︽ᠬᠦᠮᠤᠨ ᠳᠤ ᠬᠠᠷ᠎ᠠ ᠤᠰᠤ ᠬᠢᠵᠤ ᠦᠭᠳᠡᠭ ᠦᠭᠡᠢ︾ ᠵᠠᠩ ᠤᠶᠢᠯᠨ ᠶᠢᠨ ᠲᠤᠮᠤᠭ ᠶᠠᠷᠢᠶ᠎ᠠ
ᠨᠡᠶᠢᠲᠡᠯᠡᠭᠰᠡᠨ ᠴᠠᠭ᠄
2019/3/13
    ᠮᠤᠩᠭᠤᠯᠴᠤᠤᠨ ᠤᠨ ᠤᠯᠠᠮᠵᠢᠯᠠᠯᠳᠤ ᠶᠤᠰᠤ ᠵᠠᠩᠰᠢᠯ ᠳᠤ ᠤᠮᠳᠠᠭᠠᠨ ᠢ ᠭᠤᠤᠯᠯᠠᠭᠤᠯᠵᠤ᠂ ᠢᠳᠠᠭᠡᠨ ᠢ ᠲᠠᠳ᠋ᠯᠠᠬᠦᠯᠳᠡᠭ ᠪᠦᠭᠡᠤᠨ ᠭᠡᠷ ᠲᠤ ᠭᠡᠶᠢᠴᠢᠨ ᠢᠷᠠᠪᠠᠯ ᠲᠠᠭᠡᠭᠰᠢ ᠰᠠᠭᠤᠳᠠᠯ ᠳᠤ ᠵᠠᠯᠠᠵᠤ᠂ ᠶᠠᠭᠤᠨ ᠤ ᠤᠷᠢᠳᠤ ᠴᠠᠢ ᠠᠶᠠᠭᠠᠯᠠᠳᠠᠭ ᠶᠤᠮ᠃ ᠶᠠᠮᠠᠷ ᠴᠠᠭ ᠲᠤ ᠴᠤ ᠭᠡᠰᠡᠨ ᠢᠷᠡᠭᠰᠠᠨ ᠵᠤᠴᠢᠨ ᠳᠤ ᠬᠠᠷ᠎ᠠ ᠤᠰᠤ ᠠᠶᠠᠭᠠᠯᠠᠵᠤ ᠦᠭᠳᠡᠭ ᠦᠭᠡᠢ ᠮᠦᠷᠳᠠᠭᠡᠨ ᠬᠠᠷ᠎ᠠ ᠤᠰᠤ ᠦᠭᠬᠦ ᠶᠢ ᠶᠠᠭᠡᠳᠠ ᠴᠠᠭᠡᠷᠯᠠᠳᠡᠭ᠃ ᠡᠨᠡ ᠬᠦ ᠴᠠᠭᠡᠷ ᠤᠨ ᠡᠬᠦᠰᠤᠯ ᠤᠨ ᠲᠤᠬᠠᠢ ᠠᠯᠠᠱᠠ ᠮᠤᠩᠭᠤᠯᠴᠤᠤᠨ ᠤᠨ ᠲᠤᠮᠳᠠ ︽ᠬᠦᠮᠤᠨ ᠳᠤ ᠬᠠᠷ᠎ᠠ ᠤᠰᠤ ᠬᠢᠵᠤ ᠦᠭᠳᠡᠭ ᠦᠭᠡᠢ︾ ᠭᠡᠮᠠᠬᠦ ᠲᠤᠮᠤᠭ  ᠶᠠᠷᠢᠶ᠎ᠠ ᠤᠯᠠᠮᠵᠢᠯᠠᠭᠳᠠᠭᠰᠠᠨ ᠪᠠᠶᠢᠨ᠎ᠠ᠃ ᠲᠤᠤᠷ᠎ᠠ ᠪᠢᠳᠠ ᠡᠨᠡ ᠲᠤᠮᠤᠭ ᠶᠠᠷᠢᠶ᠎ᠠ ᠶᠢᠨ ᠬᠤᠶᠠᠷ ᠬᠤᠪᠢᠯᠪᠤᠷᠢ ᠶᠢᠨ ᠠᠭᠤᠯᠭ᠎ᠠ ᠶᠢ ᠵᠠᠳᠠᠯᠤᠨ ᠦᠵᠠᠶ᠎ᠠ᠃           ᠨᠢᠭᠡ᠂ ︽ᠠᠯᠠᠱᠠ ᠮᠤᠩᠭᠤᠯᠴᠤᠤᠨ ᠬᠦᠮᠤᠨ ᠳᠤ ᠬᠠᠷ᠎ᠠ ᠤᠰᠤ ᠬᠢᠵᠤ ᠦᠭᠳᠡᠭ ᠦᠭᠡᠢ ᠤᠴᠢᠷ︾           ᠠᠯᠠᠱᠠ ᠮᠤᠩᠭᠤᠯᠴᠤᠤᠨ ᠶᠠᠭᠠᠬᠢᠭᠠᠤᠨ ᠢᠷᠡᠭᠰᠠᠨ ᠭᠡᠶᠢᠴᠢᠨ ᠳᠤ ᠬᠠᠷ᠎ᠠ ᠤᠰᠤ ᠬᠢᠵᠤ ᠦᠭᠳᠡᠭ‌ᠦᠭᠡᠢ ᠵᠡᠩᠰᠢᠯ ᠲᠠᠢ ᠪᠤᠯᠤᠭᠰᠠᠨ ᠪᠤᠢ︖ ᠭᠡᠬᠦᠯᠠᠷ ᠡᠬᠦᠨ ᠤ ᠲᠤᠬᠠᠢ ᠡᠶᠢᠮᠤ ᠨᠢᠭᠡᠨ ᠲᠤᠮᠤᠭ ᠲᠠᠢ ᠶᠤᠮ᠃ ᠡᠷᠳᠠ ᠤᠷᠢᠳᠤ ᠶᠢᠨ ᠴᠠᠭ ᠲᠤ᠂ ᠠᠯᠠᠱᠠ ᠶᠢᠨ ᠨᠢᠭᠡ ᠪᠠᠶᠠᠨ ᠠᠶᠢᠯ ᠳᠤ ᠬᠠᠪᠴᠢᠭ ᠡᠬᠦᠰᠥᠭᠰᠠᠨ ᠪᠠᠳᠢᠷᠴᠢ ᠢᠷᠠᠵᠤ ᠭᠡᠨ᠎ᠠ᠃ ᠲᠠᠷᠨ ᠠᠶᠢᠯ ᠤᠨ ᠬᠢ ᠲᠤᠷ᠎ᠠ ᠲᠠᠢ ᠲᠤᠷ᠎ᠠ ᠦᠭᠡᠢ ᠪᠠᠳᠢᠷᠴᠢ ᠳᠤ ᠴᠠᠢ ᠴᠢᠨᠠᠵᠤ ᠬᠤᠭᠤᠯᠠᠨ ᠬᠢᠵᠤ ᠦᠭᠬᠦ ᠭᠡᠰᠠᠨ ᠳᠤ ᠦᠨᠤ ᠪᠠᠳᠢᠷᠴᠢ᠄ ︽ᠬᠦᠢ᠂ ᠭᠡᠷᠡᠭ ᠦᠭᠡᠢ᠂ ᠪᠢ ᠶᠠᠭᠠᠷᠠᠤ ᠶᠠᠪᠤᠵᠤ ᠪᠠᠶᠢᠨ᠎ᠠ᠃ ᠲᠠᠨᠠᠷ ᠲᠠᠷᠨ ᠪᠤᠳᠤᠩ ᠲᠠᠢ ᠬᠦᠢᠳᠠᠨ ᠤᠰᠤᠨ ᠠᠴᠠ ᠪᠠᠨ ᠨᠠᠳᠠ ᠨᠢᠭᠡ ᠰᠢᠨᠠᠭ᠎ᠠ ᠬᠤᠳᠬᠤᠭᠠᠳ ᠦᠭᠪᠠᠯ ᠪᠤᠯᠴᠢᠬᠠᠨ᠎ᠠ︾ ᠭᠡᠵᠤ ᠭᠡᠯᠠᠵᠠᠢ᠃ ᠠᠶᠢᠯ ᠤᠨ ᠬᠦᠮᠤᠨ ᠠᠬᠠᠷ ᠲᠠᠭᠠᠳᠠᠢ ᠪᠤᠯᠵᠤ᠂ ᠦᠭᠡ ᠲᠠᠭᠤᠨ ᠦᠭᠡᠢ ᠭᠠᠨᠭ᠌ ᠲᠠᠢ ᠲᠦᠬᠦᠭᠡᠢ ᠤᠰᠤ ᠠᠴᠠ ᠪᠠᠨ ᠪᠠᠳᠢᠷᠴᠢ ᠳᠤ ᠨᠢᠭᠡ ᠰᠢᠨᠠᠭ᠎ᠠ ᠬᠤᠳᠬᠤᠭᠠᠳ ᠦᠭᠴᠤ ᠭᠡᠨ᠎ᠠ᠃ ᠪᠠᠳᠢᠷᠴᠢ ᠠᠶᠢᠯ ᠤᠨ ᠰᠢᠨᠠᠭ᠎ᠠ ᠲᠠᠢ ᠲᠦᠬᠦᠭᠡᠢ ᠤᠰᠤ ᠶᠢ ᠨᠢ ᠲᠤᠰᠴᠤ ᠠᠪᠤᠭᠠᠤᠨ᠂ ᠰᠢᠨᠠᠭ᠎ᠠ ᠪᠠᠷ ᠨᠢ ᠵᠠᠯᠬᠢᠯᠠᠴᠢᠬᠠᠭᠠᠤᠨ ᠶᠠᠪᠤᠴᠢᠬᠠᠵᠠᠢ᠃ ᠵᠠᠮ ᠳᠤ ᠪᠠᠳᠢᠷᠴᠢ ᠶᠢᠨ ᠭᠡᠳᠠᠰᠤ ᠨᠢ ᠡᠪᠠᠳᠤᠭᠡᠤᠨ ᠪᠤᠯᠬᠤ ᠪᠠᠨ ᠪᠠᠶᠢᠴᠢᠬᠠᠵᠤ ᠭᠡᠨ᠎ᠠ᠃ ᠪᠠᠳᠢᠷᠴᠢ ︽ᠡᠨᠡ ᠶᠠᠭᠤ ᠪᠤᠯᠵᠤ ᠪᠠᠶᠢᠭ᠎ᠠ ᠶᠤᠮ︖︾ ᠭᠡᠤᠨ ᠵᠠᠮ ᠵᠠᠭᠤᠷ᠎ᠠ ᠪᠠᠨ ᠪᠠᠭᠠᠭᠰᠠᠨ ᠳᠤ ᠲᠠᠩᠳᠠ ᠮᠦᠡᠭᠬᠦᠨ ᠴᠢᠴᠠᠭ᠎ᠠ ᠠᠯᠳᠠᠵᠤ ᠭᠡᠨ᠎ᠠ᠃ ᠲᠠᠬᠦᠨ ᠠᠴᠠ ᠬᠤᠶᠢᠰᠢ ᠲᠠᠷᠨ ᠪᠠᠳᠢᠷᠴᠢ ᠲᠠᠷᠨ ᠮᠦᠡᠭᠬᠦ ᠪᠠᠷ ᠢᠶᠠᠨ ᠦᠶ᠎ᠠ ᠶᠢᠨ ᠦᠶ᠎ᠠ ᠳᠤ ᠪᠠᠨ ᠪᠠᠶᠠᠵᠢᠵᠤ ᠶᠠᠪᠤᠭᠰᠠᠨ ᠭᠡᠨ᠎ᠠ᠃ ᠬᠠᠷᠢᠨ ᠦᠨᠤ  ᠪᠠᠳᠢᠷᠴᠢ ᠳᠤ ᠬᠠᠷ᠎ᠠ ᠤᠰᠤ ᠦᠭᠬᠦᠭᠰᠠᠨ ᠪᠠᠶᠠᠨ ᠠᠶᠢᠯ ᠡᠳᠤᠷ ᠠᠴᠠ ᠡᠳᠤᠷ ᠮᠠᠭᠤᠳᠠᠵᠤ᠂ ᠦᠶ᠎ᠠ ᠶᠢᠨ ᠦᠶ᠎ᠠ ᠳᠤ ᠪᠠᠨ ᠶᠠᠳᠠᠭᠤ ᠶᠠᠪᠤᠭᠰᠠᠨ ᠭᠡᠨ᠎ᠠ᠃ ᠲᠠᠷᠨ ᠪᠠᠳᠢᠷᠴᠢ ᠬᠠᠷᠢᠨ ᠵᠦᠭᠡᠷ ᠬᠦᠮᠤᠨ ᠪᠢᠰᠢ ᠪᠠᠶᠢᠵᠤ᠂  ᠲᠤᠰᠬᠠᠶᠢᠯᠠᠨ ᠪᠠᠶᠠᠨ ᠠᠶᠢᠯ ᠤᠨ ᠪᠤᠶᠠᠨ ᠢ ᠠᠪᠬᠤ ᠪᠠᠷ ᠤᠴᠢᠭᠰᠠᠨ ᠪᠠᠶᠢᠵᠠᠢ᠃ ᠲᠠᠶᠢᠮᠤ ᠤᠴᠢᠷ ᠠᠴᠠ ᠠᠯᠠᠱᠠ  ᠮᠤᠩᠭᠤᠯᠴᠤᠤᠨ ᠭᠡᠶᠢᠴᠢᠨ ᠬᠦᠮᠤᠨ ᠢᠷᠠᠬᠦᠯᠠᠷ ᠬᠦᠡᠳᠤᠤᠠᠭᠡᠵᠤ ᠬᠤᠭᠤᠯᠨᠨ ᠤᠮᠳᠠ ᠬᠢᠵᠤ ᠦᠭᠴᠤ᠂ ᠬᠦᠮᠤᠨ ᠳᠤ  ᠬᠠᠷ᠎ᠠ ᠤᠰᠤ ᠬᠢᠵᠤ ᠦᠭᠬᠦ ᠶᠢ ᠴᠠᠭᠡᠷᠯᠠᠳᠡᠭ ᠪᠤᠯᠤᠭᠰᠠᠨ ᠭᠡᠨ᠎ᠠ᠃        ᠬᠤᠶᠠᠷ᠂ ︽ᠬᠦᠮᠤᠨ ᠳᠤ ᠬᠠᠷ᠎ᠠ ᠤᠰᠤ ᠬᠢᠵᠤ ᠦᠭᠳᠡᠭ ᠦᠭᠡᠢ︾            ᠡᠷᠳᠠ ᠤᠷᠢᠳᠤ ᠶᠢᠨ ᠴᠠᠭ ᠲᠤ ᠬᠤᠨᠢ ᠨᠢ ᠬᠤᠳᠠ ᠲᠦᠬᠦᠷᠴᠤ᠂ ᠰᠥ ᠨᠢ ᠬᠦᠨᠥᠭ ᠪᠢᠯᠬᠠᠭᠰᠠᠨ ᠵᠠᠤᠠᠭᠡᠷ ᠤᠨ ᠪᠠᠶᠠᠨ ᠠᠶᠢᠯ ᠪᠠᠶᠢᠵᠤ ᠭᠡᠨ᠎ᠠ᠃ ᠨᠢᠭᠡ ᠡᠳᠤᠷ ᠡᠳᠠᠨ ᠤ ᠳᠤ ᠨᠢᠭᠡ ᠯᠠᠮᠨ ᠢᠷᠠᠵᠠᠢ᠂ ᠠᠶᠢᠯ ᠤᠨ ᠬᠢᠨ ᠴᠠᠢ ᠵᠠᠰᠠᠬᠤ ᠳᠤ ᠰᠠᠪᠠ ᠱᠦᠬᠦᠢ ᠪᠠᠨ ᠠᠭᠤᠳᠠᠯᠳᠠᠯ᠎ᠠ᠂ ᠢᠷᠡᠭᠰᠠᠨ ᠯᠠᠮᠨ᠄ ︽ᠲᠠᠨᠠᠷ ᠨᠠᠳᠠ ᠳᠤ ᠴᠠᠢ ᠴᠤᠤ ᠭᠡᠯᠴᠠᠭᠡᠤᠨ ᠶᠠᠷᠰᠢᠭ ᠲᠦᠪᠡᠭ ᠭᠠᠷᠭᠠᠬᠤ ᠭᠡᠷᠡᠭ ᠦᠭᠡᠢ᠃ ᠪᠢ ᠴᠠᠭᠠᠨ᠎ᠠ ᠪᠠᠨ ᠲᠤᠩ ᠶᠠᠭᠠᠷᠠᠤ ᠪᠠᠴᠢᠮ ᠶᠠᠪᠤᠳᠠᠯ ᠲᠠᠢ ᠶᠠᠪᠤᠵᠤ ᠪᠠᠶᠢᠨ᠎ᠠ᠃ ᠲᠠ ᠭᠠᠨᠭ᠌ ᠲᠠᠢ ᠬᠦᠢᠳᠠᠨ ᠤᠰᠤᠨ ᠠᠴᠠ ᠪᠠᠨ ᠵᠢᠭᠠᠬᠠᠨ ᠬᠤᠳᠬᠤᠭᠠᠳ ᠠᠯᠢ᠃ ᠠᠮᠠᠨ ᠴᠠᠩᠭᠠᠭ᠎ᠠ ᠪᠠᠨ ᠭᠠᠷᠭᠠᠵᠤ ᠠᠪᠤᠪᠠᠯ ᠪᠠᠯᠠᠨ ᠶᠠᠪᠤᠨ᠎ᠠ︾ ᠭᠡᠤᠨ ᠴᠠᠢ ᠵᠠᠰᠠᠭᠤᠯᠬᠤ ᠦᠭᠡᠢ ᠭᠡᠨ᠎ᠠ᠃ ᠠᠶᠢᠯ ᠤᠨ ᠬᠢᠨ ᠴᠤ ᠲᠠᠬᠦᠨ ᠤ ᠰᠠᠨᠠᠯ ᠢ ᠨᠢ ᠲᠠᠭᠠᠭᠤᠯᠵᠤ ᠭᠠᠨᠭ᠌ ᠲᠠᠢ ᠬᠦᠢᠳᠠᠨ ᠤᠰᠤᠨ ᠠᠴᠠ ᠪᠠᠨ ᠬᠤᠳᠬᠤᠵᠦ ᠪᠠᠭ᠋ᠠᠨ  ᠤᠤᠭᠤᠯᠭᠠᠵᠠᠢ᠃ ᠡᠨᠡ ᠯᠠᠮᠨ ᠵᠠᠮ ᠲᠠᠭᠠᠤ ᠭᠡᠳᠠᠰᠤ ᠨᠢ ᠭᠡᠰᠡᠭ ᠭᠡᠰᠡᠭ ᠮᠤᠰᠬᠢᠵᠤ ᠪᠠᠵᠠᠯᠠᠵᠤ ᠡᠷᠴᠢᠯᠠᠵᠤ ᠡᠪᠠᠳᠤᠭᠡᠤᠨ ᠴᠢᠴᠠᠭ᠎ᠠ ᠠᠯᠳᠠᠵᠤ ᠵᠦᠳᠠᠷᠠᠵᠤ ᠯᠠ ᠶᠠᠪᠤᠨ᠎ᠠ ᠭᠡᠨ᠎ᠠ᠃ ᠲᠠᠭᠡᠭᠡᠤᠨ ᠦᠨᠤᠬᠢ ᠯᠠᠮᠨ ᠶᠢᠨ ᠪᠠᠭᠠᠭᠠᠤᠨ  ᠶᠠᠪᠤᠭᠰᠠᠨ ᠭᠠᠵᠠᠷ ᠲᠤ ᠨᠢ ᠦᠷᠬᠦᠢ ᠮᠦᠡᠭᠬᠦ ᠴᠠᠶᠢᠷᠠᠵᠤ ᠬᠤᠴᠤᠷᠴᠤ ᠭᠡᠨ᠎ᠠ᠃ ᠡᠬᠦᠨ ᠠᠴᠠ ᠬᠤᠶᠢᠰᠢ ᠡᠨᠡ ᠪᠠᠶᠠᠨ ᠠᠶᠢᠯ ᠤᠨ ᠬᠠᠮᠤᠭ ᠶᠠᠪᠤᠳᠠᠯ ᠪᠦᠬᠦᠨ ᠨᠢ ᠦᠭᠡᠳᠠ ᠦᠭᠡᠢ ᠪᠤᠯᠵᠤ᠂ ᠤᠷᠤᠯᠭ᠎ᠠ ᠨᠢ ᠪᠠᠭᠠᠳᠠᠵᠤ᠂ ᠭᠠᠷᠤᠯᠭ᠎ᠠ ᠨᠢ ᠶᠠᠭᠡᠳᠡᠭᠰᠠᠭᠡᠷ ᠪᠠᠶᠢᠭᠠᠤᠨ ᠭᠠᠭ᠋ᠠᠢ ᠶᠠᠪᠠᠭᠠᠨ ᠪᠤᠯᠵᠤ ᠲᠦᠬᠦᠷᠴᠤ ᠭᠡᠨ᠎ᠠ᠃ ᠡᠨᠡ ᠨᠢ ᠶᠠᠮᠠᠷ ᠰᠢᠯᠳᠠᠭ ᠠᠴᠠ ᠪᠤᠯᠪᠠ ᠭᠡᠪᠠᠯ᠄ ᠲᠠᠷᠨ ᠤᠳᠠᠭ᠎ᠠ ᠯᠠᠮᠨ ᠳᠤ ᠭᠠᠨᠭ᠌ ᠲᠠᠢ ᠲᠦᠬᠦᠭᠡᠢ ᠤᠰᠤ ᠪᠠᠨ ᠰᠢᠨᠠᠭ᠎ᠠ ᠪᠠᠷ ᠢᠶᠠᠨ ᠤᠤᠠᠬᠤᠵᠤ ᠤᠤᠭᠤᠯᠭᠠᠭᠰᠠᠨ ᠠᠴᠠ ᠪᠤᠯᠵᠤ᠂ ᠡᠳ᠋ ᠮᠦᠡᠭᠬᠦ ᠨᠢ ᠮᠦᠨ ᠲᠠᠷᠨ ᠯᠠᠮᠨ ᠶᠢ ᠲᠠᠭᠠᠵᠤ᠂ ᠤᠰᠤ ᠪᠤᠯᠵᠤ ᠤᠷᠤᠰᠤᠭᠠᠤᠨ ᠠᠯᠠᠭ᠎ᠠ ᠪᠤᠯᠵᠤ ᠭᠡᠨ᠎ᠠ᠃ ᠲᠠᠶᠢᠮᠤ ᠠᠴᠠ ᠠᠯᠠᠱᠠ ᠮᠤᠩᠭᠤᠯ ᠬᠦᠮᠤᠨ ᠢᠷᠡᠭᠰᠠᠨ ᠭᠡᠶᠢᠴᠢᠨ ᠵᠤᠴᠢᠨ ᠳᠠᠭᠠᠨ ᠲᠦᠬᠦᠭᠡᠢ  ᠬᠠᠷ᠎ᠠ ᠤᠰᠤ ᠬᠢᠵᠤ ᠦᠭᠬᠦ ᠶᠢ ᠴᠠᠭᠡᠷᠯᠠᠳᠡᠭ ᠵᠡᠩᠰᠢᠯ ᠲᠠᠢ ᠪᠤᠯᠵᠤ ᠭᠡᠨ᠎ᠠ᠃     ᠬᠤᠶᠠᠷ ᠬᠤᠪᠢᠯᠪᠤᠷᠢ ᠶᠢᠨ ᠠᠭᠤᠯᠭ᠎ᠠ ᠶᠢ ᠬᠤᠷᠢᠶᠠᠩᠭᠤᠶᠢᠯᠠᠨ ᠲᠤᠭᠠᠴᠢᠪᠠᠯ᠂ ᠡᠷᠳᠠ ᠤᠷᠢᠳᠤ ᠨᠢᠭᠡ ᠪᠠᠶᠠᠨ ᠠᠶᠢᠯ ᠪᠠᠶᠢᠵᠠᠢ᠃ ᠨᠢᠭᠡ ᠯᠠᠮᠨ ︵ᠪᠠᠳᠢᠷᠴᠢ︶ ᠲᠠᠳᠠᠨ ᠤ ᠳᠤ ᠤᠴᠢᠪᠠ︔ ᠲᠠᠷᠨ ᠠᠶᠢᠯ ᠤᠨ ᠬᠢᠨ ᠴᠠᠢ ᠬᠤᠭᠤᠯᠨ ᠪᠠᠯᠠᠤᠡᠭᠡᠵᠤ ᠵᠤᠴᠢᠯᠠᠭᠰᠠᠨ ᠦᠭᠡᠢ︔ ᠯᠠᠮᠨ ᠬᠠᠷ᠎ᠠ ᠤᠰᠤ ᠶᠢ ᠨᠢ ᠰᠢᠨᠠᠭ᠎ᠠ ᠪᠠᠷ ᠬᠤᠳᠬᠤᠨ ᠤᠤᠭᠤᠭᠠᠤᠨ ᠮᠤᠷᠳᠠᠪᠠ ︔ ᠵᠠᠮ ᠳᠤ ᠭᠡᠳᠠᠰᠤ ᠨᠢ ᠡᠪᠠᠤᠠᠴᠤ ᠮᠦᠡᠭᠬᠦᠨ ᠴᠢᠴᠠᠭ᠎ᠠ ᠠᠯᠳᠠᠪᠠ︔ ᠡᠬᠦᠨ ᠠᠴᠠ ᠬᠤᠵᠢᠮ ᠯᠠᠮᠨ ᠪᠠᠶᠠᠵᠢᠵᠤ᠂ ᠤᠷᠢᠤᠨ ᠤᠨ ᠪᠠᠶᠠᠨ ᠠᠶᠢᠯ ᠨᠢ ᠦᠭᠡᠶᠢᠷᠠᠪᠠ︔ ᠡᠶᠢᠮᠤ ᠠᠴᠠ ᠠᠯᠠᠱᠠ ᠮᠤᠩᠭᠤᠯᠴᠤᠤᠨ ᠭᠡᠶᠢᠴᠢᠨ ᠳᠤ ᠬᠠᠷ᠎ᠠ ᠤᠰᠤ  ᠬᠢᠵᠤ ᠦᠭᠬᠦ ᠶᠢ ᠴᠠᠭᠡᠷᠯᠠᠳᠡᠭ ᠪᠤᠯᠪᠠ᠃           ᠮᠤᠩᠭᠤᠯᠴᠤᠤᠨ ᠠᠯᠢ ᠡᠷᠳᠠᠨ ᠤ ᠦᠶ᠎ᠠ ᠠᠴᠠ ᠡᠬᠢᠯᠠᠨ ᠭᠡᠰᠢᠭ ᠪᠤᠶᠠᠨ ᠢ ᠶᠠᠭᠡᠳᠠ ᠡᠷᠬᠢᠮᠯᠠᠨ ᠦᠵᠠᠵᠤ᠂ ᠠᠯᠢᠪᠠ ᠶᠠᠭᠤᠮᠠᠨ ᠳᠤ ᠪᠦᠬᠦᠳᠠ ᠭᠡᠰᠢᠭ ᠪᠤᠶᠠᠨ ᠭᠡᠮᠠᠬᠦ ᠲᠠᠯᠳᠠ ᠶᠢᠨ ᠬᠦᠴᠤᠨ ᠤᠷᠤᠰᠢᠵᠤ ᠪᠠᠶᠢᠬᠤ ᠳᠤ ᠢᠳᠠᠭᠡᠳᠡᠭ ᠮᠦᠷᠳᠠᠭᠡᠨ᠂ ᠠᠵᠤ ᠠᠮᠢᠳᠤᠷᠠᠯ᠂ ᠠᠵᠢᠯ ᠤᠶᠢᠯᠠᠰ ᠤᠨ ᠠᠯᠢᠪᠠ ᠦᠭᠡᠳᠠᠯᠠᠯ ᠤᠷᠤᠭᠤᠳᠠᠯ ᠨᠢ ᠴᠦᠮ ᠲᠠᠬᠦᠨ ᠤ ᠨᠦᠯᠤᠭᠡᠯᠠᠯ ᠠᠴᠠ ᠪᠤᠯᠤᠭᠰᠨᠨ ᠭᠡᠮᠠᠨ ᠦᠵᠠᠳᠡᠭ᠃ ᠮᠤᠩᠭᠤᠯᠴᠤᠤᠨ ᠭᠡᠰᠢᠭ ᠪᠤᠶᠠᠨ ᠢ ᠬᠤᠷᠦ᠋ᠢᠯᠠᠨ ᠲᠠᠯᠠᠯᠵᠤ ᠠᠪᠴᠢᠷᠠᠵᠤ ᠲᠠᠶᠢᠯᠬᠦ ᠮᠦᠷᠳᠠᠭᠡᠨ ᠲᠠᠬᠦᠨ ᠢ ᠵᠠᠶᠢᠯᠠᠭᠤᠯᠵᠤ᠂ ᠰᠢᠯᠵᠢᠬᠦᠯᠵᠤ᠂ ᠲᠠᠷᠤᠵᠤ ᠴᠤ ᠲᠠᠶᠢᠯᠥᠭᠳᠡᠳᠡᠭ ᠭᠡᠰᠠᠨ ᠦᠵᠠᠯ ᠤᠬᠠᠮᠰᠠᠷ ᠲᠠᠢ ᠪᠠᠶᠢᠳᠠᠭ᠃ ᠡᠬᠦᠨ ᠤ ᠰᠠᠭᠤᠷᠢᠨ ᠲᠠᠭᠡᠷ᠎ᠠ ᠢᠷᠤᠭᠡᠯ ᠮᠠᠭᠳᠠᠭᠠᠯ᠂ ᠲᠠᠯᠠᠯᠭ᠎ᠠ ᠲᠠᠭᠤᠳᠠᠯᠭ᠎ᠠ᠂ ᠦᠯᠢᠭᠡᠷ ᠲᠤᠮᠤᠭ ᠵᠠᠷᠭᠡ ᠠᠮᠠᠨ ᠵᠤᠬᠢᠶᠠᠯ ᠤᠨ ᠵᠦᠢᠯ ᠤᠳ ᠬᠢᠭᠡᠤᠨ ᠪᠠᠯᠭᠡ ᠲᠦᠯᠭᠡ᠂ ᠲᠤᠮ ᠰᠢᠪᠰᠢᠯᠭᠡ᠂ ᠴᠠᠭᠡᠷ ᠬᠤᠷᠢᠶ᠎ᠠ ᠮᠠᠳᠤ ᠶᠢᠨ ᠵᠠᠩ ᠵᠠᠩᠰᠢᠯ ᠤᠨ ᠵᠦᠢᠯ ᠤᠳ ᠮᠠᠰᠢ ᠤᠯᠠᠨ ᠪᠤᠢ ᠪᠤᠯᠵᠤ᠂ ᠮᠤᠩᠭᠤᠯᠴᠤᠤᠨ ᠶᠠᠪᠤᠳᠠᠯ ᠮᠦᠷ ᠬᠠᠵᠠᠶᠢᠬᠤ᠂ ᠨᠠᠩ ᠢᠯᠠᠩᠭᠤᠶ᠎ᠠ ᠭᠡᠰᠢᠭ ᠪᠤᠶᠠᠨ ᠦᠭᠡᠶᠢᠷᠠᠬᠦ ᠠᠴᠠ ᠶᠠᠭᠡᠳᠠ ᠴᠠᠭᠡᠷᠯᠠᠳᠡᠭ᠃           ᠠᠯᠠᠱᠠ ᠮᠤᠩᠭᠤᠯᠴᠤᠤᠨ ᠤᠨ ᠲᠤᠮᠳᠠ ᠤᠯᠠᠮᠵᠢᠯᠠᠭᠳᠠᠭᠰᠠᠨ ︽ᠬᠦᠮᠤᠨ ᠳᠤ ᠬᠠᠷ᠎ᠠ ᠤᠰᠤ ᠬᠢᠵᠤ ᠦᠭᠳᠡᠭ ᠦᠭᠡᠢ︾ ᠲᠤᠮᠤᠭ ᠶᠠᠷᠢᠶ᠎ᠠ ᠨᠢ ᠶᠠᠭ ᠮᠤᠩᠭᠤᠯᠴᠤᠤᠨ ᠤᠨ ᠭᠡᠰᠢᠭ ᠪᠤᠶᠠᠨ ᠢ ᠵᠠᠷᠢᠮ ᠳᠤ ᠪᠠᠨ ᠬᠦᠮᠤᠰ ᠦᠪᠠᠷ ᠤᠨ ᠦᠵᠠᠯ ᠰᠠᠨᠠᠭ᠎ᠠ ᠪᠠᠷ ᠢᠶᠠᠨ ᠡᠵᠠᠮᠳᠠᠵᠤ ᠲᠠᠶᠢᠯᠳᠡᠭ ᠭᠡᠰᠠᠨ ᠲᠠᠨᠢᠯᠳᠠ ᠶᠢᠨ ᠲᠤᠰᠬᠠᠯ ᠮᠦᠷᠳᠠᠭᠡᠨ ᠠᠶᠢᠯ ᠤᠨ ᠭᠡᠰᠢᠭ  ᠪᠤᠶᠠᠨ ᠰᠢᠯᠵᠢᠨ ᠵᠠᠶᠢᠯᠠᠵᠤ᠂ ᠦᠭᠡᠶᠢᠷᠠᠨ ᠠᠷᠢᠯᠬᠤ ᠠᠴᠠ ᠰᠠᠷᠭᠡᠶᠢᠯᠠᠨ ᠴᠠᠭᠡᠷᠯᠠᠳᠡᠭ ᠵᠠᠩᠰᠢᠯ ᠤᠨ ᠢᠯᠠᠷᠠᠯ ᠪᠤᠯᠤᠨ᠎ᠠ᠃                                                                                                                    ᠵᠣᠬᠢᠶᠠᠭᠴᠢ᠄  ᠤᠷᠢᠬᠠᠨ
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号