ᠠᠯᠠᠱᠠ ᠦᠷᠡᠰ ᠤᠨ ᠨᠠᠶᠢᠷ
ᠨᠡᠶᠢᠲᠡᠯᠡᠭᠰᠡᠨ ᠴᠠᠭ᠄
2019/3/20
     ᠨᠢᠭᠡ᠂ ︽ᠦᠷᠡᠰ︾ ᠬᠡᠳᠡᠭ ᠨᠡᠷ᠎ᠠ ᠶᠢᠨ ᠲᠡᠥᠬᠡ ᠶᠢᠨ ᠢᠷᠡᠯ            ᠮᠤᠩᠭᠤᠯᠴᠦᠳ ᠠᠯᠢ ᠡᠷᠳᠡ ᠴᠢᠩᠬᠢᠰ ᠤᠨ ᠦᠶ᠎ᠠ ᠠᠴᠠ ᠠᠪᠦᠭᠠᠳ ᠲᠠᠶᠢᠨ ᠪᠠᠶᠢᠯᠳᠦᠭᠠᠨ ᠬᠢᠵᠦ᠂ ᠢᠯᠡᠯᠲᠡ ᠤᠯᠪᠡᠯ ᠲᠦᠷᠦ ᠶᠢᠨ ᠶᠡᠭᠡ ᠨᠠᠶᠢᠷ ᠬᠢᠵᠦ᠂ ᠪᠠᠶᠡᠷ ᠴᠡᠩᠭᠡᠯ ᠢᠶᠠᠷ ᠲᠤᠷᠠᠰᠬᠠᠯ ᠤᠨ ᠡᠳᠦᠷ ᠢᠶᠠᠨ ᠲᠡᠮᠳᠡᠭᠯᠡᠵᠦ᠂ ᠬᠠᠨ ᠬᠤᠷᠮᠤᠰᠳᠠ ᠲᠡᠭᠷᠢ ᠪᠤᠯᠤᠨ ᠤᠷᠢᠳᠦ ᠶᠢᠨ ᠡᠵᠡᠳ ᠲᠤ ᠰᠠᠴᠦᠯᠢ ᠡᠷᠭᠦᠨ᠂ ᠬᠠᠭᠠᠨ ᠡᠵᠡᠨ᠂ ᠬᠠᠳᠦᠳ  ᠬᠦᠪᠡᠭᠦᠳ ᠂ ᠰᠠᠶᠢᠳ ᠲᠦᠰᠢᠮᠡᠳ᠂ ᠵᠠᠩᠵᠤᠨ ᠪᠠᠭᠠᠳᠦᠷ ᠤᠳ ᠤᠨ ᠢᠶᠠᠨ ᠭᠠᠪᠢᠶ᠎ᠠ ᠶᠢ ᠴᠤᠯᠠᠯᠠᠵᠦ᠂ ᠵᠡᠷᠭᠡ ᠬᠡᠷᠬᠡᠮ ᠢ ᠨᠢ ᠲᠡᠪᠰᠢᠭᠦᠯᠳᠡᠭ ᠪᠠᠶᠢᠵᠡᠢ᠃ ᠬᠤᠵᠢᠮ ᠪᠤᠯᠵᠦ ᠢᠷᠡᠭᠡᠳ ᠬᠤᠶᠢᠴᠢ ᠦᠶ᠎ᠠ ᠶᠢᠨ ᠬᠢᠨ ᠨᠢ ᠲᠡᠭᠷᠢᠯᠢᠭ ᠡᠵᠡᠨ ᠴᠢᠩᠬᠢᠰ ᠤᠨ ᠠᠴᠢ ᠦᠷᠡᠰ ᠪᠤᠯᠤᠭᠰᠠᠠ ᠬᠤᠪᠢ ᠳᠤ ᠡᠨᠡᠬᠦ ᠨᠠᠶᠢᠷ ᠨᠠᠭᠠᠳᠦᠮ ᠤᠨ ᠬᠡᠯᠪᠡᠷᠢ ᠶᠢ ︽ᠦᠷᠡᠰ ᠤᠨ ᠨᠠᠶᠢᠷ ︾ ᠬᠡᠮᠡᠨ ᠵᠤᠷᠰᠢᠭᠤᠯᠤᠭᠰᠠᠠ ᠪᠠᠶᠢᠨ᠎ᠠ᠃ ᠠᠯᠠᠱᠠ ᠳᠤ ᠬᠤᠰᠢᠭᠤ ᠸᠠᠩ ᠤᠨ ᠶᠡᠭᠡ ᠨᠠᠶᠢᠷ ᠢ ᠮᠦᠨ ᠲᠡᠷᠡᠭᠦ  ᠵᠤᠷᠰᠢᠯ ᠢ ᠦᠨᠳᠦᠰᠦᠯᠡᠨ ᠨᠡᠷᠡᠯᠡᠭᠡᠳ ᠦᠶ᠎ᠠ ᠤᠯᠠᠷᠢᠨ ᠵᠠᠯᠭᠠᠮᠵᠢᠯᠠᠭᠰᠠᠭᠠᠷ ᠢᠷᠡᠵᠡᠢ᠃            ᠠᠯᠠᠱᠠ ᠶᠢᠨ ᠬᠠᠮᠤᠭ ᠤᠨ ᠠᠩᠬᠠᠨ ᠤ ᠦᠷᠡᠰ ᠤᠨ ᠨᠠᠶᠢᠷ ᠪᠤᠯᠪᠠᠰᠦ ᠲᠡᠭᠷᠢ ᠲᠡᠳᠭᠦᠭᠴᠢ ᠶᠢᠨ 31 ᠳ᠋ᠦ᠋ᠭᠡᠷ ᠤᠨ ︵1766︶ ᠳᠤ ᠪᠤᠯᠤᠭᠰᠠᠠ ᠤᠯᠠᠭᠠᠨ ᠨᠤᠬᠠᠢ ᠵᠢᠯ ᠤᠨ ᠦᠷᠡᠰ ᠪᠤᠯᠤᠨ᠎ᠠ᠃ ᠲᠡᠷᠡ ᠵᠢᠯ ᠳᠤ ᠯᠤᠪᠰᠠᠩᠳᠦᠷᠵᠢ ᠸᠠᠩ᠂ ᠴᠢᠨ ᠸᠠᠩ ᠤᠨ ᠰᠠᠭᠤᠷᠢᠨ ᠳᠤ ᠰᠠᠭᠤᠵᠦ᠂ ᠲᠦᠷᠦ ᠶᠢᠨ ᠭᠡᠭᠡ ᠲᠠᠢ ᠭᠡᠷᠯᠡᠵᠦ᠂ ᠡᠹᠦ᠋ ᠪᠤᠯᠤᠭᠰᠠᠠ ᠤ ᠬᠠᠮᠳᠦᠳᠡ ᠪᠡᠭᠡᠵᠢᠩ ᠬᠤᠳᠡ ᠳᠤ ᠯᠦᠸᠧ ᠸᠠᠩ ᠤᠨ ᠤᠷᠳᠦᠨ ᠪᠠᠶᠢᠭᠤᠯᠤᠭᠳᠠᠭᠰᠠᠠ ᠵᠡᠷᠭᠡ ᠬᠦᠨᠳᠦᠳᠦ ᠲᠤᠰᠢᠶᠡᠯ ᠬᠡᠷᠬᠡᠮ ᠤᠯᠤᠭᠰᠠᠠ ᠢ ᠲᠤᠷᠠᠰᠬᠠᠨ ᠲᠡᠮᠳᠡᠭᠯᠡᠵᠦ᠂ ᠦᠷᠡᠰ ᠤᠨ ᠶᠡᠭᠡ ᠨᠠᠶᠢᠷ ᠬᠢᠵᠡᠢ᠂ ᠨᠠᠶᠢᠷ ᠤᠨ ᠲᠠᠯᠠᠪᠠᠢ ᠶᠢ ᠴᠠᠭᠠᠨ ᠯᠤᠤ ᠶᠢᠨ ᠰᠢᠨᠵᠢ ᠲᠡᠭᠦᠰ ᠯᠤᠤᠰ ᠤᠨ ᠬᠠᠭᠠᠨ ᠪᠠᠶᠠᠰᠤᠭᠴᠢ ᠡᠷᠳᠡᠨᠢ ᠶᠢᠨ ᠬᠤᠷᠮᠤᠢ ᠲᠡᠭᠡᠷ᠎ᠠ ᠦᠯᠵᠡᠶᠢᠲᠦ ᠮᠦᠷᠡᠨ ᠤ ᠡᠬᠢᠨ ᠳᠤ ᠵᠠᠭᠤᠨ ᠴᠠᠭᠠᠨ ᠦᠷᠭᠦᠭᠡ ᠪᠠᠶᠢᠭᠤᠯᠤᠨ ᠬᠠᠷ᠎ᠠ ᠰᠢᠷ᠎ᠠ ᠲᠦᠮᠡᠨ ᠬᠦᠮᠦᠨ ᠴᠤᠭᠯᠠᠷᠠᠵᠦ᠂  ᠮᠤᠩᠭᠤᠯᠴᠦᠳ ᠤᠨ ᠤᠳᠦᠮᠰᠢᠯᠲᠦ ᠡᠷ᠎ᠠ ᠶᠢᠨ ᠭᠤᠷᠪᠡᠨ ᠨᠠᠭᠠᠳᠦᠮ ᠢᠶᠠᠷ ᠭᠤᠤᠯ ᠠᠭᠤᠯᠭ᠎ᠠ ᠪᠠᠨ ᠪᠤᠯᠭᠠᠭᠰᠠᠠ ᠨᠠᠶᠢᠷ ᠴᠡᠩᠭᠡᠯᠭᠡ ᠶᠢᠨ ᠲᠡᠭᠡᠵᠢ ᠪᠠᠨ ᠠᠯᠠᠱᠠ ᠲᠠᠶᠠᠭᠠᠷ ᠲᠤ ᠰᠠᠴᠦᠵᠦ ᠡᠬᠢᠯᠡᠭᠰᠡᠡ ᠪᠠᠶᠢᠨ᠎ᠠ᠃ ᠲᠡᠭᠦᠨ ᠠᠴᠠ ᠨᠠᠰᠢ  ᠬᠤᠰᠢᠭᠤᠨ ᠤ ᠲᠦᠷᠦ ᠶᠢᠨ ᠶᠡᠭᠡ ᠨᠠᠶᠢᠷ ᠢ ᠲᠠᠷᠤᠢ ᠸᠠᠩ ᠤᠨ ︽ᠦᠷᠡᠰ︾ ᠭᠡᠬᠦ ᠪᠤᠯᠵᠡᠢ᠃            ᠬᠤᠶᠡᠷ᠂ ᠦᠷᠡᠰ ᠤᠨ ᠪᠡᠯᠡᠳᠭᠡᠯ            ᠪᠡᠯᠡᠳᠭᠡᠯ ᠠᠵᠢᠯ ᠢ ᠡᠷᠳᠡ ᠠᠴᠠ ᠲᠤᠬᠢᠷᠠᠭᠤᠯᠵᠦ᠂ ᠡᠷ᠎ᠠ ᠶᠢᠨ ᠭᠤᠷᠪᠡᠨ ᠨᠠᠭᠠᠳᠦᠮ ᠤᠨ ᠲᠠᠰᠬᠠᠯ ᠢ ᠪᠠᠷᠤᠭ 40 ᠡᠳᠦᠷ ᠬᠢᠵᠦ᠂ ᠨᠠᠶᠢᠷ ᠲᠤ ᠤᠷᠤᠯᠴᠠᠬᠤ ᠮᠦᠷᠦ᠋ᠢᠴᠡᠯᠭᠡ ᠶᠢᠨ ᠠᠭᠤᠯᠭ᠎ᠠ ᠪᠤᠯᠤᠨ ᠨᠠᠶᠢᠷ ᠴᠡᠩᠭᠡᠯᠭᠡ ᠶᠢᠨ ᠲᠠᠭᠤᠤ ᠬᠦᠭᠵᠢᠮ ᠲᠡᠷᠢᠬᠦᠳᠡᠨ ᠢ ᠪᠦᠬᠦ ᠲᠠᠯ᠎ᠠ ᠪᠠᠷ ᠪᠠᠵᠠᠭᠠᠨ᠎ᠠ᠃ ᠲᠡᠬᠦᠨ ᠤ ᠬᠠᠮᠳᠦ ᠪᠠᠰᠠ ᠰᠦ ᠰᠠᠶᠢᠲᠠᠢ ᠭᠡᠬᠦᠤ ᠶᠢ ᠵᠠᠯᠯᠠᠵᠦ᠂ ᠴᠡᠭᠡ ᠨᠡᠷᠡᠨ᠎ᠠ᠃ ᠠᠯᠢᠪᠡ ᠮᠦᠷᠦ᠋ᠢᠴᠡᠯᠭᠡ ᠶᠢ ᠪᠡᠯᠡᠳᠭᠡᠬᠦ ᠳᠡᠭᠡᠨ ᠪᠦᠬᠦ ᠬᠤᠰᠢᠭᠤᠨ ᠤ ᠨᠠᠢᠮᠠᠠ ᠰᠤᠮᠦ ᠶᠢ ᠲᠦᠷᠪᠡ ᠲᠦᠷᠪᠡ ᠪᠠᠷ ᠬᠤᠶᠡᠷ ᠡᠳᠡᠭᠡᠳ ᠪᠤᠯᠭᠠᠨ ᠬᠤᠪᠢᠶᠡᠵᠦ᠂ ᠪᠠᠷᠠᠭᠤᠨ ᠤ ᠪᠡ ᠵᠡᠭᠦᠨ ᠤ ᠬᠢ ᠬᠡᠵᠦ ᠲᠤᠰᠪᠦᠷᠢ ᠨᠡᠷᠡᠯᠡᠨ᠎ᠠ᠃ ᠡᠨᠡᠬᠦ ᠤᠷᠢᠳᠡᠯ ᠲᠤᠤᠷ᠎ᠠ ᠲᠠᠮᠠᠭ᠎ᠠ ᠶᠢᠨ ᠶᠠᠮᠤᠨ ᠤ ᠲᠤᠰᠠᠯᠠᠬᠴᠢ᠂ ᠵᠠᠬᠢᠷᠤᠭᠴᠢ ᠲᠦᠰᠢᠮᠡᠳ ᠬᠢᠭᠡᠳ ᠠᠷᠠᠳ ᠢᠷᠭᠡᠳ ᠦᠪᠡᠷ ᠦᠪᠡᠷ ᠤᠨ ᠢᠶᠠᠨ ᠬᠠᠷᠢᠶᠠᠯᠠᠭᠳᠠᠬᠤ ᠰᠤᠮᠤᠨ ᠳᠠᠭᠠᠨ ᠲᠠᠯᠠᠯᠠᠵᠦ ᠤᠷᠤᠯᠴᠠᠳᠠᠭ᠃  ᠨᠠᠢᠮᠠᠠ ᠰᠤᠮᠦᠨ ᠤ ᠵᠠᠩᠭᠢ ᠪᠤᠯᠤᠨ ᠨᠠᠢᠮᠠᠨ ᠬᠦᠨᠳᠦ ᠪᠤᠱᠦᠭᠤ ᠲᠤᠰ ᠲᠠᠩ ᠰᠠᠴᠦᠭᠤ ᠬᠤᠪᠢᠶᠠᠭᠳᠠᠵᠦ᠂ ᠦᠪᠡᠷ ᠦᠪᠡᠷ ᠤᠨ ᠢᠶᠠᠨ ᠬᠠᠷᠢᠶᠠᠳᠦ ᠠᠯᠪᠠᠳᠦ ᠲᠤᠳᠦᠷ᠎ᠠ ᠠᠴᠠ ᠪᠠᠨ ᠬᠡᠳᠦᠨ ᠵᠠᠭᠤᠨ ᠪᠦᠬᠡᠴᠤᠳ ᠢ ᠠᠪᠴᠢᠷᠠᠵᠦ᠂ ᠨᠢᠭᠡ ᠰᠠᠷ᠎ᠠ ᠰᠢᠯᠭᠠᠷᠠᠭᠤᠯᠤᠭᠠᠳ ᠲᠡᠭᠦᠨ ᠤ ᠲᠤᠮᠳᠡ ᠤᠷᠦ᠋ᠢᠯᠠᠨ ᠭᠠᠷᠤᠭᠰᠠᠠ ᠭᠤᠴᠢᠨ ᠬᠤᠶᠡᠷ ᠪᠦᠭᠡ ᠶᠢ ᠰᠤᠩᠭᠤᠨ ᠦᠯᠡᠳᠡᠭᠡᠵᠦ᠂ ᠨᠠᠶᠢᠷ ᠲᠤ ᠤᠷᠤᠯᠴᠠᠭᠤᠯᠬᠤ ᠪᠠᠷ ᠪᠡᠯᠡᠳᠭᠡᠳᠡᠭ ᠪᠢᠯᠡ᠃ ᠲᠡᠭᠦᠨᠴᠢᠯᠡᠨ ᠲᠦᠷᠪᠡᠨ ᠵᠠᠯᠠᠨ ᠵᠠᠩᠭᠢ ᠬᠤᠶᠡᠷ ᠡᠳᠡᠭᠡᠳ ᠲᠤ ᠲᠡᠭᠰᠢ ᠪᠠᠷ ᠬᠤᠪᠢᠶᠠᠭᠳᠠᠵᠦ᠂ ᠲᠤᠰᠪᠦᠷᠢ ᠭᠡᠳᠦᠨ ᠵᠠᠭᠤᠨ ᠨᠤᠮᠤᠴᠢᠨ ᠢ ᠲᠦᠪᠯᠡᠷᠡᠭᠦᠯᠦᠨ  ᠰᠢᠯᠭᠠᠷᠠᠭᠤᠯᠤᠭᠠᠳ ᠵᠠᠭᠤᠨ ᠬᠤᠷᠢᠨ ᠡᠷ᠎ᠠ ᠭᠠᠪᠰᠢᠭᠠᠢ ᠨᠤᠮᠤᠴᠢᠨ ᠢ ᠰᠢᠯᠢᠨ ᠠᠪᠤᠨ᠎ᠠ᠃ ᠠᠵᠢᠷᠭ᠎ᠠ ᠶᠢᠨ ᠤᠷᠤᠯᠳᠦᠭᠠᠨ ᠢ ᠲᠠᠭᠠᠭᠠᠬᠤ ᠲᠦᠰᠢᠮᠡᠳ ᠤᠳ᠂ ᠬᠡᠳᠦᠨ ᠵᠠᠭᠤᠨ ᠠᠵᠢᠷᠭ᠎ᠠ ᠶᠢ ᠠᠪᠴᠢᠷᠠᠵᠦ᠂ ᠨᠢᠭᠡ ᠰᠠᠷ᠎ᠠ ᠰᠢᠯᠭᠠᠷᠠᠭᠤᠯᠤᠭᠠᠳ ᠨᠠᠶᠠᠨ ᠰᠢᠯᠢᠳᠡᠭ ᠠᠵᠢᠷᠭ᠎ᠠ ᠶᠢ ᠰᠤᠩᠭᠤᠨ ᠦᠯᠡᠳᠡᠭᠡᠨ᠎ᠠ᠃ ᠡᠳᠡᠭᠡᠷ ᠨᠢ ᠴᠦᠮ ᠢᠶᠠᠷ ᠶᠡᠭᠡ ᠦᠷᠡᠰ ᠤᠨ ᠤᠷᠤᠯᠳᠦᠭᠠᠨ ᠤ ᠪᠡᠯᠡᠳᠭᠡᠯ ᠠᠵᠢᠯ ᠤᠳ ᠪᠤᠯᠤᠨ᠎ᠠ᠃ ᠲᠡᠬᠡᠪᠡᠯ᠂ ᠨᠤᠶᠡᠨ ᠦᠷᠡᠰ ᠤᠨ ᠲᠠᠷᠠᠭ᠎ᠠ ᠶᠠᠪᠤᠭᠳᠠᠬᠤ ᠪᠠᠭ᠎ᠠ ᠦᠷᠡᠰ ᠭᠡᠵᠦ ᠪᠤᠢ᠃ ᠡᠭᠦᠨ ᠳᠤ ᠬᠡᠷᠡᠭᠯᠡᠬᠦ ᠰᠠᠷ᠎ᠠ ᠶᠢᠨ ᠰᠦᠢᠯ ᠲᠠᠢ ᠠᠭᠳᠡ ᠮᠤᠷᠢᠳ ᠢ ᠡᠯ᠎ᠠ ᠪᠠᠭ ᠤᠳ ᠬᠤᠪᠢ ᠬᠤᠪᠢᠨ ᠳᠡᠭᠡᠨ ᠪᠡᠯᠡᠳᠭᠡᠵᠦ ᠠᠪᠴᠢᠷᠠᠬᠤ ᠪᠡ ᠡᠯ᠎ᠠ ᠬᠡᠶᠢᠳ ᠰᠦᠮᠡᠰ ᠠᠴᠠ ᠪᠠᠰᠠ ᠠᠭᠳᠠ ᠮᠤᠷᠢ᠂ ᠯᠠᠮᠠ ᠪᠦᠬᠡ᠂ ᠯᠠᠮᠠ ᠨᠤᠮᠦᠴᠢᠨ ᠢ ᠦᠪᠡᠷ ᠲᠡᠭᠡᠨ ᠰᠢᠯᠭᠠᠷᠠᠭᠤᠯᠤᠨ ᠠᠪᠴᠢᠷᠠᠳᠠᠭ ᠶᠤᠮ᠃ ᠡᠬᠦᠨ ᠠᠴᠠ ᠭᠠᠳᠡᠨ᠎ᠠ᠂ ᠨᠡᠶᠢᠲᠡ ᠶᠢᠨ ᠨᠠᠶᠢᠷ ᠤᠨ ᠪᠡ ᠬᠤᠪᠢ ᠬᠦᠮᠦᠨ ᠰᠠᠭᠤᠬᠤ ᠤᠷᠤᠨ ᠰᠠᠭᠤᠴᠠ ᠦᠷᠭᠦᠭᠡ ᠭᠡᠷ ᠢ ᠴᠦ ᠬᠠᠨᠭ᠍ᠭᠠᠮᠵᠢᠲᠠᠢ ᠪᠡᠯᠡᠳᠭᠡᠳᠡᠭ᠃ ᠵᠢᠱᠢᠶᠡᠯᠡᠪᠡᠯ᠂ ᠠᠷᠪᠡᠨ ᠵᠢᠷᠭᠤᠭᠠᠨ ᠲᠠᠷᠮ᠎ᠠ ᠲᠠᠢ᠂ ᠲᠦᠷᠪᠡᠨ ᠦᠨᠳᠦᠷ ᠪᠠᠭᠠᠨ᠎ᠠ ᠲᠠᠢ᠂ ᠠᠷᠪᠡᠨ ᠵᠢᠷᠭᠤᠭᠠᠨ ᠤᠬᠤᠷ ᠪᠠᠭᠠᠨ᠎ᠠ ᠲᠠᠢ ᠲᠦᠷᠦ ᠶᠢᠨ ᠨᠠᠶᠢᠷ ᠤᠨ ᠪᠠᠶᠢᠪᠠᠩᠬ᠎ᠠ ᠭᠡᠬᠦ ᠲᠤᠮᠤ ᠴᠠᠭᠠᠨ ᠦᠷᠭᠦᠭᠡ ᠶᠢ ᠨᠠᠶᠢᠷ ᠤᠨ ᠲᠠᠯᠠᠪᠡᠢ ᠶᠢᠨ ᠡᠬᠢᠨ ᠪᠠᠶᠢᠷᠢ ᠳᠤ ᠪᠠᠶᠢᠭᠤᠯᠵᠦ᠂ ᠨᠤᠶᠡᠨ ᠪᠤᠯᠤᠨ ᠲᠤᠰᠠᠯᠠᠭᠴᠢ᠂ ᠲᠦᠰᠢᠮᠡᠳ ᠤᠳ ᠤᠨ ᠨᠠᠶᠢᠷ ᠤᠨ ᠭᠡᠷ ᠪᠤᠯᠭᠠᠨ᠎ᠠ᠃ ᠱᠠᠰᠢᠨ ᠢ ᠪᠠᠳᠠᠷᠠᠭᠤᠯᠤᠭᠴᠢ ᠰᠦᠮ᠎ᠠ ᠳᠤ ᠪᠠᠶᠢᠳᠠᠭ ︽ᠲᠠᠯᠠᠢ ᠴᠠᠭᠠᠨ︾ ᠭᠡᠬᠦ ᠲᠦᠷᠪᠡᠨ ᠪᠠᠭᠠᠨ᠎ᠠ ᠲᠠᠢ ᠲᠤᠮᠦ ᠴᠠᠭᠠᠨ ᠭᠡᠷ ᠢ ᠪᠠᠶᠢᠪᠠᠩᠬ᠎ᠠ ᠶᠢᠨ ᠲᠡᠷᠭᠡᠳᠡ ᠪᠠᠷᠢᠵᠦ᠂ ᠲᠡᠭᠦᠪᠡᠷ ᠲᠠᠮᠠᠭ᠎ᠠ ᠶᠢᠨ ᠶᠠᠮᠦᠨ ᠤ  ᠤᠷᠳᠦᠨ ᠢ ᠤᠷᠤᠯᠠᠭᠤᠯᠤᠨ᠎ᠠ᠃ ᠲᠡᠭᠦᠨ ᠤ ᠲᠤᠭᠤᠷᠢᠨ ᠳᠤ ᠬᠤᠰᠢᠭᠤ ᠰᠠᠩ ᠠᠴᠠ ᠪᠡᠯᠡᠳᠭᠡᠵᠦ ᠪᠠᠷᠢᠬᠰᠠᠨ ᠨᠠᠢᠮᠠ᠂ ᠵᠢᠷᠭᠤᠭ᠎ᠠ᠂ ᠲᠦᠷᠪᠡᠨ ᠲᠠᠷᠮ᠎ᠠ ᠲᠠᠢ ᠭᠡᠷ ᠤᠳ ᠪᠠᠶᠢᠬᠤ ᠪᠦᠬᠡᠳ ᠨᠠᠶᠢᠷ ᠤᠨ ᠲᠠᠯᠠᠪᠠᠢ ᠶᠢ ᠲᠤᠭᠤᠷᠢᠭᠤᠯᠤᠭᠠᠳ ᠡᠯ᠎ᠠ ᠪᠠᠭ᠂ ᠰᠦᠮᠡᠰ ᠬᠢᠭᠡᠳ ᠠᠷᠠᠳ ᠤᠯᠠᠨ ᠤ ᠨᠠᠶᠢᠷ ᠤᠨ ᠭᠡᠷ᠂ ᠮᠠᠶᠢᠬᠠᠨ ᠨᠤᠭᠤᠳ ᠢ ᠲᠤᠭᠠᠯᠠᠰᠢ ᠦᠭᠡᠢ ᠠᠷᠪᠢᠨ ᠵᠢᠭᠰᠠᠭᠠᠨ ᠪᠠᠶᠢᠷᠢᠯᠠᠭᠤᠯᠳᠠᠭ ᠶᠤᠮ᠃ ᠡᠳᠡᠭᠡᠷ ᠤᠨ ᠲᠤᠳᠦᠷ᠎ᠠ ᠪᠠᠰᠠ ᠨᠤᠶᠡᠨ ᠤ ᠪᠠᠶᠡᠷ ᠢ ᠲᠤᠬᠢᠶᠠᠯᠳᠦᠭᠤᠯᠤᠨ᠂ ᠠᠳᠠᠨ ᠲᠡᠮᠡᠭᠡ᠂ ᠠᠭᠳᠠ ᠮᠤᠷᠢ᠂ ᠡᠳ᠋ ᠲᠠᠸᠡᠷ ᠤᠨ ᠪᠡᠯᠡᠭ ᠰᠠᠯᠳᠠᠰ ᠢᠶᠠᠨ ᠠᠪᠴᠢᠷᠡᠠ ᠨᠤᠶᠡᠨ ᠳᠤ ᠠᠶᠢᠯᠠᠳᠬᠠᠨ ᠪᠠᠷᠢᠵᠦ᠂ ᠲᠤᠰᠢᠶᠡᠯ ᠬᠡᠷᠬᠡᠮ ᠴᠤᠯᠠ᠂ ᠤᠳᠤᠭ᠎ᠠ ᠵᠢᠩᠰᠡ ᠤᠯᠬᠤ ᠪᠠᠷ ᠭᠤᠶᠥᠴᠢᠯᠠᠳᠠᠭ ᠬᠦᠮᠦᠰ ᠴᠦ ᠪᠠᠶᠢᠳᠠᠭ  ᠪᠢᠯᠡ᠃            ᠨᠠᠶᠢᠷ ᠲᠤ ᠵᠤᠷᠢᠭᠤᠯᠤᠭᠰᠠᠠ ᠬᠦᠭᠵᠢᠮ ᠴᠡᠩᠭᠡᠯᠭᠡ ᠶᠢᠨ ᠪᠡᠯᠡᠳᠭᠡᠯ ᠤᠳ ᠲᠤ᠂ ᠨᠤᠶᠠᠨ ᠤ ᠪᠠᠶᠡᠷ ᠲᠤ ᠡᠷᠭᠦᠭᠦ ᠨᠠᠶᠢᠷ ᠤᠨ ᠲᠠᠭᠤᠴᠢᠨ ᠪᠤᠯᠬᠤ ᠲᠦᠷᠦ ᠶᠢᠨ ᠬᠦᠮᠦᠨ ᠵᠢᠷᠭᠤᠭ᠎ᠠ ᠶᠢ ᠰᠤᠩᠭᠤᠵᠦ ᠲᠤᠮᠢᠯᠠᠭᠠᠳ᠂ ᠲᠦᠷᠦ ᠶᠢᠨ ᠨᠠᠶᠢᠷ ᠲᠡᠭᠡᠷ᠎ᠠ ᠲᠤᠭᠳᠠᠭᠠᠯ ᠲᠠᠢ ᠲᠠᠭᠤᠯᠠᠳᠠᠭ ᠨᠠᠢᠮᠠᠨ ᠲᠠᠭᠤᠦ ︵︽ᠦᠡᠭ ᠦᠷᠭᠡᠨ ᠠᠯᠠᠱᠠ︾᠂ ︽ᠦᠯᠡᠮᠵᠢ  ᠪᠤᠶᠠᠨ︾ ᠂ ︽ᠠᠷᠪᠡᠨ ᠴᠠᠭᠠᠨ ᠪᠤᠶᠡᠨ︾᠂ ︽ᠨᠠᠢᠮᠠᠨ ᠠᠷᠰᠠᠯᠠᠩᠲᠦ︾᠂ ︽ᠴᠤᠭᠴᠠᠯᠠᠭᠰᠠᠠ ᠪᠤᠶᠡᠠ︾᠂ ︽ ᠦᠭᠡᠳᠡᠯᠡᠵᠦ ᠶᠠᠪᠦᠯ᠎ᠠ︾᠂ ︽ᠡᠷᠳᠡᠨᠢ ᠶᠢᠨ ᠴᠤᠭᠳᠦ ᠰᠦᠮᠪᠦᠷ ᠠᠭᠤᠯᠠ︾᠂ ︽ᠱᠠᠰᠢᠨ ᠲᠦᠷᠦ︾︶ ᠶᠢ ᠲᠠᠰᠬᠠᠨ ᠪᠤᠯᠪᠠᠰᠦᠷᠠᠭᠤᠯᠤᠨ᠎ᠠ᠃ ᠲᠠᠭᠤᠤ ᠳᠤ ᠬᠠᠪᠰᠦᠷᠬᠤ ᠪᠡ ᠲᠤᠰᠬᠠᠢ ᠴᠡᠩᠭᠡᠯᠭᠡ ᠶᠢᠨ ᠬᠦᠭᠵᠢᠮᠴᠢᠨ ᠠᠷᠪᠡᠨ ᠵᠢᠷᠭᠤᠭᠠᠨ ᠬᠦᠮᠦᠨ ᠢ ᠬᠠᠮᠳᠦ ᠳᠤᠨᠢ ᠪᠤᠯᠪᠠᠰᠦᠷᠠᠭᠤᠯᠳᠠᠭ ᠪᠦᠭᠡᠳ ᠬᠦᠭᠵᠢᠮ ᠤᠨ ᠬᠡᠷᠡᠭᠰᠡᠯ ᠤᠳ ᠨᠢ ᠠᠷᠠᠳ ᠤᠨ ᠨᠠᠶᠢᠷᠡᠯ ᠬᠦᠭᠵᠢᠮ ᠤᠨ ᠵᠦᠢᠯᠡᠰ ᠪᠠᠶᠢᠵᠦ᠂ ᠲᠡᠷᠡᠭᠦ ᠬᠦᠭᠵᠢᠮ ᠤᠨ ᠨᠡᠷ᠎ᠠ ᠶᠢ ᠬᠢᠳᠠᠳ ᠢᠶᠠᠷ ︽八卦︾ ᠭᠡᠵᠦ᠂  ᠮᠤᠩᠭᠤᠯ ᠢᠶᠠᠷ ︽ᠨᠠᠢᠮᠠᠨ ᠬᠦᠯᠢᠯ ᠤᠨ ᠬᠦᠭᠵᠢᠮ︾᠂ ᠬᠤᠯᠤ᠂ ᠰᠢᠷᠤᠢ᠂ ᠠᠷᠠᠰᠦ᠂ ᠮᠤᠳᠦ᠂ ᠴᠢᠯᠠᠭᠤ᠂ ᠠᠯᠳᠡ᠂  ᠰᠢᠷᠭᠡᠭ᠂ ᠬᠤᠯᠤᠰᠦᠨ ᠮᠤᠳᠦ ᠬᠡᠮᠡᠨ ᠨᠡᠷᠡᠯᠡᠨ᠎ᠠ᠃            ᠦᠷᠡᠰ ᠤᠨ ᠪᠤᠢ ᠪᠦᠬᠦᠢ ᠪᠡᠯᠡᠳᠭᠡᠯ ᠢ ᠴᠦᠮ ᠴᠢᠩᠭ᠎ᠠ ᠨᠢᠮᠪᠠᠢ ᠤᠳᠦᠷᠢᠳᠦᠯᠭ᠎ᠠ᠂ ᠵᠤᠬᠢᠶᠡᠨ ᠪᠠᠶᠢᠭᠤᠯᠤᠯᠲᠡ ᠲᠠᠢ ᠪᠠᠷ ᠵᠢᠯᠤᠭᠤᠳᠴᠦ᠂ ᠠᠵᠢᠷᠭ᠎ᠠ ᠶᠢᠨ ᠤᠷᠤᠯᠳᠦᠭᠠᠨ ᠢ ᠲᠠᠭᠠᠭᠠᠬᠤ ᠲᠦᠰᠢᠮᠡᠳ᠂ ᠦᠷᠭᠦᠭᠡ ᠲᠠᠭᠠᠭᠠᠬᠤ ᠲᠦᠰᠢᠮᠡᠳ᠂ ᠨᠠᠶᠢᠷ ᠬᠦᠭᠵᠢᠮ ᠲᠠᠭᠠᠭᠠᠬᠤ ᠲᠦᠰᠢᠮᠡᠳ᠂ ᠠᠳᠦᠭᠤᠨ ᠤ ᠴᠡᠭᠡ ᠲᠠᠭᠠᠭᠠᠬᠤ ᠲᠦᠰᠢᠮᠡᠳ᠂ ᠤᠭᠤᠴᠠ ᠰᠢᠭᠦᠰᠦ ᠲᠠᠭᠠᠭᠠᠬᠤ ᠲᠦᠰᠢᠮᠡᠳ ᠵᠡᠷᠭᠡ ᠪᠠᠷ ᠲᠤᠰ ᠲᠤᠰ ᠬᠠᠷᠢᠭᠤᠴᠠᠭᠤᠯᠵᠦ᠂ ᠪᠤᠳᠠᠲᠠᠢ ᠡᠭᠦᠷᠭᠡ  ᠬᠦᠢᠢᠴᠡᠳᠭᠡᠭᠴᠢ ᠶᠢ ᠬᠦᠷᠤᠯᠴᠡᠬᠦ᠋ᠢᠴᠡ ᠲᠤᠬᠢᠷᠠᠭᠤᠯᠤᠨ᠎ᠠ᠃            ᠶᠡᠭᠡ ᠦᠷᠡᠰ ᠤᠨ ᠤᠷᠢᠳ ᠡᠳᠦᠷ ᠲᠤ᠂ ᠨᠤᠶᠡᠨ ᠲᠡᠷᠢᠭᠦᠯᠡᠨ ᠲᠦᠰᠢᠮᠡᠳ ᠲᠠᠶᠠᠭᠠᠷ ᠴᠤᠭᠯᠠᠷᠠᠵᠦ᠂ ᠮᠤᠷᠢ  ᠤᠷᠤᠯᠳᠦᠨ ᠠᠳᠦᠭᠤᠨ ᠤ ᠴᠡᠭᠡᠨ ᠤ ᠢᠷᠤᠭᠡᠯ ᠢᠶᠠᠨ ᠲᠠᠯᠪᠢᠵᠦ᠂ ᠠᠳᠦᠭᠤ ᠪᠠᠨ ᠰᠤᠯᠠᠯᠠᠵᠦ ᠶᠠᠪᠤᠭᠤᠯᠤᠨ᠎ᠠ᠃      ᠭᠤᠷᠪᠡ᠂ ᠶᠡᠭᠡ ᠦᠷᠡᠰ            ᠶᠡᠭᠡ ᠦᠷᠡᠰ ᠤᠨ ᠡᠳᠦᠷ ᠤᠨ ᠦᠷᠯᠦᠬᠡ ᠡᠷᠳᠡ ᠪᠠᠶᠢᠪᠠᠩᠬ᠎ᠠ ᠶᠢᠨ ᠡᠭᠦᠳᠡᠨ ᠲᠡᠭᠡᠷ᠎ᠠ ᠸᠠᠩ ᠤᠨ ᠶᠡᠭᠡ  ᠵᠢᠭᠰᠠᠭᠠᠯ ᠵᠢᠭᠰᠠᠵᠦ᠂ ᠨᠤᠶᠡᠨ ᠬᠠᠳᠦᠨ ᠬᠤᠶᠠᠭᠤᠯᠠ ᠲᠦᠷᠦ ᠶᠢᠨ ᠬᠤᠪᠴᠠᠰᠦ᠂ ᠮᠠᠯᠠᠭᠠᠢ ᠪᠠᠷ ᠲᠤᠰ ᠲᠤᠰ ᠵᠠᠰᠠᠵᠦ ᠭᠤᠶᠤᠯᠠᠭᠠᠳ ᠪᠠᠶᠢᠪᠠᠩᠬ᠎ᠠ ᠶᠢᠨ ᠲᠦᠪ ᠲᠤ ᠪᠤᠭᠤ ᠶᠢᠨ ᠡᠪᠡᠷ ᠢᠶᠠᠷ ᠰᠡᠶᠢᠯᠡᠵᠦ ᠬᠢᠭᠰᠡᠡ ᠡᠷᠳᠡᠨᠢ ᠶᠢᠨ ᠰᠠᠭᠤᠳᠠᠯᠳᠤ ᠰᠠᠨᠳᠠᠯᠢ ᠲᠡᠭᠡᠷ᠎ᠠ ᠰᠠᠭᠤᠨ᠎ᠠ᠃ ᠲᠡᠭᠡᠭᠡᠳ ᠨᠤᠶᠠᠨ ᠤ ᠦᠯᠡᠮᠵᠢ ᠪᠠᠳᠦᠳᠬᠠᠬᠤ ᠪᠠᠶᠡᠷ ᠤᠨ ᠪᠡᠯᠡᠭ ᠰᠡᠯᠳᠡᠰ ᠢ ᠲᠡᠰ ᠲᠠᠷᠠᠭᠠᠯᠠᠨ ᠬᠦᠷᠭᠡᠨ᠎ᠠ᠃ ᠪᠡᠯᠡᠭ ᠬᠦᠷᠭᠡᠬᠦ ᠶᠤᠰᠦᠯᠠᠯ ᠤᠨ ᠲᠦᠰᠢᠮᠡᠳ ᠤᠳ ᠲᠦᠷᠦ ᠶᠢᠨ ᠬᠤᠪᠴᠠᠰᠦ ᠪᠠᠨ ᠡᠮᠦᠰᠦᠭᠡᠳ ᠲᠦᠷᠦ ᠶᠢᠨ ᠡᠷᠢᠭᠡ ᠵᠡᠭᠦᠵᠦ᠂ ᠲᠦᠪ ᠬᠢᠴᠢᠶᠡᠩᠭᠦᠢ ᠶᠤᠰᠦ ᠶᠢ ᠬᠦᠢᠴᠡᠳᠭᠡᠵᠦ᠂ ᠪᠡᠯᠡᠭ ᠤᠨ ᠶᠤᠰᠦᠯᠡᠯ ᠢᠶᠠᠨ ᠡᠬᠢᠯᠡᠭᠦᠯᠳᠡᠭ ᠶᠤᠮ᠃ ᠪᠡᠯᠡᠭ ᠤᠨ ᠲᠡᠰ ᠲᠠᠷᠠᠭᠠᠯᠠᠯ ᠢ ︽ᠶᠢᠰᠦᠨ ᠶᠢᠰᠦ︾ ᠪᠠᠷ ᠬᠦᠢᠴᠡᠳᠭᠡᠵᠦ᠂ ᠨᠢᠭᠡᠳᠦᠭᠡᠷ ᠲᠤᠨᠢ ᠲᠦᠰᠢᠮᠡᠳ ᠤᠳ ᠠᠴᠠ ᠪᠠᠶᠡᠷ ᠤᠨ ᠪᠡᠯᠡᠭ ᠬᠦᠷᠭᠡᠨ᠎ᠠ᠃ ᠲᠡᠭᠦᠨ ᠤ ᠲᠡᠰ ᠲᠠᠷᠠᠭ᠎ᠠ ᠨᠢ᠄           ᠨᠢᠭᠡᠳᠦᠭᠡᠷ ᠲᠤ᠂ ᠨᠠᠰᠦᠨ ᠪᠠᠶᠡᠷ ᠤᠨ ᠵᠤᠭᠤᠭ           ᠬᠤᠶᠠᠳᠦᠭᠠᠷ ᠲᠤ᠂ ᠴᠠᠢ ᠶᠢᠰᠦ           ᠭᠤᠷᠪᠠᠳᠦᠭᠠᠷ ᠲᠤ᠂ ᠮᠦᠡᠭᠭᠦᠨ ᠶᠤᠸᠠᠮᠪᠦᠦ ᠶᠢᠰᠦ           ᠲᠦᠷᠪᠡᠳᠦᠭᠡᠷ ᠲᠤ᠂ ᠮᠤᠷᠢ ᠶᠢᠰᠦ           ᠲᠠᠪᠦᠳᠦᠭᠠᠷ ᠲᠤ᠂ ᠲᠡᠮᠡᠭᠡ ᠶᠢᠰᠦ           ᠵᠢᠷᠭᠤᠳᠦᠭᠠᠷ ᠲᠤ᠂ ᠬᠤᠨᠢ ᠶᠢᠰᠦ           ᠲᠤᠯᠤᠳᠦᠭᠠᠷ ᠲᠤ᠂ ᠲᠤᠷᠭ᠎ᠠ ᠶᠢᠰᠦᠨ ᠵᠠᠬ᠎ᠠ           ᠨᠠᠢᠮᠠᠳᠦᠭᠠᠷ ᠲᠤ᠂ ᠤᠯᠪᠤᠭ ᠲᠦᠰᠢᠯᠭᠡ           ᠶᠢᠰᠦᠳᠦᠭᠡᠷ ᠲᠤ᠂ ᠪᠦᠬᠦᠳᠡᠭᠡᠷ ᠶᠢᠨ ᠬᠠᠳᠠᠭ ᠪᠠᠷᠢᠵᠦ ᠮᠦᠷᠭᠦᠨ᠎ᠠ᠃     ᠬᠤᠶᠠᠳᠦᠭᠠᠷ ᠲᠤᠨᠢ᠂ ᠭᠡᠭᠡᠨ ᠱᠠᠪᠷᠦᠩ ᠤᠳ ᠠᠴᠠ ᠪᠠᠶᠡᠷ ᠤᠨ ᠪᠡᠯᠡᠭ ᠬᠦᠷᠭᠡᠨ᠎ᠠ᠃ ᠭᠤᠷᠪᠠᠳᠦᠭᠠᠷ ᠲᠤᠨᠢ᠂ ᠡᠪᠦᠭᠡ ᠠᠪᠦ᠂ ᠡᠮᠡᠭᠡ ᠡᠵᠢ᠂ ᠬᠠᠳᠦᠨ᠂ ᠦᠬᠢᠨ ᠪᠠᠶᠡᠷ ᠬᠦᠷᠭᠡᠨ᠎ᠠ᠃ ᠲᠦᠷᠪᠡᠳᠦᠭᠡᠷ ᠲᠤᠨᠢ᠂ ᠨᠠᠢᠮᠠᠨ ᠶᠡᠭᠡ ᠬᠡᠶᠢᠳ ᠠᠴᠠ ᠪᠠᠶᠡᠷ ᠬᠦᠷᠭᠡᠨ᠎ᠠ᠃ ᠲᠠᠪᠦᠳᠦᠭᠠᠷ ᠲᠤᠨᠢ᠂ ᠭᠤᠴᠢᠨ ᠵᠢᠷᠭᠤᠭᠠᠨ ᠪᠠᠭ ᠠᠴᠠ ᠪᠠᠶᠡᠷ ᠬᠦᠷᠭᠡᠨ᠎ᠠ᠃ ᠵᠢᠷᠭᠤᠳᠦᠭᠠᠷ ᠲᠤᠨᠢ᠂ ᠤᠯᠠᠨ ᠰᠦᠮᠡᠰ ᠠᠴᠠ ᠪᠠᠶᠡᠷ ᠬᠦᠷᠭᠡᠨ᠎ᠠ᠃ ᠲᠤᠯᠤᠳᠦᠭᠠᠷ ᠲᠤᠨᠢ᠂ ᠬᠤᠳᠠᠯᠳᠦᠭᠠᠨ ᠤ ᠬᠢᠨ ᠪᠠᠶᠡᠷ ᠠᠴᠠ ᠬᠦᠷᠭᠡᠨ᠎ᠠ᠃ ᠨᠠᠢᠮᠠᠳᠦᠭᠠᠷ ᠲᠤᠨᠢ᠂ ᠰᠤᠯᠠ ᠵᠡᠷᠭᠡᠳᠠᠠ᠂ ᠡᠯ᠎ᠠ ᠦᠨᠳᠦᠰᠦᠲᠡᠨ ᠤ ᠬᠠᠷ᠎ᠠ ᠰᠢᠷ᠎ᠠ ᠠᠷᠠᠳ ᠢᠷᠭᠡᠳ ᠪᠠᠶᠡᠷ ᠬᠦᠷᠭᠡᠵᠦ  ᠲᠠᠩᠰᠤᠭ ᠮᠡᠨᠳᠡᠯ ᠬᠦᠷᠭᠡᠨ᠎ᠠ᠃ ᠪᠠᠶᠡᠷ ᠤᠨ ᠵᠢᠭᠰᠠᠭᠠᠯ ᠲᠡᠭᠦᠰᠦᠭᠰᠡᠡ ᠤ ᠲᠠᠷᠠᠭ᠎ᠠ᠂ ᠠᠵᠢᠷᠭ᠎ᠠ ᠤᠷᠤᠯᠳᠦᠨ᠎ᠠ᠃ ᠢᠡᠭᠭᠢᠬᠦ ᠳᠡᠭᠡᠨ ᠨᠠᠶᠠᠨ ᠠᠵᠢᠷᠭ᠎ᠠ ᠶᠢ ᠭᠤᠴᠢ ᠪᠠᠷ ᠲᠠᠰᠦᠯᠠᠵᠦ᠂ ᠮᠠᠩᠯᠠᠢ ᠠᠵᠢᠷᠭ᠎ᠠ ᠶᠢᠨ ᠱᠠᠩᠨᠠᠯ ᠤᠨ ᠭᠡᠰᠢᠭ ᠲᠤ ᠮᠤᠷᠢ ᠪᠠᠷ ᠲᠦᠷᠦᠭᠦᠯᠡᠭᠦᠯᠦᠭᠰᠡᠡ ᠶᠢᠰᠦᠨ ᠵᠦᠢᠯ ᠤᠨ ᠱᠠᠩᠨᠠᠯ ᠪᠠᠶᠢᠳᠠᠭ᠃                                                                             ᠵᠣᠬᠢᠶᠠᠭᠴᠢ᠄  ᠳ᠋ᠠᠰᠢᠴᠡᠷᠡᠨ
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号