ᠠᠯᠠᠱᠠ ᠨᠢᠪᠳᠠᠬ ᠤᠨ ᠲᠠᠬᠢᠯᠭ᠎ᠠ
ᠨᠡᠶᠢᠲᠡᠯᠡᠭᠰᠡᠨ ᠴᠠᠭ᠄
2019/3/15
    ᠮᠤᠩᠭᠤᠯᠴᠤᠳ ᠰᠢᠷ᠎ᠠ ᠶᠢᠨ ᠱᠠᠰᠢᠨ ᠢ ᠰᠢᠳᠦᠬᠦ ᠠᠴᠠ ᠡᠮᠤᠨ᠎ᠠ ᠪᠦᠬᠡ ᠮᠦᠷᠭᠦᠯ ᠤᠨ ᠲᠠᠬᠢᠯᠭ᠎ᠠ ᠲᠠᠢ ᠪᠠᠶᠢᠵᠡᠢ᠃ ᠮᠤᠩᠭᠤᠯᠴᠤᠳ ᠠᠯᠢ ᠡᠷᠳᠡᠨ ᠠᠴᠠ ᠲᠡᠭᠷᠢ ᠭᠠᠵᠠᠷ ᠢ ᠰᠢᠳᠦᠨ ᠲᠡᠬᠢᠵᠦ ᠪᠠᠶᠢᠪᠠ᠃ ᠲᠡᠬᠡᠬᠦ ᠳᠡᠭᠡᠨ ᠲᠡᠭᠷᠢ ᠶᠢ ᠪᠠᠶᠢᠭᠠᠯᠢ ᠶᠢᠷᠳᠢᠨᠴᠦ ᠶᠢᠨ ᠠᠷᠭ᠎ᠠ ᠶᠢᠨ ᠦᠨᠳᠦᠰᠦ᠂ ᠭᠠᠵᠠᠷ ᠢ ᠪᠠᠶᠢᠭᠠᠯᠢ ᠶᠢᠷᠳᠢᠨᠴᠦ ᠶᠢᠨ ᠪᠢᠯᠢᠭ ᠤᠨ ᠦᠨᠳᠦᠰᠦ ᠬᠡᠮᠡᠨ ᠰᠢᠳᠦᠬᠡᠨᠴᠢᠯᠠᠨ᠂ ᠲᠡᠭᠷᠢ ᠶᠢ ᠠᠮᠢ ᠨᠠᠰᠤ ᠤᠯᠭᠤᠵᠦ᠂ ᠭᠠᠵᠠᠷ ᠢ ᠪᠠᠶ᠎ᠠ ᠴᠤᠬᠴᠠ ᠶᠢ ᠤᠯᠭᠤᠳᠠᠬ ᠬᠡᠵᠦ ᠦᠵᠡᠳᠡᠭ ᠪᠠᠶᠢᠵᠡᠢ᠃ ᠲᠡᠭᠷᠢ ᠭᠠᠵᠠᠷ ᠢ ᠢᠡᠭᠬᠢᠵᠦ ᠵᠡᠷᠬᠡᠴᠠᠭᠦᠯᠦᠨ ᠡᠷᠭᠦᠮᠵᠢᠯᠡᠵᠦ ᠰᠦᠰᠦᠭᠯᠡᠬᠦ ᠳᠡᠭᠡᠨ ᠡᠯ᠎ᠡ ᠭᠠᠵᠡᠷ ᠤᠷᠤᠨ ᠤ ᠠᠭᠤᠯᠠ ᠨᠤᠭᠤᠳ ᠢ ᠪᠠᠰᠠ ᠲᠤᠰ ᠲᠤᠰ ᠲᠠᠭᠠᠨ ᠨᠢᠪᠳᠠᠬ ᠰᠠᠬᠢᠭᠤᠯᠰᠤᠨ ᠲᠠᠢ ᠬᠡᠵᠦ ᠦᠵᠡᠨ ᠲᠡᠬᠢᠳᠠᠬ  ᠪᠠᠶᠢᠵᠠᠢ᠃           ᠠᠯᠠᠱᠠ ᠳᠤ ᠰᠢᠷ᠎ᠠ ᠶᠢᠨ ᠱᠠᠰᠢᠨ ᠲᠡᠯᠬᠡᠷᠡᠬᠡᠳ ᠬᠡᠳᠦᠨ ᠵᠠᠭᠤᠨ ᠵᠢᠯ ᠪᠤᠯᠤᠬᠰᠠᠨ ᠪᠤᠯᠪᠠᠴᠦ ᠤᠪᠤᠭ᠎ᠠ ᠲᠠᠬᠢᠯᠭ᠎ᠠ ᠪᠤᠯᠤᠨ ᠭᠠᠯ ᠤᠨ ᠲᠠᠬᠢᠯᠭ᠎ᠠ ᠤᠷᠬᠢᠬᠳᠠᠭ᠎ᠠ ᠦᠬᠡᠢ ᠬᠡᠪ ᠢᠶᠠᠷ ᠢᠶᠠᠨ ᠪᠠᠶᠢᠬᠰᠠᠭᠠᠷ ᠪᠠᠶᠢᠭ᠎ᠠ ᠶᠢᠨ ᠤᠴᠢᠷ ᠨᠢ ᠪᠦᠬᠡ ᠮᠦᠷᠭᠦᠯ ᠤᠨ ᠤᠪᠤᠭ᠎ᠠ ᠲᠠᠬᠢᠬᠤ ᠪᠠ ᠭᠠᠯ ᠲᠠᠬᠢᠬᠤ ᠶᠤᠰᠤᠨ ᠮᠤᠩᠭᠤᠯᠴᠤᠳ ᠤᠨ ᠲᠤᠮᠳᠠ ᠤᠷᠳᠦ ᠤᠳᠠᠭᠠᠨ ᠤᠨ ᠤ ᠬᠦᠨ ᠦᠨᠳᠦᠰᠦ ᠲᠠᠢ ᠪᠠᠶᠢᠭ᠎ᠠ ᠳᠤ ᠤᠷᠤᠰᠢᠨ᠎ᠠ᠃ ᠬᠡᠬᠦ ᠳᠡᠭᠡᠨ ᠰᠡᠬᠦᠯᠳᠡᠵᠦ ᠢᠷᠡᠬᠡᠳ ᠲᠠᠬᠢᠯᠭ᠎ᠠ ᠶᠢᠨ ᠵᠠᠩ ᠦᠢᠯᠡ ᠶᠢ ᠪᠤᠷᠬᠠᠨ ᠤ ᠨᠤᠮ ᠤᠨ ᠤᠨᠤᠯ ᠳᠤ ᠵᠤᠬᠢᠴᠠᠭᠤᠯᠤᠨ ᠦᠬᠡᠷᠡᠴᠢᠯᠡᠵᠦ᠂ ᠲᠠᠬᠢᠯᠭᠠᠨ ᠲᠡᠬᠡᠷ᠎ᠠ ᠪᠦᠬᠡ ᠤᠷᠤᠰᠢᠳᠠᠬ ᠪᠠᠶᠢᠬᠰᠠᠨ ᠠᠴᠠ ᠪᠠᠨ ᠯᠠᠮᠠ ᠨᠠᠷ ᠨᠤᠮ ᠤᠩᠰᠢᠳᠠᠬ ᠪᠤᠯᠤᠬᠰᠠᠨ ᠪᠠᠶᠢᠨ᠎ᠠ᠃       ᠵᠢᠯ ᠪᠦᠷᠢ ᠶᠢᠨ ᠪᠢᠯᠢᠭ ᠤᠨ ᠤᠯᠠᠷᠢᠯ ᠤᠨ 6 ᠰᠠᠷ᠎ᠠ ᠶᠢᠨ ᠰᠢᠨ᠎ᠠ ᠶᠢᠨ 3 ᠳᠤ ᠬᠤᠰᠢᠭᠤ ᠤᠪᠤᠭ᠎ᠠ — ᠪᠠᠶᠠᠨ ᠰᠦᠮᠪᠦᠷ ᠤᠪᠤᠭ᠎ᠠ ᠶᠢ ᠲᠠᠬᠢᠳᠠᠬ ᠶᠤᠮ᠃ ᠲᠤᠰ ᠤᠪᠤᠭᠠᠨ ᠤ ᠲᠠᠬᠢᠯᠭ᠎ᠠ ᠳᠤ ᠲᠠᠮᠠᠭ᠎ᠠ ᠶᠢᠨ ᠶᠠᠮᠤᠨ ᠠᠴᠠ ᠲᠦᠰᠢᠮᠡᠯ ᠲᠤᠮᠢᠯᠠᠨ ᠤᠴᠢᠭᠤᠯᠵᠦ᠂ ᠠᠯᠠᠱᠠ ᠶᠢᠨ ᠨᠢᠪᠳᠠᠬ ᠲᠤ ᠰᠠᠩ ᠰᠡᠷᠵᠢᠮ ᠡᠷᠭᠦᠵᠦ ᠬᠠᠳᠠᠬ ᠪᠠᠷᠢᠳᠠᠬ ᠪᠠᠶᠢᠪᠠ ᠃ ᠤᠪᠤᠭᠠᠨ ᠤ ᠲᠠᠭᠠᠭᠠᠮᠠᠯ ᠬᠡᠵᠦ ᠲᠤᠰᠬᠠᠢ ᠬᠠᠷᠢᠭᠤᠴᠠᠬᠤ ᠬᠦᠮᠦᠨ ᠲᠠᠢ ᠪᠦᠬᠡᠳ ᠲᠡᠷᠡ ᠨᠢ ᠤᠪᠤᠭᠠᠨ ᠤ ᠲᠠᠬᠢᠯᠭ᠎ᠠ  ᠶᠢ ᠡᠷᠬᠢᠯᠡᠨ ᠡᠮᠬᠢ ᠲᠠᠷᠠᠭ᠎ᠠ ᠲᠠᠢ ᠵᠤᠬᠢᠶᠠᠨ ᠪᠠᠶᠢᠭᠤᠯᠳᠠᠬ ᠪᠠᠶᠢᠨ᠎ᠠ᠃ ᠤᠪᠤᠭᠠᠨ ᠲᠠᠬᠢᠯᠭ᠎ᠠ ᠶᠢᠨ ᠨᠠᠶᠢᠷ ᠲᠤ ᠡᠷ᠎ᠡ  ᠶᠢᠨ ᠨᠠᠭᠠᠳᠤᠮ ᠶᠠᠪᠤᠬᠳᠠᠳᠠᠬ᠂ ᠲᠡᠷᠢᠬᠦᠨ ᠪᠦᠬᠡ᠂ ᠬᠠᠷᠪᠤᠭᠠᠴᠢ ᠬᠢᠬᠡᠳ ᠮᠠᠩᠯᠠᠢ ᠮᠤᠷᠢᠨ ᠤ ᠡᠵᠡᠨ ᠳᠤ ᠶᠢᠰᠦ ᠶᠢᠰᠦ  ᠶᠢᠨ ᠱᠠᠩ ᠦᠭᠳᠡᠭ ᠡᠨᠡ ᠲᠠᠳᠬᠠᠯ ᠨᠢ ᠪᠦᠬᠡ ᠶᠢᠨ ᠮᠦᠷᠭᠦᠯ ᠤᠨ ᠵᠠᠩ ᠦᠢᠯᠠ ᠲᠠᠢ ᠨᠢᠬᠳᠡ ᠬᠤᠯᠪᠤᠭ᠎ᠠ ᠲᠠᠢ ᠪᠠᠶᠢᠭ᠎ᠠ ᠠᠵᠢ᠃ ᠪᠦᠬᠡ ᠶᠢᠨ ᠮᠦᠷᠭᠦᠯ ᠳᠤ ᠶᠢᠰᠦᠨ ᠲᠡᠭᠷᠢ ᠶᠢ ᠭᠤᠤᠯᠯᠠᠨ ᠲᠠᠬᠢᠳᠠᠬ᠂ ᠡᠶᠢᠮᠦ ᠠᠴᠠ ᠠᠯᠠᠱᠠ ᠶᠢᠨ ᠶᠡᠭᠡ ᠦᠷᠡᠰ ᠨᠠᠶᠢᠷ ᠲᠤ ᠪᠠᠶᠢᠳᠠᠬ ︽ᠶᠢᠰᠦ ᠶᠢᠰᠦ ᠨᠠᠶᠠᠨ ᠨᠢᠬᠡᠨ ᠤ ᠪᠠᠯᠡᠭ︾ ᠪᠠ ᠱᠠᠩᠨᠠᠯ ᠤᠨ ᠶᠤᠰᠤᠨ ᠨᠢ ᠪᠦᠬᠡ ᠮᠦᠷᠭᠦᠯ ᠠᠴᠠ ᠡᠭᠦᠰᠦᠨ ᠤᠯᠠᠮᠵᠢᠯᠠᠬᠳᠠᠵᠦ ᠢᠷᠡᠭᠰᠠᠨ ᠨᠢ ᠢᠯᠡᠷᠬᠡᠢ᠃                 ᠪᠤᠶᠠᠨ ᠢ ᠦᠨᠳᠦᠰᠦᠯᠡᠭᠴᠢ ᠰᠦᠮ᠎ᠠ ᠶᠢᠨ ᠤᠪᠤᠭᠠᠨ ᠨᠠᠶᠢᠷ ᠲᠠᠭᠡᠷ᠎ᠠ ᠢᠮᠠᠬᠳᠠ ︽ᠠᠯᠠᠱᠠ ᠨᠢᠪᠳᠠᠬ︾ ᠢ ᠲᠠᠬᠢᠳᠠᠬ ᠪᠦᠬᠡᠳ ᠪᠦᠬᠡ ᠮᠦᠷᠭᠦᠯ ᠲᠠᠢ ᠠᠳᠠᠯᠢᠬᠠᠨ ᠢᠶᠠᠷ ᠮᠤᠩᠭᠤᠯ ᠨᠤᠮ ᠤᠩᠰᠢᠳᠠᠬ ᠵᠤᠷᠰᠢᠯ ᠲᠠᠢ᠃ ᠮᠤᠩᠭᠤᠯ  ᠢᠶᠠᠷ ᠨᠤᠮ ᠤᠩᠰᠢᠬᠤ ᠳᠠᠭᠠᠨ ᠪᠠᠰᠠ ᠴᠠᠩ ᠬᠡᠨᠭᠬᠡᠷᠬᠡ ᠲᠡᠯᠡᠳᠴᠦ ᠪᠦᠷᠢᠶ᠎ᠠ ᠪᠢᠰᠬᠢᠬᠦᠷ ᠦᠯᠢᠶᠡᠳᠡᠭ ᠨᠢ ᠪᠠᠷᠤᠬ ᠰᠡᠭᠦᠯᠡᠷ  ᠨᠡᠮᠡᠭᠳᠡᠭᠰᠡᠨ ᠰᠢᠷ᠎ᠠ ᠶᠢᠨ ᠱᠠᠰᠢᠨ‌‍ᠤ ᠬᠡᠯᠪᠡᠷᠢ ᠪᠤᠯᠤᠨ᠎ᠠ᠃ ᠰᠢᠨᠵᠢᠶᠠᠩ ᠤᠢᠢᠷᠠᠳ ᠨᠤᠳᠤᠬ ᠲᠤ ᠠᠯᠳᠠᠢ ᠬᠠᠨ ᠵᠡᠷᠬᠡ ᠠᠭᠤᠯᠠ ᠬᠠᠶᠢᠷᠬᠠᠨ ᠢ ᠲᠠᠬᠢᠬᠤ ᠳᠤ ᠤᠩᠰᠢᠳᠠᠬ ᠨᠤᠮ ᠨᠢ ︽ᠠᠯᠳᠠᠢ ᠬᠠᠩᠭᠠᠢ ᠶᠢ ᠲᠠᠬᠢᠬᠤ ᠰᠤᠳᠤᠷ ᠤᠷᠤᠰᠢᠪᠠᠢ︾ ᠬᠡᠳᠡᠭ ᠮᠤᠩᠭᠤᠯ ᠲᠠᠬᠢᠯᠭ᠎ᠠ ᠶᠢᠨ ᠰᠤᠳᠤᠷ ᠪᠠᠶᠢᠬᠰᠠᠨ ᠬᠡᠬᠦ ᠮᠡᠳᠡᠭᠡ ᠪᠤᠢ᠃ ᠶᠠᠬ ᠡᠭᠦᠨ ᠲᠠᠢ ᠠᠳᠠᠯᠢ ᠠᠯᠠᠱᠠ ᠤᠪᠤᠭ᠎ᠠ ᠶᠢ ᠲᠠᠬᠢᠬᠤ ᠳᠤ ᠤᠩᠰᠢᠬᠤ ᠨᠤᠮ ᠨᠢ ︽ᠲᠡᠭᠦᠰ ᠴᠤᠬᠳᠦ ᠬᠠᠨ ᠠᠯᠠᠱᠠ ᠶᠢᠨ ᠲᠠᠭᠢᠯᠭ᠎ᠠ ᠬᠦᠰᠡᠯ ᠢ ᠲᠦᠷᠬᠡᠨ  ᠬᠠᠩᠭᠠᠬᠴᠢ ᠴᠢᠨᠳᠠᠮᠤᠨᠢ ᠬᠡᠮᠡᠬᠦ ᠰᠤᠳᠤᠷ ᠤᠷᠤᠰᠢᠪᠡᠢ︾ ᠬᠡᠬᠦ ᠮᠤᠩᠭᠤᠯ ᠰᠤᠳᠤᠷ ᠪᠠᠶᠢᠭ᠎ᠠ ᠶᠤᠮ ᠪᠠᠶᠢᠨ᠎ᠠ᠃             ᠰᠢᠷ᠎ᠠ ᠶᠢᠨ ᠱᠠᠰᠢᠨ ᠤ ᠨᠤᠮ ᠤᠨ ᠵᠤᠩᠬᠢᠯᠠᠬᠤ ᠤᠯᠠᠨ ᠨᠢ ᠴᠦᠮ ᠲᠦᠪᠡᠳ ᠢᠶᠠᠷ ᠪᠠᠶᠢᠳᠠᠬ ᠪᠦᠬᠡᠳ ᠴᠦᠬᠡᠨ ᠵᠦᠢᠯ ᠨᠢ ᠮᠤᠩᠭᠤᠯ ᠢᠶᠠᠷ ᠪᠠᠶᠢᠳᠠᠬ ᠪᠤᠯᠪᠠᠴᠦ ᠴᠦᠮ ᠲᠦᠪᠡᠳ ᠠᠴᠠ ᠤᠷᠴᠢᠭᠤᠯᠤᠬᠰᠠᠨ ᠪᠠᠶᠢᠳᠠᠬ᠃ ᠬᠡᠳᠡᠯ᠎ᠠ  ᠠᠯᠠᠱᠠ ᠶᠢᠨ ᠲᠠᠬᠢᠯᠭ᠎ᠠ ᠶᠢᠨ ᠰᠤᠳᠤᠷ ᠢ ᠤᠤᠯ ᠨᠢ ᠮᠤᠩᠭᠤᠯ ᠢᠶᠠᠷ ᠵᠤᠬᠢᠶᠠᠭᠠᠳ ᠰᠠᠬᠦᠯᠡᠷ ᠨᠢ ᠲᠦᠪᠡᠳ ᠬᠡᠯᠡ ᠪᠠᠷ ᠤᠷᠴᠢᠭᠤᠯᠤᠬᠰᠠᠨ ᠪᠤᠯᠪᠠᠴᠦ ᠲᠡᠬᠦᠨ ᠢ ᠲᠦᠪᠡᠳ ᠢᠶᠠᠷ ᠤᠩᠰᠢᠬᠤ ᠦᠬᠡᠢ ᠢᠮᠠᠬᠳᠠ ᠮᠤᠩᠭᠤᠯ ᠢᠶᠠᠷ ᠤᠩᠰᠢᠳᠠᠬ  ᠵᠤᠷᠰᠢᠯ   ᠲᠠᠢ ᠪᠠᠶᠢᠳᠠᠬ ᠨᠢ ᠮᠠᠰᠢ ᠰᠤᠨᠢᠷᠬᠠᠯ ᠲᠠᠢ ᠠᠵᠢ᠃ ᠤᠳᠦ ᠮᠤᠩᠭᠤᠯ ᠢᠶᠠᠷ ᠵᠤᠬᠢᠶᠠᠬᠳᠠᠬᠰᠠᠨ ᠠᠯᠠᠱᠠ ᠶᠢᠨ ᠲᠠᠬᠢᠯᠭ᠎ᠠ ᠶᠢᠨ ᠰᠤᠳᠤᠷ ᠤᠤᠯ ᠬᠡᠪ ᠢᠶᠠᠷ ᠨᠢ ᠬᠠᠳᠠᠭᠠᠯᠠᠬᠳᠠᠵᠦ ᠪᠤᠢ᠃
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号