ᠡᠵᠠᠨ᠎ᠠ ᠬᠤᠰᠢᠭᠤᠨ ᠤ ᠲᠦᠪ ᠲᠠᠯᠠᠶᠢᠬᠦ᠋ᠪ ᠪᠠᠯᠭᠠᠰᠤ ᠠᠴᠠ ᠵᠠᠬᠦᠠᠰᠢ 26 ᠺᠢᠯᠦᠮᠧᠲᠷ ᠲᠠᠬᠢ ᠰᠤᠪᠨᠠᠭᠤᠷ | ᠰᠤᠮᠤᠨ ᠤ ᠶᠠᠪᠤᠤᠳᠤ ᠭᠠᠴᠠᠭᠠᠨ ᠤ ᠨᠤᠳᠤᠭ ᠲᠤ ᠪᠠᠶᠢᠭ᠎ᠠ ᠰᠠᠬᠢᠭᠤᠯᠰᠤᠨ ᠲᠤᠤᠷᠠᠢ ᠪᠤᠯ ᠡᠵᠠᠨ᠎ᠠ ᠨᠤᠳᠤᠭ ᠤᠨ 33 | ᠲᠦᠮᠠᠨ ᠮᠦ ᠲᠤᠤᠷᠠᠢ ᠶᠢᠨ ᠲᠤᠳᠤᠷ᠎ᠠ ᠡᠷᠳᠠᠨ ᠠᠴᠠ ᠦᠯᠠᠳᠡᠭᠰᠠᠨ ᠬᠠᠮᠤᠭ ᠦᠡᠳᠤᠷ᠂ ᠬᠠᠮᠤᠭ ᠪᠦᠳᠤᠬᠦᠨ ᠭᠠᠭᠴᠠ | ᠲᠤᠤᠷᠠᠢ ᠭᠡᠵᠠᠭᠡᠳᠡᠭ ᠶᠤᠮ᠃ ᠡᠨᠡ ᠲᠤᠤᠷᠠᠢ ᠦᠡᠳᠤᠷ ᠢᠶᠠᠷ 27 ᠮᠧᠲᠷ᠂ ᠪᠦᠳᠤᠬᠦᠨ ᠤ ᠲᠤᠭᠤᠷᠢᠭ ᠤᠨ | ᠭᠡᠮᠵᠢᠶ᠎ᠠ ᠨᠢ 3.4 ᠮᠧᠲᠷ᠂ ᠲᠠᠪᠤᠨ ᠬᠦᠮᠤᠨ ᠭᠠᠷ ᠭᠠᠷ ᠢᠶᠠᠨ ᠬᠤᠯᠪᠤᠪᠠᠯ ᠪᠦᠳᠤᠨ ᠲᠠᠪᠠᠷᠢᠵᠤ ᠲᠠᠶᠢᠯᠤᠨ᠎ᠠ᠃ | ᠮᠤᠳᠤᠨ ᠤ ᠲᠤᠰᠬᠠᠢ ᠮᠠᠷᠭᠡᠵᠢᠯᠳᠠᠨ ᠤ ᠦᠵᠠᠬᠦ ᠪᠠᠷ᠂ ᠡᠨᠡ ᠲᠤᠤᠷᠠᠢ ᠭᠤᠤᠯ ᠲᠤᠮᠳᠠ ᠪᠠᠨ ᠬᠦᠡᠳᠠᠢ ᠪᠤᠯᠤᠭᠰᠠᠨ | ᠤᠴᠢᠷ ᠤᠨᠤᠪᠴᠢᠳᠠᠢ ᠨᠠᠰᠤ ᠶᠢ ᠨᠢ ᠨᠤᠳᠠᠯᠠᠨ ᠲᠤᠭᠳᠠᠭᠠᠬᠤ ᠠᠷᠭ᠎ᠠ ᠦᠭᠡᠢ᠂ ᠪᠠᠷᠤᠭᠯᠠᠪᠠᠯ 400 ᠭᠠᠷᠤᠢ | ᠨᠠᠰᠤ ᠲᠠᠢ ᠭᠡᠳᠡᠭ᠃ ᠤᠳᠤ ᠵᠠᠷᠢᠮ ᠬᠦᠮᠤᠰ ᠭᠠᠳᠠᠨ᠎ᠠ ᠶᠢᠨ ᠵᠢᠭᠤᠯᠴᠢᠯᠠᠭᠴᠢᠤᠨ ᠤᠨ ᠰᠤᠨᠢᠷᠬᠠᠯ ᠢ ᠲᠠᠳᠠᠬᠤ ᠭᠡᠵᠤ | ᠡᠨᠡ ᠲᠤᠤᠷᠠᠢ ᠶᠢ ︽880 ᠵᠢᠯ ᠤᠨ ᠨᠠᠰᠤ ᠲᠠᠢ︾᠂ ︽1000 ᠵᠢᠯ ᠤᠨ ᠨᠠᠰᠤ ᠲᠠᠢ︾ ᠭᠡᠬᠦ ᠮᠠᠳᠤᠴᠢᠯᠠᠨ | ᠶᠠᠷᠢᠵᠤ ᠪᠢᠴᠢᠵᠤ ᠪᠠᠶᠢᠭ᠎ᠠ ᠨᠢ ᠰᠢᠡᠵᠢᠯᠠᠬᠦ ᠤᠬᠠᠭᠠᠨ ᠤ ᠦᠡᠳᠤᠰᠤᠯᠠᠯ ᠲᠠᠢ ᠡᠰᠠᠬᠦ ᠶᠢ ᠴᠢᠨᠠᠭᠰᠢᠳᠠ ᠰᠤᠳᠤᠯᠤᠨ | ᠪᠤᠳᠤᠭᠤᠰᠢᠳᠠᠢ᠃ | ᠡᠵᠠᠨ᠎ᠠ ᠶᠢᠨ ᠮᠤᠩᠭᠤᠯᠴᠤᠤᠨ ᠡᠷᠳᠠ ᠲᠠᠭᠡᠳᠤ ᠦᠶ᠎ᠠ ᠠᠴᠠ ᠡᠨᠡ ᠲᠤᠤᠷᠠᠢ ᠪᠠᠨ ︽ᠰᠠᠷᠬᠢᠷᠤᠤ ᠶᠢᠨ ᠭᠠᠭᠴᠠ | ᠲᠤᠤᠷᠠᠢ︾ ᠭᠡᠳᠡᠭ ᠪᠠᠶᠢᠵᠠᠢ᠃ ᠨᠤᠳᠤᠭ ᠤᠨ ᠮᠤᠩᠭᠤᠯᠴᠤᠤᠨ᠂ ᠭᠡᠪᠢᠯᠭᠡ ᠲᠠᠢ ᠮᠠᠯ ᠤᠨ ᠮᠠᠭᠤ ᠰᠠᠷᠬᠢᠨᠠᠭ ᠤᠨ | ᠤᠯᠠᠨ ᠲᠠᠪᠬᠤᠷᠭ᠎ᠠ ᠶᠢ ︽ᠰᠠᠷᠬᠢᠷᠤᠤ︾ ᠭᠡᠵᠤ ᠭᠡᠯᠠᠳᠡᠭ᠃ ᠡᠨᠡ ᠲᠤᠤᠷᠠᠢ ᠶᠢᠨ ᠡᠷᠬᠢᠨ ᠲᠤᠭᠤᠷᠢᠨ ᠤ ᠭᠠᠵᠠᠷ ᠤᠨ | ᠭᠠᠳᠠᠷᠭᠤ ᠨᠢ ᠤᠳᠠᠭᠠᠨ ᠤᠨ ᠤ ᠰᠠᠯᠬᠢᠨ ᠪᠤᠷᠤᠭᠠᠨ ᠳᠤ ᠢᠳᠡᠭᠳᠠᠵᠤ ᠦᠶᠠᠯᠠᠨ ᠲᠠᠪᠬᠤᠷᠯᠠᠭᠰᠠᠨ ᠭᠡᠯᠪᠠᠷᠢ ᠲᠠᠢ | ᠪᠤᠯᠵᠤ ᠰᠠᠷᠬᠢᠨᠠᠭ ᠤᠨ ᠲᠠᠪᠬᠤᠷᠭ᠎ᠠ ᠮᠠᠳᠤ ᠬᠠᠷᠠᠭᠳᠠᠳᠠᠭ ᠲᠤᠯᠠᠳᠠ ᠲᠠᠶᠢᠨ ᠬᠦ ᠨᠠᠷᠠᠯᠡᠭᠰᠠᠨ ᠭᠡᠳᠡᠭ ᠲᠠᠶᠢᠯᠪᠤᠷᠢ ᠶᠢ | ᠨᠠᠰᠤᠳᠠᠶᠢᠴᠤᠤᠨ ᠤᠳᠤ ᠬᠦᠷᠳᠠᠯ᠎ᠠ ᠤᠯᠠᠮᠵᠢᠯᠠᠵᠤ ᠪᠠᠶᠢᠳᠠᠭ᠃ | 1944 ᠤᠨ ᠳᠤ ᠡᠵᠠᠨ᠎ᠠ ᠬᠤᠰᠢᠭᠤᠨ ᠤ ᠠᠷᠪᠠᠨ ᠬᠤᠶᠠᠳᠤᠭᠠᠷ ᠵᠠᠰᠠᠭ ᠨᠤᠶᠠᠨ ᠯᠾᠠᠸᠠᠩᠵᠠᠪ᠂ ᠯᠠᠮᠨ | ᠵᠠᠯᠠᠵᠤ ᠡᠨᠡ ᠲᠤᠤᠷᠠᠢ ᠶᠢ ᠠᠩᠬ᠎ᠠ ᠰᠠᠳᠠᠷᠯᠡᠭᠰᠠᠨ ︵ᠤᠡᠭᠭᠤᠯᠠᠭᠰᠠᠨ︶ ᠠᠴᠠ ᠬᠤᠶᠢᠰᠢ ᠨᠤᠳᠤᠭ ᠤᠨ ᠮᠤᠩᠭᠤᠯᠴᠤᠤᠨ | ︽ᠤᠡᠭᠭᠤᠨ ᠲᠤᠤᠷᠠᠢ︾ ᠭᠡᠳᠡᠭ ᠲᠠᠷᠬᠠᠨ ᠬᠦᠡᠳᠤᠳᠠᠢ ᠨᠠᠷᠠ ᠦᠭᠴᠤ᠂ ᠲᠠᠬᠢᠨ ᠰᠢᠳᠤᠵᠤ ᠢᠷᠡᠭᠰᠠᠨ ᠲᠤᠯᠠᠳᠠ | ᠬᠤᠯᠨ ᠤᠶᠢᠷ᠎ᠠ ᠶᠢᠨ ᠬᠢᠨ ᠤ ᠠᠩᠬᠠᠷᠤᠯ ᠰᠤᠨᠢᠷᠬᠠᠯ ᠢ ᠲᠠᠳᠠᠵᠤ᠂ ᠵᠤᠬᠢᠶᠠᠯᠴᠢᠤᠨ᠂ ᠵᠢᠷᠤᠭᠴᠢᠤᠨ ᠤᠨ ᠵᠤᠬᠢᠶᠠᠨ | ᠪᠦᠳᠤᠭᠡᠬᠦ ᠰᠠᠳᠤᠪᠯᠠᠬᠦᠨ ᠪᠤᠯᠤᠭᠰᠠᠭᠠᠷ ᠪᠠᠶᠢᠵᠠᠢ᠃ | ᠵᠢᠱᠢᠶᠠᠯᠠᠪᠠᠯ᠄ 1961 ᠤᠨ ᠳᠤ ︽ᠦᠪᠤᠷ ᠮᠤᠩᠭᠤᠯ ᠤᠨ ᠪᠠᠶᠢᠯᠳᠤᠭᠴᠢ︾ ᠰᠠᠤᠡᠬᠦᠯ ᠤᠨ ᠨᠠᠶᠢᠷᠠᠭᠤᠯᠤᠭᠴᠢ | ᠰᠢᠷᠠᠪᠵᠠᠮᠰᠤ ᠭᠡᠭᠴᠢ ᠬᠦᠮᠤᠨ ᠡᠵᠠᠨ᠎ᠠ ᠳᠤ ᠢᠷᠠᠵᠤ᠂ ᠰᠠᠷᠬᠢᠷᠤᠤ ᠶᠢᠨ ᠭᠠᠭᠴᠠ ᠲᠤᠤᠷᠠᠢ ᠶᠢ ᠰᠤᠨᠢᠷᠬᠠᠵᠤ ︽ | ᠮᠦᠡᠭᠭᠡ ᠲᠤᠷᠠᠤᠠᠬᠠᠯ︾ ᠭᠡᠬᠦ ᠭᠠᠷᠴᠠᠭ ᠲᠠᠢ ᠰᠢᠯᠦᠭ ᠪᠢᠴᠢᠵᠠᠢ᠃ ᠲᠤᠰ ᠰᠢᠯᠦᠭ ᠲᠤ ᠰᠠᠷᠬᠢᠷᠤᠤ ᠶᠢᠨ ᠭᠠᠭᠴᠠ | ᠲᠤᠤᠷᠠᠢ ᠶᠢ᠄ ᠡᠷᠳᠠᠨ ᠤ ᠲᠤᠮᠤᠭ ᠢ ᠬᠠᠳᠠᠭᠠᠯᠠᠭᠰᠠᠨ᠂ ᠡᠵᠠᠨ᠎ᠠ ᠶᠢᠨ ᠲᠤᠷᠠᠰᠬᠠᠯ ᠪᠤᠯᠤᠨ ᠤᠯᠠᠮᠵᠢᠯᠠᠭᠳᠠᠭᠰᠠᠨ᠂ | ᠡᠳᠤᠭᠡ ᠶᠢᠨ ᠬᠦᠭᠵᠢᠯ ᠳᠤ ᠴᠢᠮᠡᠭᠯᠠᠨ᠂ ᠡᠷᠭᠡ ᠴᠢᠯᠤᠭᠡᠨ ᠤ ᠵᠦᠭ ᠮᠦᠰᠢᠶᠡᠭᠰᠠᠨ᠂ ᠢᠵᠢᠯᠢ ᠭᠤᠷᠪᠠ ᠶᠢᠨ ᠨᠢᠭᠡ᠂ | ᠰᠠᠷᠬᠢᠷᠤᠤ ᠶᠢᠨ ᠭᠠᠭᠴᠠ ᠮᠤᠳᠤ᠂ ᠡᠵᠢ ᠶᠢᠨ ᠮᠢᠨᠢ ᠲᠦᠷᠢ ᠶᠢ ᠰᠢᠩᠭᠡᠭᠡᠭᠰᠠᠨ᠂ ᠰᠠᠴᠤᠷᠠᠩᠭᠤᠢ ᠭᠠᠨᠭ᠍ᠭᠠᠡᠭ ᠲᠤᠤᠷᠠᠢ | ᠭᠡᠮᠠᠨ ᠮᠠᠭᠳᠠᠨ ᠰᠢᠯᠦᠭᠯᠠᠵᠠᠢ᠃1966 ᠤᠨ ᠳᠤ ᠡᠬᠢᠯᠡᠭᠰᠠᠨ ︽ᠰᠤᠶᠤᠯ ᠤᠨ ᠶᠡᠭᠡ ᠬᠤᠪᠢᠰᠬᠠᠯ︾ ᠤᠨ ᠤᠯᠤᠰ | ᠲᠦᠷᠤ ᠶᠢᠨ ᠰᠠᠮᠠᠭᠤᠷᠠᠯ ᠲᠤᠮᠳᠠ ᠠᠷᠠᠤᠨ ᠤᠨ ᠤᠯᠠᠮᠵᠢᠯᠠᠯᠳᠤ ᠰᠤᠶᠤᠯ ᠤᠨ ᠦᠪ ᠢ ᠲᠦᠢᠮᠠᠷᠳᠠᠨ ᠪᠠᠯᠠᠯᠠᠵᠤ | ᠪᠠᠶᠢᠭᠰᠠᠨ ᠲᠠᠤᠭᠡᠨ ᠴᠠᠭ ᠦᠶ᠎ᠠ ᠳᠤ ︽ᠰᠠᠷᠬᠢᠷᠤᠤ︾᠂ ︽ᠤᠡᠭᠭᠤᠨ︾ ᠭᠡᠳᠡᠭ ᠦᠭᠡ ᠶᠢ ︽ᠲᠦᠷᠪᠠᠨ | ᠬᠠᠭᠤᠴᠢᠨ ᠤ ᠨᠠᠷᠠ︾᠂ ︽ᠮᠤᠬᠤᠷ ᠪᠢᠰᠢᠷᠠᠯ︾ ᠭᠡᠮᠠᠨ ᠰᠢᠬᠦᠮᠵᠢᠯᠡᠭᠰᠠᠨᠡᠴᠠ ᠮᠤᠩᠭᠤᠯᠴᠤᠤᠨ ᠡᠨᠡ ᠲᠤᠤᠷᠠᠢ ᠪᠠᠨ | ︽ᠭᠠᠭᠴᠠ ᠲᠤᠤᠷᠠᠢ︾᠂ ︽ᠪᠦᠳᠤᠬᠦᠨ ᠲᠤᠤᠷᠠᠢ︾ ᠭᠡᠵᠤ ᠨᠠᠷᠠᠯᠠᠵᠤ ᠪᠠᠶᠢᠪᠠ᠃ 2001 ᠤᠨ ᠤ 10 | ᠰᠠᠷ᠎ᠠ ᠶᠢᠨ 8 ᠤ ᠡᠳᠤᠷ᠂ ᠡᠵᠠᠨ᠎ᠠ ᠬᠤᠰᠢᠭᠤᠨ ᠤ ᠵᠠᠰᠠᠭ ᠤᠨ ᠤᠷᠳᠤᠨ ᠤ ᠵᠦᠪᠰᠢᠶᠠᠷᠠᠯ ᠢᠶᠠᠷ ᠲᠤᠰ ᠬᠤᠰᠢᠭᠤᠨᠤ | ᠰᠤᠪᠨᠠᠭᠤᠷ ᠰᠤᠮᠤᠨᠤ ᠲᠠᠮᠪᠠᠷᠠᠯ ᠭᠡᠳᠡᠭ ᠮᠠᠯᠴᠢᠨ ᠰᠠᠷᠬᠢᠷᠤᠤ ᠶᠢᠨ ᠭᠠᠭᠴᠠ ᠲᠤᠤᠷᠠᠢ ᠶᠢᠨ ᠲᠠᠬᠢᠯᠭ᠎ᠠ ᠰᠢᠳᠤᠯᠭᠡ ᠶᠢ | ᠰᠠᠷᠬᠦᠭᠡᠬᠦ ᠶᠤᠰᠤᠯᠠᠯ ᠬᠢᠬᠦ ᠳᠤ ᠬᠤᠰᠢᠭᠤᠨᠤ ᠨᠠᠮ ᠤᠨᠬᠤᠷᠢᠶᠠᠨ ᠤ ᠱᠦᠵᠢ ᠪᠠᠳᠤᠴᠢᠯᠠᠭᠤ᠂ ᠤᠯᠤᠰ ᠲᠦᠷᠤ ᠶᠢᠨ | ᠵᠦᠪᠯᠠᠯᠭᠡᠨ ᠤ ᠲᠠᠷᠢᠬᠦᠯᠡᠭᠴᠢ ᠴᠦᠢᠵᠢᠠᠵᠠᠪ ᠲᠠᠷᠢᠬᠦᠳᠠᠢ ᠲᠠᠷᠤᠭ᠎ᠠ ᠨᠠᠷ ᠬᠢᠭᠡᠤᠨ ᠤᠯᠠᠨ ᠲᠦᠮᠠᠨᠤᠷᠤᠯᠴᠠᠭᠰᠠᠨ | ᠦᠪᠠᠳᠡᠭᠰᠢ ᠶᠡᠭᠡ ᠨᠠᠶᠢᠷ ᠪᠤᠯᠪᠠ᠃ ᠡᠨᠡ ᠨᠠᠶᠢᠷ ᠲᠠᠭᠡᠷ᠎ᠠ ᠡᠵᠡᠨ᠎ᠠ ᠬᠤᠰᠢᠭᠤᠨ ᠤ ᠵᠢᠭᠤᠯᠴᠢᠯᠠᠯ ᠤᠨ ᠲᠤᠪᠴᠢᠶᠠᠨ ᠤ | ᠲᠠᠷᠤᠭ᠎ᠠ᠂ ᠲᠠᠳ᠋ ᠰᠤᠳᠤᠯᠤᠭᠴᠢ ᠫᠥ᠊ · ᠨᠠᠰᠤᠠᠳᠠᠯᠭᠡᠷ ᠭᠤᠸᠠᠢ ︽ᠰᠠᠬᠢᠭᠤᠯᠰᠤᠨ ᠲᠤᠤᠷᠠᠢ︾ ᠭᠡᠳᠡᠭ ᠨᠠᠷᠠ | ᠦᠭᠬᠦᠭᠰᠠᠨᠨᠢ ᠤᠳᠤ ᠨᠢᠭᠡᠨᠳᠠ ᠤᠯᠤᠰ ᠨᠠᠶᠢᠳᠠ ᠳᠤ ᠠᠯᠳᠠᠷᠰᠢᠨᠭᠡᠪᠰᠢᠭᠰᠡᠨ ᠪᠠᠶᠢᠨ᠎ᠠ᠃ | ᠡᠵᠠᠨ᠎ᠠ ᠨᠤᠳᠤᠭ ᠲᠤ ᠲᠤᠤᠷᠠᠢ ᠮᠤᠳᠤ ᠲᠤᠭ᠎ᠠ ᠲᠤᠮᠰᠢ ᠦᠭᠡᠢ ᠤᠯᠠᠨ ᠪᠠᠶᠢᠪᠠᠴᠤ ᠨᠠᠷᠠ ᠠᠯᠳᠠᠷᠳᠠᠢ | ᠦᠯᠢᠭᠡᠷ ᠲᠤᠮᠤᠭᠳᠤ ᠪᠦᠳᠤᠬᠦᠨ ᠲᠤᠤᠷᠠᠢ ᠭᠡᠳᠤᠭᠡᠨ ᠪᠤᠢ᠃ ᠮᠤᠩᠭᠤᠯᠴᠤᠤᠨ ᠶᠠᠷᠤ ᠠᠴᠠ ᠨᠤᠳᠤᠭ ᠤᠷᠤᠨ ᠤ ᠪᠠᠨ | ᠤᠡᠴᠠ ᠭᠠᠢ ᠮᠤᠳᠤ ᠶᠢ ᠯᠠ ᠤᠡᠴᠠ ᠯᠠᠨ ᠨᠠᠷᠠᠯᠠᠵᠤ ᠡᠷᠬᠢᠮᠯᠠᠨ ᠬᠠᠮᠠᠭᠠᠯᠠᠵᠤ ᠲᠠᠬᠢᠵᠤ ᠰᠢᠳᠤᠳᠡᠭ ᠵᠠᠩᠰᠢᠯ ᠲᠠᠢ᠃ | ᠴᠠᠭ ᠲᠦᠷᠤ ᠶᠠᠭᠠᠬᠢᠵᠤ ᠤᠯᠠᠷᠢᠵᠤ ᠬᠤᠪᠢᠷᠠᠭᠰᠠᠨ ᠴᠤ ᠡᠵᠠᠨ᠎ᠠ ᠶᠢᠨ ᠮᠤᠩᠭᠤᠯᠴᠤᠤᠨ᠂ ᠰᠠᠬᠢᠭᠤᠯᠰᠤᠨ | ᠲᠤᠤᠷᠠᠢ ᠶᠢᠨ ᠢᠶᠠᠨ ᠰᠢᠳᠢᠯᠢᠭ ᠤᠡᠭᠭᠤᠨ ᠪᠠᠶᠢᠳᠠᠭ ᠢ ᠰᠠᠤᠡᠬᠢᠯ ᠤᠨ ᠬᠦᠨ ᠳᠡᠭᠡᠨ ᠰᠢᠩᠭᠡᠭᠡᠨ ᠬᠠᠳᠠᠭᠠᠯᠠᠵᠤ ᠰᠢᠳᠤᠨ | ᠪᠢᠰᠢᠷᠡᠭᠰᠠᠭᠡᠷ ᠪᠠᠶᠢᠪᠠ᠃ | ᠡᠵᠠᠨ᠎ᠠ ᠶᠢᠨ ᠮᠤᠩᠭᠤᠯᠴᠤᠤᠨ ᠤᠨ ᠲᠤᠮᠳᠠ ᠡᠨᠡ ᠬᠦ ᠰᠠᠬᠢᠭᠤᠯᠰᠤᠨ ᠲᠤᠤᠷᠠᠢ ᠶᠢᠨ ᠲᠤᠬᠠᠢ ᠶᠠᠩᠵᠤ | ᠪᠦᠷᠢ ᠶᠢᠨ ᠰᠢᠳᠢᠯᠢᠭ ᠲᠤᠮᠤᠭ ᠬᠠᠭᠤᠴᠢ ᠶᠠᠷᠢᠶ᠎ᠠ ᠤᠯᠠᠮᠵᠢᠯᠠᠵᠤ ᠪᠠᠶᠢᠳᠠᠭ ᠪᠦᠭᠡᠤᠨ ᠲᠠᠷᠨ ᠨᠢ ᠲᠤᠰ ᠨᠤᠳᠤᠭ ᠤᠨ | ᠦᠨᠠᠨ ᠲᠠᠤᠭᠡᠳᠤ ᠬᠦᠮᠤᠰ ᠤᠨ ᠤᠶᠢᠯᠨ ᠠᠮᠢᠳᠤᠷᠠᠯ ᠲᠠᠢ ᠤᠶᠠᠯᠳᠤᠨ ᠬᠤᠯᠪᠤᠭᠳᠠᠵᠤ ᠪᠠᠶᠢᠳᠠᠭ᠃ ᠡᠳᠠᠭᠡᠷ ᠲᠤᠮᠤᠭ᠂ | ᠬᠠᠭᠤᠴᠢ ᠶᠠᠷᠢᠶ᠎ᠠ ᠠᠴᠠ ᠵᠠᠷᠢᠮ ᠢ ᠰᠤᠩᠭᠤᠨ ᠲᠠᠨᠢᠯᠴᠠᠭᠤᠯᠤᠶ᠎ᠠ᠃ | ᠰᠠᠬᠢᠭᠤᠯᠰᠤᠨ ᠲᠤᠤᠷᠠᠢ ᠦᠯᠠᠳᠡᠭᠰᠠᠨ ᠲᠤᠬᠠᠢ ᠲᠤᠮᠤᠭ ᠠᠴᠠ᠄ ᠡᠷᠳᠠ ᠴᠠᠭ ︵ᠪᠠᠷᠤᠭ 1714 ᠤᠨ︶ ᠲᠤ | ᠂ ᠡᠵᠠᠨ᠎ᠠ ᠲᠤᠷᠭᠤᠤᠨ ᠤᠨ ᠠᠬᠠᠯᠠᠭᠴᠢ ᠠᠷᠠᠪᠵᠤᠤᠷ ᠨᠠᠷ ᠨᠤᠳᠤᠭ ᠤᠰᠤ ᠬᠠᠶᠢᠵᠤ ᠶᠠᠪᠤᠭᠠᠤᠨ ᠭᠤᠤᠯ ᠭᠤᠷᠤᠬ᠎ᠠ | ᠬᠤᠷᠴᠢᠬᠢᠨᠠᠭᠰᠠᠨ᠂ ᠮᠤᠳᠤᠨ ᠤ ᠲᠤᠯᠤᠭᠠᠢ ᠨᠠᠶᠢᠯᠠᠯᠳᠤᠨ ᠪᠢᠳᠠᠬᠦᠷᠡᠭᠰᠠᠨ᠂ ᠤᠯᠠᠨ ᠠᠷᠢᠶᠠᠳᠠᠨ ᠰᠦᠯᠵᠢᠯᠳᠥᠭᠰᠠᠨ ᠤᠢ | ᠰᠢᠭᠤᠶᠢᠳᠤ ᠡᠵᠠᠨ᠎ᠠ ᠨᠤᠳᠤᠭ ᠲᠤ ᠬᠦᠷᠴᠤ ᠢᠷᠠᠵᠠᠢ᠃ ᠬᠦᠮᠤᠨ ᠠᠮᠢᠳᠠᠨ ᠰᠢᠷᠭᠤᠵᠤ ᠤᠷᠤᠰᠢ ᠦᠭᠡᠢ ᠪᠢᠳᠠᠬᠦᠤ | ᠤᠢ ᠲᠠᠢ ᠨᠤᠳᠤᠭ ᠪᠠᠶᠢᠭᠰᠠᠨ ᠤᠴᠢᠷ ᠠᠴᠠ ᠲᠠᠳᠠᠨ ᠲᠦᠢᠮᠠᠷ ᠲᠠᠯᠪᠢᠴᠢᠬᠠᠭᠠᠤᠨ ᠶᠠᠪᠤᠵᠠᠭᠠᠵᠠᠢ᠃ ᠭᠤᠷᠪᠠᠨ ᠵᠢᠯ | ᠪᠤᠯᠤᠭᠠᠤᠨ ᠪᠤᠴᠠᠭᠠᠤᠨ ᠢᠷᠠᠬᠦ ᠳᠤ ᠦᠡᠳᠤᠷ ᠦᠡᠳᠤᠷ ᠲᠤᠤᠷᠠᠢ ᠮᠤᠳᠤᠤᠨ ᠪᠠᠷᠤᠭ ᠪᠦᠷ ᠰᠢᠳᠠᠭᠳᠠᠵᠤ᠂ ᠭᠤᠷᠪᠠᠭ᠋ᠠᠨ | ᠲᠤᠮᠤ ᠲᠤᠤᠷᠠᠢ ᠦᠯᠠᠳᠠᠭᠡᠤᠨ ᠪᠠᠶᠢᠵᠤ ᠭᠡᠨ᠎ᠠ᠃ ᠡᠨᠡ ᠨᠢ ᠡᠵᠠᠨ᠎ᠠ ᠭᠤᠤᠯ ᠤᠨ ᠡᠬᠢᠨ ᠳᠠᠬᠢ ᠦᠡᠳᠤᠷ ᠲᠤᠤᠷᠠᠢ ︵ | ᠤᠳᠤᠬᠢ ᠪᠠᠶᠠᠠᠪᠤᠭᠳᠠ ᠰᠤᠮᠤ ᠶᠢᠨ ᠡᠬᠢᠨᠴᠠᠭᠠᠨ ᠭᠠᠴᠠᠭᠠᠨ ᠳᠤ︶᠂ ᠬᠦᠭᠡᠨᠠᠭᠤᠷ ᠤᠨ ᠭᠠᠭᠴᠠ ᠲᠤᠤᠷᠠᠢ ︽ | ᠵᠠᠷᠢᠮ ᠨᠢ ᠬᠦᠭᠡᠬᠤᠢᠷᠢᠶᠠ ᠶᠢᠨ ᠭᠠᠭᠴᠠ ᠲᠤᠤᠷᠠᠢ ᠭᠡᠳᠡᠭ ᠤᠳᠤᠬᠢ ᠰᠠᠶᠢᠬᠠᠠᠳᠤᠤᠷᠠᠢ ᠰᠤᠮᠤᠨ ᠤ ᠰᠠᠶᠢᠬᠠᠠᠨᠠᠭᠤᠷ | ᠭᠠᠴᠠᠭᠠᠨ ᠳᠤ︶᠃ ᠰᠠᠷᠬᠢᠷᠤᠤ ᠶᠢᠨ ᠭᠠᠭᠴᠠ ᠲᠤᠤᠷᠠᠢ ︵ᠤᠳᠤᠬᠢ ᠰᠤᠪᠨᠠᠭᠤᠷ ᠰᠤᠮᠤᠨ ᠤ ᠶᠠᠪᠤᠤᠳᠤ | ᠭᠠᠴᠠᠭᠠᠨ ᠳᠤ︶ ᠵᠠᠷᠭᠡ ᠭᠤᠷᠪᠠᠨ ᠪᠦᠳᠤᠬᠦᠨ ᠲᠤᠤᠷᠠᠢ ᠪᠠᠷ᠎ᠠ ᠪᠠᠷ᠎ᠠ ᠪᠠᠨ ᠬᠠᠷᠠᠵᠤ ᠦᠯᠠᠳᠠᠵᠤ ᠭᠡᠨ᠎ᠠ ︵ᠲᠤᠮᠤᠭ | ᠪᠤᠯ ᠤᠷᠠᠨ ᠵᠤᠬᠢᠶᠠᠯ ᠤᠨ ᠭᠡᠯᠪᠠᠷᠢ ᠪᠤᠯᠬᠤᠷ ᠡᠨᠡ ᠲᠤᠮᠤᠭ ᠲᠠᠤᠭᠡ ᠶᠢᠨ ᠦᠨᠠᠨ ᠪᠠᠶᠢᠳᠠᠯ ᠲᠠᠢ ᠨᠠᠶᠢᠴᠠᠬᠦ ᠡᠰᠠᠬᠦ ᠶᠢ | ᠴᠢᠨᠠᠭᠰᠢᠳᠠ ᠰᠤᠳᠤᠯᠤᠭᠤᠰᠢᠳᠠᠢ︶᠃ ᠨᠦᠬᠦᠭᠡ ᠬᠤᠶᠠᠷ ᠲᠤᠤᠷᠠᠢ ᠨᠢ ᠨᠢᠭᠡᠨᠳᠠ ᠬᠤᠪᠠᠭ᠋ᠠᠶᠢᠷᠠᠨ ᠤᠨᠠᠵᠤ ᠪᠠᠷᠤᠭ | ᠤᠷᠤ ᠦᠭᠡᠢ ᠪᠤᠯᠵᠤ ᠰᠠᠷᠬᠢᠷᠤᠤ ᠶᠢᠨ ᠭᠠᠭᠴᠠ ᠲᠤᠤᠷᠠᠢ ᠦᠯᠠᠳᠠᠵᠤ ᠪᠠᠶᠢᠨ᠎ᠠ ᠭᠡᠳᠡᠭ ᠃ | ᠡᠵᠠᠨ᠎ᠠ ᠶᠢᠨ ᠲᠤᠷᠭᠤᠤᠠᠴᠤᠤᠨ ᠡᠨᠡ ᠨᠤᠳᠤᠭ ᠲᠤ ᠢᠷᠠᠵᠤ ᠨᠤᠳᠤᠭᠰᠢᠭᠰᠠᠨ ᠠᠴᠠ ᠬᠤᠶᠢᠰᠢ ᠰᠠᠷᠬᠢᠷᠤᠤ ᠶᠢᠨ | ᠭᠠᠭᠴᠠ ᠲᠤᠤᠷᠠᠢ ᠶᠢᠨ ᠤᠶᠢᠷ᠎ᠠ ᠬᠠᠪᠢ ᠪᠠᠷ ᠬᠦᠮᠤᠰ ᠨᠤᠳᠤᠭᠯᠠᠵᠤ ᠪᠠᠶᠢᠭᠰᠠᠨ ᠪᠤᠯᠪᠠᠴᠤ ᠡᠨᠡ ᠲᠤᠤᠷᠠᠢ ᠶᠢ | ᠰᠠᠳᠡᠷᠯᠠᠵᠤ ᠲᠠᠬᠢᠭᠰᠠᠨ ᠦᠭᠡᠢ ᠪᠠᠶᠢᠵᠠᠢ᠃ 20 ᠳ᠋ᠤᠭᠠᠷ ᠵᠠᠭᠤᠨ ᠤ ᠡᠬᠢᠨ ᠤ ᠦᠶ᠎ᠠ ᠳᠤ ᠬᠦᠡᠭᠽᠠᠨ ᠤ ᠭᠡᠳᠡᠭ | ᠠᠶᠢᠯ ᠡᠨᠡ ᠲᠤᠤᠷᠠᠢ ᠶᠢᠨ ᠪᠠᠷᠠᠭᠤᠬᠠᠨ ᠪᠠᠶ᠎ᠠ ᠳᠤ ᠡᠪᠤᠯᠵᠢᠵᠤ ᠪᠠᠶᠢᠵᠠᠢ᠃ ᠡᠵᠠᠨ᠎ᠠ ᠬᠤᠰᠢᠭᠤᠨ ᠤ ᠠᠷᠪᠠᠨ | ᠨᠢᠭᠡᠳᠤᠭᠡᠷ ᠦᠶ᠎ᠠ ᠶᠢᠨ ᠨᠤᠶᠠᠨ ᠲᠦᠪᠰᠢᠠᠪᠠᠶᠠᠷ ︵︖ — 1938 ᠤᠨ︶ ᠲᠤᠰ ᠲᠤᠤᠷᠠᠢ ᠶᠢᠨ ᠵᠠᠬᠦᠨ | ᠪᠠᠶ᠎ᠠ ᠳᠤᠨᠢ ᠡᠪᠤᠯᠵᠢᠶ᠎ᠠ ᠭᠠᠷᠭᠠᠭᠠᠤᠨ ᠨᠤᠳᠤᠭᠯᠠᠵᠠᠢ᠃ ᠬᠦᠡᠭᠽᠠᠨ ᠡᠪᠤᠭᠡᠨ ᠤ ᠡᠷᠬᠦᠮᠠᠯ ᠬᠦᠪᠠᠬᠦᠨ ᠯᠤᠪᠰᠠᠩ ᠨᠢᠭᠡ | ᠡᠳᠤᠷ ᠰᠠᠷᠬᠢᠷᠤᠤ ᠶᠢᠨ ᠭᠠᠭᠴᠠ ᠲᠤᠤᠷᠠᠢ ᠶᠢᠨ ᠰᠠᠯᠠᠭ᠎ᠠ ᠲᠠᠭᠡᠷ᠎ᠠ ᠫᠠᠢ ᠪᠠᠨ ᠲᠠᠯᠪᠢᠵᠤ ᠵᠠᠷᠢᠮ ᠨᠢ ᠮᠤᠳᠤᠨ ᠤ | ᠰᠠᠯᠠᠭᠠᠨ ᠲᠠᠭᠡᠷ᠎ᠠ ᠰᠠᠭᠤᠵᠤ ᠪᠠᠶᠢᠭᠰᠠᠨ ᠭᠡᠷᠢᠶ᠎ᠠ ᠶᠢ ᠫᠤᠤᠳᠠᠭᠰᠠᠨ ᠴᠤ ᠭᠡᠳᠡᠭ︶᠂ ᠬᠠᠷᠪᠤᠭᠰᠠᠨ ᠳᠤ ᠬᠠᠷᠢᠨ | ᠬᠠᠷᠪᠤᠭᠰᠠᠨ ᠰᠤᠮᠤ ᠨᠢ ᠫᠠᠢ ᠳᠤ ᠤᠨᠤᠬᠰᠠᠨ ᠦᠭᠡᠢ ᠲᠤᠤᠷᠠᠢ ᠶᠢ ᠤᠨᠤᠴᠢᠬᠠᠵᠠᠢ᠃ ᠯᠤᠪᠰᠠᠩ ᠰᠤᠮᠤ ᠪᠠᠨ ᠬᠠᠶᠢᠵᠤ | ᠤᠯᠬᠤ ᠭᠡᠤᠨ ᠲᠤᠰ ᠮᠤᠳᠤᠨ ᠤ ᠬᠠᠯᠢᠰᠤ ᠶᠢ ᠴᠠᠪᠴᠢᠵᠤ ᠡᠷᠢᠭᠰᠡᠨ ᠪᠤᠯᠪᠠᠴᠤ ᠬᠠᠶᠢᠵᠤ ᠤᠯᠤᠭᠰᠠᠨ ᠦᠭᠡᠢ | ᠤᠷᠬᠢᠵᠠᠢ᠃ 1942 ᠤᠨ ᠳᠤ᠂ ᠡᠵᠠᠨ᠎ᠠ ᠶᠢᠨ ᠨᠤᠶᠠᠨ ᠲᠦᠪᠰᠢᠠᠪᠠᠶᠠᠷ ᠤᠨ ᠡᠭᠡᠨᠠᠷ ᠪᠤᠯᠠᠭ ᠬᠠᠳᠤᠨ ᠤ ᠬᠦᠯ | ᠲᠠᠭᠡᠷ᠎ᠠ ᠨᠢ ᠭᠠᠭᠴᠠ ᠬᠤᠷᠤᠭᠤᠨ ᠤ ᠶᠠᠷ᠎ᠠ ᠭᠠᠷᠴᠤ ᠬᠤᠶᠠᠷ ᠵᠢᠯ ᠡᠮᠴᠢᠯᠠᠬᠦᠯᠤᠭᠡᠤᠨ ᠡᠳᠠᠭᠡᠷᠡᠭᠰᠠᠨ ᠦᠭᠡᠢ᠃ ᠲᠠᠷᠠ | ᠦᠶ᠎ᠠ ᠳᠤ᠂ ᠲᠦᠪᠰᠢᠠᠪᠠᠶᠠᠷ ᠤᠨ ᠲᠠᠬᠦᠤ ᠯᠾᠠᠸᠠᠩᠵᠠᠪ ︵1900 — 1960 ᠤᠨ︶ ᠨᠤᠶᠠᠨ ᠡᠵᠠᠨ᠎ᠠ | ᠬᠤᠰᠢᠭᠤᠨ ᠤ ᠵᠠᠰᠠᠭ ᠵᠢᠶᠦ᠋ᠨ ᠸᠠᠩ ᠰᠠᠭᠤᠵᠤ ᠪᠠᠶᠢᠭᠰᠠᠨ ᠪᠤᠯᠬᠤᠷ 1944 ᠤᠨ ︵ᠪᠠᠴᠢᠨ ᠵᠢᠯ︶ ᠤ ᠵᠤᠨ | ᠬᠤᠰᠢᠭᠤ ᠲᠠᠮᠠᠭᠠᠨ ᠭᠠᠵᠠᠷ ᠠᠴᠠ ᠤᠶᠢᠳᠤᠪ᠂ ᠡᠷᠳᠠᠨᠢᠳᠤᠭᠳᠠᠬᠤ ᠭᠡᠳᠡᠭ ᠬᠤᠶᠠᠷ ᠬᠦᠮᠤᠨ ᠢ ᠲᠤᠮᠢᠯᠠᠨ ᠶᠠᠪᠤᠭᠤᠯᠵᠤ᠂ | ᠠᠯᠠᠱᠠ ᠬᠤᠰᠢᠭᠤᠨ ᠤ ᠱᠠᠷᠽᠠ ᠶᠢᠨ ᠠᠭᠤᠯᠨ ᠶᠢᠨ ᠠᠭᠤᠢ ᠳᠤ ᠰᠠᠭᠤᠵᠤ ᠨᠤᠮ ᠪᠢᠰᠢᠯᠭᠠᠵᠤ ᠪᠠᠶᠢᠭᠰᠠᠨ | ᠬᠠᠯᠬ᠎ᠠ ᠶᠢᠨ ᠠᠷᠪᠠᠢ ᠭᠡᠭᠡᠷ ᠤᠨ ᠬᠤᠰᠢᠭᠤᠨ ᠤ ᠦᠰᠤᠳᠤ ᠯᠠᠮᠨ ᠶᠢ ᠵᠠᠯᠠᠵᠤ ᠠᠪᠴᠢᠷᠠᠭᠠᠤᠨ ᠪᠠᠷᠭᠡᠨ ᠤ ᠪᠠᠨ ᠬᠦᠯ | ᠲᠠᠭᠡᠷ᠎ᠠ ᠶᠠᠷ᠎ᠠ ᠭᠠᠷᠤᠭᠠᠤᠨ ᠡᠳᠠᠭᠡᠷᠠᠬᠦ ᠦᠭᠡᠢ ᠪᠠᠶᠢᠭ᠎ᠠ ᠶᠢ ᠠᠶᠢᠯᠠᠤᠠᠬᠠᠵᠠᠢ᠃ ᠦᠰᠤᠳᠤ ᠯᠠᠮᠨ ᠭᠤᠷᠪᠠᠨ ᠡᠳᠤᠷ | ᠭᠤᠷᠪᠠᠨ ᠰᠦᠨᠢ ᠬᠤᠭᠤᠯᠨ ᠤᠮᠳᠠ ᠢᠳᠠᠬᠦ ᠦᠭᠡᠢ ᠪᠢᠰᠢᠯᠭᠠᠯ ᠬᠢᠵᠤ᠂ ᠮᠠᠷᠭᠡ ᠲᠠᠯᠪᠢᠭᠠᠤᠨ᠄ ︽ᠡᠨᠡ ᠲᠤᠤᠷᠠᠢ | ᠰᠤᠮᠤᠨ ᠤ ᠰᠢᠷᠬ᠎ᠠ ᠰᠤᠷᠪᠢ ᠲᠠᠢ ᠪᠠᠶᠢᠨ᠎ᠠ᠂ ᠲᠤᠤᠷᠠᠢ ᠰᠢᠷᠠᠭᠳᠤᠭᠰᠠᠨ ᠠᠴᠠ ᠪᠤᠯᠵᠤ ᠬᠠᠳᠤᠨ ᠤ ᠬᠦᠯ ᠲᠠᠭᠡᠷ᠎ᠠ | ᠶᠠᠷ᠎ᠠ ᠭᠠᠷᠴᠠᠢ᠃ ᠡᠨᠡ ᠲᠤᠤᠷᠠᠢ ᠶᠢ ᠰᠠᠳᠡᠷᠯᠠᠬᠦ ︵ᠤᠡᠭᠭᠤᠯᠠᠬᠤ︶ ᠦᠭᠡᠢ ᠪᠤᠯᠬᠤ ᠦᠭᠡᠢ︾ ᠭᠡᠵᠠᠢ᠃ ᠢᠡᠭᠬᠢᠭᠡᠤᠨ | ᠦᠰᠤᠳᠤ ᠯᠠᠮᠨ ᠶᠢᠨ ᠮᠠᠷᠭᠡᠯᠡᠭᠰᠠᠨ ᠶᠤᠰᠤᠭᠠᠷ ᠲᠤᠰᠬᠠᠢ ᠬᠦᠮᠤᠨ ᠭᠠᠷᠭᠠᠵᠤ ᠮᠤᠳᠤᠨ ᠳᠤ ᠤᠷᠤᠭᠰᠠᠨ ᠰᠤᠮᠤ ᠶᠢ | ᠬᠠᠶᠢᠯᠭᠠᠵᠠᠢ᠃ ᠬᠠᠶᠢᠭᠰᠠᠭᠠᠷ ᠪᠠᠶᠢᠭᠠᠤᠨ ᠡᠴᠤᠰ ᠲᠡᠭᠡᠨ ᠲᠠᠷᠨ ᠰᠤᠮᠤ ᠤᠷᠤᠭᠰᠠᠨ ᠭᠠᠵᠠᠷ ᠢ ᠨᠢ ᠤᠯᠵᠤ ᠲᠦᠭᠡ | ᠢᠯᠠᠬᠦᠤ ᠮᠠᠯᠳᠠᠵᠤ ᠪᠠᠶᠢᠭᠠᠤᠨ ᠰᠠᠶ᠋ᠢ ᠵᠢᠪᠠᠷᠠᠵᠤ ᠬᠠᠭᠤᠴᠢᠷᠠᠭᠰᠠᠨ ᠲᠤᠭᠤᠯᠭᠠᠨ ᠰᠤᠮᠤ ᠶᠢ ᠭᠠᠷᠭᠠᠨ ᠠᠪᠴᠠᠢ᠃ | ᠤᠤᠯ ᠨᠢ ᠲᠤᠰ ᠮᠤᠳᠤᠨ ᠤ ᠨᠢᠭᠡ ᠬᠠᠵᠠᠭᠤ ᠡᠴᠠᠨᠢ ᠴᠢᠰᠤ ᠰᠢᠭ᠋ ᠰᠢᠩᠭᠡᠨ ᠤᠯᠠᠭᠠᠨ ᠶᠠᠭᠤᠮ᠎ᠠ ᠭᠠᠷᠤᠭᠠᠤᠨ | ᠪᠠᠶᠢᠭᠰᠠᠨ ᠨᠢ ᠬᠠᠷᠢᠨ ᠰᠤᠮᠤ ᠤᠷᠤᠭᠰᠠᠨ ᠭᠠᠵᠠᠷ ᠨᠢ ᠲᠠᠷᠨ ᠪᠠᠶᠢᠭᠰᠠᠨ ᠪᠠᠶᠢᠵᠠᠢ᠃ ᠲᠠᠭᠡᠭᠡᠤᠨ ᠰᠤᠮᠤ ᠤᠷᠤᠭᠰᠠᠨ | ᠨᠦᠭᠡᠨ ᠳᠤᠨᠢ ᠴᠠᠭᠠᠨ ᠽᠠᠠᠳᠠᠨ᠂ ᠬᠦᠷᠠᠩ ᠽᠠᠠᠳᠠᠨ᠂ ᠨᠠᠷᠠᠰᠤᠨ ᠲᠠᠪᠠᠷᠬᠠᠢ᠂ ᠺᠠᠴᠢᠬᠦ᠋ᠷᠬᠦᠮ ᠵᠠᠷᠭᠡ ᠠᠷᠢᠭᠤᠨ | ᠨᠠᠡᠳᠢᠨ ᠡᠮᠤᠨ ᠵᠦᠢᠯ ᠢ ᠬᠦᠭᠡ᠂ ᠤᠯᠠᠭᠠᠨ᠂ ᠰᠢᠷ᠎ᠠ᠂ ᠨᠤᠭᠤᠭᠠᠨ᠂ ᠴᠠᠭᠠᠨ ᠵᠠᠷᠭᠡ ᠲᠠᠪᠤᠨ ᠦᠡᠭᠭᠡ ᠶᠢᠨ | ᠲᠤᠷᠭᠠᠨ ᠳᠤ ᠪᠤᠭᠤᠭᠠᠤᠨ ᠰᠢᠷᠬᠠᠨ ᠳᠤᠨᠢ ᠬᠢᠵᠤ ᠠᠷᠭᠠᠯᠠᠵᠠᠢ᠃ ᠶᠠᠭ ᠡᠨᠡ ᠤᠴᠢᠷ ᠠᠴᠠ ᠰᠢᠯᠳᠠᠭᠠᠯᠠᠵᠤ | ᠰᠠᠷᠬᠢᠷᠤᠤ ᠶᠢᠨ ᠭᠠᠭᠴᠠ ᠲᠤᠤᠷᠠᠢ ᠶᠢ ᠰᠠᠳᠡᠷᠯᠠᠬᠦ ᠠᠵᠢᠯ ᠴᠤ ᠵᠢᠩᠬᠢᠨᠢ ᠪᠠᠷ ᠡᠬᠢᠯᠠᠵᠤ᠂ ᠲᠤᠤᠷᠠᠢ ᠶᠢᠨ ᠬᠠᠵᠠᠭᠤ ᠳᠤ | ᠤᠷᠤᠨ ᠰᠠᠭᠤᠴᠠ ᠪᠠᠯᠠᠤᠠᠭᠡᠵᠤ᠂ ᠲᠠᠬᠢᠯᠭ᠎ᠠ ᠰᠠᠳᠠᠷᠯᠡᠭᠡ ᠳᠤ ᠤᠷᠤᠯᠴᠠᠭᠰᠠᠤᠨ ᠢ ᠰᠠᠭᠤᠯᠭᠠᠵᠤ᠂ ᠡᠵᠠᠨ᠎ᠠ ᠶᠢᠨ | ᠡᠮᠤᠨ᠎ᠠ ᠭᠡᠶᠢᠤᠨ ᠠᠴᠠ ᠴᠦᠯᠳᠤᠮ ᠤᠮᠵᠠᠤᠨ᠂ ᠠᠷᠢᠶ᠎ᠠ ᠭᠡᠳᠡᠭ ᠬᠤᠶᠠᠷ ᠯᠠᠮᠨ᠂ ᠬᠤᠰᠢᠭᠤ ᠲᠠᠮᠠᠭᠠᠨ ᠭᠠᠵᠠᠷ ᠠᠴᠠ | ᠵᠤᠩᠨᠠᠢ ᠫᠠᠶᠢᠳᠠᠨ᠂ ᠭᠤᠨᠭ᠍ᠭᠤᠷ ᠬᠦᠡᠳᠤ ︵ᠰᠤᠮᠤᠨ ᠬᠦᠡᠳᠤ︶ ᠭᠡᠮᠠᠬᠦ ᠬᠤᠶᠠᠷ ᠲᠦᠰᠢᠮᠠᠤᠨ᠂ ᠰᠧᠯᠢᠩ ᠶᠠᠮᠤᠨ ᠠᠴᠠ | ᠢᠰᠢᠮᠠᠵᠢᠤᠨ ᠨᠠᠷ ᠬᠦᠷᠤᠯᠴᠠᠨ ᠢᠷᠠᠵᠤ ᠲᠠᠬᠢᠯᠭ᠎ᠠ ᠶᠢᠨ ᠠᠵᠢᠯ ᠳᠤ ᠤᠷᠤᠯᠴᠠᠵᠤ᠂ ᠦᠰᠤᠳᠤ ᠯᠠᠮᠨ ᠤᠡᠭᠰᠢᠯᠭ᠎ᠠ | ᠲᠠᠬᠢᠯᠭ᠎ᠠ ᠶᠢ ᠭᠤᠤᠯ ᠡᠷᠬᠢᠯᠠᠨ ᠬᠢᠵᠠᠢ᠃ ᠴᠦᠯᠳᠤᠮ ᠤᠮᠵᠠᠤᠨ᠂ ᠠᠷᠢᠶ᠎ᠠ ᠬᠤᠶᠠᠷ ᠯᠠᠮᠨ ᠤᠡᠭᠰᠢᠯᠭ᠎ᠠ ᠶᠢᠨ ᠠᠵᠢᠯ ᠢ | ᠬᠠᠪᠰᠤᠷᠤᠨ ᠬᠦᠢᠴᠠᠤᠡᠭᠡᠪᠠ᠃ ᠲᠠᠳᠠ ᠲᠠᠪᠤᠨ ᠦᠡᠭᠭᠡ ᠶᠢᠨ ᠤᠳᠠᠰᠤ ᠪᠠᠷ ᠪᠦᠳᠤᠬᠦᠨ ᠲᠤᠤᠷᠠᠢ ᠶᠢ ᠴᠢᠮᠡᠭᠯᠠᠵᠤ᠂ | ᠪᠦᠳᠤᠬᠦᠨ ᠲᠤᠤᠷᠠᠢ ᠪᠤᠯᠤᠨ ᠲᠠᠬᠦᠨᠤ ᠵᠠᠬᠦᠨ ᠪᠠᠶ᠎ᠠ ᠳᠤ ᠤᠷᠭᠤᠭᠰᠠᠨ ᠨᠢᠯᠬ᠎ᠠ ᠨᠠᠶᠢᠯᠵᠠᠭᠡᠨ ᠲᠤᠤᠷᠠᠢ ᠶᠢᠨ | ᠬᠤᠭᠤᠷᠤᠠᠳᠤ ᠵᠠᠯ᠎ᠠ ᠲᠠᠳᠠᠵᠤ᠂ ᠲᠠᠭᠡᠷ᠎ᠠ ᠨᠢ ᠲᠠᠪᠤᠨ ᠦᠡᠭᠭᠡ ᠶᠢᠨ ᠪᠦᠰ ᠢᠶᠠᠷ ᠭᠡᠶᠢᠮᠤᠷᠢ ᠶᠢᠨ ᠵᠢᠷᠤᠭ | ᠲᠠᠷᠤᠮᠠᠯᠯᠠᠭᠰᠠᠨ ᠲᠠᠷᠴᠤᠭ ᠭᠡᠶᠢᠰᠭᠡᠵᠤ᠂ ᠲᠤᠤᠷᠠᠢ ᠶᠢᠨ ᠢᠷᠤᠭᠠᠷ ᠲᠤ ᠪᠢᠴᠢᠬᠠᠨ ᠰᠢᠪᠠᠷ ᠪᠤᠩᠬᠤᠨ ᠪᠤᠰᠬᠠᠵᠤ᠂ | ᠬᠦᠵᠢ ᠵᠤᠯᠨ ᠠᠰᠠᠭᠠᠵᠤ᠂ ᠴᠤᠩᠬᠢᠷ ᠴᠤᠠᠠᠴᠢᠤᠨ᠂ ᠬᠠᠳᠠᠭ ᠰᠠᠮᠪᠠ ᠡᠷᠬᠦᠵᠠᠢ᠃ ᠲᠤᠰ ᠲᠤᠤᠷᠠᠢ ᠳᠤ ᠪᠠᠰᠠ ᠴᠠᠭᠠᠨ | ᠬᠠᠯᠢᠭᠤᠨ ᠮᠤᠷᠢ᠂ ᠴᠠᠭᠠᠨᠲ᠋ᠠᠮᠡᠭᠡ᠂ ᠴᠠᠭᠠᠨ ᠬᠤᠨᠢ᠂ ᠴᠠᠭᠠᠨ ᠢᠮᠠᠭ᠎ᠠ ᠭᠡᠬᠦ ᠲᠦᠷᠪᠠᠨ ᠴᠠᠭᠠᠨ ᠤ ᠰᠠᠳᠠᠷ ᠡᠷᠬᠦᠵᠤ᠂ | ᠬᠦᠷᠤᠯᠴᠠᠨ ᠢᠷᠡᠭᠰᠠᠨ ᠤᠯᠠᠨ ᠤᠯᠤᠰ ᠲᠠᠭᠠᠨ ᠤᠮᠳᠠ ᠴᠠᠢ ᠲᠠᠯᠪᠢᠵᠤ᠂ ᠲᠠᠯᠠᠢ ᠶᠡᠭᠡ ᠨᠠᠶᠢᠷ ᠡᠬᠦᠰᠭᠡᠵᠠᠢ᠃ | ᠲᠠᠬᠢᠯᠭ᠎ᠠ ᠶᠢᠨ ᠡᠳᠤᠷ ᠤᠨ ᠦᠳᠠ ᠳᠤ ᠭᠡᠨᠠᠤᠡᠳᠠ ᠡᠬᠦᠯᠠᠨ ᠭᠠᠷᠴᠤ ᠪᠤᠷᠤᠭᠠᠨ ᠤᠷᠤᠵᠤ ᠡᠬᠢᠯᠠᠬᠦ ᠳᠤ ᠪᠤᠯᠠᠭ ᠬᠠᠳᠤᠨ | ᠲᠠᠷᠢᠬᠦᠳᠠᠢ ᠴᠤᠭᠯᠠᠷᠠᠭᠰᠠᠨᠤᠯᠠᠨ ᠰᠦᠵᠢᠭᠳᠡᠨ ᠰᠠᠴᠤᠯᠢ ᠲᠠᠭᠡᠵᠢ ᠪᠠᠨ ᠡᠷᠬᠦᠵᠤ ᠢᠷᠤᠭᠡᠯ ᠮᠠᠭᠳᠠᠭᠠᠯ ᠢᠶᠠᠨ ᠲᠠᠯᠪᠢᠵᠠᠢ | ᠃ ᠲᠠᠭᠡᠭᠡᠤᠨ ᠤᠷᠤᠢ ᠪᠤᠯᠬᠤ ᠳᠤ ᠴᠠᠯᠮᠡᠭ ᠠᠭᠠᠷ ᠲᠤ ᠲᠠᠪᠤᠨ ᠦᠡᠭᠭᠡ ᠶᠢᠨ ᠰᠤᠯᠤᠩᠭ᠎ᠠ ᠲᠠᠳᠠᠪᠠ ᠭᠡᠨ᠎ᠠ᠃ | ᠲᠠᠬᠢᠯᠭ᠎ᠠ ᠶᠢᠨ ᠲᠠᠷᠠᠭ᠎ᠠ ᠤᠳᠠᠭᠰᠠᠨᠦᠭᠡᠢ ᠪᠤᠯᠠᠭ ᠬᠠᠳᠤᠨ ᠤ ᠬᠦᠯ ᠤᠨ ᠶᠠᠷᠠᠨᠢ ᠡᠳᠠᠭᠡᠷᠠᠵᠤ ᠭᠡᠨ᠎ᠠ᠃ ᠡᠵᠠᠨ᠎ᠠ | ᠬᠤᠰᠢᠭᠤᠨ ᠨᠤᠶᠠᠨ᠂ ᠬᠠᠳᠤᠨ ᠤ ᠠᠮᠢᠳᠤᠷᠠᠯ ᠳᠤ ᠲᠤᠬᠢᠶᠠᠯᠳᠤᠭᠰᠠᠨ ᠭᠡᠷᠡᠭ ᠪᠤᠯᠤᠨ ᠰᠠᠬᠢᠭᠤᠯᠰᠤᠨ ᠲᠤᠤᠷᠠᠢ ᠶᠢ | ᠰᠠᠳᠠᠷᠯᠡᠭᠰᠠᠨ ᠮᠤᠳᠤᠨ ᠰᠢᠳᠤᠭᠡᠨ ᠤ ᠵᠠᠩ ᠤᠶᠢᠯᠨᠶᠢᠨᠲ᠋ᠤᠬᠢᠶᠠᠯᠳᠤᠯ ᠪᠦᠬᠦᠢ ᠡᠨᠡ ᠬᠦ ᠬᠠᠴᠢᠨ ᠰᠤᠨᠢᠨ ᠬᠠᠭᠤᠴᠢ | ᠶᠠᠷᠢᠶ᠎ᠠ ᠨᠢ ᠤᠳᠤ ᠬᠦᠷᠳᠠᠯ᠎ᠠ ᠬᠤᠰᠢᠭᠤ ᠨᠤᠳᠤᠭ ᠤᠨ ᠠᠷᠠᠤᠨ ᠤᠨ ᠲᠤᠮᠳᠠ ᠠᠮᠨ ᠲᠠᠮᠵᠢᠨ ᠤᠯᠠᠮᠵᠢᠯᠠᠭᠳᠠᠵᠤ ᠪᠤᠢ᠃ | ᠰᠠᠬᠢᠭᠤᠯᠰᠤᠨ ᠲᠤᠤᠷᠠᠢ ᠶᠢᠨ ︽ᠲᠠᠯᠳᠠ ᠶᠢᠨ ᠰᠢᠳᠢᠳᠤ ᠬᠦᠴᠤᠨ︾ ᠪᠤᠯᠤᠨ ᠲᠠᠬᠦᠨ ᠤ ᠡᠷᠬᠢᠨ ᠲᠤᠭᠤᠷᠢᠨ ᠳᠤ | ᠨᠤᠳᠤᠭᠯᠠᠵᠤ ᠪᠠᠶᠢᠭᠰᠠᠨ ᠦᠨᠠᠨ ᠬᠦᠮᠤᠰ ᠤᠨ ᠤᠶᠢᠯᠨ ᠠᠮᠢᠳᠤᠷᠠᠯ ᠤᠨ ᠬᠤᠪᠢ ᠲᠠᠪᠢᠯᠠᠩ ᠲᠠᠢ ᠲᠤᠬᠢᠶᠠᠯᠳᠤᠭᠰᠠᠨ | ᠤᠴᠢᠷ ᠶᠠᠪᠤᠳᠠᠯ ᠤᠨ ᠲᠤᠬᠠᠢ ᠴᠤ ᠬᠠᠭᠤᠴᠢ ᠶᠠᠷᠢᠶ᠎ᠠ ᠨᠢ ᠤᠳᠤ ᠬᠦᠷᠳᠠᠯ᠎ᠠ ᠤᠯᠠᠮᠵᠢᠯᠠᠵᠤ ᠪᠠᠶᠢᠳᠠᠭ᠃ | 1944 ᠤᠨ ᠳᠤ ᠬᠤᠰᠢᠭᠤᠨ ᠤ ᠵᠠᠰᠠᠭ ᠨᠤᠶᠠᠨ ᠶᠡᠭᠡ ᠲᠠᠬᠢᠯᠭ᠎ᠠ ᠬᠢᠵᠤ ᠰᠠᠬᠢᠭᠤᠯᠰᠤᠨ ᠲᠤᠤᠷᠠᠢ ᠶᠢ | ᠰᠠᠳᠠᠷᠯᠠᠬᠦ ᠳᠤ ᠮᠤᠳᠤᠨ ᠤ ᠬᠠᠵᠠᠭᠤ ᠳᠤ ᠪᠤᠰᠬᠠᠭᠰᠠᠨ ᠰᠢᠪᠠᠷ ᠪᠤᠩᠬᠤᠨ ᠢ ︽ᠰᠤᠶᠤᠯ ᠤᠨ ᠶᠡᠭᠡ ᠬᠤᠪᠢᠰᠬᠠᠯ︾ | ᠲᠤᠮᠳᠠ ᠪᠠᠯᠪᠠᠴᠢᠨ ᠨᠤᠷᠠᠭᠠᠵᠤ ᠤᠷᠤ ᠮᠦᠷ ᠦᠭᠡᠢ ᠪᠤᠯᠭᠠᠪᠠ᠃ ᠲᠠᠷᠨ ᠪᠤᠩᠬᠤᠨ ᠲᠤᠳᠤᠷ᠎ᠠ᠂ ᠦᠰᠤᠳᠤ ᠯᠠᠮᠨ ᠶᠢᠨ | ᠪᠢᠰᠢᠯᠭᠠᠯ ᠲᠠᠷᠨᠢ ᠪᠠᠷ ᠪᠦᠳᠤᠭᠡᠭᠰᠠᠨ ᠰᠢᠳᠤᠭᠡᠨ ᠤ ᠨᠤᠮ ᠰᠤᠳᠤᠷ ᠢ ᠨᠢᠭᠡᠨ ᠪᠢᠴᠢᠬᠠᠨ ᠬᠠᠶᠢᠷᠴᠠᠭ ᠲᠤ ᠬᠢᠵᠤ | ᠲᠠᠷᠤᠭᠰᠠᠨ ᠪᠠᠶᠢᠵᠠᠢ᠃ ︽ᠶᠠᠪᠤᠤᠳᠤ ᠭᠠᠴᠠᠭᠠᠨ ᠤ ᠮᠠᠯ ᠤᠨ ᠡᠮᠴᠢ ᠪᠠᠶᠢᠭᠰᠠᠨ × × × × ︵ᠦᠨᠠᠨ ᠬᠦᠮᠤᠨ︶ | ᠭᠡᠳᠡᠭ ᠮᠤᠩᠭᠤᠯ ᠬᠦᠮᠤᠨ ᠨᠦᠬᠦᠭᠡ ᠪᠤᠩᠬᠤᠨ ᠤ ᠪᠢᠴᠢᠬᠠᠨ ᠬᠠᠶᠢᠷᠴᠠᠭ ᠲᠠᠬᠢ ᠨᠤᠮ ᠰᠤᠳᠤᠷ ᠢ ᠨᠢ ᠭᠠᠷᠭᠠᠵᠤ | ᠲᠦᠯᠠᠭᠡᠤᠨ ᠬᠠᠶᠢᠷᠴᠠᠭ ᠲᠤᠨᠢ ᠮᠠᠯ ᠤᠨ ᠡᠮ ᠬᠢᠵᠤ ᠭᠡᠷᠡᠭᠯᠠᠵᠤ ᠪᠠᠶᠢᠵᠤ ᠭᠡᠨ᠎ᠠ᠃ ᠢᠡᠭᠬᠢᠭᠡᠤᠨ ᠲᠠᠮᠠᠢ ᠤᠳᠠᠭᠰᠠᠨ | ᠦᠭᠡᠢ ᠲᠠᠷᠨ ᠠᠶᠢᠯ ᠤᠨ ᠬᠤᠶᠠᠷ ᠭᠡᠤᠭᠡᠤᠨ ᠨᠢ ᠱᠤᠷᠤᠩ ᠳᠤ ᠤᠷᠤᠵᠤ᠂ ᠦᠪᠠᠷ ᠢᠶᠠᠨ ᠰᠤᠯᠢᠶ᠎ᠠ ᠡᠪᠠᠤᠡᠴᠢᠨ | ᠲᠤᠰᠴᠤ ᠦᠬᠦᠵᠤ ᠭᠡᠨ᠎ᠠ︾᠃ × × × ︵ᠦᠨᠠᠨ ᠬᠦᠮᠤᠨ︶ ᠭᠡᠳᠡᠭ ᠨᠢᠭᠡ ᠬᠢᠳᠠᠤᠨ ᠬᠦᠮᠤᠨ ︽ | ᠰᠠᠬᠢᠭᠤᠯᠰᠤᠨ ᠲᠤᠤᠷᠠᠢ ᠶᠢᠨ ᠲᠠᠷᠭᠡᠳᠠ ᠪᠠᠶᠢᠭᠰᠠᠨ ᠬᠦᠷᠠᠩ ᠴᠤᠬᠤᠷ ᠮᠤᠭᠠᠢ ᠶᠢ ᠴᠤᠬᠢᠵᠤ ᠠᠯᠠᠭᠰᠠᠨ ᠪᠦᠭᠡᠤᠨ | ᠰᠠᠬᠢᠭᠤᠯᠰᠤᠨ ᠮᠤᠳᠤᠨ ᠤ ᠮᠦᠴᠢᠷ ᠢ ᠬᠤᠭᠤᠯᠵᠤ ᠮᠠᠯ ᠢᠶᠠᠨ ᠲᠠᠵᠢᠭᠡᠵᠤ ᠪᠠᠶᠢᠭᠰᠠᠨ ᠠᠴᠠ ᠬᠤᠳᠠ ᠲᠠᠢ ᠮᠠᠯ ᠨᠢ | ᠪᠠᠷᠠᠭᠳᠠᠵᠤ ᠬᠤᠭᠤᠰᠤᠷᠠᠪᠠ ᠭᠡᠨ᠎ᠠ᠃ ᠰᠦᠵᠢᠭᠳᠦ ᠮᠦᠷᠬᠦᠯᠴᠢᠤᠨ ᠰᠠᠬᠢᠭᠤᠯᠰᠤᠨ ᠲᠤᠤᠷᠠᠢ ᠶᠢᠨ ᠢᠷᠤᠭᠠᠷ ᠲᠤ | ᠡᠷᠬᠦᠯ ᠲᠠᠯᠪᠢᠭᠰᠠᠨ ᠵᠤᠭᠤᠰ ᠮᠦᠡᠭᠬᠦ ᠪᠤᠯᠤᠨ ᠢᠳᠠᠭᠡᠨ ᠤ ᠵᠦᠢᠯ ᠢ ᠬᠤᠯᠠᠭᠠᠶᠢᠯᠠᠨ ᠠᠪᠤᠭᠰᠠᠨ ᠲᠠᠷᠨ ᠬᠦᠮᠤᠨ ᠤ | ᠲᠠᠯ᠎ᠠ ᠪᠠᠶ᠎ᠠ ᠨᠢ ᠲᠠᠳᠠᠵᠤ ᠭᠡᠨ᠎ᠠ︾ ᠭᠡᠬᠦ ᠮᠠᠳᠤ ᠦᠯᠢᠭᠡᠷ ᠲᠤᠮᠤᠭ ᠮᠠᠳᠤ ᠬᠠᠭᠤᠴᠢ ᠶᠠᠷᠢᠶ᠎ᠠ ᠤᠯᠠᠮᠵᠢᠯᠠᠨ | ᠲᠠᠯᠭᠡᠷᠡᠭᠰᠠᠭᠡᠷ ᠪᠤᠢ᠃ ᠤᠶᠢᠷ᠎ᠠ ᠶᠢᠨ ᠵᠢᠯ ᠤᠳ ᠲᠤ ᠰᠠᠬᠢᠭᠤᠯᠰᠤᠨ ᠲᠤᠤᠷᠠᠢ ᠳᠤ ᠰᠦᠰᠥᠭᠯᠠᠨ ᠰᠢᠳᠤᠬᠦ ᠬᠦᠮᠤᠰ | ᠤᠯᠠᠰᠢᠷᠠᠵᠤ᠂ ᠡᠬᠦᠨ ᠢᠶᠠᠷ ᠦᠡᠭᠭᠡᠷᠠᠳᠡᠭ ᠵᠠᠮ ᠤᠨ ᠬᠦᠮᠤᠰ ᠴᠤ ᠲᠠᠷᠳᠡᠭᠡ ᠬᠤᠯᠨ ᠠᠴᠠ ᠤᠨᠤᠭᠠᠨ ᠠᠴᠠ ᠪᠠᠨ | ᠪᠠᠭᠤᠨ ᠨᠠᠮᠠᠠᠴᠢᠯᠠᠨ ᠵᠠᠯᠪᠠᠷᠢᠵᠤ ᠮᠤᠳᠤᠨ ᠤ ᠰᠠᠯᠠᠭᠠᠨ ᠳᠤ ᠬᠠᠳᠠᠭ ᠰᠠᠮᠪᠠᠢ ᠲᠤᠬᠤᠵᠤ᠂ ᠢᠳᠡᠭᠡ ᠴᠠᠭ᠎ᠠ ᠡᠷᠬᠦᠵᠤ᠂ | ᠠᠵᠢᠯ ᠤᠶᠢᠯᠠᠰ ᠪᠦᠳᠤᠮᠵᠢᠳᠠᠢ ᠪᠤᠯᠬᠤ ᠶᠢ ᠲᠠᠭᠠᠤᠠᠬᠠᠳᠠᠭ᠃ ᠵᠠᠷᠢᠮ ᠢᠨᠠᠭᠯᠠᠵᠤ ᠪᠠᠶᠢᠭ᠎ᠠ ᠪᠤᠶᠤ ᠰᠢᠨᠠᠭᠡᠨ | ᠬᠤᠷᠢᠮᠯᠠᠭᠰᠠᠨ ᠬᠤᠤᠰ ᠵᠠᠯᠠᠭᠤᠴᠤᠤᠨ ᠴᠤ ᠰᠠᠬᠢᠭᠤᠯᠰᠤᠨ ᠲᠤᠤᠷᠠᠢ ᠳᠤ ᠬᠦᠷᠴᠤ ᠭᠡᠷ ᠪᠦᠯᠢ ᠶᠢᠨ ᠢᠶᠠᠨ ᠰᠠᠶᠢᠨ | ᠰᠠᠶᠢᠬᠠᠨ ᠢ ᠵᠠᠯᠪᠠᠷᠢᠨ ᠲᠠᠭᠠᠤᠠᠬᠠᠳᠠᠭ ᠪᠤᠯᠵᠠᠢ᠃ | ᠡᠵᠠᠨ᠎ᠠ ᠨᠤᠳᠤᠭ ᠤᠨ ᠮᠤᠩᠭᠤᠯ ᠠᠷᠠᠤᠨ ᠤᠨ ᠲᠤᠮᠳᠠ ᠤᠳᠤ ᠬᠦᠷᠳᠠᠯ᠎ᠠ ᠤᠯᠠᠮᠵᠢᠯᠠᠵᠤ ᠪᠠᠶᠢᠭ᠎ᠠ | ᠰᠠᠬᠢᠭᠤᠯᠰᠤᠨ ᠲᠤᠤᠷᠠᠢ ᠶᠢᠨ ᠲᠤᠬᠠᠢ ᠲᠤᠮᠤᠭ᠂ ᠬᠠᠭᠤᠴᠢ ᠶᠠᠷᠢᠶ᠎ᠠ ᠶᠢᠨ ᠠᠭᠤᠯᠭ᠎ᠠ ᠠᠴᠠ ᠦᠵᠠᠬᠦ ᠳᠤ᠂ ᠡᠨᠡ ᠬᠦ | ᠪᠦᠳᠤᠬᠦᠨ ᠲᠤᠤᠷᠠᠢ ᠨᠢ ᠬᠠᠯᠳᠠᠵᠤ ᠪᠤᠯᠤᠰᠢ ᠦᠭᠡᠢ ᠬᠦᠴᠤᠨ ᠴᠢᠳᠠᠯ ᠪᠦᠬᠦᠢ ᠡᠵᠠᠨ ᠰᠠᠬᠢᠭᠤᠰᠤ ᠲᠠᠢ ᠶᠤᠮ ᠭᠡᠰᠠᠨ | ᠠᠷᠠᠤᠨ ᠤᠨ ᠶᠤᠰᠤ ᠵᠠᠩᠰᠢᠯ ᠤᠨ ᠰᠤᠶᠤᠯ ᠰᠠᠤᠡᠬᠢᠯᠭᠡᠨ ᠤ ᠤᠶᠢᠯᠠᠭᠠᠯᠳᠠ ᠲᠤᠳᠤᠷᠬᠠᠢ ᠲᠤᠰᠬᠠᠭᠳᠠᠵᠤ᠂ ᠤᠯᠠᠮ ᠢᠶᠠᠷ | ᠲᠠᠬᠦᠨ ᠢ ᠡᠷᠬᠢᠮᠯᠠᠨ ᠲᠠᠭᠡᠳᠤᠯᠠᠵᠤ ᠲᠠᠬᠢᠵᠤ ᠰᠢᠳᠤᠬᠦ ᠦᠡᠳᠤᠰᠤ ᠪᠤᠯᠵᠤ ᠪᠠᠶᠢᠭ᠎ᠠ ᠶᠤᠮ᠃ ᠲᠠᠷᠨ ᠲᠤᠤᠷᠠᠢ ᠳᠤ | ᠰᠦᠷᠬᠦ ᠡᠰᠠᠷᠬᠦ ᠪᠠᠷ ᠬᠠᠨᠳᠤᠵᠤ ᠲᠠᠬᠦᠨ ᠢ ᠫᠤᠤᠳᠠᠭᠰᠠᠨ᠂ ᠡᠷᠬᠦᠴᠠ ᠪᠠᠷᠢᠴᠠ ᠶᠢ ᠨᠢ ᠬᠤᠯᠠᠭᠠᠶᠢᠯᠠᠭᠰᠠᠨ᠂ ᠰᠠᠯᠠᠭ᠎ᠠ | ᠨᠠᠮᠠᠭ᠎ᠠ ᠶᠢ ᠨᠢ ᠬᠤᠭᠤᠴᠢᠭᠰᠠᠨ ᠬᠦᠮᠤᠰ ᠤᠨ ᠠᠮᠢᠳᠤᠷᠠᠯ ᠳᠤ ᠮᠠᠭᠤ ᠮᠠᠭᠤᠬᠠᠢ ᠤᠴᠢᠷ ᠲᠠᠭᠠᠷᠠᠯᠳᠤᠵᠤ | ᠰᠦᠢᠤᠠᠭᠡᠭᠳᠠᠵᠤ ᠪᠠᠶᠢᠭ᠎ᠠ ᠨᠢ ᠲᠠᠷᠤᠢ ᠬᠦᠮᠤᠨ ᠪᠠᠶᠢᠭᠠᠯᠢ ᠶᠢᠨ ᠬᠠᠷᠢᠴᠠᠭᠠᠨ ᠳᠤ ᠭᠠᠷᠤᠭᠰᠠᠨ ᠬᠠᠴᠢᠨ ᠰᠤᠨᠢᠨ | ᠲᠤᠬᠢᠶᠠᠯᠳᠤᠯ ᠤᠨ ᠵᠦᠢᠯ ᠪᠤᠯᠬᠤ ᠶᠤᠮ᠃ ᠭᠡᠳᠠᠯ᠎ᠠ ᠡᠳᠠᠭᠡᠷ ᠢ ᠪᠦᠷ ᠮᠤᠬᠤᠷ ᠪᠢᠰᠢᠷᠠᠯ ᠤᠨ ᠶᠠᠪᠤᠳᠠᠯ ᠭᠡᠵᠤ ᠦᠵᠠᠵᠤ | ᠪᠤᠯᠬᠤ ᠦᠭᠡᠢ᠂ ᠬᠠᠷᠢᠨ ᠤᠷᠤᠰᠢᠨ ᠠᠮᠢᠳᠤᠷᠠᠵᠤ ᠪᠠᠶᠢᠭ᠎ᠠ ᠪᠠᠶᠢᠭᠠᠯᠢ ᠤᠷᠴᠢᠨ ᠲᠠᠢ ᠪᠠᠨ ᠡᠶᠠᠷᠭᠡᠭ ᠢᠶᠠᠷ ᠬᠠᠨᠳᠤᠵᠤ | ᠬᠠᠶᠢᠷᠠᠯᠠᠨ ᠬᠠᠮᠠᠭᠠᠯᠠᠳᠠᠭ ᠮᠤᠩᠭᠤᠯᠴᠤᠤᠨ ᠤᠨ ᠶᠤᠰᠤ ᠵᠠᠩᠰᠢᠯ ᠤᠨ ᠰᠤᠶᠤᠯ ᠤᠨ ᠲᠠᠤᠭᠡᠨ ᠤᠯᠠᠮᠵᠢᠯᠠᠯ ᠤᠨ ᠲᠤᠰᠬᠠᠯ | ᠮᠦᠨ ᠪᠦᠭᠡᠤᠨ ᠠᠮᠢ ᠠᠬᠤᠢ ᠶᠢ ᠡᠷᠬᠢᠮᠯᠠᠨ ᠬᠠᠮᠠᠭᠠᠯᠠᠬᠤ ᠳᠤ ᠴᠢᠬᠤᠯᠨ ᠠᠬᠤᠶᠢᠴᠢ ᠠᠴᠢ ᠬᠤᠯᠪᠤᠭᠳᠡᠯ ᠲᠠᠢ ᠶᠤᠮ᠃ | ᠲᠤᠬᠠᠶᠢᠯᠠᠪᠠᠯ᠄ ᠨᠢᠭᠡ ᠳᠤ᠂ ᠮᠤᠩᠭᠤᠯᠴᠤᠤᠨ ᠤᠨ ᠪᠦᠬᠦ᠋ᠢᠯᠨ ᠲᠠᠤᠭᠡᠨ ᠠᠮᠢᠳᠤᠷᠠᠯ ᠪᠤᠯ ᠮᠠᠯᠵᠢᠯ ᠪᠤᠯᠤᠨ ᠠᠡᠭ | ᠬᠦᠷᠤᠭᠡᠯᠠᠯ ᠢᠶᠠᠷ ᠭᠤᠤᠯ ᠪᠤᠯᠭᠠᠵᠤ ᠤᠰᠤ᠂ ᠡᠪᠠᠰᠤ᠂ ᠮᠤᠳᠤ ᠰᠢᠭᠤᠢ ᠶᠢ ᠲᠦᠰᠢᠵᠤ ᠢᠷᠡᠭᠰᠠᠨ ᠠᠴᠠ | ᠦᠪᠠᠷᠰᠠᠤᠨ ᠤᠨ ᠤᠷᠤᠰᠢᠨ ᠲᠤᠭᠳᠠᠨᠢᠵᠤ ᠠᠮᠢᠳᠤᠷᠠᠬᠤ ᠶᠢᠨ ᠡᠬᠢ ᠪᠤᠯᠠᠭ ᠪᠤᠯᠤᠭᠰᠠᠨ ᠪᠠᠶᠢᠭᠠᠯᠢ ᠤᠷᠴᠢᠨ ᠢᠶᠠᠨ | ᠬᠠᠶᠢᠷᠠᠯᠠᠨ ᠬᠠᠮᠠᠭᠠᠯᠠᠵᠤ᠂ ᠪᠠᠶᠢᠭᠠᠯᠢ ᠶᠢᠨ ᠵᠢᠮ᠎ᠠ ᠶᠤᠰᠤ ᠶᠢ ᠲᠠᠭᠠᠵᠤ᠂ ᠪᠠᠶᠢᠭᠠᠯᠢ ᠤᠷᠴᠢᠨ ᠲᠠᠢ ᠡᠶᠠᠷᠭᠡᠭ ᠢᠶᠠᠷ | ᠵᠤᠬᠢᠴᠠᠵᠤ ᠪᠠᠶᠢᠳᠠᠭ᠃ ᠲᠠᠬᠦᠠᠴᠢᠯᠠᠨ ᠠᠭᠤᠯᠨ ᠤᠰᠤ᠂ ᠮᠤᠳᠤ ᠤᠷᠭᠤᠮᠠᠯ ᠢ ᠰᠠᠳᠠᠷᠯᠠᠵᠤ ᠲᠠᠷᠬᠠᠯᠠᠬᠤ ᠪᠤᠯᠤᠨ | ᠲᠠᠬᠢᠨ ᠰᠢᠳᠤᠳᠡᠭ ᠶᠤᠰᠤ ᠵᠠᠩᠰᠢᠯ ᠤᠨ ᠰᠤᠶᠤᠯ ᠨᠢ ᠦᠷ᠎ᠠ ᠠᠴᠢ ᠨᠠᠷ ᠢᠶᠠᠨ ᠬᠦᠮᠤᠵᠢᠬᠦᠯᠵᠤ ᠪᠠᠶᠢᠭᠠᠯᠢ ᠤᠷᠴᠢᠨ ᠢ | ᠬᠠᠮᠠᠭᠠᠯᠠᠬᠤ ᠬᠠᠤᠯᠢ ᠵᠦᠢ ᠶᠢᠨ ᠠᠴᠢ ᠬᠤᠯᠪᠤᠭᠳᠠᠯ ᠲᠠᠢ ᠨᠢᠭᠡᠨ ᠵᠦᠢᠯ ᠤᠨ ᠭᠡᠯᠪᠠᠷᠢ ᠪᠠᠶᠢᠵᠠᠢ᠃ ᠬᠤᠶᠠᠷᠲ᠋ᠤ᠂ | ᠪᠠᠶᠢᠭᠠᠯᠢ ᠶᠢᠨ ᠠᠭᠤᠯᠨ ᠤᠰᠤ᠂ ᠡᠪᠠᠰᠤ ᠤᠷᠭᠤᠮᠠᠯ ᠤᠨ ᠤᠡᠴᠠ ᠭᠠᠢ ᠦᠵᠡᠭᠳᠠᠯ᠂ ᠭᠡᠯᠪᠠᠷᠢ ᠲᠦᠷᠰᠤ ᠪᠠᠷ | ᠠᠪᠤᠷᠭᠤ ᠶᠡᠭᠡ ᠬᠦᠴᠤᠨ ᠪᠦᠬᠦᠢ ᠰᠢᠳᠢᠯᠢᠭ ᠲᠦᠷᠢ ᠪᠤᠯᠭᠠᠵᠤ ᠲᠤᠮᠤᠭ ᠦᠯᠢᠭᠡᠷ᠂ ᠬᠠᠭᠤᠴᠢ ᠶᠠᠷᠢᠶ᠎ᠠ᠂ ᠢᠷᠤᠭᠡᠯ | ᠮᠠᠭᠳᠠᠭᠠᠯ ᠵᠠᠷᠭᠡ ᠠᠮᠠᠨ ᠵᠤᠬᠢᠶᠠᠯ ᠤᠨ ᠤᠷᠠᠯᠢᠭ ᠤᠨ ᠭᠡᠯᠪᠠᠷᠢ ᠪᠠᠷ ᠤᠯᠠᠮᠵᠢᠯᠠᠨ ᠲᠠᠯᠭᠡᠷᠠᠬᠦᠯᠵᠤ ᠤᠷᠴᠢᠨ ᠢ ᠡᠪᠳᠠᠯᠠᠨ | ᠰᠦᠢᠤᠠᠭᠡᠳᠡᠭ ᠰᠦᠷᠬᠦ ᠤᠬᠠᠮᠰᠠᠷ ᠢ ᠢᠤᠠᠬᠠᠨ ᠬᠤᠷᠢᠭᠯᠠᠵᠤ ᠡᠭᠡ ᠪᠠᠶᠢᠭᠠᠯᠢ ᠶᠢᠨ ᠢᠶᠠᠨ ᠤᠡᠭᠭᠤᠨ ᠲᠠᠷᠬᠠᠨ ᠤᠤᠭᠠᠯ | ᠪᠠᠶᠢᠳᠠᠯ ᠢ ᠡᠷᠬᠢᠮᠯᠠᠨ ᠬᠠᠶᠢᠷᠠᠯᠠᠬᠤ ᠤᠶᠤᠨ ᠤᠬᠠᠭᠠᠨ ᠤ ᠲᠦᠰᠢᠭ ᠪᠤᠯᠭᠠᠳᠠᠭ᠃ ᠭᠤᠷᠪᠠ ᠳᠤ᠂ ᠰᠠᠬᠢᠭᠤᠯᠰᠤᠨ | ᠲᠤᠤᠷᠠᠢ ᠶᠢᠨ ᠲᠤᠬᠠᠢ ᠲᠤᠮᠤᠭ᠂ ᠬᠠᠭᠤᠴᠢ ᠶᠠᠷᠢᠶ᠎ᠠ ᠨᠢ ᠭᠡᠷᠡᠭ ᠲᠠᠭᠡᠷ᠎ᠠ ᠪᠠᠨ ᠪᠠᠶᠢᠭᠠᠯᠢ ᠤᠷᠴᠢᠨ᠂ ᠠᠮᠢ ᠠᠬᠤᠢ ᠶᠢ | ᠬᠠᠮᠠᠭᠠᠯᠠᠬᠤ ᠲᠤᠬᠠᠢ ᠲᠦᠷᠤ ᠵᠠᠰᠠᠭ ᠤᠨ ᠬᠠᠤᠯᠢ ᠲᠦᠷᠢᠮ ᠢ ᠲᠤᠭᠤᠰᠢᠯᠠᠭᠤᠯᠬᠤ ᠨᠦᠬᠦᠪᠤᠷᠢ ᠪᠤᠯᠵᠤ ᠴᠢᠨᠠᠭᠰᠢᠳᠠ | ᠵᠢᠯ ᠢᠷᠠᠬᠦ ᠲᠤᠳᠤᠮ ᠬᠦᠭᠵᠢᠵᠤ ᠪᠠᠶᠢᠭ᠎ᠠ ᠵᠢᠭᠤᠯᠴᠢᠯᠠᠯ ᠤᠨ ᠰᠤᠶᠤᠯ ᠤᠨ ᠠᠮᠢᠳᠤᠷᠠᠯ ᠢ ᠪᠠᠶᠠᠯᠢᠠᠠᠵᠢᠭᠤᠯᠬᠤ ᠶᠢᠨ | ᠬᠠᠮᠳᠤ ᠵᠤᠬᠢᠬᠤ ᠤᠷᠤᠯᠭ᠎ᠠ ᠮᠦᠡᠭᠬᠦ ᠤᠯᠵᠤ ᠰᠠᠬᠢᠭᠤᠯᠰᠤᠨ ᠲᠤᠤᠷᠠᠢ ᠪᠠᠨ ᠬᠠᠮᠠᠭᠠᠯᠠᠬᠤ ᠳᠤ ᠠᠵᠤ ᠠᠬᠤᠢ ᠶᠢᠨ | ᠰᠠᠭᠤᠷᠢ ᠲᠠᠯᠪᠢᠵᠤ ᠪᠠᠶᠢᠨ᠎ᠠ᠃ | | ᠵᠣᠬᠢᠶᠠᠭᠴᠢ᠄ ᠴᠠ᠊ · ᠴᠦᠢᠳᠠᠡᠳᠠᠷ ᠲᠦ᠊ · ᠪᠠᠶᠠᠷᠳᠤ | |