ᠮᠤᠩᠭᠤᠯᠴᠦᠳ ᠤᠨ ᠠᠮᠦᠷᠵᠢᠬᠰᠠᠨ ᠡᠬᠡ ᠳᠤ ᠬᠤᠨᠢᠨ ᠮᠢᠬᠠᠨ ᠱᠦᠯᠦ ᠤᠤᠭᠤᠯᠭᠠᠳᠠᠭ ᠤᠨ ᠤᠴᠢᠷ
ᠨᠡᠶᠢᠲᠡᠯᠡᠭᠰᠡᠨ ᠴᠠᠭ᠄
2019/4/16
    ᠮᠣᠩᠭᠤᠯᠴᠤᠳ ᠡᠬᠡ ᠬᠦᠮᠦᠨ ᠢ ᠠᠮᠤᠷᠵᠢᠩᠭᠤᠲᠠ ᠱᠥᠯᠥ ᠤᠤᠭᠤᠯᠭᠠᠬᠤ ᠪᠠᠷ ᠵᠢᠰᠦᠯᠡᠭᠰᠡᠨ ᠬᠤᠨᠢ ᠪᠠᠨ ᠭᠠᠷᠭᠠᠳᠠᠭ ᠪᠠᠶᠢᠵᠠᠢ᠃             ᠱᠥᠯᠥ ᠤᠤᠭᠤᠯᠭᠠᠬᠤ ᠭᠡᠳᠡᠭ ᠪᠣᠯ ᠠᠮᠤᠷᠵᠢᠭᠰᠠᠨ ᠡᠬᠡ ᠶᠢ ᠪᠣᠭᠤᠨᠢ ᠬᠤᠭᠤᠴᠠᠭᠠᠨ ᠳᠤ ᠪᠡᠶ᠎ᠡ ᠶᠢ ᠨᠢ ᠨᠥᠬᠦᠨ ᠲᠡᠩᠬᠡᠷᠡᠭᠦᠯᠬᠦ᠂ ᠰᠢᠨ᠎ᠡ ᠪᠠᠷ ᠮᠡᠨᠳᠦᠯᠡᠭᠰᠡᠨ ᠬᠡᠦᠬᠡᠳ ᠢ ᠡᠷᠡᠭᠦᠯ ᠴᠢᠭᠢᠷᠠᠭ᠂ ᠡᠰᠡᠨ ᠮᠡᠨᠳᠦ ᠪᠤᠶᠢᠵᠢᠭᠤᠯᠬᠤ ᠡᠬᠢᠯᠡᠯ ᠢ ᠲᠠᠯᠪᠢᠭᠰᠠᠨ ᠮᠤᠩᠭᠤᠯ ᠠᠷᠭ᠎ᠠ ᠶᠤᠮ᠃             ᠬᠤᠨᠢᠨ ᠤ ᠮᠢᠬᠠᠨ ᠤ ᠠᠴᠢ ᠲᠤᠰᠠ             ᠮᠣᠩᠭᠤᠯᠴᠤᠳ ᠪᠦᠷ ᠡᠷᠲᠡ ᠲᠡᠭᠡᠳᠦ ᠦᠶ᠎ᠡ ᠠᠴᠠ ᠲᠠᠪᠤᠨ ᠬᠤᠰᠢᠭᠤ ᠮᠠᠯ ᠤᠨ ᠮᠢᠬᠠᠨ ᠤ ᠠᠮᠲᠠ᠂ ᠦᠨᠦᠷ  ᠂ ᠥᠩᠭᠡ᠂ ᠰᠢᠭᠦᠰᠦᠯᠢᠭ ᠵᠥᠭᠡᠯᠡᠨ᠂ ᠥᠶᠥᠭ ᠨᠦᠮᠵᠦᠭ᠂ ᠬᠦᠮᠦᠨ ᠤ ᠪᠡᠶ᠎ᠡ ᠳᠤ ᠦᠵᠡᠭᠦᠯᠬᠦ ᠨᠥᠯᠥᠭᠡ ᠵᠡᠷᠭᠡ ᠶᠢ ᠬᠠᠷᠠᠭᠠᠯᠵᠠᠨ ᠦᠨᠡᠯᠡᠭᠰᠡᠨ ᠪᠠᠶᠢᠳᠠᠭ᠃ ᠡᠨᠡ ᠦᠨᠡᠯᠡᠭᠡ ᠪᠠᠷ ᠡᠬᠢᠨ ᠤ ᠪᠠᠶᠢᠷᠢᠨ ᠳᠤ ᠬᠤᠨᠢᠨ ᠤ ᠮᠢᠬ᠎ᠠ᠂ ᠳᠠᠷᠠᠭ᠎ᠠ ᠨᠢ  ᠦᠬᠡᠷ᠂ ᠠᠳᠤᠭᠤ᠂ ᠢᠮᠠᠭ᠎ᠠ᠂ ᠲᠡᠮᠡᠭᠡᠨ ᠤ ᠮᠢᠬ᠎ᠠ ᠶᠢ ᠨᠡᠷᠡᠯᠡᠭᠰᠡᠨ ᠪᠠᠶᠢᠨ᠎ᠠ᠃ ᠬᠤᠨᠢ ᠪᠤᠰᠤᠳ ᠮᠠᠯ ᠠᠴᠠ ᠢᠯᠡᠭᠦᠦ ᠣᠯᠠᠨ ᠵᠦᠢᠯ ᠪᠤᠶᠤ 80 ᠭᠠᠷᠤᠢ ᠲᠥᠷᠥᠯ ᠤᠨ ᠤᠷᠭᠤᠮᠠᠯ ᠢᠳᠡᠳᠡᠭ ᠠᠴᠠ 30 ᠭᠠᠷᠤᠢ ᠵᠦᠢᠯ ᠨᠢ ᠵᠥᠪᠬᠡᠨ ᠡᠮ ᠤᠨ ᠤᠷᠭᠤᠮᠠᠯ ᠪᠠᠶᠢᠳᠠᠭ ᠠᠵᠢ᠃ ᠬᠤᠨᠢᠨ ᠤ ᠮᠢᠬ᠎ᠠ ᠬᠠᠯᠠᠭᠤᠨ᠂ ᠲᠡᠭᠦᠰ ᠰᠠᠶᠢᠨ ᠴᠢᠨᠠᠷᠲᠠᠢ᠂ ᠢᠮᠠᠭ᠎ᠠ᠂ ᠲᠡᠮᠡᠭᠡᠨ ᠤ ᠮᠢᠬ᠎ᠠ ᠰᠡᠷᠢᠭᠦᠨ ᠴᠠᠷᠴᠠᠮᠠᠲᠠᠭᠠᠢ ᠭᠡᠬᠦ ᠮᠡᠲᠦ ᠪᠠᠷ ᠬᠦᠢᠲᠡᠨ ᠰᠡᠷᠢᠭᠦᠨ ᠪᠥᠰᠡ ᠶᠢᠨ ᠨᠥᠬᠦᠴᠡᠯ ᠳᠤ ᠠᠮᠢᠳᠤᠷᠠᠳᠠᠭ ᠮᠣᠩᠭᠤᠯ ᠬᠦᠮᠦᠰ ᠲᠤ ᠵᠣᠬᠢᠴᠠᠯ ᠲᠠᠢ ᠶᠢ ᠨᠢ ᠬᠠᠷᠠᠭᠠᠯᠵᠠᠨ ᠦᠵᠡᠵᠦ ᠬᠡᠷᠡᠭᠯᠡᠳᠡᠭ ᠤᠴᠢᠷᠲᠠᠢ ᠶᠤᠮ  ᠪᠠᠶᠢᠨ᠎ᠠ᠃             ᠡᠶᠢᠮᠦ ᠴᠤ ᠤᠴᠢᠷ ᠠᠴᠠ ᠠᠮᠤᠷᠵᠢᠭᠰᠠᠨ ᠡᠬᠡ ᠬᠥᠮᠥᠨ ᠳᠤ ᠬᠤᠨᠢᠨ ᠤ ᠰᠢᠨ᠎ᠡ ᠱᠥᠯᠥ ᠥᠭᠬᠦ᠂ ᠨᠢᠷᠠᠢ ᠬᠡᠦᠬᠡᠳ ᠢ ᠬᠤᠨᠢᠨ ᠤ ᠶᠠᠰᠤᠨ ᠤ ᠱᠥᠯᠥ ᠪᠠᠷ ᠤᠬᠢᠶᠠᠬᠤ᠂ ᠬᠤᠨᠢᠨ ᠤ ᠤᠭᠤᠷᠠᠭ ᠰᠡᠭᠦᠯ ᠤᠨ ᠥᠭᠡᠬᠦ ᠬᠥᠬᠦᠭᠦᠯᠬᠦ ᠮᠣᠩᠭᠤᠯ ᠤᠯᠠᠮᠵᠢᠯᠠᠯ ᠪᠤᠢ ᠪᠣᠯᠵᠤ᠂ ᠵᠠᠭᠤᠨ ᠵᠠᠭᠤᠨ ᠤ ᠲᠡᠷᠲᠡᠭᠡ ᠠᠴᠠ ᠬᠡᠷᠡᠭᠯᠡᠭᠰᠡᠭᠡᠷ ᠥᠨᠥ ᠶᠢ ᠬᠦᠷᠴᠡᠢ᠃  ᠲᠥᠷᠦᠭᠰᠡᠨ ᠤ ᠳᠠᠷᠠᠭ᠎ᠠ ᠴᠤ ᠭᠡᠰᠡᠨ ᠵᠢᠷᠮᠦᠰᠦᠨ ᠤ ᠦᠶ᠎ᠡ ᠶᠢᠨ ᠬᠢ ᠲᠠᠢ ᠠᠳᠠᠯᠢ ᠬᠤᠭᠤᠯᠠ ᠤᠮᠳᠠ ᠶᠢ ᠬᠠᠮᠢᠶ᠎ᠠ ᠦᠭᠡᠢ ᠬᠡᠷᠡᠭᠯᠡᠯ ᠦᠭᠡᠢ᠂ ᠲᠠᠭᠠᠷᠠᠭᠤᠯᠵᠤ ᠰᠣᠩᠭᠤᠳᠠᠭ᠃ ᠮᠠᠯᠴᠢᠨ ᠲᠦᠮᠡᠨ ᠡᠨᠡ ᠭᠠᠶᠢᠬᠠᠮᠰᠢᠭ ᠢ ᠲᠠᠨᠢᠨ ᠮᠡᠳᠡᠵᠦ᠂ ᠠᠮᠢᠳᠤᠷᠠᠯ ᠳᠠᠭᠠᠨ ᠵᠢᠷᠤᠮ ᠪᠣᠯᠭᠠᠨ ᠱᠥᠯᠥ ᠤᠤᠭᠤᠯᠭᠠᠬᠤ ᠨᠡᠷ᠎ᠡ ᠶᠢᠨ ᠳᠣᠣᠷ᠎ᠠ ᠲᠦᠷᠦᠭᠰᠡᠨ ᠡᠬᠡ ᠶᠢᠨ ᠪᠡᠶ᠎ᠡ ᠶᠢ  ᠲᠦᠷᠭᠡᠨ ᠲᠡᠩᠬᠡᠷᠡᠭᠦᠯᠬᠦ ᠡᠮᠴᠢᠯᠡᠭᠡ ᠰᠤᠪᠢᠯᠠᠭ᠎ᠠ ᠬᠢᠵᠦ ᠪᠠᠶᠢᠭᠰᠠᠨ᠂ ᠣᠳᠣ ᠴᠤ ᠬᠡᠪ ᠢᠶᠠᠷ ᠪᠠᠶᠢᠨ᠎ᠠ᠃             ᠲᠦᠷᠦᠭᠰᠡᠨ ᠡᠬᠡ ᠳᠤ ᠰᠢᠨ᠎ᠡ ᠭᠠᠷᠭᠠᠭᠰᠠᠨ ᠬᠤᠨᠢᠨ ᠤ ᠬᠠ ᠶᠢᠨ ᠮᠢᠬᠠᠨ ᠤ ᠰᠢᠭᠦᠰᠦ ᠶᠢ ᠪᠠᠵᠠᠵᠤ᠂ ᠱᠥᠯᠥ ᠬᠢᠵᠦ ᠥᠭᠭᠦᠭᠡᠳ᠂ ᠵᠤᠯᠠᠢ ᠪᠠᠷ ᠨᠢ ᠠᠯᠴᠢᠭᠤᠷ ᠪᠣᠭᠤᠨ᠎ᠠ᠃ ᠠᠯᠴᠢᠭᠤᠷ ᠪᠣᠭᠤᠬᠤ ᠦᠭᠡᠢ ᠪᠣᠯ ᠨᠢᠳᠦ ᠪᠦᠷᠦᠯᠵᠡᠳᠡᠭ ᠪᠣᠯᠤᠨ᠎ᠠ ᠭᠡᠳᠡᠭ᠃ ᠪᠥᠰᠡ ᠶᠢ ᠪᠡᠯᠬᠡᠭᠦᠰᠦ ᠪᠠᠷ ᠨᠢ ᠴᠢᠩᠭᠠᠪᠲᠤᠷ ᠣᠷᠣᠵᠤ ᠪᠦᠰᠡᠯᠡᠭᠦᠯᠦᠨ᠎ᠡ᠃ ᠡᠭᠦᠨ ᠢ ᠡᠬᠡ ᠶᠢᠨ ᠭᠡᠳᠡᠰᠦ ᠰᠤᠩᠭᠠᠬᠤ ᠦᠭᠡᠢ᠂ ᠰᠠᠪᠠ ᠶᠢ ᠨᠢ ᠠᠭᠰᠢᠭᠠᠵᠤ ᠪᠠᠶᠢᠭ᠎ᠠ ᠬᠡᠷᠡᠭ ᠭᠡᠵᠦ ᠦᠵᠡᠳᠡᠭ᠃ ᠲᠦᠷᠦᠭᠰᠡᠨ ᠡᠬᠡ ᠳᠤ ᠮᠣᠩᠭᠤᠯ ᠦᠨᠢᠶ᠎ᠡ ᠶᠢᠨ ᠪᠦᠯᠢᠶᠡᠨ ᠰᠦ᠂ ᠬᠤᠵᠢᠷ ᠶᠤᠮ ᠤᠤ ᠳᠠᠪᠤᠰᠤ ᠲᠠᠢ ᠪᠤᠴᠠᠯᠤᠭᠰᠠᠨ ᠤᠰᠤ ᠪᠠᠯᠭᠤᠭᠤᠯᠳᠠᠭ᠃ ᠡᠨᠡ ᠨᠢ ᠪᠡᠶ᠎ᠡ ᠶᠢᠨ ᠰᠦᠢᠯᠲᠠ ᠶᠢ ᠰᠠᠶᠢᠨ ᠪᠣᠯᠭᠠᠬᠤ ᠤᠴᠢᠷ ᠲᠠᠢ ᠭᠡᠳᠡᠭ᠃ ᠲᠤᠯᠭᠠᠭᠤᠷᠢ ᠡᠬᠡ ᠲᠥᠷᠦᠭᠡᠳ ᠬᠥᠯ ᠢᠶᠠᠨ ᠵᠢᠭᠢᠵᠦ ᠪᠣᠯᠬᠤ ᠦᠭᠡᠢ᠃ ᠬᠡᠷᠪᠡ ᠬᠥᠯ ᠢᠶᠠᠨ ᠵᠢᠭᠢᠵᠦ ᠰᠠᠭᠤᠪᠠᠯ ᠬᠥᠯ ᠳᠤ ᠴᠢᠰᠤ ᠬᠤᠷᠠᠨ᠎ᠠ᠂ ᠬᠡᠢ ᠲᠣᠭᠲᠠᠨ᠎ᠠ᠂ ᠰᠠᠪᠠ ᠬᠠᠵᠠᠶᠢᠨ᠎ᠠ ᠭᠡᠵᠦ ᠬᠤᠷᠢᠭᠯᠠᠳᠠᠭ᠂ ᠬᠠᠭᠠᠰ ᠰᠠᠭᠤᠭ᠎ᠠ ᠪᠠᠶᠢᠬᠤ ᠶᠣᠰᠣᠲᠠᠢ᠂  ᠪᠦᠷᠭᠦᠳ ᠰᠠᠭᠤᠳᠠᠯ ᠢᠶᠠᠷ ᠰᠠᠭᠤᠳᠠᠭ ᠦᠭᠡᠢ᠃             ᠲᠦᠷᠦᠭᠰᠡᠨ ᠡᠬᠡ ᠨᠢᠭᠡ ᠰᠠᠷ᠎ᠠ ᠶᠢᠨ ᠲᠤᠷᠰᠢ ᠤᠰᠤᠨ ᠳᠤ ᠪᠡᠶ᠎ᠡ ᠪᠠᠨ ᠪᠠᠶᠢᠲᠤᠭᠠᠢ᠂ ᠭᠠᠷ ᠢᠶᠠᠨ ᠬᠦᠷᠭᠡᠬᠦ ᠦᠭᠡᠢ᠃ ᠳᠤᠯᠠᠭᠠᠨ ᠤ ᠤᠯᠠᠷᠢᠯ ᠴᠦ ᠪᠤᠯᠤᠭ᠂ ᠬᠦᠢᠲᠡᠨ ᠤ ᠤᠯᠠᠷᠢᠯ ᠴᠤ ᠪᠠᠢ ᠬᠤᠪᠴᠠᠰᠤ ᠪᠠᠨ ᠵᠤᠵᠠᠭᠠᠯᠠᠵᠤ᠂ ᠦᠷᠭᠦᠯᠵᠢ ᠬᠢᠴᠡ ᠲᠠᠢ ᠴᠠᠢ᠂ ᠰᠦ ᠲᠠᠢ ᠴᠠᠢ᠂ ᠰᠠᠶᠢᠬᠠᠨ ᠱᠥᠯᠥ ᠤᠤᠭᠤᠵᠤ ᠬᠦᠯᠦᠰᠦ ᠪᠠᠨ ᠶᠡᠭᠡ ᠭᠠᠷᠭᠠᠵᠤ ᠪᠠᠶᠢᠪᠠᠯ ᠰᠠᠶᠢᠨ᠃ ᠬᠡᠷᠪᠡ ᠬᠠᠪᠤᠷ ᠤᠨ ᠡᠬᠢᠨ ᠰᠠᠷ᠎ᠠ ᠳᠤ ᠲᠦᠷᠦᠪᠡᠯ ᠬᠠᠯᠠᠭᠤᠨ ᠳᠤᠯᠠᠭᠠᠨ ᠤ ᠤᠷᠢ ᠣᠷᠣᠲᠠᠯ᠎ᠠ ᠭᠡᠷ ᠠᠴᠠ ᠪᠠᠨ ᠭᠠᠷᠳᠠᠭ ᠦᠭᠡᠢ᠃ ᠤᠴᠢᠷ ᠨᠢ ᠬᠠᠪᠤᠷ ᠤᠨ ᠰᠠᠯᠬᠢ ᠪᠡᠶ᠎ᠡ ᠨᠢ ᠲᠡᠳᠦ᠋ᠢᠯᠨ ᠲᠡᠩᠬᠡᠷᠡᠭᠡ ᠦᠭᠡᠢ ᠨᠢᠯᠬ᠎ᠠ ᠪᠡᠶ᠎ᠡ ᠲᠠᠢ ᠬᠦᠮᠦᠨ ᠤ ᠪᠡᠶ᠎ᠡ ᠶᠢ ᠨᠢ ᠰᠤᠯᠠᠳᠠᠭᠤᠯᠳᠠᠭ᠃             ᠲᠦᠷᠦᠭᠰᠡᠨ ᠡᠬᠡ ᠠᠮᠠᠷᠬᠠᠨ ᠭᠤᠷᠢᠳᠠᠳᠠᠭ᠃ ᠭᠤᠷᠢᠳᠠᠭ᠎ᠠ ᠶᠢ ᠭᠠᠷᠭᠠᠬᠤ ᠶᠢᠨ ᠲᠤᠯᠠᠳᠠ ᠵᠠᠷᠢᠮ ᠨᠤᠲᠤᠭ ᠲᠤ ᠬᠦᠮᠦᠨ ᠶᠠᠭᠤᠮ᠎ᠠ ᠡᠪᠦᠷᠲᠦᠯᠡᠨ ᠢᠷᠡᠵᠦ ᠬᠠᠭᠤᠷᠤᠭᠠᠳ᠂ ᠳᠠᠷᠠᠭ᠎ᠠ ᠨᠢ ᠪᠡᠯᠡᠭ ᠥᠭᠳᠡᠭ᠃ ᠵᠠᠷᠢᠮ ᠭᠠᠵᠠᠷ ᠮᠥᠮᠥᠨ ᠤ ᠲᠣᠯᠣᠭᠠᠢ ᠶᠢ ᠨᠠᠷᠠ ᠵᠥᠪ ᠲᠣᠭᠤᠷᠢᠭᠤᠯᠤᠨ ᠴᠠᠴᠤᠯᠭ᠎ᠠ ᠬᠢᠵᠦ ᠭᠤᠷᠢᠳᠠᠭ᠎ᠠ ᠶᠢ ᠭᠠᠷᠭᠠᠳᠠᠭ᠃  ᠬᠡᠷᠪᠡ ᠡᠬᠡ ᠶᠢᠨ ᠭᠤᠷᠢᠳᠠᠭ᠎ᠠ ᠶᠢ ᠭᠠᠷᠭᠠᠬᠤ ᠦᠭᠡᠢ ᠪᠣᠯ ᠮᠥᠮᠥ ᠨᠢ ᠬᠠᠪᠤᠳᠳᠠᠭ ᠪᠠᠶᠢᠨ᠎ᠠ᠃             ᠥᠭᠡᠷ᠎ᠡ ᠨᠢᠭᠡ ᠵᠦᠢᠯ ᠪᠣᠯ ᠭᠡᠷ ᠣᠷᠣᠨ ᠱᠤᠤᠭᠢᠶᠠᠨ ᠲᠠᠢ ᠪᠣᠯ ᠠᠮᠤᠷᠵᠢᠭᠰᠠᠨ ᠡᠬᠡ ᠶᠢᠨ ᠠᠮᠤᠷ ᠲᠠᠶᠢᠪᠤᠩ ᠪᠠᠶᠢᠳᠠᠯ ᠠᠯᠢ ᠨᠢᠭᠡ ᠬᠡᠮᠵᠢᠶ᠎ᠡ ᠪᠠᠷ ᠠᠯᠳᠠᠭᠳᠠᠵᠤ᠂ ᠰᠢᠨ᠎ᠡ ᠬᠦᠮᠦᠨ ᠤ ᠡᠷᠡᠭᠦᠯ ᠮᠡᠨᠳᠦ ᠳᠤ ᠮᠠᠭᠤ ᠪᠠᠷ ᠨᠥᠯᠦᠭᠡᠯᠡᠵᠦ᠂ ᠡᠪᠡᠳᠴᠢᠨ ᠡᠮᠭᠡᠭ ᠦᠭᠡᠢ ᠥᠰᠦᠨ ᠪᠤᠶᠢᠵᠢᠬᠤ ᠳᠤ ᠨᠢ ᠰᠡᠪ ᠰᠠᠭᠤᠬᠤ ᠪᠤᠢ ᠬᠡᠮᠡᠨ ᠪᠣᠯᠭᠤᠮᠵᠢᠯᠠᠳᠠᠭ᠃    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号