ᠠᠯᠠᠱᠠ ᠮᠤᠩᠭᠤᠯᠴᠤᠳ ᠤᠨ ᠤᠭᠤᠴᠠ ᠵᠦᠰᠤᠬᠦ ᠶᠤᠰᠤᠨ
ᠨᠡᠶᠢᠲᠡᠯᠡᠭᠰᠡᠨ ᠴᠠᠭ᠄
2019/4/11
    ᠨᠤᠳᠤᠭ ᠨᠤᠳᠤᠭ ᠤᠨ ᠪᠤᠶᠤ ᠡᠯ᠎ᠠ ᠶᠠᠰᠤᠳᠠᠨ ᠤ ᠤᠭᠤᠴᠠ ᠰᠢᠭᠦᠰᠦ ᠬᠦᠨᠳᠡᠬᠦ ᠪᠡ ᠵᠦᠰᠦᠬᠦ ᠶᠤᠰᠤ ᠵᠠᠩᠰᠢᠯ ᠨᠢ ᠠᠳᠠᠯᠢ ᠦᠬᠡᠢ ᠶᠢᠨ ᠤᠴᠢᠷ ᠡ᠊ᠨᠳᠡ ᠠᠯᠠᠱᠠ ᠨᠤᠳᠤᠭ ᠤᠨ ᠮᠤᠩᠭᠤᠯᠴᠤᠳ ᠤᠨ ᠤᠭᠤᠴᠠ ᠵᠦᠰᠦᠬᠦ ᠶᠤᠰᠤ ᠵᠠᠩᠰᠢᠯ ᠤᠨ ᠲᠤᠬᠠᠢ ᠲᠦᠬᠦᠮ ᠲᠠᠨᠢᠯᠴᠠᠭᠤᠯᠤᠶ᠎ᠠ᠃ ᠠᠯᠠᠱᠠ ᠲᠦᠮᠠᠨ ᠮᠠᠨᠢ ᠡᠨᠡᠬᠦ ᠶᠤᠰᠤ ᠵᠠᠩᠰᠢᠯ ᠢᠶᠠᠨ ᠦᠨᠦᠳᠦᠷ ᠪᠤᠯᠳᠠᠯ᠎ᠠ ᠤᠯᠠᠮᠵᠢᠯᠠᠨ ᠬᠠᠳᠠᠭᠠᠯᠠᠬᠰᠠᠭᠠᠷ ᠪᠤᠢ᠃           ᠪᠥᠭᠦᠯᠢ ᠤᠭᠤᠴᠠ ᠪᠤᠯᠤᠨ ᠡᠩ ᠤᠨ ᠤᠭᠤᠴᠠ ᠶᠢ ᠵᠥᠰᠥᠭᠦ ︵ᠡᠪᠳᠡᠭᠦ︶ ᠶᠤᠰᠤ ᠨᠢ ᠠᠳᠠᠯᠢ ᠥᠬᠡᠢ ᠪᠠᠶᠢᠳᠠᠭ᠃           ᠪᠥᠭᠦᠯᠢ ᠤᠭᠤᠴᠠ ᠶᠢ ᠲᠠᠯᠪᠢᠮᠠᠭᠴᠠ ᠬᠡᠷ ᠤᠨ ᠡᠵᠡᠨ ᠨᠢ ᠵᠤᠴᠢᠳ ᠲᠠᠭᠠᠨ ᠲᠡᠰ ᠲᠡᠷᠠᠭᠠᠯᠠᠨ ᠠᠷᠢᠬᠢ ᠵᠠᠰᠠᠵᠤ ᠪᠠᠷᠠᠭᠰᠠᠨ ᠤ ᠬᠤᠶᠢᠨ᠎ᠠ ᠬᠥᠨᠳᠤᠳᠬᠡᠯ ᠶᠤᠰᠤᠨ ᠤ ᠥᠬᠡ ᠪᠠᠨ ᠬᠡᠯᠡᠵᠤ ᠪᠠᠷᠠᠭᠠᠳ ᠵᠤᠴᠢᠨ ᠤ ᠦᠷᠬᠦᠭᠡᠨ ᠠᠴᠠ ᠭᠠᠷᠴᠤ ᠶᠠᠪᠤᠨ᠎ᠠ᠃ ᠪᠥᠭᠦᠯᠢ ᠤᠭᠤᠴᠠ ᠶᠢ ᠬᠡᠷ ᠤᠨ ᠡᠵᠡᠨ ᠨᠢ ᠡᠪᠳᠡᠭᠦ ᠶᠤᠰᠤ ᠪᠠᠶᠢᠳᠠᠭ ᠥᠬᠡᠢ ᠤᠴᠢᠷ ᠠᠴᠠ ᠰᠢᠷᠡᠬᠡᠨ ᠠᠬᠠᠯᠠᠭᠴᠢ ᠤᠭᠤᠴᠠ ᠡᠪᠳᠡᠭᠦ ᠬᠥᠮᠤᠨ ᠢ ᠰᠤᠩᠭᠤᠵᠤ ᠭᠠᠷᠭᠠᠨ᠎ᠠ᠃ ᠲᠡᠷᠡ ᠬᠥᠮᠤᠨ ᠨᠢ ᠲᠠᠷᠦ᠋ᠢᠬᠠᠨ ᠶᠤᠰᠤᠷᠬᠠᠭ ᠬᠢᠴᠢᠶᠡᠩᠭᠦᠢ ᠪᠠᠷ ᠪᠤᠰᠴᠤ ᠵᠤᠭᠰᠤᠭᠠᠳ ᠤᠭᠤᠴᠠ ᠡᠪᠳᠡᠭᠦ ᠶᠠᠪᠤᠳᠠᠯ ᠢᠶᠠᠨ ᠡᠬᠢᠯᠡᠳᠡᠭ᠃ ᠬᠡᠷ ᠤᠨ ᠡᠵᠡᠨ ᠨᠢ ᠬᠤᠨᠢᠨ ᠲᠤᠯᠤᠭᠠᠢ ᠲᠡᠬᠡᠷ᠎ᠡ ᠰᠠᠷᠠ ︵ᠡᠨᠡ ᠨᠢ ᠬᠤᠷᠪᠤᠰᠤᠯᠠᠭᠰᠠᠨ ᠬᠤᠨᠢᠨ ᠲᠤᠯᠤᠭᠠᠢ ᠶᠢᠨ ᠮᠠᠩᠨᠠᠢ ᠲᠡᠬᠡᠷ᠎ᠡ ᠨᠢ ᠵᠢᠷᠤᠬᠤ ᠵᠢᠷᠤᠭᠠᠰᠤ ᠶᠢ ᠵᠢᠭᠠᠵᠤ ᠪᠤᠢ︶ ᠵᠢᠷᠤᠭᠰᠠᠨ ᠥᠬᠡᠢ ᠪᠤᠯ ᠤᠭᠤᠴᠠ ᠡᠪᠳᠡᠭᠦ ᠬᠥᠮᠤᠨ ᠬᠤᠨᠢᠨ ᠲᠤᠯᠤᠭᠠᠢ ᠲᠡᠬᠡᠷ᠎ᠡ ᠰᠠᠷᠠ ᠵᠢᠷᠤᠭᠠᠳ ᠤᠭᠤᠴᠠ ᠶᠢᠨ ᠰᠡᠭᠦᠯ ᠠᠴᠠ ᠨᠢ ᠨᠢᠮᠬᠡᠨ ᠬᠠᠯᠢᠵᠤ ᠬᠤᠨᠢᠨ ᠤ ᠲᠤᠯᠤᠭᠠᠢ ᠲᠡᠬᠡᠷ᠎ᠡ ᠨᠢ ᠲᠠᠯᠪᠢᠵᠤ ᠪᠤᠷᠬᠠᠨ ᠳᠤᠨᠢ ᠡᠷᠭᠦᠭᠦ ᠪᠤᠶᠤ ᠬᠡᠷ ᠤᠨ ᠡᠵᠡᠨ ᠳᠤᠨᠢ ᠪᠠᠷᠢᠳᠠᠭ᠃ ᠲᠠᠷᠠᠭ᠎ᠠ ᠨᠢ ᠪᠠᠷᠠᠭᠤᠨ ᠬᠠ ᠂ ᠪᠠᠷᠠᠭᠤᠨ ᠭᠤᠶ᠎ᠠ᠂ ᠵᠡᠭᠦᠨ ᠬᠠ᠂ ᠵᠡᠭᠦᠨ ᠭᠤᠶ᠎ᠡ ᠬᠡᠭᠦ ᠮᠡᠳᠤ ᠪᠠᠷ ᠲᠡᠰ ᠲᠠᠷᠠᠭᠠᠯᠠᠨ ᠥᠷᠤᠬᠡᠯᠳᠤᠨ ᠮᠥᠴᠢᠯᠡᠵᠤ ᠲᠠᠭᠤᠰᠬᠠᠭᠠᠳ᠂ ᠤᠭᠤᠴᠠ ᠶᠢᠨ ᠵᠥᠪ ᠲᠠᠯ᠎ᠠ ᠶᠢᠨ ᠰᠥᠪᠡᠭᠡ ᠠᠴᠠ ᠡᠬᠢᠯᠡᠨ ᠬᠤᠤᠰ ᠬᠤᠤᠰ ᠢᠶᠠᠷ ᠵᠤᠷᠪᠤᠰᠯᠠᠨ ᠵᠥᠰᠤᠬᠡᠳ ᠤᠭᠤᠴᠠ ᠶᠢᠨ ᠭᠤᠤᠯ ᠲᠤᠮᠳᠠ ᠨᠢ ︵ᠲᠡᠬᠡᠷ᠎ᠡ ᠨᠢ︶ ᠵᠥᠷᠢᠭᠦᠯᠵᠤ ᠬᠥᠨᠳᠡᠯᠡᠨ ᠲᠠᠯᠪᠢᠳᠠᠭ᠃ ᠬᠡᠷ ᠤᠨ ᠡᠵᠡᠨ ᠨᠢ ᠨᠠᠰᠤ ᠵᠡᠷᠬᠡ ᠪᠠᠷ ᠥᠨᠳᠤᠷ ᠪᠤᠯ ᠪᠠᠷᠠᠭᠤᠨ ᠬᠠ ᠶᠢ ᠨᠢ ᠪᠥᠬᠦᠯᠢ ᠪᠠᠷ ᠬᠡᠷ ᠤᠨ ᠡᠵᠡᠨ ᠳᠤᠨᠢ ᠪᠠᠷᠢᠳᠠᠭ᠃ ᠲᠡᠬᠡᠭᠦ ᠳᠤ ᠬᠡᠷ ᠤᠨ ᠡᠵᠡᠨ ᠨᠢ ᠲᠡᠷᠡᠭᠦ ᠬᠠ ᠶᠢ ᠡᠪᠳᠡᠬᠡᠳ ᠬᠤᠶᠠᠷ ᠬᠠᠪᠢᠰᠤ ᠶᠢ ᠨᠢ ᠯᠠ ᠥᠯᠡᠳᠡᠬᠡᠬᠡᠳ ᠪᠤᠰᠤᠳ ᠢ ᠨᠢ ᠤᠭᠤᠴᠠᠨ ᠤ ᠲᠡᠪᠰᠢ ᠳᠤ ᠪᠤᠴᠠᠭᠠᠨ ᠬᠢᠳᠡᠭ᠃           ᠤᠭᠤᠴᠠ ᠪᠠᠨ ᠵᠥᠰᠥᠵᠤ᠂ ᠵᠤᠭᠤᠭ ᠤᠨ ᠶᠤᠰᠤ ᠪᠠᠨ ᠬᠥᠢᠴᠡᠳᠬᠡᠭᠰᠡᠨ ᠤ ᠲᠠᠷᠠᠭ᠎ᠠ ᠪᠥᠭᠦᠳᠡᠬᠡᠷ ᠭᠠᠷ ᠬᠥᠳᠡᠯᠵᠤ ᠵᠤᠭᠤᠭᠯᠠᠨ᠎ᠠ᠃           ᠡᠩ ᠤᠨ ᠤᠭᠤᠴᠠ ᠶᠢ ᠵᠥᠰᠥᠭᠦ ᠳᠤ ᠬᠡᠷ ᠤᠨ ᠡᠵᠡᠨ ᠨᠢ ᠵᠥᠰᠥᠭᠦ ᠪᠤᠶᠤ ᠥᠬᠡᠷ᠎ᠡ ᠬᠥᠮᠤᠨ ᠳᠤ ᠨᠡᠶᠢᠳᠡᠵᠤ ᠵᠥᠰᠥᠭᠦᠯᠵᠤ ᠪᠥᠷ ᠪᠤᠯᠳᠠᠭ᠃ ᠤᠭᠤᠴᠠ ᠪᠠᠨ ᠵᠥᠰᠥᠭᠦ ᠠᠴᠠ ᠪᠠᠨ ᠡᠮᠤᠨ᠎ᠡ ᠤᠭᠤᠷᠠᠭ ᠰᠡᠭᠦᠯ ︵ᠰᠡᠭᠦᠯ ᠤᠨ ᠥᠵᠤᠭᠦᠷ︶ ᠢ ᠤᠭᠳᠤᠯᠤᠨ ᠠᠪᠬᠤ ᠪᠤᠶᠤ ᠬᠠᠯᠢᠮᠯᠠᠵᠤ ᠠᠪᠤᠭᠠᠳ ᠭᠠᠯ ᠳᠠᠭᠠᠨ ᠪᠤᠶᠤ ᠪᠤᠷᠬᠠᠨ ᠳᠠᠭᠠᠨ ᠡᠷᠭᠦᠳᠡᠭ᠃  ᠢᠩᠬᠢᠵᠤ ᠬᠥᠢᠴᠡᠳᠬᠡᠭᠰᠡᠨ ᠤ ᠲᠠᠷᠠᠭ᠎ᠠ᠂ ᠤᠭᠤᠴᠠ ᠶᠢ ᠵᠥᠪ ᠲᠠᠯ᠎ᠠ ᠶᠢᠨ ᠰᠥᠪᠡᠭᠡ ᠠᠴᠠ ᠨᠢ ᠡᠬᠢᠯᠡᠵᠤ ᠬᠤᠤᠰ ᠬᠤᠤᠰ ᠢᠶᠠᠷ ᠵᠤᠷᠪᠤᠰᠯᠠᠨ ᠵᠥᠰᠤᠬᠡᠳ ᠤᠭᠤᠴᠠᠨ ᠲᠡᠬᠡᠷ᠎ᠡ ᠪᠠᠨ ᠭᠤᠤᠯᠯᠠᠭᠤᠯᠵᠤ ᠲᠠᠯᠪᠢᠳᠠᠭ᠃ ᠡᠨᠡ ᠥᠶ᠎ᠡ ᠳᠤ ᠬᠡᠷ ᠤᠨ ᠡᠵᠡᠨ ᠨᠢ ᠵᠤᠴᠢᠨ ᠳᠠᠭᠠᠨ ᠠᠷᠢᠬᠢ ᠪᠠᠨ ᠲᠡᠰ ᠲᠠᠷᠠᠭᠠᠯᠠᠨ ᠵᠠᠰᠠᠵᠤ ᠬᠥᠨᠳᠤᠳᠬᠡᠯ ᠶᠤᠰᠤ ᠪᠠᠨ ᠬᠥᠢᠴᠡᠳᠬᠡᠭᠰᠡᠨ ᠤ ᠲᠠᠷᠠᠭ᠎ᠠ ᠭᠤᠤᠯ ᠵᠤᠴᠢᠨ ᠨᠢ ᠪᠠᠷᠠᠭᠤᠨ ᠲᠠᠯ᠎ᠠ ᠶᠢᠨ ᠬᠠ ᠶᠢ ᠲᠠᠯᠤ ᠲᠠᠢ ᠪᠤᠶᠤ ᠰᠡᠬᠡᠷ ᠲᠠᠢ ᠨᠢ ᠬᠡᠷ ᠤᠨ ᠡᠵᠡᠨ ᠳᠤ ᠪᠠᠷᠢᠬᠤᠯ᠎ᠠ ᠬᠡᠷ ᠤᠨ ᠡᠵᠡᠨ ᠲᠤᠰᠴᠤ ᠠᠪᠤᠭᠠᠳ ᠬᠡᠳᠡᠷᠭᠦ ᠪᠤᠴᠠᠭᠠᠵᠤ ᠲᠡᠪᠰᠢ ᠳᠤᠨᠢ ᠬᠢᠬᠡᠳ ᠶᠤᠰᠤ ᠶᠠᠩ ᠬᠢᠵᠤ ᠭᠠᠷᠴᠤ ᠶᠠᠪᠤᠳᠠᠭ᠃ ᠢᠩᠬᠢᠭᠰᠡᠨ ᠤ ᠲᠠᠷᠠᠭ᠎ᠠ ᠭᠤᠤᠯ ᠵᠤᠴᠢᠨ ᠠᠴᠠ ᠤᠭᠤᠴᠠ ᠬᠥᠳᠡᠯᠬᠡᠭᠦ ᠲᠤᠬᠢᠶ᠎ᠠ ᠥᠭᠭᠦᠭᠰᠡᠨ ᠤ ᠲᠠᠷᠠᠭ᠎ᠠ᠂ ᠡᠬᠢᠯᠡᠵᠤ ᠤᠭᠤᠴᠠ ᠬᠥᠨᠳᠡᠨ᠎ᠡ᠃ ᠤᠭᠤᠴᠠ ᠢᠳᠡᠭᠦ ᠲᠤᠮᠳᠠ ᠬᠡᠷᠪᠡ ᠲᠥᠷᠤᠯ ᠤᠨ ᠬᠢᠨᠢ ᠨᠠᠭᠠᠴᠤ ᠪᠠᠶᠢᠪᠠᠯ ᠨᠠᠭᠠᠴᠤ ᠨᠢ ᠲᠠᠯᠤ ᠶᠢ ᠴᠠᠶᠢᠳᠠᠯ᠎ᠠ ᠮᠥᠯᠵᠢᠬᠡᠳ ᠤᠭᠤᠴᠠᠨ ᠲᠤᠤᠭᠤᠷ ᠪᠤᠶᠤ ᠰᠢᠷᠡᠬᠡᠨ ᠤ ᠲᠤᠤᠭᠤᠷ ᠰᠢᠷᠭᠤᠯᠳᠠᠭ ᠶᠤᠰᠤ ᠪᠤᠢ᠃ ᠬᠡᠷᠪᠡ ᠨᠠᠭᠠᠴᠤ ᠶᠢᠨ ᠬᠢᠨᠢ ᠵᠢᠬᠡ ᠤᠭᠤᠴᠠᠨ ᠳᠤ ᠰᠠᠭᠤᠵᠤ ᠪᠠᠶᠢᠪᠠᠯ ᠵᠢᠬᠡ ᠨᠢ ᠲᠠᠯᠤ ᠶᠢ ᠬᠥᠳᠡᠯᠬᠡᠭᠦ ᠶᠤᠰᠤ ᠥᠬᠡᠢ᠃           ᠭᠤᠤᠯ ᠵᠤᠴᠢᠨ ᠤᠭᠤᠴᠠ ᠶᠢ ᠰᠢᠷᠡᠬᠡᠨ ᠠᠴᠠ ᠪᠠᠭᠤᠯᠭᠠᠬᠤ ᠶᠢ ᠮᠡᠳᠡᠭᠳᠡᠭᠰᠡᠨ ᠤ ᠲᠠᠷᠠᠭ᠎ᠠ ᠲᠡᠪᠰᠢ ᠲᠠᠢ ᠤᠭᠤᠴᠠ ᠶᠢ ᠪᠥᠬᠦᠯᠢ ᠨᠢᠬᠡ ᠵᠥᠪ ᠡᠷᠬᠢᠭᠦᠯᠤᠬᠡᠳ ᠬᠡᠷ ᠤᠨ ᠡᠵᠡᠨ ᠳᠤ ᠭᠠᠷᠳᠠᠭᠤᠯᠤᠨ᠎ᠠ᠃ ᠬᠡᠷ ᠤᠨ ᠡᠵᠡᠨ ᠨᠢ ᠲᠠᠬᠢᠵᠤ ᠨᠢᠬᠡ ᠡᠷᠬᠢᠭᠦᠯᠤᠬᠡᠳ ︽ᠲᠠᠶᠠᠭᠠᠷ᠂ ᠲᠠᠪᠠ ᠪᠠᠷ ᠵᠤᠭᠤᠭᠯᠠᠵᠤ ᠬᠠᠶᠢᠷᠠᠯᠠᠭᠳᠤᠨ︕︾ ᠬᠡᠵᠤ ᠶᠤᠰᠤ ᠬᠢᠭᠦ ᠳᠤ᠂ ᠵᠤᠴᠢᠳ ᠨᠠᠷ ᠪᠥᠭᠦᠳᠡᠬᠡᠷ ᠬᠠᠷᠢᠭᠤ ᠳᠤᠨᠢ ︽ᠬᠥᠷᠳᠡᠯᠡ︕ ᠬᠥᠷᠳᠡᠯᠡ︕︾ ᠬᠡᠵᠤ ᠬᠠᠷᠢᠭᠤ ᠶᠤᠰᠤ ᠬᠢᠳᠡᠭ᠂ ᠡᠨᠡ ᠥᠶ᠎ᠡ ᠳᠤ ᠬᠡᠷ ᠤᠨ ᠡᠵᠡᠨ ᠰᠠᠶ᠋ᠢ ᠤᠭᠤᠴᠠ ᠪᠠᠨ ᠠᠪᠴᠤ ᠭᠠᠷᠤᠨ᠎ᠠ᠃  ︵G · ᠴᠤᠬᠳᠦ  ᠡᠮᠬᠢᠳᠬᠡᠪᠡ︶      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号