ᠠᠯᠠᠱᠠ ᠵᠠᠬᠦᠨ ᠬᠤᠰᠢᠭᠤᠨ ᠤ ᠢᠰᠯᠠᠮ ᠰᠢᠳᠦᠯᠬᠡ ᠲᠠᠢ ᠮᠤᠩᠭᠤᠯᠴᠤᠳ ᠤᠨ ᠲᠤᠬᠠᠢ
ᠨᠡᠶᠢᠲᠡᠯᠡᠭᠰᠡᠨ ᠴᠠᠭ᠄
2019/3/26
     ᠠᠯᠠᠱᠠ ᠳᠤ ᠨᠢᠬᠡ ᠪᠦᠯᠦᠭ ᠢᠰᠯᠠᠮ ᠤᠨ ᠰᠢᠳᠤᠯᠬᠡ ᠲᠠᠢ ᠮᠤᠩᠭᠤᠯᠴᠤᠳ ᠪᠠᠶᠢᠳᠠᠭ ᠪᠢᠯᠡ᠃ ︵ᠨᠤᠳᠤᠭ ᠤᠨ ᠬᠥᠮᠥᠰ ᠡᠳᠡᠨᠡᠷ ᠢ ᠬᠤᠳᠤᠩ ᠮᠤᠩᠭᠤᠯ ᠬᠡᠵᠤ ᠶᠠᠷᠢᠳᠠᠭ︶ ᠡᠳᠡᠬᠡᠷ ᠮᠤᠩᠭᠤᠯᠴᠤᠳ ᠨᠢ ᠶᠠᠭᠠᠬᠢᠭᠠᠳ ᠢᠰᠯᠠᠮ ᠤᠨ ᠰᠢᠳᠥᠯᠬᠡ ᠲᠠᠢ ᠪᠤᠯᠤᠭᠰᠠᠨ ᠲᠤᠬᠠᠢ ᠤᠯᠤᠰ ᠤᠨ ᠲᠤᠳᠤᠭᠠᠳᠤ ᠭᠠᠳᠠᠭᠠᠳᠤ ᠶᠢᠨ ᠮᠤᠩᠭᠤᠯᠴᠢ ᠰᠤᠳᠤᠯᠤᠭᠠᠴᠢ ᠡᠷᠳᠡᠮᠳᠡᠳ ᠠᠩᠬᠠᠷᠴᠤ ᠰᠤᠨᠢᠷᠬᠠᠳᠠᠭ᠃                ᠨᠢᠬᠡᠨ ᠥᠨᠳᠥᠰᠥᠳᠡᠨ ᠤ ᠲᠤᠮᠳᠠ ᠴᠥᠬᠡᠨ ᠬᠡᠰᠡᠭ ᠬᠥᠮᠥᠨ ᠨᠢ ᠢᠰᠯᠠᠮ ᠤᠨ ᠱᠠᠰᠢᠨ ᠤ ᠰᠢᠳᠤᠯᠬᠡ ᠲᠠᠢ ᠪᠤᠯᠤᠭᠰᠠᠨ ᠨᠢ ᠬᠠᠴᠢᠨ ᠰᠤᠨᠢᠨ ᠤᠨᠴᠠᠯᠢᠭ ᠪᠤᠯᠤᠭᠰᠠᠨ ᠶᠤᠮ᠃ ᠡᠭᠦᠨ ᠤ ᠲᠤᠬᠠᠢ ᠪᠢᠳᠠ ᠶᠠᠭᠤᠨ ᠤ ᠡᠮᠤᠨ᠎ᠡ ᠥᠨᠳᠤᠰᠤᠳᠡᠨ ᠤ ᠨᠠᠶᠢᠳᠠᠴᠢ ᠴᠢᠨᠠᠷ ᠪᠠ ᠱᠠᠰᠢᠨ ᠤ ᠢᠯᠭᠠᠭ᠎ᠠ ᠬᠤᠶᠠᠷ ᠲᠠᠯ᠎ᠠ ᠶᠢᠨ ᠤᠢᠢᠯᠠᠭᠠᠯᠳᠠ ᠲᠤᠳᠤᠷᠬᠠᠢ ᠪᠠᠶᠢᠬᠤ  ᠴᠢᠬᠤᠯᠠ ᠲᠠᠢ᠃              ᠥᠨᠳᠥᠰᠥᠳᠡᠨ ᠪᠤᠯ ᠨᠢᠬᠡ ᠪᠦᠯᠦᠭ ᠬᠥᠮᠥᠰ ᠤᠨ ᠲᠡᠤᠬᠡ᠂ ᠰᠤᠶᠤᠯ ᠪᠠ ᠬᠠᠮᠳᠤ ᠶᠢᠨ ᠡᠪᠦᠭᠡ ᠲᠡᠬᠡᠳᠤᠰ ᠤᠨ ᠬᠤᠪᠢ ᠪᠠᠷᠢᠯᠳᠤᠭ᠎ᠠ ᠲᠠᠢ ᠬᠠᠮᠳᠤᠴᠢ ᠴᠤᠭᠴᠠ ᠶᠢ ᠵᠢᠭᠠᠳᠠᠭ᠃ ᠰᠢᠨᠵᠢ ᠴᠢᠨᠠᠷ ᠲᠠᠭᠠᠨ ᠬᠠᠮᠳᠤ ᠶᠢᠨ ᠨᠤᠳᠤᠭ ᠤᠰᠤ ᠂ ᠬᠠᠮᠳᠤ ᠶᠢᠨ ᠥᠬᠡ ᠬᠡᠯᠡ᠂ ᠬᠠᠮᠳᠤ ᠶᠢᠨ ᠱᠠᠰᠢᠨ ᠰᠢᠳᠤᠯᠬᠡ᠂ ᠬᠠᠮᠳᠤ ᠶᠢᠨ ᠵᠢᠰᠤ ᠳᠦᠷᠬᠦ᠂ ᠬᠠᠮᠳᠤ ᠶᠢᠨ ᠡᠪᠦᠭᠡ ᠲᠡᠬᠡᠳᠤᠰ ᠪᠠ ︽ᠪᠡᠶᠡᠴᠢ︾ ᠲᠠᠯ᠎ᠠ ᠶᠢᠨ ᠥᠨᠳᠤᠰᠤᠳᠡᠨ ᠤ ᠴᠢᠨᠠᠷ ᠤᠨ ᠳᠠᠨᠢᠯᠳᠠ ᠪᠠ ᠬᠠᠶᠢᠷ᠎ᠠ ᠰᠡᠳᠬᠢᠯᠬᠡ ᠲᠡᠬᠡᠷ᠎ᠡ ᠪᠠᠨ ᠪᠤᠳᠠᠳᠠᠢ ᠢᠯᠡᠷᠡᠳᠡᠭ ᠪᠠᠶᠢᠨ᠎ᠠ ᠬᠡᠵᠤ ᠬᠥᠮᠥᠨ ᠲᠥᠷᠥᠯᠬᠢᠳᠠᠨ ᠬᠢᠭᠡᠳ ᠦᠨᠳᠤᠰᠤᠳᠠᠠ ᠤ ᠰᠤᠳᠤᠯᠤᠯ ᠤᠨ ᠭᠤᠤᠯᠯᠠᠬᠤ ᠲᠠᠶᠢᠯᠪᠤᠷᠢᠯᠠᠯᠳᠠ ᠪᠤᠯᠤᠭᠰᠠᠨ ᠶᠤᠮ᠃              ᠥᠨᠳᠥᠰᠥᠳᠡᠨ ᠤ ᠤᠬᠠᠭᠳᠠᠬᠤᠨ ᠠᠴᠠ ᠲᠥᠭᠦᠮᠬᠡᠨ ᠬᠡᠯᠡᠪᠡᠯ᠂ ᠤᠷᠤᠨ ᠨᠤᠳᠤᠭ ᠨᠢ ᠠᠯᠠᠱᠠ ᠶᠢᠨ ᠤᠯᠠᠩᠬᠢ ᠮᠤᠩᠭᠤᠯᠴᠤᠳ ᠲᠠᠢ ᠢᠯᠭᠠᠭ᠎ᠠ ᠥᠬᠡᠢ ᠪᠠᠶᠢᠳᠠᠭ᠃ ︽ᠬᠤᠳᠤᠩ ᠮᠤᠩᠭᠤᠯᠴᠤᠳ︾ ᠨᠢ ᠭᠤᠤᠯᠳᠠᠭᠤ ᠠᠯᠠᠱᠠ ᠵᠡᠭᠦᠨ ᠬᠤᠰᠢᠭᠤᠨ ᠤ ᠤᠯᠠᠭᠠᠨᠪᠤᠬ᠎ᠠ ᠶᠢᠨ ᠡᠯᠡᠰᠤ ᠶᠢᠨ ᠡᠷᠬᠢᠨ ᠲᠤᠭᠤᠷᠢᠨ ᠳᠠᠬᠢ ᠤᠯᠠᠨᠪᠤᠯᠠᠭ ᠪᠠᠯᠭᠠᠰᠤ᠂ ᠵᠢᠷᠠᠳᠠᠢ ᠪᠠᠯᠭᠠᠰᠤ᠂ ᠤᠰᠤᠳᠠᠢ ᠪᠠᠯᠭᠠᠰᠤ᠂ ᠪᠠᠶᠠᠨᠮᠦ᠋ᠷᠡᠨ ᠰᠤᠮᠤ ᠪᠠᠷ ᠰᠠᠭᠤᠷᠢᠰᠢᠨ ᠠᠮᠢᠳᠤᠷᠠᠵᠤ ᠪᠤᠢ᠃              ᠢᠰᠯᠠᠮ ᠰᠢᠳᠦᠯᠬᠡ ᠲᠠᠢ ᠮᠤᠩᠭᠤᠯᠴᠤᠳ ᠤᠨ ᠥᠬᠡ ᠬᠡᠯᠡ ᠨᠢ ᠨᠤᠳᠤᠭ ᠤᠨ ᠮᠤᠩᠭᠤᠯᠴᠤᠳ ᠲᠠᠢ ᠪᠠᠨ ᠥᠨᠳᠥᠰᠤᠨ ᠳᠡᠭᠡᠨ ᠠᠳᠠᠯᠢᠪᠳᠤᠷ ᠪᠥᠬᠡᠳ ᠤᠢᠢᠭᠤᠷᠵᠢᠨ ᠮᠤᠩᠭᠤᠯ ᠥᠰᠥᠭ ᠢ ᠬᠡᠷᠡᠭᠯᠡᠳᠡᠭ ᠪᠤᠯᠪᠠᠴᠤ ᠪᠠᠰᠠ ᠡᠳᠤᠢ ᠲᠡᠳᠤᠢ ᠢᠯᠭᠠᠭ᠎ᠠ ᠲᠠᠢ ᠪᠠᠶᠢᠳᠠᠭ᠃ ᠵᠢᠱᠢᠶᠡᠯᠡᠪᠡᠯ᠂ ᠠᠪᠤ ᠪᠠᠨ ᠳ᠋ᠠ ᠳ᠋ᠨ᠂ ᠡᠵᠢ ᠪᠠᠨ ᠮᠠᠮᠠ᠂ ᠡᠬᠡᠴᠢ ᠪᠠᠨ ᠠᠵᠢᠶᠠ᠂ ᠠᠬ᠎ᠠ ᠪᠠᠨ ᠭᠤᠤ ᠭᠧ ᠬᠡᠵᠤ᠂ ᠮᠠᠯ ᠤᠨ ᠭᠤᠷᠭᠤᠯᠳᠠᠢ ᠶᠢ ᠠᠰᠠᠪ᠂ ᠮᠠᠨᠢ ᠶᠢ ᠲᠡᠪᠬᠢ ᠬᠡᠭᠦ ᠮᠡᠳᠤ ᠶᠢᠨ ᠬᠡᠯᠡᠯᠬᠡ ᠪᠤᠯ ᠨᠡᠯᠢᠶᠡᠳ ᠪᠠᠶᠢᠳᠠᠭ ᠪᠢᠯᠡ᠃              ᠵᠢᠰᠤ ᠳᠦᠷᠬᠦ ᠨᠢ ᠬᠡᠳᠦ᠋ᠢᠪᠡᠷ ᠤᠯᠠᠩᠬᠢ ᠮᠤᠩᠭᠤᠯᠴᠤᠳ ᠲᠠᠢ ᠠᠳᠠᠯᠢᠪᠳᠤᠷ ᠪᠠᠶᠢᠭ᠎ᠠ ᠴᠤ ᠰᠢᠨᠠ ᠨᠢ ᠥᠨᠳᠤᠷ ᠪᠠᠶᠢᠳᠠᠭ ᠵᠡᠷᠭᠡ ᠤᠨᠴᠠᠯᠢᠬ ᠲᠠᠢ ᠪᠠᠶᠢᠳᠠᠬ᠃ ᠬᠡᠬᠦ ᠳᠤ᠂ ᠵᠠᠷᠢᠮ ︽ᠬᠤᠳᠤᠩ ᠮᠤᠩᠭᠤᠯᠴᠤᠳ︾ ᠤᠨ ᠨᠢᠳᠤ ᠨᠢ ᠬᠤᠨᠭ᠍ᠬᠢᠭᠤᠷ᠂ ᠰᠠᠬᠠᠯ ᠥᠰᠥ ᠨᠢ ᠤᠯᠠᠭᠠᠨ ᠪᠤᠶᠤ ᠰᠢᠷ᠎ᠠ᠂ ᠨᠢᠳᠤᠨ ᠤ ᠬᠠᠷ᠎ᠠ ᠨᠢ ᠰᠢᠷ᠎ᠠ ᠪᠤᠶᠤ ᠨᠤᠭᠤᠭᠠᠨ ᠥᠡᠭᠬᠡ ᠲᠠᠢ  ᠴᠤ ᠪᠠᠶᠢᠳᠠᠭ᠃              ︽ᠪᠡᠶᠡᠴᠢ︾ ᠲᠠᠯ᠎ᠠ ᠶᠢᠨ ᠥᠨᠳᠤᠰᠤᠳᠡᠨ ᠤ ᠴᠢᠨᠠᠷ ᠤᠨ ᠳᠠᠨᠢᠯᠳᠠ ᠪᠠ ᠬᠠᠶᠢᠷ᠎ᠠ ᠰᠡᠳᠬᠢᠯᠬᠡ ᠶᠢᠨ ᠲᠠᠯ᠎ᠠ ᠪᠠᠷ ︽ᠬᠤᠳᠤᠩ ᠮᠤᠩᠭᠤᠯ︾ ᠨᠢ ᠥᠪᠡᠷ ᠢ ᠪᠠᠨ ᠮᠤᠩᠭᠤᠯ ᠬᠡᠵᠤ ᠮᠡᠳᠡᠷᠡᠵᠤ ᠪᠠᠶᠢᠳᠠᠭ᠃ ᠡᠭᠦᠨ ᠠᠴᠠ ᠭᠠᠳᠠᠨ᠎ᠠ᠂ ᠤᠯᠠᠩᠬᠢ  ᠮᠤᠩᠭᠤᠯᠴᠤᠳ ᠲᠠᠢ ᠠᠳᠠᠯᠢᠬᠠᠨ ᠢᠶᠠᠷ ᠭᠠᠯ ᠲᠠᠬᠢᠬᠤ᠂ ᠤᠷᠳᠤ ᠶᠢᠨ ᠳᠠᠭᠤᠤ ᠳᠠᠭᠤᠯᠠᠬᠤ᠂ ᠰᠢᠬᠢᠮᠡᠭ  ᠲᠠᠭᠠᠷᠢᠬᠤ᠂ ᠨᠠᠶᠢᠷ ᠨᠠᠭᠠᠳᠤᠮ ᠳᠤ ᠤᠷᠤᠯᠴᠠᠬᠤ ᠵᠡᠷᠬᠡ ᠮᠤᠩᠭᠤᠯᠵᠢᠭᠤᠨ ᠨᠡᠶᠢᠳᠡᠮᠴᠢ ᠲᠤᠷ᠎ᠠ ᠪᠠᠬ᠎ᠠ ᠪᠠ ᠵᠠᠩ  ᠳᠠᠳᠬᠠᠯ ᠲᠠᠢ ᠪᠠᠶᠢᠳᠠᠭ ᠪᠢᠯᠡ᠃                ᠡᠭᠦᠨ ᠠᠴᠠ ᠥᠵᠡᠭᠦ ᠳᠤ᠂ ︽ᠬᠤᠳᠤᠩ ᠮᠤᠩᠭᠤᠯ︾ ᠨᠢ ᠵᠠᠷᠢᠮ ᠲᠠᠯ᠎ᠠ ᠶᠢᠨ ᠦᠪᠠᠷᠮᠢᠴᠠ ᠤᠨᠴᠠᠯᠢᠭ ᠰᠢᠨᠵᠢ ᠲᠠᠢ ᠪᠠᠶᠢᠳᠠᠭ ᠪᠤᠯᠪᠠᠴᠤ ᠮᠤᠩᠭᠤᠯ ᠥᠨᠳᠥᠰᠤᠳᠠᠨ ᠤ ᠪᠠᠨ ᠰᠤᠶᠤᠯ ᠠᠮᠢᠳᠤᠷᠠᠯ ᠤᠨ ᠤᠯᠠᠮᠵᠢᠯᠠᠯ ᠢᠶᠠᠨ ᠪᠠᠷᠢᠮᠳᠠᠯᠠᠵᠤ᠂ ᠵᠥᠪᠬᠡᠨ ᠢᠰᠯᠠᠮ ᠤᠨ ᠱᠠᠰᠢᠠ ᠢ ᠰᠢᠳᠦᠳᠡᠭ ᠮᠤᠩᠭᠤᠯ ᠥᠨᠳᠥᠰᠥᠳᠡᠨ ᠪᠠᠶᠢᠬᠤ ᠶᠤᠮ᠃              ᠱᠠᠰᠢᠨ ᠤ ᠲᠠᠯ᠎ᠠ ᠶᠢᠨ ᠵᠥᠷᠢᠶ᠎ᠠ ᠶᠢ ᠲᠠᠶᠢᠯᠬᠤ ᠳᠤ᠂ ᠮᠤᠩᠭᠤᠯᠴᠤᠳ ᠤᠨ ᠡᠷᠳᠡᠨ ᠤ ᠪᠦᠬᠡ ᠰᠢᠳᠥᠯᠬᠡ ᠨᠢ ᠤᠳᠤ ᠪᠤᠯᠳᠠᠯ᠎ᠠ ᠬᠥᠯᠥᠨ ᠪᠥᠢᠷ᠂ ᠲᠥᠡᠭᠯᠢᠶᠤᠤ ᠤᠷᠤᠨ ᠢᠶᠠᠷ ᠤᠯᠠᠮᠵᠢᠯᠠᠭᠳᠠᠵᠤ ᠢᠷᠡᠭᠰᠡᠨ ᠪᠤᠳᠠᠳᠠᠢ ᠤᠯᠠᠮᠵᠢᠯᠠᠯ︔ ᠬᠤᠪᠢᠯᠠᠢ ᠰᠡᠴᠡᠨ ᠬᠠᠭᠠᠨ ᠤ ᠤᠮᠪᠤᠯᠤ ᠠᠨᠠᠨᠳᠠ 15 