶᠠᠨᠳᠠᠷ᠎ᠠ ᠭᠡᠬᠦ᠂  ᠬᠦᠭᠡᠨᠡᠭᠤᠷ ᠪᠤᠯᠤᠨ ᠭᠠᠨᠰᠤ ᠶᠢᠨ ᠰᠦᠪᠸᠢ ᠳᠤ ᠬᠤᠨᠢ᠂ ᠢᠮᠠᠭ᠎ᠠ᠂ ᠦᠭᠡᠷ᠂ ᠮᠤᠷᠢ᠂ ᠳᠡᠮᠡᠭᠡ᠂ ᠯᠠᠭᠤᠰᠠ ᠭᠡᠬᠦ᠂ ᠦᠪᠤᠷ ᠮᠤᠩᠭᠤᠯ ᠳᠤ ᠦᠨᠳᠤᠰᠤᠨ ᠳᠡᠭᠡᠨ ᠬᠤᠨᠢ᠂ ᠢᠮᠠᠭ᠎ᠠ᠂ ᠮᠤᠷᠢ᠂ ᠳᠡᠮᠡᠭᠡ ︵ᠦᠭᠡᠷ︶᠂ ᠤᠩᠬᠤ᠂ ᠳᠤᠩᠭᠤ  ᠭᠡᠵᠤ ᠨᠡᠷᠡᠯᠡᠵᠤ ᠪᠠᠶᠢᠬᠤ︔ ᠮᠤᠷᠢ ᠤᠷᠤᠯᠳᠤᠬᠤ᠂ ᠱᠠᠭ᠎ᠠ ᠡᠮᠴᠢᠳᠭᠡᠬᠦ ︵ᠨᠢᠰᠠᠯᠠᠬᠤ︶᠂ ᠳᠦᠷᠪᠡᠨ ᠪᠡᠷᠭᠡ ︵ ᠳᠦᠷᠪᠡᠨ ᠠᠵᠠ︶ ᠬᠠᠶᠠᠬᠤ᠂ ᠱᠠᠭ᠎ᠠ ᠠᠪᠬᠤ᠂ ᠱᠠᠭ᠎ᠠ ᠬᠠᠮᠤᠬᠤ᠂ ᠦᠷᠤᠵᠤ ᠬᠠᠵᠤ ︵ᠬᠠᠷᠪᠤᠵᠤ︶ ᠨᠠᠭᠠᠳᠬᠤ᠂ ᠬᠠ ᠨᠠᠭᠠᠳᠬᠤ᠂ ᠨᠠᠶᠢᠷᠠᠵᠤ ᠨᠠᠭᠠᠳᠬᠤ᠂ ᠱᠠᠭ᠎ᠠ ᠶᠢᠨ ᠳᠤᠰᠤᠯᠳᠠ ᠶᠢᠨ ᠨᠠᠭᠠᠳᠤᠮ᠂ ᠳᠠᠯᠤ ᠳᠤ ᠱᠠᠭ᠎ᠠ ᠤᠷᠤᠭᠤᠯᠤᠨ ᠨᠠᠭᠠᠳᠬᠤ᠂ ᠳᠠᠪᠤᠨ ᠱᠠᠭ᠎ᠠ ᠬᠠᠪᠯᠠᠵᠤ ᠨᠠᠭᠠᠳᠬᠤ᠂ ᠳᠠᠪᠤᠨ ᠬᠤᠰᠢᠭᠤᠨ ᠮᠠᠯ ᠳᠤᠭᠯᠠᠬᠤ᠂ ᠪᠠᠢ ︵ᠫᠠᠢ︶ ᠬᠠᠷᠪᠤᠬᠤ ᠂ ᠠᠷᠪᠠᠨ ᠬᠤᠶᠠᠷ ᠵᠢᠯ ᠤᠷᠭᠢᠬᠤ᠂ ᠠᠯᠳᠠᠨ ᠱᠠᠭᠠᠳᠤ ᠮᠤᠷᠢ ᠤᠷᠤᠯᠳᠤᠭᠤᠯᠬᠤ᠂ ᠳᠡᠮᠡᠭᠡ ᠠᠴᠢᠬᠤ᠂ ᠭᠡᠬᠦᠤ ᠰᠠᠭᠠᠬᠤ  ᠂ ᠢᠮᠠᠭ᠎ᠠ ᠳᠠᠭᠤᠬᠤ᠂ ᠳᠦᠯ ᠳᠤᠰᠬᠤ᠂ ᠪᠦᠭᠡ ᠪᠠᠷᠢᠯᠳᠤᠭᠤᠯᠬᠤ᠂ ᠱᠠᠭ᠎ᠠ ᠰᠤᠮᠤᠯᠠᠵᠤ ᠨᠠᠭᠠᠳᠬᠤ ︵ᠤᠨᠳᠤᠭᠤᠯᠬᠤ ︶᠂ ᠶᠢᠰᠤᠨ ᠱᠠᠭ᠎ᠠ ᠶᠢᠨ ᠵᠠᠶᠠᠭ᠎ᠠ᠂ ᠭᠡᠶᠢᠮᠤᠷᠢ ᠶᠢᠨ ᠠᠷᠪᠠᠨ ᠭᠤᠷᠪᠠ ︵ᠠᠵᠠ ᠶᠢᠨ ᠠᠷᠪᠠᠨ ᠭᠤᠷᠪᠠ︶᠂ ᠬᠤᠤᠰ  ᠰᠠᠭᠤᠯᠭᠠᠵᠤ ᠪᠠᠶᠠᠨ ᠶᠠᠳᠠᠭᠤ ᠶᠢ ᠰᠢᠯᠭᠠᠬᠤ᠂ ᠵᠢᠯ ᠤᠷᠤᠭᠤᠯᠵᠤ ᠵᠠᠶᠠᠭ᠎ᠠ ᠪᠤᠳᠤᠬᠤ᠂ ᠳᠠᠭ᠎ᠠ ᠪᠠᠷᠢᠬᠤ᠂ ᠬᠤᠩᠭᠤᠷ ᠳᠠᠭ᠎ᠠ᠂ ᠳᠤᠭ᠎ᠠ ᠳᠤᠭᠠᠯᠠᠵᠤ ᠤᠯᠬᠤ᠂ ᠮᠢᠩᠭᠠᠨ ᠯᠠᠩ ᠳᠤ ᠤᠷᠤᠯᠳᠤᠬᠤ᠂ ᠠᠶᠢᠯ ᠭᠡᠷ ᠪᠤᠯᠵᠤ ᠨᠠᠭᠠᠳᠬᠤ᠂ ᠪᠠᠷᠢᠯᠴᠠᠭ᠎ᠠ ᠪᠠᠷᠢᠬᠤ᠂ ᠳᠠᠪᠤᠨ ᠱᠠᠭ᠎ᠠ ᠨᠠᠭᠠᠳᠬᠤ ᠠᠶᠢᠯ ᠨᠡᠬᠦᠬᠦ᠂ ᠠᠶᠠᠨ ᠳᠤ ᠶᠠᠪᠤᠬᠤ᠂ ᠠᠶᠠᠨ ᠠᠴᠠ ᠢᠷᠡᠬᠦ᠂ ᠮᠦᠰᠤᠨ ᠠᠷᠭᠠᠢ ᠵᠡᠷᠭᠡ ᠡᠯ᠎ᠡ ᠭᠠᠵᠠᠷ ᠤᠨ ᠱᠠᠭ᠎ᠠ ᠳᠤᠭᠯᠠᠭᠠᠮ ᠤᠨ ᠨᠠᠷᠠᠶᠢᠳᠤᠯ ᠪᠠ ᠨᠠᠭᠠᠳᠬᠤ ᠠᠷᠭ᠎ᠠ ᠶᠢᠨ ᠳᠠᠨᠢᠯᠴᠠᠭᠤᠯᠭ᠎ᠠ︔ ᠬᠠᠭᠤᠴᠢ ᠮᠠᠯᠳᠠᠮᠠᠯ ᠤᠨ ᠤᠯᠳᠠᠪᠤᠷᠢ ᠱᠠᠭ᠎ᠠ᠂ ᠴᠢᠩᠭᠢᠰ ᠤᠨ ᠤᠩᠭᠤᠨ ᠤ ᠰᠠᠴᠤᠯᠢ ᠶᠢᠨ ᠱᠠᠭ᠎ᠠ᠂ ᠱᠠᠭ᠎ᠠ ᠶᠢᠨ ᠵᠦᠩ ᠪᠡᠯᠭᠡᠳᠡᠯ᠂ ᠱᠠᠭ᠎ᠠ ᠶᠢᠨ ᠬᠤᠷᠢᠮ ᠤᠨ ᠵᠠᠩ ᠦᠢᠯᠡ ᠳᠤ ᠬᠤᠯᠪᠤᠭᠳᠠᠬᠤ᠂ ᠱᠠᠭ᠎ᠠ ᠬᠠᠳᠠᠭᠠᠯᠠᠬᠤ᠂ ᠪᠤᠳᠤᠬᠤ ᠪᠠ ᠪᠤᠯᠠᠬᠤ ᠵᠠᠩᠰᠢᠯ ᠵᠡᠷᠭᠡ ᠠᠷᠠᠳ ᠤᠨ ᠠᠵᠤ ᠠᠮᠢᠳᠤᠷᠠᠯ ᠳᠤ ᠬᠤᠯᠪᠤᠭᠳᠠᠬᠤ ᠰᠢᠨᠵᠢᠯᠡᠭᠡᠨ ᠭᠡᠬᠦᠴᠢᠯᠠᠨ ᠮᠤᠩᠭᠤᠯᠴᠤᠳ ᠤᠨ ᠱᠠᠭ᠎ᠠ ᠰᠤᠶᠤᠯ ᠤᠨ ᠠᠭᠤᠯᠭ᠎ᠠ ᠶᠢ ᠦᠷᠭᠡᠨ ᠭᠡᠪᠴᠢᠶᠠᠨ ᠠᠴᠠ ᠨᠡᠯᠢᠶᠡᠳ ᠪᠦᠬᠦ ᠳᠠᠯ᠎ᠠ ᠪᠠᠷ ᠳᠠᠨᠢᠯᠴᠠᠭᠤᠯᠵᠤ ᠰᠤᠳᠤᠯᠤᠭᠰᠠᠨ ᠪᠠᠶᠢᠭ᠎ᠠ ᠶᠤᠮ᠃ ᠶᠠᠭ ᠡᠶᠢᠮᠤ ᠠᠴᠠ ᠳᠤᠰ ᠨᠤᠮ ᠪᠤᠯ ᠡᠮᠤᠨᠡᠭᠢ ᠬᠤᠭᠤᠴᠠᠭᠠᠨ ᠤ  ᠰᠤᠳᠤᠯᠭᠠᠨ ᠤ ᠱᠠᠳᠤᠴᠢ ᠴᠢᠨᠠᠷᠳᠡᠢ ᠠᠮᠵᠢᠯᠳᠠ ᠶᠢᠨ ᠳ᠋ᠦᠩᠨᠠᠯᠳᠠ ᠪᠠᠶᠢᠵᠤ᠂ ᠬᠤᠶᠢᠰᠢᠳᠠ ᠶᠢᠨ ᠰᠢᠨᠵᠢᠯᠡᠭᠡᠨ ᠤ ᠠᠵᠢᠯ ᠤᠨ ᠰᠢᠨ᠎ᠡ ᠭᠠᠷᠤᠭ᠎ᠠ ᠶᠢᠨ ᠡᠭᠢᠯᠡᠯᠳᠡ ᠪᠤᠯᠵᠤ ᠳᠠᠭᠠᠷᠠᠨ᠎ᠠ᠃            ᠳᠠᠭᠢᠪᠠᠯ᠂ ︽ᠮᠤᠩᠭᠤᠯ ᠦᠨᠳᠤᠰᠤᠳᠡᠨ ᠤ ᠱᠠᠭ᠎ᠠ ᠰᠤᠶᠤᠯ ᠤᠨ ᠰᠤᠳᠤᠯᠤᠯ︾ ᠨᠢ ᠦᠢᠷ᠎ᠡ ᠶᠢᠨ ᠵᠢᠯ ᠤᠨ ᠱᠠᠭ᠎ᠠ ᠰᠤᠶᠤᠯ ᠤᠨ ᠦᠢᠯᠡ ᠠᠵᠢᠯᠯᠠᠭᠠᠨ ᠤ ᠠᠮᠵᠢᠯᠳᠠ ᠤᠯᠤᠯᠳᠠ ᠶᠢᠨ ᠳᠡᠮᠳᠡᠭᠯᠡᠯ ᠪᠤᠯᠵᠤ ᠪᠠᠶᠢᠨ᠎ᠠ᠃ ᠳᠡᠤᠭᠡ ᠶᠢᠨ ᠰᠢᠯᠳᠠᠭᠠᠨ ᠠᠴᠠ ᠪᠤᠯᠵᠤ ᠱᠠᠭ᠎ᠠ ᠳᠤᠭᠯᠠᠭᠠᠮ ᠨᠢᠭᠡᠨ ᠦᠶ᠎ᠡ ᠤᠮᠳᠤᠭᠠᠶᠢᠯᠠᠭᠳᠠᠵᠤ ᠪᠠᠶᠢᠭᠰᠠᠨ ᠪᠤᠯ᠂ ᠳᠤᠰ ᠵᠠᠭᠤᠨ ᠤ ᠡᠭᠢᠨ ᠠᠴᠠ ᠨᠤᠳᠤᠭ ᠨᠤᠳᠤᠭ ᠤᠨ ᠬᠤᠯᠠᠴᠢ ᠪᠤᠳᠤᠯ ᠲᠠᠢ ᠬᠦᠮᠤᠰ ᠱᠠᠭ᠎ᠠ ᠰᠤᠶᠤᠯ ᠤᠨ ᠳᠡᠤᠭᠡᠨ ᠪᠠᠶᠢᠷᠢ ᠰᠠᠭᠤᠷᠢ᠂ ᠦᠢᠯᠡᠳᠤᠯ᠂ ᠦᠨ᠎ᠡ ᠴᠠᠨ᠎ᠠ ᠶᠢ ᠠᠩᠬᠠᠷᠴᠤ᠂ ᠳᠡᠬᠦᠨ ᠢ ᠠᠪᠤᠷᠠᠨ ᠬᠠᠮᠠᠭᠠᠯᠠᠬᠤ᠂ ᠤᠯᠠᠮᠵᠢᠯᠠᠨ ᠬᠦᠭᠵᠢᠬᠦᠯᠬᠦ ᠠᠵᠢᠯ ᠳᠤ ᠰᠢᠭᠤᠷᠬᠠᠶᠢᠯᠠᠭᠰᠠᠨ ᠢ ᠨᠤᠮ ᠤᠨ ᠶᠠᠮᠠᠷ ᠨᠢᠭᠡᠨ ᠵᠤᠭᠢᠶᠠᠯ᠂ ᠡᠰᠡᠬᠦᠯ᠎ᠡ ᠠᠯᠢ ᠨᠢᠭᠡᠨ ᠬᠠᠭᠤᠳᠠᠰᠤ ᠠᠴᠠ ᠳᠤᠳᠤᠷᠬᠠᠢ ᠤᠯᠵᠤ ᠬᠠᠷᠠᠵᠤ ᠪᠤᠯᠬᠤ ᠶᠤᠮ᠃ ᠵᠢᠱᠢᠶᠡᠯᠡᠬᠦ ᠳᠤ᠂ ᠠᠯᠠᠱᠠ ᠪᠠᠷᠠᠭᠤᠨ ᠬᠤᠰᠢᠭᠤᠨ ᠤ ᠮᠤᠩᠭᠤᠯ ᠪᠠᠭ᠎ᠠ  ᠰᠤᠷᠭᠠᠭᠤᠯᠢ ᠶᠢᠨ ᠪᠠᠭᠰᠢ ᠡᠷᠳᠡᠨᠢᠭᠡᠷᠡᠯ 2005 ᠤᠨ ᠳᠤ ᠱᠠᠭ᠎ᠠ ᠪᠠᠷ ᠪᠠᠭᠠᠴᠤᠳ ᠤᠨ ᠬᠤᠰᠢᠭᠤᠴᠢ ᠠᠩᠭᠢ ᠶᠢᠨ ᠰᠦᠯᠳᠠ ᠶᠢ ᠤᠷᠠᠯᠠᠨ ᠪᠦᠳᠤᠭᠡᠭᠰᠡᠨ ᠶᠠᠪᠤᠳᠠᠯ ᠨᠢ ᠠᠯᠠᠱᠠ ᠨᠤᠳᠤᠭ ᠲᠤ ᠱᠠᠭ᠎ᠠ ᠶᠢᠨ ᠰᠤᠶᠤᠯ ᠳᠠᠭᠢᠨ ᠰᠡᠷᠬᠦᠨ ᠬᠦᠭᠵᠢᠬᠦ ᠠᠩᠬᠠᠨ ᠤ ᠭᠠᠯ ᠢ ᠴᠠᠭᠢᠭᠰᠠᠨ ᠪᠤᠯ᠂ 2006 ᠤᠨ ᠠᠴᠠ ᠨᠠᠰᠢ ᠴᠤᠭᠪᠤᠶᠠᠨ᠂ ᠡᠷᠳᠡᠨᠢᠭᠡᠷᠡᠯ ᠬᠠᠨᠢ ᠨᠦᠬᠦᠷ ᠬᠤᠶᠠᠭᠤᠯᠠ ᠠᠯᠠᠱᠠ ᠪᠠᠷᠠᠭᠤᠨ ᠬᠤᠰᠢᠭᠤᠨ ᠤ ᠠᠩᠬᠠᠳᠤᠭᠠᠷ ᠤᠳᠠᠭᠠᠨ ᠤ ᠱᠠᠭ᠎ᠠ ᠳᠤᠭᠯᠠᠭᠠᠮ ᠵᠢᠴᠢ ᠱᠠᠭ᠎ᠠ ᠤᠷᠠᠯᠢᠭ ᠤᠨ ᠪᠦᠳᠤᠭᠡᠯ ᠤᠨ ᠳᠡᠯᠭᠡᠨ ᠦᠵᠡᠬᠦᠯᠤᠯᠭᠡ᠂ ᠠᠯᠠᠱᠠ ᠠᠶᠢᠮᠠᠭ ᠤᠨ ᠠᠩᠬᠠᠳᠤᠭᠠᠷ ᠤᠳᠠᠭᠠᠨ ᠤ 1000 ᠬᠦᠮᠤᠨ ᠤ ᠱᠠᠭ᠎ᠠ ᠵᠢᠨ‌‍ᠰᠤᠶᠤᠯ ᠤᠷᠠᠯᠢᠭ ᠤᠨ ᠨᠠᠶᠢᠷ᠂ ᠳᠤᠮᠳᠠᠳᠤ ᠤᠯᠤᠰ ᠤᠨ ᠠᠩᠬᠠᠳᠠᠭᠴᠢ ᠱᠠᠭ᠎ᠠ ᠰᠤᠶᠤᠯ ᠤᠨ ᠨᠡᠶᠢᠭᠡᠮᠯᠢᠭ ᠢ ᠡᠬᠦᠰᠭᠡᠨ ᠪᠠᠶᠢᠭᠤᠯᠤᠭᠰᠠᠨ ᠭᠡᠬᠦᠴᠢᠯᠠᠨ ︽ᠶᠢᠰᠤᠨ ᠠᠩᠬᠠᠳᠤᠭᠠᠷ ᠢ ᠡᠬᠦᠳᠤᠨ ᠪᠦᠳᠤᠭᠡᠵᠤ︾᠂ ᠠᠯᠠᠱᠠ ᠪᠠᠷᠠᠭᠤᠨ ᠬᠤᠰᠢᠭᠤ ᠦᠪᠡᠷᠳᠡᠭᠡᠨ ᠵᠠᠰᠠᠬᠤ ᠤᠷᠤᠨ ᠤ ᠰᠤᠶᠤᠯ ᠤᠨ ᠳᠢᠩᠭᠢᠮ ᠳᠤ ︽ᠱᠠᠭ᠎ᠠ ᠶᠢᠨ ᠰᠤᠶᠤᠯ ᠤᠷᠠᠯᠢᠭ ᠤᠨ ᠨᠤᠳᠤᠭ︾ ᠢᠶᠠᠷ ᠴᠤᠯᠠᠯᠠᠭᠳᠠᠭᠰᠠᠨ︔ ᠭᠠᠨᠰᠤ ᠮᠤᠵᠢ ᠶᠢᠨ ᠰᠦᠪᠸᠢ ᠰᠢᠶᠠᠨ ᠳᠤ ᠱᠠᠭ᠎ᠠ ᠳᠤᠭᠯᠠᠭᠠᠮ ᠢ ᠴᠡᠴᠡᠷᠯᠢᠭ ᠤᠨ ᠰᠤᠷᠭᠠᠨ ᠬᠦᠮᠤᠵᠢᠯ ᠳᠤ ᠦᠢᠯᠡᠴᠢᠯᠡᠬᠦᠯᠤᠭ᠍ᠰᠡᠨ︔ ᠰᠦᠨᠢᠳ ᠵᠡᠷᠭᠡ ᠨᠤᠳᠤᠭ ᠢᠶᠠᠷ ᠱᠠᠭ᠎ᠠ ᠳᠤᠭᠯᠠᠭᠠᠮ ᠨᠠᠶᠢᠷ ᠨᠠᠭᠠᠳᠤᠮ ᠤᠨ ᠳᠦᠷᠤᠯ ᠵᠦᠢᠯ ᠪᠤᠯᠤᠭᠰᠠᠨ ᠪᠠ ᠡᠯ᠎ᠡ ᠭᠠᠵᠠᠷ ᠲᠤ ᠱᠠᠭ᠎ᠠ ᠰᠤᠶᠤᠯ ᠤᠨ ᠨᠡᠶᠢᠭᠡᠮᠯᠢᠭ ᠪᠠᠶᠢᠭᠤᠯᠤᠭᠳᠠᠨ ᠪᠤᠳᠠᠳᠠᠢ ᠦᠢᠯᠡ ᠬᠦᠳᠡᠯᠭᠡᠭᠡᠨ ᠦᠷᠨᠢᠬᠦᠯᠵᠤ ᠪᠠᠶᠢᠭ᠎ᠠ ᠵᠡᠷᠭᠡ ᠠᠴᠠ ᠦᠢᠯᠠᠭᠠᠵᠤ  ᠪᠤᠯᠤᠨ᠎ᠠ᠃            ᠡᠬᠦᠨ ᠠᠴᠠ ᠭᠠᠳᠠᠨ᠎ᠠ ᠡᠨᠡ ᠤᠳᠠᠭᠠᠨ ᠤ ᠡᠷᠳᠡᠮ ᠰᠢᠨᠵᠢᠯᠡᠭᠡᠨ ᠤ ᠬᠤᠷᠠᠯ ᠨᠢ ᠱᠠᠭ᠎ᠠ ᠪᠠᠷ ᠭᠤᠤᠯ ᠰᠡᠳᠤᠪ ᠪᠤᠯᠭᠠᠵᠤ᠂ ᠱᠠᠭ᠎ᠠ ᠰᠤᠶᠤᠯ᠂ ᠱᠠᠭ᠎ᠠ ᠳᠤᠭᠯᠠᠭᠠᠮ ᠳᠤ ᠠᠩᠬᠠᠷᠤᠯ ᠢᠶᠠᠨ ᠬᠠᠨᠳᠤᠭᠤᠯᠤᠭᠰᠠᠨ ᠬᠦᠮᠤᠰ ‍ᠤᠨ‌ᠦᠪᠡᠳᠡᠭᠰᠢ ᠴᠤᠭᠯᠠᠭᠠᠨ ᠪᠤᠯᠤᠭᠰᠠᠨ ᠤ ᠬᠤᠪᠢ ᠳᠤ᠂ ᠦᠪᠡᠷ ᠤᠨ ᠤᠴᠢᠷ ᠢᠶᠠᠨ ᠦᠪᠡᠷᠳᠡᠭᠡᠨ ᠵᠦᠪᠯᠡᠵᠤ᠂ ᠦᠪᠡᠷᠳᠡᠭᠡᠨ ᠭᠢᠬᠦ ᠬᠠᠷᠢᠭᠤᠴᠠᠯᠭᠠᠳᠤ ᠰᠡᠳᠭᠢᠯᠭᠡ ᠪᠠᠷ ᠱᠠᠭ᠎ᠠ ᠰᠤᠶᠤᠯ ᠤᠨ ᠵᠤᠭᠢᠶᠠᠨ ᠪᠠᠶᠢᠭᠤᠯᠤᠯᠳᠠ ᠶᠢᠨ ᠰᠢᠰᠲ᠋ᠧᠮ ᠢ  ᠳᠡᠬᠦᠯᠳᠡᠷᠵᠢᠬᠦᠯᠬᠦ᠂ ᠱᠠᠭ᠎ᠠ ᠳᠤᠭᠯᠠᠭᠠᠮ ᠢ ᠤᠯᠠᠨ ᠳᠦᠮᠠᠨᠴᠢ ᠰᠤᠶᠤᠯ ᠤᠷᠠᠯᠢᠭ ᠳᠡᠮᠢᠷ ᠤᠨ ᠠᠵᠢᠯᠯᠠᠭ᠎ᠠ ᠪᠤᠯᠭᠠᠨ ᠳᠡᠯᠭᠡᠷᠡᠬᠦᠯᠤᠨ ᠬᠦᠭᠵᠢᠬᠦᠯᠬᠦ᠂ ᠵᠠᠰᠠᠭ ᠤᠨ ᠳᠠᠯ᠎ᠠ ᠠᠴᠠ ᠪᠡᠯᠡ ᠮᠦᠩᠬᠦᠨ ᠤ ᠳᠡᠮᠵᠢᠬᠦ ᠬᠦᠴᠤᠯᠠᠴᠠ ᠪᠠᠨ ᠨᠡᠮᠡᠭᠳᠡᠬᠦᠯᠬᠦ ᠂ ᠱᠠᠭ᠎ᠠ ᠨᠠᠭᠠᠳᠬᠤ ᠳᠦᠷᠢᠮ ᠢ ᠳᠦᠷᠢᠮᠵᠢᠬᠦᠯᠤᠨ ᠨᠢᠭᠡᠳᠭᠡᠬᠦ᠂ ᠬᠠᠷᠢᠯᠴᠠᠨ ᠰᠤᠷᠤᠯᠴᠠᠵᠤ ᠬᠦᠭᠵᠢᠯᠳᠡ ᠶᠢᠨ ᠳᠡᠩᠴᠡᠬᠦᠷᠡᠢ ᠶᠢ ᠪᠠᠳᠤᠯᠠᠬᠤ᠂ ᠱᠠᠭ᠎ᠠ ᠰᠤᠶᠤᠯ ᠤᠨ ᠰᠤᠳᠤᠯᠭᠠᠨ ᠢ ᠡᠷᠴᠢᠮᠳᠡᠢ ᠦᠷᠨᠢᠬᠦᠯᠬᠦ ᠵᠡᠷᠭᠡ ᠳᠠᠯ᠎ᠠ ᠪᠠᠷ ᠵᠦᠪᠯᠡᠯᠭᠡ ᠪᠠᠨ ᠳᠡᠪᠰᠢᠬᠦᠯᠤᠭ᠍ᠰᠡᠨ ᠨᠢ ᠴᠤ ᠨᠤᠮ ᠤᠨ ᠬᠠᠭᠤᠳᠠᠰᠤᠨ᠎ᠠ ᠳᠤᠳᠤᠷᠬᠠᠢ ᠪᠤᠢ᠃            ᠪᠠᠭᠴᠠᠯᠠᠭᠠᠳ ᠭᠡᠯᠡᠪᠡᠯ᠂ ︽ᠮᠤᠩᠭᠤᠯ ᠦᠨᠳᠤᠰᠤᠳᠡᠨ ᠤ ᠱᠠᠭ᠎ᠠ ᠰᠤᠶᠤᠯ ᠤᠨ ᠰᠤᠳᠤᠯᠤᠯ︾ ᠪᠤᠯ  ᠮᠤᠩᠭᠤᠯᠴᠤᠳ ᠢᠵᠠᠭᠤᠷ ᠳᠤᠭᠯᠠᠭᠠᠮ — ᠱᠠᠭ᠎ᠠ ᠶᠢᠨ ᠳᠡᠤᠭᠡᠨ ᠤᠯᠪᠠᠭ᠎ᠠ ᠶᠢ ᠰᠢᠨᠵᠢᠨ ᠴᠢᠨᠠᠭᠰᠢᠳᠠ ᠰᠤᠳᠤᠯᠬᠤ ᠂ ᠱᠠᠭ᠎ᠠ ᠳᠤᠭᠯᠠᠭᠠᠮ ᠤᠨ ᠦᠢᠯᠡᠳᠤᠯ ᠢ ᠮᠠᠳᠡᠬᠦ᠂ ᠱᠠᠭ᠎ᠠ ᠳᠤᠭᠯᠠᠭᠠᠮ ᠤᠨ ᠳᠦᠷᠤᠯ ᠵᠦᠢᠯ ᠲᠠᠢ ᠳᠠᠨᠢᠯᠴᠠᠬᠤ᠂ ᠤᠳᠤᠬᠠᠨ ᠤ ᠱᠠᠭ᠎ᠠ ᠰᠤᠶᠤᠯ ᠪᠤᠶᠤ ᠱᠠᠭ᠎ᠠ ᠳᠤᠭᠯᠠᠭᠠᠮ ᠤᠨ ᠬᠦᠭᠵᠢᠯᠳᠡ ᠶᠢᠨ ᠪᠠᠶᠢᠳᠠᠯ ᠢ ᠦᠢᠯᠠᠭᠠᠬᠤ ᠳᠤ ᠭᠠᠷ ᠠᠪᠤᠯᠭ᠎ᠠ ᠪᠤᠯᠵᠤ ᠴᠢᠳᠠᠬᠤᠶᠢᠴᠠ ᠨᠤᠮ ᠪᠤᠯᠤᠭᠰᠠᠨ ᠪᠠᠶᠢᠭ᠎ᠠ ᠶᠤᠮ᠃                                                                                       ᠫᠦ᠊ · ᠦᠯᠵᠡᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号