ᠠᠯᠠᠱᠠ ᠮᠤᠩᠭᠤᠯᠴᠤᠳ ᠤᠨ ᠠᠪᠤᠭᠠᠢᠢᠯᠠᠨ ᠬᠦᠨᠳᠦᠳᠬᠡᠬᠦ ᠵᠠᠩᠰᠢᠯ
ᠨᠡᠶᠢᠲᠡᠯᠡᠭᠰᠡᠨ ᠴᠠᠭ᠄
2019/3/5
    ᠮᠤᠩᠭᠤᠯᠴᠤᠳ ᠤᠨ ᠵᠠᠩᠰᠢᠯ ᠳᠤ ᠬᠦᠮᠦᠨ ᠤ ᠤᠪᠤᠬ ᠨᠡᠷ᠎ᠠ ᠶᠢ ᠵᠢᠩᠬᠢᠨᠢ ᠨᠡᠷ᠎ᠡ᠂ ᠪᠠᠭ᠎ᠠ ᠶᠢᠨ ᠨᠡᠷ᠎ᠠ᠂ ᠬᠦᠨᠳᠦᠳᠬᠡᠯ ᠨᠡᠷ᠎ᠡ᠂ ᠪᠢᠴᠢᠭ ᠤᠨ ᠨᠡᠷ᠎ᠠ ᠬᠡᠬᠦ ᠮᠡᠳᠦ ᠪᠠᠷ ᠢᠯᠭᠠᠪᠤᠷᠢᠯᠡᠳᠠᠬ᠃ ᠠᠯᠠᠱᠠ ᠮᠤᠩᠭᠤᠯᠴᠤᠳ‌ᠤᠷᠤᠨ ᠨᠤᠳᠤᠬ ᠤᠨ ᠤᠨᠴᠠᠯᠢᠬ ᠪᠦᠬᠦᠢ ᠬᠦᠨᠳᠦᠳᠬᠡᠨ ᠲᠠᠭᠤᠳᠠᠬᠤ ᠠᠪᠤᠭᠠᠢᠢᠯᠠᠭ᠎ᠠ ᠨᠡᠷ᠎ᠡ ᠶᠢ ᠦᠷᠬᠡᠨ ᠢᠶᠠᠷ ᠬᠡᠷᠡᠭᠯᠡᠭᠰᠡᠭᠡᠷ ᠢᠷᠡᠵᠡᠢ᠃ ᠡᠨᠡ ᠨᠢ ᠡᠪᠦᠭᠡ ᠲᠡᠬᠡᠳᠦᠰ ᠤᠨ ᠦᠶ᠎ᠠ ᠠᠴᠠ ᠦᠶ᠎ᠡ ᠤᠯᠡᠷᠢᠨ ᠤᠯᠠᠮᠵᠢᠯᠠᠬᠳᠠᠵᠦ ᠢᠷᠡᠭᠰᠡᠨ ᠬᠦᠨᠳᠦᠳᠬᠡᠯ ᠶᠤᠰᠤᠨ ᠤ ᠨᠢᠬᠡᠨ ᠵᠦᠢᠯ ᠤᠨ ᠬᠡᠯᠪᠡᠷᠢ ᠪᠤᠯᠬᠤ ᠶᠤᠮ᠃ ᠲᠡᠤᠬᠡᠨ ᠮᠡᠲ᠋ᠧᠷᠢᠶᠠᠯ ᠠᠴᠠ ᠦᠵᠡᠪᠡᠯ᠂ ᠮᠤᠩᠭᠤᠯ ᠤᠨ ᠡᠪᠦᠭᠡ ᠲᠡᠬᠡᠳᠦᠰ ᠡᠵᠡᠨ ᠴᠢᠩᠬᠢᠰ ᠤᠨ ᠦᠶ᠎ᠡ ᠠᠴᠠ ᠠᠪᠤᠭᠠᠳ ᠠᠶᠢᠮᠠᠬ ᠤᠨ ᠲᠦᠷᠦᠬᠦᠦ᠂ ᠪᠠᠭᠠᠳᠦᠷ ᠬᠦᠴᠦᠳᠡᠨ ᠪᠡ ᠨᠡᠷᠡᠳᠦ ᠬᠦᠮᠦᠰ ᠲᠡᠭᠡᠨ ᠡᠷᠬᠢᠮ ᠬᠦᠨᠳᠦᠳᠦ ᠴᠤᠯᠠ ᠦᠭᠴᠦ ᠪᠠᠶᠢᠬᠰᠠᠨ ᠨᠢ ᠢᠯᠡᠷᠬᠡᠢ᠃ ᠬᠤᠶᠢᠯᠳᠡᠷ ᠰᠡᠴᠡᠨ᠂ ᠬᠠᠪᠤᠳᠦ ᠬᠠᠰᠠᠷ᠂ ᠢᠪᠠᠭ᠎ᠠ ᠪᠠᠬᠢ᠂ ᠰᠤᠷᠬᠠᠬᠳᠠᠨᠢ ᠪᠠᠬᠢ ᠬᠡᠬᠦ ᠮᠡᠳᠦᠴᠢᠯᠠᠨ ᠨᠡᠷ᠎ᠠ ᠶᠢᠨ ᠬᠢᠨᠢ ᠲᠡᠬᠡᠷ᠎ᠡ ᠲᠤᠤᠷ᠎ᠠ ᠨᠢ ᠬᠦᠨᠳᠦᠳᠬᠡᠯ ᠲᠠᠭᠤᠳᠠᠯᠭ᠎ᠠ ᠲᠠᠭᠠᠭᠤᠯᠳᠠᠬ ᠪᠠᠶᠢᠵᠡᠢ᠃ ᠡᠷᠳᠡᠨ ᠮᠤᠩᠭᠤᠯᠴᠤᠳ ᠤᠨ ᠡᠨᠡᠬᠦ ᠬᠦᠨᠳᠦᠳᠬᠡᠯ ᠲᠠᠭᠤᠳᠠᠯᠭ᠎ᠠ ᠴᠤᠯᠠ ᠨᠢ ᠤᠷᠳᠦ ᠤᠳᠡᠭᠠᠨ ᠬᠤᠭᠤᠴᠠᠭᠠᠨ᠎ᠠ ᠠᠯᠭᠤᠷ ᠠᠭᠠᠵᠢᠮ ᠤᠯᠠᠷᠢᠨ ᠬᠤᠪᠢᠷᠠᠬᠰᠠᠭᠠᠷ ᠠᠯᠠᠱᠠ ᠶᠢᠨ ᠬᠤᠱᠤᠳ᠂ ᠡᠵᠡᠨ᠎ᠠ ᠶᠢᠨ ᠲᠤᠷᠭᠤᠳ ᠵᠡᠷᠬᠡ ᠮᠤᠩᠭᠤᠯᠴᠤᠳ ᠤᠨ ᠲᠤᠮᠳᠠ ᠴᠢᠨᠠᠬᠰᠢᠳᠠ ᠤᠳᠬ᠎ᠠ ᠦᠷᠬᠡᠵᠢᠨ ᠬᠦᠭᠵᠢᠭᠡᠳ ᠠᠶᠢᠯ ᠠᠶᠢᠮᠠᠬ ᠤᠨ ᠡᠷᠬᠡᠳᠡᠨ ᠲᠠᠷᠬᠠᠳᠠᠨ᠂ ᠨᠡᠷ᠎ᠡ ᠬᠦᠨᠳᠦᠳᠡᠨ᠂ ᠠᠬᠠᠮᠠᠳ ᠨᠠᠰᠤᠳᠠᠨ ᠢᠶᠠᠨ ᠬᠦᠨᠳᠦᠯᠡᠨ ᠲᠠᠭᠤᠳᠠᠬᠤ ᠦᠪᠡᠷᠮᠢᠴᠡ ᠤᠨᠴᠠᠯᠢᠬ   ᠲᠠᠢ ᠠᠪᠤᠭᠠᠢᠢᠯᠠᠭ᠎ᠠ ᠪᠤᠯᠵᠦ ᠬᠡᠪᠰᠢᠭᠰᠡᠨ ᠪᠠᠶᠢᠨ᠎ᠠ᠃             ᠠᠯᠠᠱᠠ ᠮᠤᠩᠭᠤᠯᠴᠤᠳ ᠤᠨ ᠲᠤᠳᠤᠷ᠎ᠠ ᠠᠪᠤᠭᠠᠢᠢᠯᠠᠭ᠎ᠠ ᠨᠡᠷ᠎ᠡ ᠲᠠᠢ ᠪᠤᠯᠬᠤ ᠶᠠᠪᠤᠳᠠᠯ ᠨᠢ ᠪᠠᠭ᠎ᠠ ᠦᠶ᠎ᠡ ᠶᠢᠨ ᠬᠦᠮᠦᠨ ᠢᠳᠡᠷ ᠨᠠᠰᠤᠨ ᠳᠤ ᠬᠦᠷᠴᠦ ᠠᠶᠢᠯ ᠬᠡᠷ ᠪᠤᠯᠵᠦ ᠡᠷᠦᠬᠡ ᠶᠢᠨ ᠲᠠᠩᠰᠠᠨ ᠳᠤ ᠤᠷᠤᠬᠰᠠᠨ ᠤ ᠰᠢᠨᠵᠢ ᠲᠡᠮᠳᠡᠭ ᠪᠤᠯᠤᠨ᠎ᠠ᠃ ᠦᠬᠡᠷ᠎ᠠ ᠪᠠᠷ ᠬᠡᠯᠡᠪᠡᠯ ᠬᠡᠤᠬᠡᠳ ᠪᠠᠭᠠᠴᠤᠳ ᠲᠤ ᠠᠪᠤᠭᠠᠢᠢᠯᠠᠭ᠎ᠠ ᠬᠡᠷᠡᠭᠯᠡᠳᠡᠭ ᠦᠬᠡᠢ᠂ ᠢᠳᠡᠷ ᠨᠡᠰᠤᠨ ᠳᠤ ᠬᠦᠷᠴᠦ ᠠᠶᠢᠯ ᠬᠡᠷ ᠪᠤᠯᠪᠠᠯ ᠰᠠᠶ᠋ᠢ ᠠᠪᠤᠭᠠᠢᠢᠯᠠᠭ᠎ᠠ ᠨᠡᠷ᠎ᠠ ᠪᠠᠷ ᠲᠠᠭᠤᠳᠠᠬᠤ ᠪᠤᠯᠤᠨ᠎ᠠ᠃ ᠠᠩᠬ᠎ᠠ ᠦᠶ᠎ᠡ ᠳᠡᠭᠡᠨ ᠲᠤᠤᠷ᠎ᠠ  ᠦᠶ᠎ᠠ ᠶᠢᠨ ᠬᠦᠮᠦᠰ ᠨᠢ ᠲᠡᠬᠡᠷ᠎ᠠ ᠦᠶ᠎ᠡ ᠶᠢᠨ ᠬᠦᠮᠦᠰ ᠪᠤᠶᠤ ᠦᠶ᠎ᠡ ᠰᠠᠴᠠᠭᠤ ᠬᠦᠮᠦᠰ ᠤᠨ  ᠢᠶᠠᠨ ᠲᠦᠷᠢ ᠪᠠᠶᠢᠳᠡᠯ ᠵᠠᠩ ᠠᠭᠠᠰᠢ ᠵᠢᠩᠬᠢᠨᠢ ᠨᠡᠷ᠎ᠠ ᠶᠢᠨ ᠬᠢᠨᠢ ᠤᠨᠴᠠᠯᠢᠬ ᠢ ᠦᠨᠳᠦᠰᠦᠯᠡᠨ ᠴᠢᠯᠠᠭᠤ ᠳ᠋ᠠᠨᠢᠭ᠎ᠠ᠂ ᠪᠦᠷᠭᠦᠳ ᠪᠠᠭ᠋ᠠᠨᠠᠢ᠂ ᠲᠤᠷᠵᠢ ᠠᠨᠵᠠ᠂ ᠴᠡᠴᠡᠭ ᠵᠢᠡᠵᠢᠬᠡ᠂ ᠬᠤᠸᠡᠷ ᠵᠡᠵᠢᠨᠡᠢ᠂ ᠬᠡᠬᠦ ᠮᠡᠳᠦ ᠪᠠᠷ ᠨᠡᠷ᠎ᠡ ᠶᠢᠨ ᠲᠤᠤᠷ᠎ᠠ ᠵᠤᠬᠢᠬᠤ ᠠᠪᠤᠭᠠᠢᠢᠯᠠᠭ᠎ᠠ ᠲᠠᠭᠠᠯᠳᠤᠭᠤᠯᠤᠨ ᠲᠠᠭᠤᠳᠠᠵᠦ ᠡᠬᠢᠯᠡᠩᠭᠦᠳᠡ ᠤᠢᠢᠷ᠎ᠠ ᠬᠠᠪᠢ ᠶᠢᠨ ᠬᠢᠨ ᠮᠦᠨ ᠲᠠᠭᠤᠷᠢᠶᠠᠵᠦ ᠠᠪᠤᠭᠠᠢᠢᠯᠠᠬᠰᠠᠭᠠᠷ ᠪᠠᠶᠢᠵᠦ ᠵᠠᠩᠰᠢᠳᠠᠬ ᠠᠵᠢ᠃ ᠬᠡᠬᠦ ᠳᠡᠭᠡᠨ ᠲᠦᠷᠦᠯ ᠰᠡᠳᠤᠨ ᠲᠤᠳᠤᠷ᠎ᠠ ᠦᠪᠡᠷ ᠤᠨ ᠪᠡᠶ᠎ᠠ ᠨᠢ ᠬᠡᠳᠦᠢ ᠲᠤᠤᠷ᠎ᠠ ᠪᠠᠶᠢᠬᠰᠠᠨ ᠴᠤ ᠲᠡᠬᠡᠳᠦ ᠦᠶ᠎ᠠ ᠪᠠᠨ ᠠᠪᠤᠭᠠᠢᠢᠯᠠᠭ᠎ᠠ ᠨᠡᠷ᠎ᠠ ᠪᠠᠷ ᠨᠢ ᠲᠠᠭᠤᠳᠠᠬᠤ ᠶᠤᠰᠤ ᠦᠬᠡᠢ᠂ ᠠᠪᠤ ᠡᠵᠢ᠂ ᠡᠪᠦᠭᠡ ᠡᠮᠡᠭᠡ᠂ ᠠᠬ᠎ᠠ ᠡᠬᠡᠴᠢ ᠨᠢ ᠠᠪᠤᠭᠠᠢᠢᠯᠠᠭ᠎ᠠ ᠨᠡᠷ᠎ᠠ ᠲᠠᠢ ᠪᠠᠶᠢᠬᠰᠡᠨ ᠴᠤ ᠠᠪᠤ᠂ ᠡᠵᠢ᠂ ᠡᠪᠦᠭᠡ᠂ ᠡᠮᠡᠭᠡ ᠬᠡᠵᠦ ᠶᠤᠰᠤ ᠵᠢᠷᠤᠮ ᠢᠶᠠᠷ ᠲᠠᠭᠤᠳᠠᠬᠤ ᠠᠴᠠ ᠪᠢᠰᠢ ᠠᠪᠤᠭᠠᠢᠢᠯᠠᠭ᠎ᠠ ᠪᠠᠷ ᠲᠠᠭᠤᠳᠠᠬᠤ ᠶᠤᠰᠤ ᠦᠬᠡᠢ ᠪᠢᠯᠡ᠃             ᠠᠯᠠᠱᠠ ᠮᠤᠩᠭᠤᠴᠤᠳ ᠤᠨ ᠪᠠᠶᠢᠩᠭᠤ ᠬᠡᠷᠡᠭᠯᠡᠳᠡᠭ ᠠᠪᠤᠭᠠᠢᠢᠯᠠᠭ᠎ᠠ ᠨᠡᠷ᠎ᠠ ᠪᠠᠷᠤᠬ ᠨᠠᠶᠠ ᠭᠠᠷᠤᠢ ᠪᠤᠢ᠃ ᠡᠭᠦᠨ ᠳᠤ ᠡᠷ᠎ᠠ ᠬᠠᠷ᠎ᠠ ᠬᠦᠮᠦᠨ ᠤ ᠠᠪᠤᠭᠠᠢᠢᠯᠠᠭ᠎ᠠ ᠳᠤ᠄ ᠠᠵᠢᠶ᠎ᠠ᠂ ᠠᠵᠢᠭ᠎ᠠ᠂ ᠠᠨᠵᠢ᠂ ᠠᠨᠵᠠ᠂ ᠠᠭ᠎ᠠ᠂ ᠡᠩᠭᠡ᠂ ᠤᠤᠭᠤᠨᠠᠢ᠂ ᠨᠢᠩᠭ᠎ᠠ᠂ ᠪᠠᠭ᠎ᠠ᠂ ᠪᠠᠭᠠᠬᠠᠨᠠᠢ᠂ ᠪᠠᠵᠢᠶ᠎ᠠ᠂ ᠵᠠᠭ᠎ᠠ᠂ ᠪᠠᠵᠢᠭ᠎ᠠ᠂ ᠭᠠᠭ᠎ᠠ᠂ ᠭᠠᠨᠢᠩᠭ᠎ᠠ᠂ ᠭᠤᠤᠬᠢ᠂ ᠮᠠᠨᠢᠭ᠎ᠠ᠂ ᠮᠠᠭ᠎ᠠ᠂ ᠮᠠᠨᠢᠩᠭ᠎ᠠ᠂ ᠳ᠋ᠠᠨᠢᠭ᠎ᠠ᠂ ᠳ᠋ᠠᠳᠡᠢ᠂ ᠤᠳᠬᠤᠨ ᠠᠬ᠎ᠠ᠂ ᠤᠷᠠᠨ ᠠᠬ᠎ᠠ᠂ ᠦᠨᠳᠦᠷ ᠠᠬ᠎ᠠ᠂ ᠲᠤᠮᠳᠠ ᠠᠬ᠎ᠠ ᠁ ᠬᠡᠬᠦ ᠮᠡᠳᠦᠴᠢᠯᠡᠨ ᠪᠤᠢ᠃ ᠯᠡᠮᠡ ᠬᠦᠮᠦᠰ ᠤᠨ ᠠᠪᠤᠭᠠᠢᠢᠯᠠᠭ᠎ᠠ ᠳᠤ᠄ ᠠᠨᠵᠤᠤ᠂ ᠠᠮᠤᠨᠵᠢ᠂ ᠮᠠᠨᠢᠭ᠎ᠠ᠂ ᠯᠠᠮᠠᠳᠠᠢ᠂ ᠯᠠᠮᠠᠭ᠎ᠠ  ᠂ ᠯᠠᠮᠪᠠᠭᠠᠢ ᠬᠡᠬᠦ ᠮᠡᠳᠦ᠃ ᠪᠦᠰᠡᠬᠦᠢ ᠬᠦᠮᠦᠨ ᠤ ᠠᠪᠤᠭᠠᠢᠢᠯᠠᠭ᠎ᠠ ᠳᠤ᠄ ᠠᠨᠳᠠᠢ᠂ ᠠᠵᠢᠨᠠᠢ᠂ ᠠᠬᠢᠨᠠᠢ᠂ ᠠᠮᠤᠩᠭ᠎ᠠ  ᠂ ᠭᠠᠨᠢᠶᠠ᠂ ᠵᠢᠨᠵᠢ᠂ ᠮᠢᠡᠵᠢᠬᠡ᠂ ᠵᠢᠡᠵᠢᠬᠡ᠂ ᠵᠦᠤᠨᠠᠢ᠂ ᠳ᠋ᠢᠭ᠎ᠠ᠂ ᠮᠢᠨᠵᠢᠶ᠎ᠡ ᠬᠡᠬᠦ ᠮᠡᠳᠦ ᠪᠤᠢ᠃ ᠵᠠᠷᠢᠮ ᠰᠤᠳᠤᠯᠭᠠᠳᠠᠨ ᠡᠨᠡᠬᠦ ᠠᠪᠤᠭᠠᠢᠢᠯᠠᠭ᠎ᠠ ᠲᠠᠭᠤᠳᠠᠯᠭ᠎ᠠ ᠨᠢ ᠮᠠᠨᠵᠦ ᠦᠬᠡ ᠪᠤᠯᠤᠨ᠎ᠠ ᠬᠡᠵᠦ ᠲᠠᠶᠢᠯᠪᠤᠷᠢᠯᠠᠵᠦ ᠪᠠᠶᠢᠬᠰᠠᠨ ᠶᠤᠮ᠃       ᠡᠳᠡᠬᠡᠷ ᠠᠪᠤᠭᠠᠢᠢᠯᠠᠭ᠎ᠠ ᠶᠢ ᠬᠡᠨ ᠪᠦᠬᠦᠨ ᠳᠤ ᠬᠠᠮᠢᠶ᠎ᠠ ᠨᠠᠮᠢᠶ᠎ᠠ ᠦᠬᠡᠢ ᠬᠡᠷᠡᠭᠯᠡᠬᠦ ᠪᠢᠰᠢ᠂ ᠬᠠᠷᠢᠨ ᠨᠢᠬᠡ ᠬᠦᠮᠦᠨ ᠳᠤ ᠲᠤᠬᠳᠠᠬᠰᠠᠨ ᠨᠢᠬᠡ ᠠᠪᠤᠭᠠᠢᠢᠯᠠᠭ᠎ᠠ ᠨᠡᠷ᠎ᠠ ᠪᠠᠷ ᠲᠠᠭᠤᠳᠠᠵᠦ ᠬᠡᠪᠰᠢᠭᠰᠡᠨ ᠪᠠᠶᠢᠳᠠᠬ᠃ ᠬᠡᠷᠪᠡ ᠠᠪᠤᠭᠠᠢᠢᠯᠠᠭ᠎ᠠ ᠨᠢ ᠠᠳᠠᠯᠢ ᠪᠤᠯᠤᠬᠰᠠᠨ ᠪᠤᠯ ᠨᠡᠷ᠎ᠡ ᠶᠢ ᠵᠠᠯᠭᠠᠵᠦ ᠲᠤᠳᠤᠳᠬᠠᠵᠦ ᠶᠠᠷᠢᠳᠠᠬ ᠶᠠᠪᠤᠳᠠᠯ ᠪᠤᠢ ᠴᠤ ᠲᠤᠰ ᠬᠦᠮᠦᠨ ᠲᠠᠢ ᠨᠢ ᠠᠭᠤᠯᠵᠠᠨ ᠤᠴᠠᠷᠠᠬᠤ ᠦᠶ᠎ᠠ ᠳᠤ ᠵᠦᠪᠬᠡᠨ ᠠᠪᠤᠭᠠᠢᠢᠯᠠᠭ᠎ᠠ ᠪᠠᠷ ᠨᠢ ᠮᠠᠨᠳᠦ ᠮᠡᠳᠡᠨ ᠶᠠᠷᠢᠬᠤ ᠠᠴᠠ ᠨᠡᠷ᠎ᠠ ᠲᠠᠢ ᠨᠢ ᠲᠤᠳᠤᠳᠬᠠᠵᠦ ᠶᠠᠷᠢᠳᠠᠬ ᠦᠬᠡᠢ ᠪᠢᠯᠠ᠃
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号