ᠠᠯᠠᠱᠠ ᠨᠤᠳᠤᠬ ᠲᠤ ᠰᠢᠷᠠᠬᠰᠠᠨ ᠪᠦᠬᠦᠯᠢ ᠬᠤᠨᠢ ᠬᠡᠮᠡᠬᠦ ᠬᠦᠨᠳᠦ ᠶᠢᠨ ᠲᠠᠩᠰᠤᠬ ᠢᠳᠡᠬᠡᠨ ᠪᠤᠢ᠃ ᠬᠤᠨᠢ | ᠰᠢᠷᠡᠵᠦ ᠲᠠᠯᠪᠢᠬᠤ ᠶᠤᠰᠤᠨ ᠨᠢ ᠤᠭᠤᠴᠠ ᠲᠠᠯᠪᠢᠬᠤ ᠲᠠᠢ ᠠᠳᠠᠯᠢ ᠤᠷᠳᠦ ᠤᠳᠠᠭᠠᠨ ᠵᠢᠯ ᠤᠨ ᠤᠯᠠᠮᠵᠢᠯᠠᠯᠳᠦ | ᠲᠡᠤᠬᠡ ᠲᠠᠢ ᠦᠪᠡᠷᠮᠢᠴᠡ ᠬᠦᠨᠳᠦᠯᠡᠯ ᠤᠨ ᠨᠢᠬᠡ ᠮᠦᠨ᠃ ᠡᠨᠡ ᠨᠢ ᠤᠳᠤ ᠠᠷᠠᠳ ᠤᠨ ᠠᠮᠢᠳᠤᠷᠡᠯ ᠤᠨ ᠨᠦᠬᠦᠴᠡᠯ | ᠰᠠᠶᠢᠵᠢᠷᠡᠬᠤ ᠶᠢ ᠲᠠᠭᠠᠯᠳᠤᠨ ᠲᠦᠬᠡᠮᠡᠯᠵᠢᠨ ᠲᠡᠯᠬᠡᠷᠡᠵᠦ ᠪᠠᠶᠢᠨ᠎ᠠ᠃ | ᠬᠤᠨᠢ ᠰᠢᠷᠡᠬᠤ ᠶᠠᠪᠤᠴᠠ | ᠰᠢᠷᠠᠬᠤ ᠬᠤᠨᠢ ᠨᠢ ᠵᠠᠪᠠᠯ ᠵᠤᠵᠠᠭᠠᠨ ᠲᠠᠷᠭᠤᠨ ᠪᠦᠬᠡᠳ ᠴᠠᠭᠠᠨ ᠵᠢᠰᠤᠮ ᠤᠨ ᠪᠠᠶᠢᠬᠤ ᠬᠡᠷᠡᠭᠳᠡᠢ᠃ | ᠲᠤᠬᠢᠷᠠᠮᠵᠢᠳᠡᠢ ᠬᠤᠨᠢ ᠶᠢ ᠰᠤᠩᠭᠤᠵᠦ ᠨᠢᠳᠤᠯᠤᠬᠰᠠᠨ ᠤ ᠲᠠᠷᠠᠭ᠎ᠠ ᠠᠷᠠᠰᠤ ᠶᠢ ᠨᠢ ᠦᠪᠴᠢᠯ ᠦᠬᠡᠢ ᠪᠠᠷ ᠪᠤᠴᠠᠯᠤᠮ᠎ᠠ | ᠬᠠᠯᠠᠭᠤᠨ ᠤᠰᠤᠨ ᠳᠤ ᠲᠦᠷᠤᠵᠤ ᠭᠠᠷᠭᠠᠭᠠᠳ ᠨᠤᠤᠰᠤ ᠶᠢ ᠨᠢ ᠵᠤᠮᠠᠯᠠᠵᠦ ᠠᠪᠤᠨ᠎ᠠ᠃ ᠲᠦᠷᠪᠡᠨ ᠰᠢᠬᠢᠷ᠎ᠠ ᠶᠢ ᠨᠢ | ᠤᠬᠳᠤᠯᠤᠨ ᠠᠪᠴᠦ᠂ ᠦᠷᠦᠴᠡᠨ ᠲᠡᠬᠡᠷ᠎ᠠ ᠨᠢ ᠨᠠᠢᠮᠠᠨ ᠢᠮᠠᠬᠤ ᠤᠷᠳᠦ ᠤᠬᠳᠤᠯᠵᠦ ᠬᠡᠳᠡᠰᠤ ᠲᠤᠳᠤᠷ ᠢ ᠨᠢ | ᠭᠠᠷᠭᠠᠵᠦ ᠠᠪᠤᠭᠠᠳ ᠰᠤᠩᠬᠢᠨ᠎ᠠ ᠴᠠᠭᠠᠨ ᠭᠠ ᠬᠤᠶᠠᠷ ᠯᠡᠩ ᠬᠢᠷᠢ ᠲᠠᠢ᠂ ᠪᠠᠳᠮᠠᠬᠡᠰᠡᠷ ᠨᠢᠬᠡ ᠯᠡᠩ ᠬᠠᠭᠠᠰ᠂ | ᠬᠤᠸᠠᠵᠢᠶᠤᠤ ᠲᠠᠪᠤᠨ ᠴᠢᠨ᠂ ᠲᠠᠪᠤᠰᠦ ᠲᠦᠷᠪᠡᠨ ᠯᠡᠩ ᠬᠢᠷᠢ ᠲᠠᠢ ᠶᠢ ᠲᠤᠰ ᠲᠤᠰ ᠨᠤᠨᠳᠠᠬᠯᠠᠨ ᠨᠦᠳᠦᠬᠡᠳ | ᠰᠠᠶᠢᠳᠤᠷ ᠨᠠᠶᠢᠷᠠᠭᠤᠯᠵᠦ ᠬᠤᠨᠢᠨ ᠬᠡᠪᠡᠯᠢ ᠴᠡᠬᠡᠵᠢᠨ ᠬᠦᠨᠳᠡᠢ ᠳᠤ ᠬᠢᠨ᠎ᠠ᠃ ᠲᠠᠷᠠᠴᠢᠯᠠᠨ ᠬᠠ᠂ ᠭᠤᠶ᠎ᠠ᠂ ᠬᠦᠵᠤᠬᠦᠦ | ᠵᠡᠷᠬᠡ ᠵᠤᠵᠠᠭᠠᠨ ᠮᠢᠬ᠎ᠠ ᠲᠠᠢ ᠭᠠᠵᠠᠷ ᠲᠤᠨᠢ ᠨᠢᠬᠡ ᠢᠮᠠᠬᠤ ᠦᠷᠬᠡᠨ ᠨᠦᠬᠡᠯᠡᠵᠦ ᠵᠢᠭᠠᠠᠬᠨ ᠬᠦᠨᠳᠡᠯᠡᠨ ᠰᠠᠳᠠᠯᠤᠬᠡᠳ | ᠮᠦᠨ ᠨᠠᠶᠢᠷᠠᠭᠤᠯᠤᠬᠰᠠᠨ ᠵᠦᠢᠯ ᠢᠶᠠᠨ ᠲᠤᠬᠢᠷᠠᠮᠵᠢᠳᠡᠢ ᠬᠢᠵᠦ ᠤᠷᠤᠭᠤᠯᠤᠨ᠎ᠠ᠃ ᠲᠠᠷᠠᠭ᠎ᠠ ᠨᠢ ᠴᠠᠭᠠᠨ ᠰᠢᠬᠢᠷ | ᠬᠤᠶᠠᠷ ᠯᠡᠩ᠂ ᠵᠢᠶᠠᠩᠶ᠋ᠢᠤ 6 — 7 ᠯᠡᠩ ᠢ ᠬᠤᠯᠢᠨ ᠨᠠᠶᠢᠷᠠᠭᠤᠯᠵᠦ ᠪᠤᠴᠠᠯᠭᠠᠭᠠᠳ ᠵᠤᠮᠠᠯᠠᠵᠦ ᠴᠡᠪᠡᠷᠯᠡᠭᠰᠡᠨ | ᠬᠤᠨᠢᠨ ᠤ ᠠᠷᠠᠰᠤᠨ ᠲᠡᠬᠡᠬᠦᠷ ᠨᠠᠶᠢᠳᠡᠮ ᠲᠦᠷᠬᠢᠨ᠎ᠠ᠃ ᠵᠢᠭᠠᠬᠠᠨ ᠬᠠᠳᠠᠵᠦ ᠡᠪᠡᠷᠡᠬᠦ ᠦᠶ᠎ᠡ ᠪᠠᠷ ᠤᠷᠭᠤᠮᠠᠯ ᠤᠨ | ᠲᠤᠰᠤ ᠶᠢ ᠰᠠᠶᠢᠳᠤᠷ ᠲᠦᠷᠬᠢᠬᠡᠳ ᠲᠡᠮᠦᠷ ᠬᠢᠨᠵᠢᠨ ᠤ ᠬᠤᠶᠡᠷ ᠦᠵᠦᠬᠦᠷ ᠢ ᠦᠷᠤᠴᠡ ᠪᠠᠷ ᠨᠢ ᠤᠷᠤᠭᠤᠯᠵᠦ᠂ | ᠨᠢᠬᠡ ᠦᠵᠦᠬᠦᠷ ᠢ ᠨᠢ ᠬᠤᠭᠤᠯᠠᠢ ᠶᠢᠨ ᠨᠦᠬᠡ ᠪᠠᠷ ᠨᠢ ᠭᠤᠬᠠᠳᠠᠵᠦ᠂ ᠨᠦᠬᠦᠬᠡ ᠦᠵᠦᠬᠦᠷ ᠢ ᠨᠢ ᠭᠤᠷᠭᠤᠤᠯᠳᠠᠢ | ᠶᠢᠨ ᠨᠦᠬᠡ ᠪᠠᠷ ᠨᠢ ᠭᠤᠬᠠᠳᠠᠵᠦ ᠵᠤᠬᠠᠨ ᠲᠤᠳᠤᠷ᠎ᠠ ᠲᠡᠬᠦᠵᠢᠯᠡᠵᠦ ᠰᠢᠷᠠᠬᠤ ᠳᠤ ᠪᠠᠯᠡᠳᠬᠡᠨᠠ᠃ | | | | ᠬᠤᠨᠢ ᠰᠢᠷᠠᠬᠤ ᠳᠤ ᠲᠤᠰᠬᠠᠢ ᠵᠤᠤᠬ᠎ᠠ ᠪᠠᠶᠢᠬᠤ ᠬᠡᠷᠡᠭᠳᠡᠢ᠃ ᠵᠤᠤᠬᠠᠨ ᠤ ᠦᠨᠳᠦᠷ ᠨᠢ 1. 8 ᠮᠧᠲᠷ᠂ | ᠦᠷᠬᠡᠨ ᠨᠢ 2 ᠮᠧᠲᠷ᠂ ᠲᠠᠬᠡᠳᠦ ᠠᠮᠠᠰᠠᠷ ᠨᠢ 1 ᠮᠧᠲᠷ ᠰᠤᠪᠤᠷᠭᠠᠨ ᠬᠡᠯᠪᠡᠷᠢ ᠲᠠᠢ᠂ ᠭᠠᠳᠡᠷ ᠲᠠᠯ᠎ᠠ ᠶᠢ ᠨᠢ ᠲᠡᠮᠦᠷ | ᠤᠳᠠᠰᠤ ᠪᠠᠷ ᠪᠠᠬᠢᠯᠠᠨ ᠰᠢᠪᠡᠷ ᠢᠶᠠᠷ ᠢᠯᠡᠵᠦ᠂ ᠲᠤᠳᠤᠷ᠎ᠠ ᠲᠠᠯ᠎ᠠ ᠶᠢ ᠨᠢ ᠵᠡᠬᠡᠰᠤᠨ ᠤᠩᠭᠠᠷᠠᠯ ᠢ ᠡᠯᠡᠰᠦ ᠲᠠᠢ | ᠬᠤᠯᠢᠵᠦ ᠨᠠᠶᠢᠷᠠᠭᠤᠯᠤᠬᠰᠠᠨ ᠤᠯᠠᠭᠠᠨ ᠰᠢᠪᠡᠷ ᠢᠶᠠᠷ ᠢᠯᠡᠵᠦ᠂ ᠲᠤᠳᠤᠷ᠎ᠠ ᠨᠢ ᠴᠤᠬ ᠤᠷᠤᠭᠤᠯᠵᠦ ᠵᠤᠤᠬ᠎ᠠ ᠪᠠᠨ | ᠬᠠᠯᠠᠭᠤᠯᠤᠨ᠎ᠠ᠃ ᠲᠦᠯᠡᠰᠢᠨ ᠳᠤ ᠭᠤᠤᠯᠳᠠᠭᠤ ᠵᠠᠬ ᠬᠡᠷᠡᠭᠯᠡᠳᠡᠭ᠃ ᠵᠤᠤᠬ᠎ᠠ ᠪᠠᠨ ᠬᠡᠰᠡᠭ ᠬᠤᠭᠤᠴᠠᠭ᠎ᠠ ᠤᠯᠡᠶᠢᠳᠡᠯᠠ | ᠪᠠᠨ ᠬᠠᠯᠠᠭᠠᠭᠠᠳ ᠭᠠᠯ ᠨᠢ ᠨᠠᠯᠢᠶᠠᠳ ᠵᠦᠭᠡᠭᠡᠭᠰᠡᠨ ᠤ ᠲᠠᠷᠠᠭ᠎ᠠ ᠰᠢᠳᠠᠵᠦ ᠪᠠᠶᠢᠭ᠎ᠠ ᠭᠠᠯ ᠢᠶᠠᠨ ᠲᠠᠳᠠᠵᠦ ᠭᠠᠷᠭᠠᠭᠠᠳ | ᠬᠤᠨᠢ ᠪᠠᠨ ᠬᠦᠵᠦᠬᠦᠦ ᠶᠢ ᠤᠷᠤᠭᠤ ᠰᠢᠬ ᠬᠠᠨᠳᠠᠭᠤᠯᠤᠨ ᠲᠡᠬᠦᠵᠢᠯᠠᠨᠠ᠃ ᠬᠡᠷᠪᠡ ᠴᠤᠬ ᠨᠢ ᠪᠠᠭᠤᠷᠠᠪᠠᠯ ᠵᠤᠬᠢᠰᠳᠠᠢ | ᠪᠠᠷ ᠲᠦᠯᠡᠰᠢ ᠨᠡᠮᠡᠵᠦ ᠰᠢᠷᠠᠳᠠᠬ᠂ ᠡᠨᠡ ᠮᠡᠳᠦ ᠪᠠᠷ ᠪᠦᠳᠦᠬᠦᠨ ᠰᠢᠭ ᠬᠤᠨᠢ ᠶᠢ 4 ᠴᠠᠬ᠂ ᠪᠠᠭ᠎ᠠ ᠰᠢᠬ ᠬᠤᠨᠢ ᠨᠢ | 3 ᠴᠠᠬ ᠰᠢᠷᠠᠳᠠᠬ᠃ | ᠵᠤᠴᠢᠯᠠᠨ ᠳᠠᠶᠢᠯᠠᠬᠤ ᠬᠡᠯᠪᠡᠷᠢ | ᠲᠠᠶᠢᠯᠠᠯᠭ᠎ᠠ ᠡᠬᠢᠯᠡᠩᠬᠦᠳᠡ ᠤᠷᠢᠳ ᠢᠶᠠᠷ ᠴᠠᠢ ᠵᠠᠰᠠᠵᠦ᠂ ᠠᠷᠢᠬᠢ ᠲᠡᠬᠡᠵᠢ ᠪᠠᠨ ᠵᠠᠰᠠᠯᠴᠠᠭᠠᠳ ᠨᠡᠯᠢᠶᠡᠳ | ᠤᠳᠠᠳᠠᠯ᠎ᠠ ᠨᠠᠶᠢᠷᠯᠠᠬᠤ ᠶᠤᠰᠤᠯᠠᠯ ᠨᠢ ᠤᠭᠤᠴᠠ ᠰᠢᠬᠦᠰᠦ ᠲᠠᠯᠪᠢᠬᠤ ᠠᠴᠠ ᠡᠮᠤᠨᠡᠬᠢ ᠨᠠᠶᠢᠷ ᠲᠠᠢ ᠪᠦᠷ ᠠᠳᠠᠯᠢ᠃ | | | | | | ᠰᠢᠷᠠᠬᠰᠠᠨ ᠬᠤᠨᠢ ᠭᠠᠷᠭᠠᠬᠤ ᠦᠶ᠎ᠠ ᠪᠠᠷ᠂ ᠰᠢᠷᠠᠵᠦ ᠭᠠᠷᠭᠠᠬᠰᠠᠨ ᠬᠤᠨᠢ ᠪᠠᠨ ᠲᠤᠮᠤ ᠲᠠᠪᠠᠬ ᠲᠤ ᠮᠦᠴᠢ ᠪᠠᠷ ᠨᠢ | ᠬᠡᠪᠳᠡᠭᠡ ᠪᠤᠶᠤ ᠵᠤᠬᠰᠤᠭ᠎ᠠ ᠶᠠᠩᠵᠦ ᠪᠠᠷ ᠲᠠᠯᠪᠢᠵᠦ᠂ ᠲᠤᠯᠤᠭᠠᠢ ᠶᠢ ᠨᠢ ᠴᠠᠭᠠᠨ ᠲᠤᠰᠤ ᠪᠠᠷ ᠮᠢᠯᠢᠶᠠᠵᠦ᠂ ᠬᠦᠬᠡ | ᠲᠤᠷᠭᠠᠨ ᠬᠠᠳᠠᠬ ᠢ ᠬᠦᠨᠳᠠᠯᠡᠨ ᠲᠤᠬᠤᠭᠠᠳ ᠲᠠᠶᠢᠯᠠᠯᠭ᠎ᠠ ᠶᠢᠨ ᠦᠷᠬᠦᠬᠡᠨ ᠳᠤ ᠤᠷᠤᠭᠤᠯᠤᠨ᠎ᠠ᠃ ᠡᠨᠡ ᠦᠶ᠎ᠠ ᠳᠤ | ᠰᠢᠬᠦᠰᠤᠨ ᠤ ᠢᠷᠤᠬᠡᠯ᠂ ᠨᠠᠶᠢᠷ ᠤᠨ ᠲᠠᠭᠤᠤ ᠡᠬᠢᠯᠡᠵᠦ᠂ ᠰᠢᠷᠠᠬᠰᠠᠨ ᠪᠦᠬᠦᠯᠢ ᠬᠤᠨᠢ ᠶᠢ ᠬᠦᠨᠳᠡᠭᠰᠡᠨ ᠤ ᠲᠠᠷᠠᠭ᠎ᠠ | ᠲᠤᠭᠤᠭᠠᠨ ᠬᠡᠷ ᠲᠤ ᠠᠪᠠᠴᠢᠵᠦ ᠡᠪᠳᠡᠨ ᠰᠠᠯᠭᠠᠵᠤ ᠪᠠᠷᠠᠭᠠᠳ ᠭᠤᠷᠪᠡᠨ ᠠᠯᠬᠤᠮ ᠲᠠᠷᠠᠭ᠎ᠠ ᠪᠠᠷ ᠵᠤᠭᠤᠬ ᠤᠨ | ᠰᠢᠷᠠᠬᠡᠨ ᠳᠤ ᠲᠠᠯᠪᠢᠨ᠎ᠠ᠃ ᠠᠩᠬ᠎ᠠ ᠡᠬᠢᠯᠡᠬᠡᠳ ᠠᠷᠠᠰᠤ ᠲᠠᠢ ᠨᠢ ᠮᠢᠬ᠎ᠠ ᠶᠢ ᠬᠡᠷᠴᠢᠵᠦ ᠲᠠᠯᠪᠢᠳᠠᠬ᠃ ᠲᠠᠷᠠᠭ᠎ᠠ ᠨᠢ | ᠭᠤᠤᠯ ᠤᠨ ᠬᠠᠷ᠎ᠠ ᠮᠢᠬ᠎ᠠ ᠶᠢ ᠨᠢ ᠬᠡᠷᠴᠢᠵᠦ ᠲᠠᠯᠪᠢᠬᠤ ᠶᠢᠨ ᠬᠠᠮᠳᠦ ᠨᠢᠮᠬᠡᠬᠡᠨ ᠲᠠᠪᠬᠤᠷᠯᠠᠵᠦ ᠬᠠᠭᠠᠷᠢᠬᠰᠠᠨ ᠪᠤᠤᠪᠤ᠂ | ᠰᠤᠩᠬᠢᠨ᠎ᠠ ᠪᠤᠯᠤᠨ ᠠᠮᠳᠠ ᠶᠢᠨ ᠵᠦᠢᠯ ᠢ ᠲᠠᠯᠪᠢᠳᠠᠬ᠃ ᠭᠤᠳᠠᠭᠠᠷ ᠲᠤ ᠶᠠᠰᠤ ᠲᠠᠢ ᠮᠢᠬ᠎ᠠ ᠶᠢ ᠨᠢ ᠲᠠᠪᠠᠭᠯᠠᠵᠦ | ᠲᠠᠯᠪᠢᠳᠠᠬ ᠶᠤᠮ᠃ ᠬᠠᠮᠤᠬ ᠰᠠᠭᠦᠯ ᠳᠤ ᠪᠤᠳᠠᠭ᠎ᠠ ᠬᠤᠭᠤᠯᠠ ᠪᠠᠨ ᠭᠠᠷᠭᠠᠵᠦ ᠲᠠᠯᠪᠢᠨ᠎ᠠ᠃ | | ︵ᠰᠦᠡᠭᠷᠤᠪ ᠰᠡᠴᠡᠨᠪᠢᠯᠢᠭ ᠤᠨ ᠨᠠᠶᠢᠷᠠᠭᠤᠯᠤᠨ ᠵᠤᠬᠢᠶᠠᠬᠰᠠᠨ ︽ᠠᠯᠠᠱᠠ ᠠᠷᠠᠳ ᠵᠠᠩ ᠦᠢᠯᠠ︾ ᠨᠤᠮ ᠠᠴᠠ︶ | | |