ᠲᠥᠮᠡᠨ ᠮᠤᠩᠭᠤᠯᠴᠤᠳ ᠢᠶᠠᠨ ᠳᠠᠭᠠᠭᠤᠯᠤᠠ ᠢᠰᠯᠠᠮ ᠤᠨ  ᠱᠠᠰᠢᠨ ᠢ ᠬᠥᠯᠢᠶᠡᠭᠰᠡᠨ ᠲᠡᠤᠬᠡᠨ ᠲᠡᠮᠳᠡᠭᠯᠡᠯ︔ ᠤᠳᠤᠬᠠᠨ ᠤ ᠤᠯᠤᠰ᠂ ᠭᠠᠵᠠᠷ ᠠᠯᠤᠰᠯᠠᠭᠰᠠᠨ ᠨᠤᠳᠤᠭ ᠨᠤᠳᠤᠭ ᠤᠨ ᠮᠤᠩᠭᠤᠯᠴᠤᠳ ᠤᠨ ᠢᠯᠭᠠᠭ᠎ᠠ ᠵᠥᠷᠢᠶ᠎ᠠ ᠵᠡᠷᠬᠡ ᠶᠢ ᠬᠠᠷᠢᠴᠠᠭᠤᠯᠤᠭᠠᠳ ᠡᠳᠡᠬᠡᠷ ᠮᠤᠩᠭᠤᠯᠴᠤᠳ ᠨᠢ ᠶᠠᠭᠠᠬᠢᠭᠠᠳ ᠢᠰᠯᠠᠮ ᠤᠨ ᠰᠢᠳᠥᠯᠬᠡ ᠲᠠᠢ ᠪᠤᠯᠤᠭᠰᠠᠨ ᠤ ᠲᠤᠬᠠᠢ ᠲᠤᠩᠭᠠᠵᠤ ᠪᠤᠳᠤᠯᠬᠢᠯᠠᠪᠠᠯ᠂ ᠤᠯᠤᠰ ᠲᠥᠷᠥ᠂  ᠪᠠᠶᠢᠭᠠᠯᠢ ᠶᠢᠨ  ᠤᠷᠴᠢᠨ᠂ ᠠᠮᠢᠳᠤᠷᠠᠯ ᠤᠨ ᠤᠷᠴᠢᠨ ᠵᠡᠷᠬᠡ ᠲᠠᠯ᠎ᠠ ᠶᠢᠨ ᠢᠯᠭᠠᠭ᠎ᠠ ᠠᠴᠠ ᠪᠤᠯᠵᠤ ᠡᠯ᠎ᠡ ᠭᠠᠵᠠᠷ ᠤᠨ ᠮᠤᠩᠭᠤᠯᠴᠤᠳ ᠨᠢ ᠶᠡᠷᠢᠶ᠎ᠠ ᠭᠡᠯᠡᠯᠭᠡ᠂ ᠵᠠᠩ ᠳᠠᠳᠬᠠᠯ ᠵᠢᠴᠢ ᠴᠢᠨᠠᠬᠰᠢᠳᠠ ᠱᠠᠰᠢᠠ ᠰᠢᠳᠦᠯᠬᠡ ᠵᠡᠷᠭᠡ ᠳᠠᠯ᠎ᠠ ᠪᠠᠷ  ᠵᠠᠷᠢᠮ ᠨᠢᠬᠡ ᠵᠥᠷᠢᠶ᠎ᠡ ᠲᠠᠢ ᠪᠤᠯᠬᠤ ᠨᠢ ᠨᠥᠭᠦᠴᠡᠯ ᠪᠤᠯᠤᠮᠵᠢ ᠳᠤ ᠨᠡᠶᠢᠴᠡᠭᠦ ᠤᠴᠢᠷ ᠪᠢᠯᠡ᠃              ᠰᠤᠳᠤᠯᠤᠭᠠᠴᠢ ᠨᠠᠷ ᠤᠨ ᠬᠠᠶᠢᠨ ᠰᠥᠪᠡᠭᠴᠢᠯᠡᠯ ᠤᠨ ᠲᠤᠮᠳᠠ ︽ᠮᠤᠩᠭᠤᠯ ᠬᠤᠳᠤᠩ︾ ᠤᠨ ᠲᠤᠰ ᠪᠡᠶ᠎ᠡ ᠶᠢᠨ ᠬᠢᠨᠢ ᠬᠤᠪᠤᠷ ᠬᠤᠮᠰᠠ ᠴᠢᠨᠠᠷ ᠢ ᠨᠢ ᠲᠠᠶᠢᠯᠪᠤᠷᠢᠯᠠᠬᠤ ᠪᠤᠯ ᠤᠨᠴᠠᠯᠢᠭᠳᠤ ᠡᠷᠳᠡᠮ ᠰᠢᠨᠵᠢᠯᠡᠬᠡᠨ ᠤ ᠨᠢᠬᠡᠨ ᠰᠡᠳᠤᠪ ᠪᠤᠯᠤᠭᠰᠠᠨ ᠨᠢ ᠶᠠᠷᠢᠶᠠᠨ ᠥᠬᠡᠢ᠃ ᠡᠭᠦᠨ ᠠᠴᠠ ᠭᠠᠳᠠᠨ᠎ᠠ᠂ ᠲᠡᠤᠬᠡᠨ ᠳᠤ ᠮᠤᠩᠭᠤᠯᠴᠤᠳ ᠤᠨ ᠪᠠᠷᠠᠭᠤᠨᠰᠢ ᠲᠤᠪᠳᠤᠯᠤᠠ  ᠪᠠᠶᠢᠭᠤᠯᠤᠭᠰᠠᠨ ᠤᠯᠠᠩᠬᠢ ᠬᠠᠭᠠᠨᠳᠤ ᠲᠥᠷᠤ ᠶᠢᠨ ᠤᠭᠰᠠᠭᠠᠳᠠᠳ ᠨᠢ ᠢᠰᠯᠠᠮ ᠤᠨ ᠱᠠᠰᠢᠠ ᠳᠤ ᠪᠥᠷᠢᠮᠥᠰᠥᠨ ᠬᠠᠶᠢᠯᠤᠭᠳᠠᠭᠰᠠᠨ ᠪᠤᠯ ᠥᠨᠥᠳᠤᠷ ᠤᠨ ᠠᠯᠠᠱᠠ ᠵᠡᠭᠦᠨ ᠬᠤᠰᠢᠭᠤᠨ ᠤ ᠤᠯᠠᠭᠠᠨᠪᠤᠬ᠎ᠠ ᠶᠢᠨ ᠡᠯᠡᠰᠤᠨ ᠳᠠᠬᠢ ᠢᠰᠯᠠᠮ ᠰᠢᠳᠤᠯᠬᠡ ᠲᠠᠢ ᠮᠤᠩᠭᠤᠯᠴᠤᠤᠨ ᠨᠢ ᠲᠠᠤᠭᠡ ᠶᠢᠨ ᠠᠮᠢᠳᠤ ᠥᠯᠡᠳᠡᠭᠳᠡᠯ ᠪᠤᠯᠤᠭᠰᠠᠨ ᠪᠢᠯᠡ᠃                                                ︵ᠨᠠᠮᠤᠷ ᠡᠮᠬᠢᠳᠬᠡᠨ ᠪᠢᠴᠢᠪᠡ︶      
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号