ᠮᠤᠩᠭᠤᠯᠴᠣᠳ ᠤᠨ ᠴᠠᠢ ᠤᠮᠳᠠ ᠶᠢᠨ ᠰᠣᠶᠣᠯ ᠬᠢᠭᠡᠳ ᠴᠡᠭᠡᠷ ᠶᠤᠰᠤᠨ
ᠨᠡᠶᠢᠲᠡᠯᠡᠭᠰᠡᠨ ᠴᠠᠭ᠄
2019/2/25
     ᠮᠤᠩᠭᠤᠯᠴᠤᠳ ᠦᠨᠢ ᠤᠳᠠᠭᠠᠨ ᠨᠡᠭᠦᠲᠡᠯ ᠮᠠᠯᠵᠢᠯ ᠤᠨ ᠠᠮᠢᠳᠤᠷᠠᠯ ᠲᠤᠮᠳᠠ ᠪᠠᠨ ᠦᠪᠡᠷ ᠤᠨ ᠢᠶᠠᠨ ᠦᠪᠡᠷᠮᠢᠴᠡ ᠰᠤᠳᠤᠨ ᠴᠠᠢ ᠶᠢᠨ ᠰᠤᠶᠤᠯ ᠢ ᠡᠭᠦᠳᠦᠨ ᠪᠦᠳᠦᠭᠡᠵᠡᠢ᠃ ᠴᠠᠢ ᠶᠢᠨ ᠰᠤᠶᠤᠯ ᠪᠤᠯ ᠮᠤᠩᠭᠤᠯ ᠤᠨ ᠢᠳᠡᠭᠡᠨ ᠤᠮᠳᠠᠭᠠᠨ ᠤ ᠰᠤᠶᠤᠯ ᠤᠨ ᠴᠢᠬᠤᠯᠠ ᠪᠦᠷᠢᠯᠳᠤᠭᠦᠨ ᠪᠤᠯᠬᠤ ᠶᠤᠮ᠃ ᠨᠡᠭᠦᠳᠡᠯᠴᠢ ᠮᠠᠯᠴᠢᠨ ᠦᠨᠳᠤᠰᠤᠳᠡᠨ  ᠤ ᠪᠠᠨ ᠶᠢᠷᠳᠢᠨᠴᠤ ᠶᠢᠨ ᠦᠵᠡᠯᠳᠡ᠂ ᠭᠤᠸ᠎ᠠ ᠲᠠᠭᠠᠰᠢᠶᠠᠯ᠂ ᠤᠯᠠᠮᠵᠢᠯᠠᠯᠳᠤ ᠰᠤᠶᠤᠯ ᠰᠡᠳᠬᠢᠬᠦᠢ ᠵᠢᠴᠢ ᠠᠵᠤ ᠲᠦᠷᠤᠵᠤ ᠪᠦᠬᠦᠢ ᠠᠮᠢᠳᠤᠷᠠᠯ᠂ ᠪᠠᠶᠢᠭᠠᠯᠢ ᠤᠷᠴᠢᠨ ᠠᠴᠠ ᠪᠤᠯᠵᠤ ᠮᠤᠩᠭᠤᠯᠴᠣᠳ ᠤᠨ ᠴᠠᠢ ᠤᠮᠳᠠ ᠪᠠᠵᠠᠭᠠᠬᠤ᠂ ᠴᠠᠢ ᠤᠮᠳᠠ ᠵᠤᠭᠤᠭᠯᠠᠬᠤ᠂ ᠵᠤᠴᠢᠯᠭ᠎ᠠ ᠲᠠᠶᠢᠯᠠᠯᠭ᠎ᠠ ᠳᠤ ᠭᠡᠷᠡᠭᠯᠡᠬᠦ ᠲᠠᠯ᠎ᠠ ᠪᠠᠷ ᠪᠤᠰᠤᠳ ᠦᠨᠳᠦᠰᠤᠳᠡᠨ ᠠᠴᠠ ᠠᠩᠭᠢᠳᠠ ᠶᠤᠰᠤ ᠵᠠᠩᠰᠢᠯ ᠪᠠᠶᠢᠳᠠᠭ ᠪᠦᠭᠡᠳ ᠴᠡᠭᠡᠷ ᠰᠤᠷᠳᠠᠬᠤᠨ ᠴᠦ ᠦᠯᠡᠮᠵᠢ ᠪᠤᠢ᠃                ᠴᠠᠢ ᠪᠤᠯ ᠮᠤᠩᠭᠤᠯᠴᠣᠳ ᠤᠨ ᠡᠳᠤᠷ ᠲᠤᠳᠤᠮ ᠤᠨ ᠠᠮᠢᠳᠤᠷᠠᠯ ᠳᠠᠬᠢ ᠲᠤᠳᠠᠭᠳᠠᠵᠤ ᠪᠤᠯᠤᠰᠢ ᠦᠭᠡᠢ ᠤᠮᠳᠠᠭᠠᠨ ᠮᠦᠨ᠃ ᠵᠢᠯ ᠤᠨ ᠲᠦᠷᠪᠡᠨ ᠤᠯᠠᠷᠢᠯ ᠳᠤ ᠡᠳᠤᠷ ᠪᠦᠷᠢ ᠤᠤᠭᠤᠵᠤ ᠪᠠᠶᠢᠳᠠᠭ ᠴᠢᠬᠤᠯᠠ ᠤᠮᠳᠠᠭᠠᠨ ᠪᠤᠯᠤᠨ᠎ᠠ᠃ ᠮᠤᠩᠭᠤᠯᠴᠣᠳ ᠴᠠᠢ ᠶᠢ ᠬᠠᠮᠤᠭ ᠭᠦᠨᠳᠦᠳᠭᠡᠯ ᠡᠷᠬᠦᠮᠵᠢᠯᠡᠯ ᠲᠠᠢ ᠤᠮᠳᠠᠭᠠᠨ ᠢᠶᠠᠷ ᠦᠵᠡᠵᠤ ᠲᠡᠭᠡᠳᠦᠯᠡᠳᠡᠭ ᠠᠴᠠ ᠵᠢᠯ   ᠳᠤ ᠨᠢᠬᠡ ᠲᠤᠬᠢᠶᠠᠯᠳᠤᠬᠤ ᠰᠠᠷ᠎ᠠ ᠰᠢᠨ᠎ᠡ ᠶᠢᠨ ᠪᠠᠶᠠᠷ ᠢᠶᠠᠷ ᠬᠦᠨᠳᠤᠳᠤ ᠵᠤᠴᠢᠳ ᠢᠶᠠᠨ ᠭᠡᠷ ᠲᠡᠭᠡᠨ ᠤᠷᠢᠬᠤ ᠳᠤ ︿︿ᠰᠢᠨ᠎ᠡ ᠶᠢᠨ ᠴᠠᠢ ᠵᠤᠭᠤᠭᠯᠠ﹀﹀ ᠭᠡᠳᠡᠭ᠃ ᠬᠡᠳᠦᠢ ᠶᠡᠭᠡ ᠲᠠᠶᠢᠯᠠᠯᠭ᠎ᠠ ᠶᠢ ᠪᠤᠯᠪᠠᠴᠤ ︿︿ᠴᠠᠶᠢᠯᠠᠯᠭ᠎ᠠ﹀﹀ ᠭᠡᠵᠤ ᠬᠡᠯᠡᠳᠡᠭ  ᠪᠢᠯᠡ᠃     ᠡᠷᠳᠡ ᠦᠶ᠎ᠡ ᠳᠤ ᠮᠤᠩᠭᠤᠯᠴᠣᠳ ᠪᠠᠷᠤᠭ ᠴᠦᠮ ᠬᠡᠭᠡᠷ᠎ᠡ ᠬᠦᠳᠡᠭᠡ ᠠᠴᠠ ᠤᠯᠠᠨ ᠵᠤᠶᠢᠯ ᠤᠨ ᠴᠠᠢ ᠶᠢᠨ ᠤᠷᠭᠤᠮᠠᠯ ᠢ ᠲᠡᠭᠦᠵᠤ᠂ ᠬᠠᠳᠠᠭᠠᠨ ᠨᠤᠨᠳᠠᠭᠯᠠᠨ᠂ ᠪᠤᠯᠪᠠᠰᠤᠷᠠᠭᠤᠯᠵᠤ ᠴᠢᠨᠠᠵᠤ ᠤᠤᠭᠤᠳᠠᠭ ᠪᠠᠶᠢᠵᠡᠢ᠃ ᠵᠠᠷᠢᠮ ᠤᠨ ᠬᠢᠨᠢ ᠦᠷ᠎ᠡ ᠵᠢᠮᠢᠰ᠂ ᠵᠠᠷᠢᠮ ᠤᠨ ᠬᠢᠨᠢ ᠨᠠᠪᠴᠢ ᠴᠡᠴᠡᠭ᠂ ᠡᠰᠢ ᠶᠢ ᠨᠢ ᠬᠡᠷᠡᠭᠯᠡᠳᠡᠭ᠃ ᠡᠭᠦᠨ ᠳᠤ ᠴᠠᠭ ᠤᠯᠠᠷᠢᠯ  ᠳᠤᠨᠢ ᠵᠤᠬᠢᠴᠠᠭᠤᠯᠤᠨ ᠲᠡᠭᠦᠭᠦ᠂ ᠵᠤᠬᠢᠬᠤ ᠭᠠᠵᠠᠷ ᠬᠠᠳᠠᠭᠠᠬᠤ᠂ ᠵᠢᠩᠨᠡᠬᠦ᠂ ᠨᠦᠳᠤᠬᠦ ᠮᠡᠳᠤ ᠤᠯᠠᠨ ᠠᠵᠢᠯ ᠤᠨ ᠶᠠᠪᠤᠴᠠ ᠶᠢ ᠱᠠᠭᠠᠷᠳᠠᠨ᠎ᠠ᠃ ᠮᠤᠩᠭᠤᠯᠴᠣᠳ ᠤᠨ ᠦᠷᠭᠦᠯᠵᠢ ᠤᠤᠭᠤᠳᠠᠭ ᠪᠠᠶᠢᠭᠰᠠᠨ ᠭᠡᠭᠡᠷ᠎ᠡ ᠶᠢᠨ ᠴᠠᠢ ᠨᠤᠭᠤᠳ ᠭᠡᠪᠡᠯ᠂ ᠰᠦᠳᠤᠨ  ᠴᠠᠢ᠂ ᠦᠷᠢᠯ ᠤᠨ ᠴᠠᠢ᠂ ᠮᠠᠨᠤ ᠴᠠᠢ᠂ ᠪᠤᠷᠤᠯᠵᠠᠭᠠᠨ᠎ᠠ ᠶᠢᠨ ᠴᠠᠢ᠂ ᠤᠯᠠᠭᠠᠨ᠎ᠠ ᠶᠢᠨ ᠴᠠᠢ᠂ ᠨᠤᠬᠠᠢ ᠶᠢᠨ ᠬᠤᠰᠢᠭᠤᠨ ᠴᠠᠢ᠂ ᠬᠦᠷᠪᠡᠭᠡᠨ ᠴᠠᠢ᠂ ᠪᠤᠳᠤᠷᠭᠠᠨ᠎ᠠ ᠴᠠᠢ᠂ ᠰᠠᠩᠳᠠᠩ ᠴᠠᠢ᠂ ᠱᠠᠬᠡᠷ ᠤᠨ ᠴᠠᠢ᠂ ᠴᠠᠶᠢᠷ  ᠤᠨ ᠴᠠᠢ᠂ ᠮᠦᠩᠬᠡ ᠴᠠᠢ᠂  ᠰᠤᠪᠤᠷᠭᠠᠨ ᠴᠠᠢ᠂ ᠴᠠᠭᠠᠨ ᠢᠷᠭᠤᠢ ᠴᠠᠢ᠂ ᠴᠠᠷᠠᠰᠤᠨ ᠴᠠᠢ᠂ ᠠᠯᠢᠮ᠎ᠠ ᠶᠢᠨ ᠴᠠᠢ ᠵᠡᠷᠭᠡ ᠪᠤᠢ᠃ ᠤᠳᠤ ᠡᠳᠡᠭᠡᠷ ᠬᠡᠬᠡᠷ᠎ᠡ   ᠶᠢᠨ ᠴᠠᠢ ᠤᠤᠭᠤᠬᠤ ᠨᠢ ᠲᠤᠶᠢᠯ ᠤᠨ ᠬᠤᠪᠤᠷ ᠪᠤᠯᠵᠤ᠂ ᠬᠠᠮᠢᠭ᠎ᠠ ᠭᠠᠵᠠᠷ ᠴᠦ ᠭᠡᠰᠡᠨ ᠬᠡᠪ ᠤᠨ ᠴᠠᠢ ᠤᠤᠭᠤᠬᠤ  ᠪᠤᠯᠵᠡᠢ᠃              ᠴᠠᠢ ᠪᠤᠯ ᠬᠦᠮᠤᠨ ᠤ ᠴᠤᠭ ᠰᠦᠯᠳᠡ ᠶᠢ ᠰᠡᠷᠭᠦᠭᠡᠨ ᠶᠠᠳᠠᠷᠠᠭ᠎ᠠ ᠴᠢᠯᠡᠭᠡ ᠶᠢ ᠲᠠᠶᠢᠯᠤᠨ᠂ ᠬᠤᠳᠤᠭᠠᠳᠤ ᠬᠡᠳᠡᠰᠤᠨ   ᠤ ᠠᠵᠢᠯᠯᠠᠭ᠎ᠠ ᠶᠢ ᠰᠠᠶᠢᠵᠢᠷᠠᠭᠤᠯᠤᠨ᠂ ᠰᠢᠨ᠎ᠡ ᠬᠠᠭᠤᠴᠢᠨ ᠤ ᠰᠤᠯᠢᠭᠳᠠᠯ ᠢ ᠲᠦᠷᠭᠡᠳᠭᠡᠬᠦ ᠤᠶᠢᠯᠡᠳᠤᠯ  ᠲᠠᠢ᠃ ᠰᠥ ᠲᠠᠢ ᠴᠠᠢ ᠪᠤᠯ ᠮᠠᠯᠴᠢᠨ ᠮᠤᠩᠭᠤᠯᠴᠣᠳ ᠤᠨ ᠬᠠᠮᠤᠭ ᠠᠴᠠ ᠲᠤᠷᠠᠲᠠᠢ ᠴᠠᠢ ᠮᠦᠨ᠃ ᠰᠥ ᠲᠠᠢ ᠴᠠᠢ ᠭᠡᠭᠴᠢ ᠴᠢᠨᠠᠭᠰᠠᠨ ᠴᠠᠢ ᠪᠠ ᠰᠥ ᠶᠢ ᠨᠡᠶᠢᠯᠡᠭᠦᠯᠵᠤ ᠬᠢᠭᠰᠡᠨ ᠤᠮᠳᠠᠭᠠᠠᠨ ᠮᠦᠨ᠃ ᠰᠥ ᠲᠠᠢ ᠴᠠᠢ ᠪᠤᠯ ᠶᠡᠷᠤᠩᠬᠡᠶᠢᠯᠡᠭᠰᠡᠨ ᠨᠡᠷ᠎ᠡ ᠲᠠᠢ ᠪᠤᠯᠤᠨ᠎ᠠ᠃ ᠰᠥ ᠲᠠᠢ ᠴᠠᠢ ᠶᠢᠨ ᠲᠤᠳᠤᠷ᠎ᠠ ᠬᠠᠯᠬ᠎ᠠ ᠴᠠᠢ᠂ ᠠᠪᠠᠭ᠎ᠠ ᠴᠠᠢ᠂ ᠲᠠᠭᠤᠷ ᠴᠠᠢ᠂ ᠨᠡᠷᠡᠮᠡᠯ ᠴᠠᠢ᠂ ᠪᠠᠨᠳᠠᠩ ᠴᠠᠢ᠂ ᠴᠦᠯᠢᠭᠡᠷ ᠴᠠᠢ᠂ ᠰᠢᠬᠢᠷ ᠪᠦᠷᠢᠭᠰᠡᠨ‌‍ᠴᠠᠢ ᠬᠡᠵᠤ ᠬᠤᠪᠢᠶᠠᠳᠠᠭ᠃ ᠴᠢᠨᠠᠵᠤ ᠢᠳᠡᠭᠡᠰᠢᠬᠦᠯᠦᠭᠰᠡᠨ ᠴᠠᠢ ᠶᠢ ᠲᠤᠩᠭᠠᠵᠤ ᠪᠠᠵᠠᠭᠠᠭᠠᠳ ᠰᠢᠨ᠎ᠡ ᠰᠥ ᠲᠠᠢ ᠨᠡᠶᠢᠯᠡᠭᠦᠯᠦᠨ ᠰᠠᠮᠤᠷᠴᠤ ᠬᠢᠭᠰᠡᠨ ᠤᠮᠳᠠᠭ᠎ᠠ  ᠶᠢ ᠬᠠᠯᠬ᠎ᠠ ᠴᠠᠢ ᠪᠤᠶᠤ ᠰᠥ ᠲᠠᠢ ᠴᠠᠢ ᠬᠡᠵᠤ ᠨᠡᠷᠡᠯᠡᠨ᠎ᠡ᠃ ᠵᠠᠷᠢᠮ ᠭᠠᠵᠠᠷ ᠤᠨ ᠬᠢᠨ ᠮᠤᠩᠭᠤᠯ ᠠᠮᠤ ᠪᠤᠶᠤ ᠨᠠᠷᠢᠮᠤ ᠪᠤᠳᠠᠭ᠎ᠠ ᠶᠢ ᠬᠤᠨᠢᠨ ᠰᠡᠭᠦᠯ ᠮᠡᠳᠤ ᠦᠭᠡᠬᠦ ᠲᠤᠰᠤ   ᠪᠠᠷ ᠬᠠᠭᠤᠷᠴᠤ᠂ ᠨᠠᠶᠢᠷᠠᠭᠤᠯᠤᠨ ᠪᠠᠵᠠᠭᠠᠭᠰᠠᠨ ᠢ ᠬᠠᠯᠬ᠎ᠠ ᠴᠠᠢ ᠭᠡᠳᠡᠭ᠃ ᠰᠢᠯᠢ ᠶᠢᠨ ᠭᠤᠤᠯ ᠲᠡᠰᠢ ᠪᠠᠨ ᠪᠤᠯ ᠠᠪᠠᠭ᠎ᠠ  ᠴᠠᠢ ᠭᠡᠵᠤ ᠨᠡᠷᠡᠯᠡᠳᠡᠭ ᠴᠦ ᠪᠤᠢ᠃ ᠭᠤᠯᠢᠷ ᠲᠠᠰᠤᠯᠤᠭᠰᠠᠨ ᠴᠠᠢ᠂ ᠪᠠᠨᠳᠠᠩ ᠴᠠᠢ᠂ ᠴᠦᠯᠢᠭᠡᠷ ᠴᠠᠢ ᠵᠡᠷᠭᠡ ᠪᠤᠯ ᠴᠦᠮ  ᠠᠳᠠᠯᠢ ᠨᠠᠶᠢᠷᠠᠯᠭ᠎ᠠ ᠲᠠᠢ ᠰᠥ ᠲᠠᠢ ᠴᠠᠢ  ᠶᠢᠨ ᠵᠤᠶᠢᠯ ᠪᠤᠯᠤᠨ᠎ᠠ᠃                  ᠰᠥ ᠲᠠᠢ ᠴᠠᠢ ᠪᠤᠯ ᠮᠠᠯᠴᠢᠨ ᠮᠤᠩᠭᠤᠯᠴᠣᠳ ᠤᠨ ᠭᠤᠥᠯ ᠤᠮᠳᠠᠭᠠᠨ ᠬᠤᠭᠤᠯᠠᠨ ᠳᠤ ᠲᠤᠭᠠᠴᠠᠭᠳᠠᠨ᠎ᠠ᠃ ᠮᠠᠯᠴᠢᠳ ᠦᠷᠯᠦᠭᠡ᠂ ᠦᠳᠡ ᠳᠤ ᠴᠠᠢ ᠤᠤᠭᠤᠵᠤ᠂ ᠤᠷᠤᠢ ᠰᠠᠶ᠋ᠢ ᠬᠤᠭᠤᠯᠠ ᠢᠳᠡᠳᠡᠭ ᠵᠠᠩᠰᠢᠯ ᠤᠳᠤ ᠪᠤᠯᠳᠠᠯ᠎ᠠ ᠬᠠᠳᠠᠭᠠᠯᠠᠭᠳᠠᠵᠤ ᠪᠤᠢ᠃ ᠰᠥ ᠲᠠᠢ ᠴᠠᠢ ᠪᠤᠯ ᠤᠮᠳᠠᠭᠠᠰᠬᠤ ᠳᠤ ᠯᠠ ᠤᠤᠭᠤᠳᠠᠭ ᠤᠮᠳᠠ ᠪᠢᠰᠢ᠃ ᠰᠥ ᠲᠠᠢ ᠴᠠᠢ  ᠶᠢ ᠤᠤᠭᠤᠬᠤ ᠳᠤ ᠬᠤᠷᠤᠳ᠂ ᠱᠦᠬᠦᠷᠮᠡᠭ᠂ ᠠᠭᠠᠷᠤᠤᠯ᠂ ᠰᠢᠷ᠎ᠠ ᠲᠤᠰᠤ᠂ ᠴᠠᠭᠠᠨ ᠲᠤᠰᠤ᠂ ᠦᠷᠤᠮ᠎ᠡ᠂ ᠵᠦᠭᠡᠭᠡᠢ ᠮᠡᠳᠤ  ᠠᠯᠢ ᠤᠯᠠᠨ ᠴᠠᠭᠠᠨ ᠢᠳᠡᠭᠡᠨ ᠨᠠᠶᠢᠷᠠᠯᠭ᠎ᠠ ᠲᠠᠢ ᠤᠤᠭᠤᠳᠠᠭ᠃ ᠮᠦᠨ ᠴᠦ ᠮᠢᠬ᠎ᠠ ᠪᠤᠷᠴᠠ ᠵᠡᠷᠬᠡ ᠤᠯᠠᠭᠠᠨ ᠢᠳᠡᠭᠡᠨ ᠤ ᠨᠠᠶᠢᠷᠠᠯᠭ᠎ᠠ ᠲᠠᠢ ᠤᠤᠭᠤᠵᠤ ᠡᠳ᠋ᠯᠡᠨ᠎ᠡ᠃ ᠡᠰᠡᠬᠦᠯ᠎ᠡ ᠪᠤᠭᠤᠷᠰᠤᠭ ᠪᠤᠤᠪᠤ ᠮᠡᠳᠤ ᠪᠤᠷᠤ ᠢᠳᠡᠭᠡᠨ  ᠤ ᠨᠠᠶᠢᠷᠠᠯᠭ᠎ᠠ ᠲᠠᠢ ᠤᠤᠭᠤᠳᠠᠭ᠃ ᠡᠶᠢᠮᠤ ᠠᠴᠠ ᠰᠥ ᠲᠠᠢ ᠴᠠᠢ ᠤᠤᠭᠤᠬᠤ ᠨᠢ ᠪᠠᠰᠠ ᠴᠦ ᠬᠤᠭᠤᠯᠠ‌ᠢᠳᠡᠭᠰᠡᠨ  ᠲᠠᠢ ᠠᠳᠠᠯᠢ ᠪᠠᠶᠢᠳᠠᠭ᠃ ᠮᠠᠯᠴᠢᠨ ᠮᠤᠩᠭᠤᠯᠴᠣᠳ ᠤᠯᠠᠨ ᠵᠤᠶᠢᠯ ᠤᠨ ᠨᠠᠶᠢᠷᠠᠯᠭ᠎ᠠ — ᠴᠠᠭᠠᠨ ᠢᠳᠡᠭᠡ᠂ ᠤᠯᠠᠭᠠᠨ ᠢᠳᠡᠭᠡ᠂ ᠪᠤᠷᠤ ᠢᠳᠡᠭᠡ ᠲᠠᠪᠠᠭᠯᠠᠭᠰᠠᠨ ᠰᠥ ᠲᠠᠢ ᠴᠠᠢ ᠶᠢ ᠨᠢᠭᠡ ᠶᠤᠰᠤᠨ ᠤ ᠳᠠᠶᠢᠯᠠᠯᠭ᠎ᠠ ᠳᠤ ᠲᠤᠭᠠᠴᠠᠳᠠᠭ᠃ ᠮᠤᠩᠭᠤᠯᠴᠣᠳ ᠤᠨ ᠴᠠᠢ ᠶᠢ ᠲᠡᠭᠡᠳᠤᠯᠡᠵᠤ ᠡᠷᠬᠢᠮᠯᠡᠬᠦ ᠶᠤᠰᠤ ᠵᠢᠴᠢ ᠴᠠᠢ ᠶᠢ ᠬᠤᠷᠢᠶᠠᠵᠤ ᠬᠠᠳᠠᠭᠠᠯᠠᠬᠤ᠂ ᠬᠡᠰᠡᠭᠯᠡᠵᠤ ᠬᠤᠪᠢᠶᠠᠬᠤ᠂ ᠴᠠᠢ ᠲᠠᠪᠤᠰᠤᠨ ᠤ ᠪᠠᠭᠠᠵᠢ ᠰᠠᠪᠠ ᠶᠢᠨ ᠵᠤᠶᠢᠯ ᠢ ᠬᠢᠵᠤ ᠭᠡᠷᠡᠭᠯᠡᠬᠦ᠂ ᠴᠠᠢ ᠨᠦᠳᠦᠬᠦ᠂ ᠴᠢᠨᠠᠬᠤ᠂ ᠴᠠᠢ ᠠᠶᠠᠭᠠᠯᠠᠬᠤ᠂ ᠵᠤᠴᠢᠨ ᠳᠤ ᠪᠠᠷᠢᠬᠤ᠂ ᠲᠡᠭᠷᠢ ᠪᠤᠷᠬᠠᠨ ᠳᠤ ᠲᠡᠭᠡᠵᠢ ᠰᠠᠷᠵᠢᠮ ᠡᠷᠭᠦᠬᠦ ᠵᠡᠷᠭᠡ ᠲᠠᠯ᠎ᠠ ᠪᠠᠷ ᠪᠦᠷ ᠨᠠᠷᠢᠨ ᠶᠤᠰᠤ ᠵᠠᠩᠰᠢᠯ ᠲᠠᠢ ᠪᠠᠶᠢᠳᠠᠭ᠃ ᠴᠠᠢ ᠴᠢᠨᠠᠬᠤ ᠳᠤ ᠲᠤᠭᠤᠭ᠎ᠠ ᠲᠡᠪᠤᠷ᠎ᠡ ᠶᠢᠨ ᠠᠯᠢ ᠶᠢ ᠨᠢ ᠭᠡᠷᠡᠭᠯᠡᠭᠰᠡᠨ ᠴᠦ  ᠶᠠᠭᠤᠨ ᠤ ᠤᠷᠢᠳ ᠵᠡᠪᠡ ᠦᠭᠡᠢ᠂ ᠲᠤᠰᠤ ᠦᠭᠡᠢ᠂ ᠦᠨᠤᠷ ᠦᠭᠡᠢ ᠴᠡᠪᠡᠷ ᠠᠷᠢᠭᠤᠨ ᠪᠠᠶᠢᠬᠤ ᠶᠢ ᠶᠡᠬᠡᠳᠡ ᠡᠷᠬᠢᠮᠯᠡᠳᠡᠭ᠃ ᠶᠠᠮᠠᠷ ᠴᠦ ᠴᠠᠢ ᠴᠢᠨᠠᠬᠤ ᠳᠤ ᠤᠤᠭᠤᠬᠤ ᠬᠦᠮᠦᠨ ᠤ ᠬᠢᠷᠢ ᠪᠠᠷ ᠤᠰᠥ ᠪᠤᠴᠠᠯᠤᠮᠠᠭᠴᠠ ᠴᠠᠢ ᠪᠠᠨ ᠦᠢᠵᠦ᠂ ᠳᠠᠷᠠᠭ᠎ᠠ   ᠪᠠᠷ ᠨᠢ ᠳᠠᠪᠦᠰᠦ ᠪᠠᠨ ᠤᠷᠬᠢᠭᠠᠳ ᠳᠠᠷᠬᠢᠯᠳᠠᠯ᠎ᠠ ᠪᠤᠴᠠᠯᠭᠠᠵᠦ ᠵᠦᠢᠳᠠᠢ ᠭᠡᠭᠴᠢ ᠰᠠᠮᠤᠷᠦᠨ᠎ᠠ᠃ ᠡᠨᠡ ᠮᠡᠳᠦ ᠢᠳᠡᠭᠡᠰᠢᠵᠦ ᠴᠠᠢ ᠪᠠᠨ ᠳᠠᠪᠦᠷ᠎ᠠ ᠳᠤ ᠬᠢᠬᠦ ᠠᠴᠠ ᠡᠮᠦᠨ᠎ᠡ ᠬᠠᠭᠠᠰ ᠰᠢᠨᠠᠭ᠎ᠠ ᠬᠢᠷᠢ ᠬᠦᠢᠳᠡᠨ ᠤᠰᠤ ᠳᠤᠰᠤᠭᠠᠳᠠᠭ ᠵᠠᠩᠰᠢᠯ ᠴᠦ ᠪᠤᠢ᠃ ᠡᠬᠦᠨ ᠢ ᠴᠠᠢ ︿︿ᠰᠡᠯᠪᠢᠬᠦ﹀﹀ ᠬᠡᠳᠡᠭ᠃ ᠴᠠᠢ ᠶᠢ ᠰᠦᠢᠵᠦ᠂ ᠬᠤᠤᠷ ᠢ ᠨᠢ ᠭᠠᠷᠭᠠᠵᠦ᠂ ᠠᠮᠳᠠ ᠶᠢ ᠨᠢ ᠰᠠᠶᠢᠵᠢᠷᠠᠭᠤᠯᠵᠦ ᠦᠨᠦᠷ ᠢ ᠨᠢ ᠨᠡᠮᠡᠭᠳᠡᠬᠦᠯᠵᠦ ᠪᠠᠶᠢᠬᠤ ᠤᠬᠠᠭᠠᠨ ᠲᠠᠢ᠂ ᠰᠦ ᠲᠠᠢ ᠴᠠᠢ ᠪᠤᠯ ᠴᠠᠢ ᠰᠠᠯᠪᠢᠭ᠍ᠰᠡᠨ ᠤ  ᠳᠠᠷᠠᠭ᠎ᠠ ᠰᠦ ᠪᠠᠨ ᠬᠢᠵᠦ ᠰᠠᠮᠥᠷᠴᠦ ᠢᠳᠡᠭᠡᠰᠢᠬᠦᠯᠦᠨ᠎ᠡ᠃ ᠡᠯᠡᠰᠦ ᠮᠠᠩᠬ᠎ᠠ ᠭᠤᠪᠢ ᠨᠤᠳᠤᠭ ᠤᠨ ᠬᠢᠨ ᠢᠮᠠᠭ᠎ᠠ᠂  ᠬᠤᠨᠢᠨ ᠰᠦ᠂ ᠢᠩᠭᠡᠨ ᠰᠦ ᠲᠠᠢ ᠴᠠᠢ ᠤᠤᠭᠤᠳᠠᠭ᠃ ᠳᠠᠯ᠎ᠠ ᠶᠢᠨ ᠮᠤᠩᠭᠤᠯᠣᠤᠳ ᠪᠤᠯ ᠭᠤᠤᠯᠳᠠᠭᠤ ᠦᠨᠢᠶᠡᠨ ᠰᠦ ᠲᠠᠢ ᠴᠠᠢ ᠣᠣᠭᠤᠳᠠᠭ᠃                ᠴᠢᠨᠠᠭᠰᠡᠨ ᠴᠠᠢ ᠶᠢ ᠲᠠᠪᠤᠰᠤᠨ ᠤ ᠠᠭᠤᠰᠴᠠ ᠪᠠᠷ ᠴᠢᠩᠭ᠎ᠠ ᠴᠠᠢ᠂ ᠰᠤᠯᠠ ᠴᠠᠢ᠂ ᠳᠠᠪᠥᠰᠥ ᠦᠭᠡᠢ ᠴᠠᠢ ᠭᠡᠵᠦ ᠴᠠᠢ ᠶᠢᠨ ᠬᠡᠮᠵᠢᠶ᠎ᠡ ᠪᠠᠷ ᠰᠢᠩᠭᠡᠨ ᠴᠠᠢ᠂ ᠢᠳᠡᠭᠡᠰᠢᠭ ᠴᠠᠢ ᠭᠡᠵᠦ᠂ ᠰᠦ ᠶᠢᠨ ᠬᠡᠮᠵᠢᠶ᠎ᠡ ᠪᠠᠷ ᠰᠦ ᠲᠠᠢ ᠴᠠᠢ᠂ ᠰᠠᠭᠠᠷᠮᠠᠭ ᠴᠠᠢ᠂ ᠴᠠᠢ ᠶᠢᠨ ᠴᠢᠨᠠᠷ ᠢᠶᠠᠷ ᠰᠢᠨ᠎ᠡ ᠴᠠᠢ᠂ ᠪᠡᠯᠡᠨ ᠴᠠᠢ᠂ ᠰᠡᠯᠪᠢᠭᠰᠡᠨ ᠴᠠᠢ᠂ ᠰᠢᠭᠠᠷᠥ ᠴᠠᠢ ᠭᠡᠵᠦ ᠨᠠᠷᠢᠨ ᠢᠯᠭᠠᠳᠠᠭ᠃ ᠮᠤᠩᠭᠤᠯᠴᠤᠳ ᠡᠷᠳᠡ ᠶᠢᠨ ᠴᠢᠨᠠᠭᠰᠡᠨ ᠴᠠᠢ ᠪᠠᠨ ᠣᠣᠭᠤᠬᠤ ᠠᠴᠠ ᠪᠠᠨ ᠣᠷᠢᠳ ᠳᠡᠭᠡᠵᠢ ᠶᠢ  ᠨᠢ ᠪᠤᠷᠬᠠᠨ ᠰᠢᠳᠦᠭᠡᠨ ᠳᠡᠭᠡᠨ ᠳᠠᠯᠪᠢᠳᠠᠭ ᠪᠦᠭᠡᠳ ᠭᠠᠳᠠᠨ᠎ᠠ ᠭᠠᠷᠴᠦ ᠳᠡᠭᠷᠢ ᠭᠠᠵᠠᠷ ᠲᠤ ᠡᠷᠬᠦᠳᠡᠭ ᠵᠠᠩᠰᠢᠯ ᠲᠠᠢ᠃ ᠬᠦᠨᠳᠤᠳᠤ  ᠵᠤᠴᠢᠳ ᠲᠠᠭᠠᠨ ᠬᠠᠮᠤᠭ ᠲᠦᠷᠦᠬᠦᠨ ᠳᠤ ᠰᠥ ᠲᠠᠢ ᠴᠠᠢ ᠪᠠᠨ ᠪᠠᠷᠢᠳᠠᠭ᠃ ᠬᠤᠷᠢᠮ ᠪᠠᠶᠠᠷ ᠤᠨ ᠳᠡᠭᠡᠵᠢ ᠰᠠᠭᠠᠯᠢ ᠳᠤ  ᠬᠡᠪ ‍ᠣᠨ‌‍ᠴᠠᠢ ᠰᠢᠬᠦᠰᠦᠨ ᠳᠤ ᠣᠷᠣᠳᠠᠭ᠃ ᠤᠪᠤᠭᠠᠨ ᠳᠠᠬᠢᠯᠭ᠎ᠠ᠂ ᠣᠷᠣᠯᠳᠣᠭᠠᠨ ᠪᠠᠷᠢᠯᠳᠤᠭᠠᠨ ᠳᠤ ᠴᠠᠢ ᠶᠢᠨ ᠱᠠᠩ  ᠳᠡᠭᠡᠳᠦ ᠳᠤ ᠤᠷᠤᠳᠠᠭ᠃                    ᠴᠠᠢ ᠠᠶᠠᠭᠠᠯᠠᠬᠤ ᠠᠴᠠ ᠡᠮᠦᠨ᠎ᠡ ᠳᠡᠪᠦᠷ᠎ᠡ ᠲᠠᠢ ᠴᠠᠢ ᠪᠠᠨ ᠵᠤᠴᠢᠨ ᠤ ᠣᠷᠢᠳᠣᠬᠢ ᠴᠠᠢ ᠶᠢᠨ ᠵᠣᠭᠤᠭ ᠳᠠᠯᠪᠢᠭᠰᠡᠨ ᠰᠢᠷᠡᠭᠡᠨ ᠨᠠᠭᠠᠳᠤᠬᠢ ᠳᠡᠪᠦᠷ᠎ᠡ ᠶᠢᠨ ᠳᠡᠪᠢᠰᠭᠡᠷ ᠳᠡᠭᠡᠷ᠎ᠡ ᠴᠤᠷᠭᠤ ᠶᠢ ᠨᠢ ᠵᠤᠴᠢᠨ ᠳᠠᠶᠢᠰᠢ ᠪᠤᠶᠥ ᠬᠤᠶᠢᠮᠤᠷ ᠬᠠᠨᠳᠣᠭᠤᠯᠤᠨ ᠰᠡᠨᠵᠢ ᠶᠢ ᠬᠠᠵᠠᠭᠤᠯᠠᠭᠤᠯᠵᠦ ᠳᠠᠯᠪᠢᠨ᠎ᠠ᠃ ᠴᠠᠢ ᠠᠶᠠᠭᠠᠯᠠᠬᠤ ᠳᠠᠭᠠᠨ ᠡᠶᠡᠯᠰᠡᠭ᠂ ᠶᠤᠰᠣᠷᠬᠠᠭ ᠬᠢᠴᠢᠶᠡᠩᠭᠦᠢ ᠪᠠᠶᠢᠵᠦ᠂ ᠵᠡᠭᠦᠨ ᠭᠠᠷ ᠢᠶᠠᠷ ᠢᠶᠠᠨ ᠴᠠᠢ ᠶᠢᠨ ᠳᠡᠪᠦᠷ᠎ᠡ ᠶᠢᠨ ᠰᠡᠨᠵᠢ ᠶᠢᠨ ᠳᠤᠮᠳᠠ ᠠᠴᠠ ᠠᠳᠬᠤᠵᠦ᠂  ᠪᠠᠷᠠᠭᠤᠨ ᠭᠠᠷ ᠲᠤ ᠪᠠᠷᠢᠭᠰᠡᠨ ᠰᠠᠪ ᠦᠬᠡᠢ ᠴᠡᠪᠡᠷ ᠰᠠᠶᠢᠬᠠᠨ ᠠᠶᠠᠭ᠎ᠠ ᠱᠠᠭᠠᠵᠠᠩ ᠳᠤ ᠳᠡᠭᠡᠷ᠎ᠡ ᠳᠣᠮᠳᠠᠭᠤᠷ ᠠᠶᠠᠭᠠᠯᠠᠵᠦ᠂ ᠪᠠᠭ᠎ᠠ ᠮᠡᠬᠦᠶᠢᠨ ᠬᠤᠶᠠᠷ ᠭᠠᠷ ᠶᠢᠨ ᠢᠶᠠᠷ ᠳᠡᠭᠰᠢᠭᠡᠨ ᠰᠠᠶᠢᠬᠠᠨ ᠪᠠᠷᠢᠨ᠎ᠠ᠃ ᠴᠠᠢ ᠳᠣᠰᠬᠤ  ᠳᠠᠭᠠᠨ ᠵᠢᠭᠠᠬᠠᠨ ᠪᠡᠶ᠎ᠡ ᠦᠨᠳᠡᠶᠢᠵᠦ ᠦᠯᠦ ᠮᠡᠳᠡᠭᠳᠡᠮ᠎ᠡ ᠳᠤᠯᠥᠭᠠᠢ ᠳᠣᠬᠢᠨ᠂ ᠬᠤᠶᠠᠷ ᠭᠠᠷ ᠢᠶᠠᠷ ᠢᠶᠠᠨ ᠳᠤᠰᠤᠨ ᠠᠪᠴᠦ ᠳᠠᠯᠠᠷᠬᠠᠵᠤ ᠪᠠᠶᠢᠬᠤ ᠪᠠᠨ ᠢᠯᠡᠳᠬᠡᠳᠡᠭ᠃            ᠠᠯᠠᠱᠠ᠂ ᠣᠷᠳᠣᠰ᠂ ᠣᠷᠠᠳ ᠤᠨ ᠮᠤᠩᠭᠤᠯᠴᠥᠳ ᠲᠤ ︽ᠴᠠᠢ ᠣᠣᠭᠤᠬᠤ︾ ᠬᠡᠳᠡᠭ ᠨᠢ ︽ᠬᠤᠭᠤᠯᠠ ᠢᠳᠡᠬᠦ  ︾ ᠬᠡᠰᠡᠨ ᠠᠭᠤᠯᠭ᠎ᠠ ᠲᠠᠢ ᠵᠡᠷᠭᠡᠴᠡᠵᠦ ᠪᠠᠶᠢᠳᠠᠭ᠃ ᠴᠠᠢ ᠣᠮᠳᠠ ᠶᠢ ᠴᠢᠨᠠᠵᠪ᠊ ᠪᠤᠴᠠᠯᠭᠠᠬᠤ ᠠᠴᠠ ᠣᠣᠭᠤᠵᠦ ᠠᠮᠳᠠᠯᠠᠬᠤ ᠬᠦᠷᠳᠡᠯ᠎ᠡ ᠪᠦᠷ ᠳᠤᠭᠳᠠᠭᠰᠡᠨ ᠵᠢᠷᠥᠮ ᠶᠤᠰᠤ᠂ ᠴᠡᠭᠡᠷ ᠬᠤᠷᠢᠭ᠎ᠠ ᠲᠠᠢ ᠪᠠᠶᠢᠳᠠᠭ᠃ ᠰᠡᠳᠡᠷᠬᠡᠢ ᠪᠣᠶᠣ ᠴᠠᠪᠠ ᠲᠠᠢ ᠠᠶᠠᠭ᠎ᠠ ᠱᠠᠭᠠᠵᠠᠩ ᠳᠤ ᠴᠠᠢ ᠠᠶᠠᠭᠠᠯᠠᠪᠠᠯ ︿︿ᠢᠷᠡᠭᠰᠡᠨ ᠵᠣᠴᠢᠨ ᠢ ᠳᠤᠷᠤᠮᠵᠢᠯᠠᠵᠦ ᠪᠠᠶᠢᠨ᠎ᠠ﹀﹀ ᠬᠡᠳᠡᠭ᠃ ᠴᠠᠢ ᠠᠶᠠᠭᠠᠯᠠᠬᠤ ᠳᠤ ᠴᠠᠢ ᠶᠢᠨ ᠮᠤᠳᠤ ᠤᠷᠤᠬᠤ ᠶᠢ ᠴᠡᠭᠡᠷᠯᠡᠨ᠎ᠡ᠃ ᠠᠶᠠᠭᠠᠯᠠᠵᠤ ᠦᠭᠬᠦᠭᠰᠡᠨ ᠴᠠᠢ ᠶᠢ ᠡᠰᠡ ᠠᠮᠰᠠᠪᠠᠯ ︿︿ᠴᠢᠳᠭᠦᠷ ᠠᠮᠰᠠᠵᠤ ᠠᠮᠵᠢᠨ᠎ᠠ﹀ ᠬᠡᠮᠡᠳᠡᠭ᠃ ᠴᠠᠢ ᠠᠶᠠᠭᠠᠯᠠᠬᠤ ᠳᠤ ᠮᠠᠯᠠᠭᠠᠢ ᠪᠠᠨ ᠬᠠᠵᠠᠭᠠᠢ ᠲᠠᠯᠪᠢᠵᠤ᠂ ᠬᠠᠨᠴᠦᠢ ᠰᠢᠮᠠᠯᠠᠨ ᠬᠤᠷᠮᠤᠢ ᠰᠢᠭᠤᠵᠤ᠂ ᠡᠩᠭᠡᠷ ᠡᠯᠢᠭᠡ ᠪᠡᠨ‌ᠤᠩᠭᠤᠶᠢᠯᠭᠠᠪᠠᠯ ︿︿ᠶᠤᠰᠤ ᠠᠯᠳᠠᠪᠠ﹀﹀ ᠭᠡᠳᠡᠭ᠃ ᠠᠶᠠᠭᠠᠨ ᠳᠤ ᠦᠯᠡᠳᠡᠭᠰᠡᠨ ᠴᠠᠢ ᠶᠢᠨ ᠰᠢᠪᠬᠠᠷᠤ ᠶᠢ ᠡᠭᠦᠳᠡ ᠪᠠᠷ ᠱᠠᠭᠠᠶᠢᠨ ᠰᠠᠴᠤᠬᠤ ᠶᠢ ᠴᠡᠭᠡᠷᠯᠡᠨ᠎ᠡ᠃ ᠢᠰᠦᠭᠰᠡᠨ ᠴᠠᠢ ᠤᠮᠳᠠ ᠶᠢ ᠬᠠᠮᠢᠭ᠎ᠠ ᠦᠭᠡᠢ ᠭᠠᠵᠠᠷ ᠲᠤ ᠰᠠᠴᠤᠨ ᠠᠰᠬᠠᠬᠤ ᠶᠢ ᠴᠡᠭᠡᠷᠯᠡᠨ᠎ᠡ᠃ ᠬᠠᠭᠤᠴᠢᠨ ᠤᠰᠤ ᠪᠠᠷ ᠴᠠᠢ ᠴᠢᠨᠠᠬᠤ᠂ ᠪᠤᠯᠠᠩᠭᠢᠷ ᠲᠠᠢ ᠤᠰᠤ ᠪᠠᠷ ᠴᠠᠢ ᠴᠢᠨᠠᠬᠤ ᠵᠢᠴᠢ ᠦᠨᠤᠷ ᠮᠠᠭᠤᠲᠠᠢ ᠲᠦᠯᠡᠰᠢ ᠪᠠᠷ ᠴᠠᠢ ᠴᠢᠨᠠᠬᠤ᠂ ᠴᠠᠢ ᠪᠤᠴᠠᠯᠬᠤ ᠲᠠᠭᠤ ᠶᠢ ᠴᠢᠩᠨᠠᠬᠤ᠂ ᠴᠠᠢ ᠶᠢ ᠲᠤᠭᠠᠯᠠᠵᠤ ᠨᠦᠳᠦᠬᠦ᠂ ᠰᠠᠴᠤᠯᠢ ᠡᠷᠬᠦᠯ ᠦᠭᠡᠢ ᠪᠠᠷ ᠤᠤᠭᠤᠬᠤ ᠶᠢ ᠴᠡᠭᠡᠷᠯᠡᠨ᠎ᠡ᠃ ᠬᠤᠭᠤᠰᠤᠨ ᠴᠠᠢ ᠠᠶᠠᠭᠠᠯᠠᠵᠤ ᠦᠭᠬᠦ ᠶᠢ ᠴᠦ ᠴᠡᠭᠡᠷᠯᠡᠵᠤ ᠶᠠᠭᠠᠬᠢᠪᠠᠴᠤ ᠴᠢᠮᠬᠢ ︽ᠲᠠᠪᠤᠨ ᠠᠮᠤ︾᠂ ᠴᠠᠭᠠᠨ ᠢᠳᠡᠭᠡ ᠬᠢᠬᠦ ᠶᠤᠰᠤ   ᠲᠠᠢ᠃ ᠲᠠᠪᠤᠰᠤ ᠦᠭᠡᠢ ᠴᠠᠢ ᠠᠶᠠᠭᠠᠯᠠᠪᠠᠯ ︿︿ᠬᠤᠶᠢᠳᠤ ᠲᠦᠷᠤᠯ ᠳᠡᠭᠡᠨ ᠱᠠᠯᠳᠠᠩ ᠶᠠᠪᠤᠨ᠎ᠠ﹀﹀ ᠭᠡᠳᠡᠭ᠂ ᠬᠡᠳᠤ ᠰᠢᠩᠭᠡᠨ ᠴᠠᠢ ᠠᠶᠠᠭᠠᠯᠠᠪᠠᠯ ︿︿ᠲᠠᠪᠤᠨ ᠲᠦᠷᠤᠯ ᠭᠡᠷᠡᠯᠳᠤᠵᠤ ᠦᠵᠡᠭᠳᠡᠵᠤ ᠪᠠᠶᠢᠨ᠎ᠠ﹀﹀ ᠬᠡᠵᠤ ᠴᠡᠭᠡᠷᠯᠡᠳᠡᠭ᠃ ᠴᠠᠢ ᠶᠢᠨ ᠲᠡᠭᠡᠵᠢ ᠶᠢ ᠪᠤᠷᠬᠠᠨ ᠳᠤ ᠡᠷᠭᠦᠭᠦ ᠦᠭᠡᠢ᠂ ᠭᠡᠷ ᠤᠨ ᠡᠵᠡᠨ ᠳᠤ ᠤᠷᠢᠳ ᠢᠶᠠᠷ ᠠᠮᠰᠠᠭᠤᠯᠬᠤ ᠦᠭᠡᠢ ᠪᠤᠯ ︿︿ᠠᠶᠢᠯ ᠭᠡᠷ ᠤᠨ ᠭᠡᠰᠡᠭ ᠪᠤᠶᠠᠨ ᠲᠤᠷᠤᠶᠢᠳᠠᠨ᠎ᠠ﹀﹀ ᠭᠡᠳᠡᠭ ᠪᠦᠭᠡᠳ ᠴᠠᠢ ᠴᠢᠨᠠᠵᠤ ᠪᠠᠶᠢᠬᠤ ᠳᠤ ᠤᠳᠤᠭ᠎ᠠ ᠬᠤᠷᠪᠤᠰ ᠦᠨᠦᠷᠳᠦᠬᠦᠯᠵᠤ  ᠪᠤᠯᠬᠤ ᠦᠭᠡᠢ ᠵᠡᠷᠭᠡ ᠴᠡᠭᠡᠷ ᠶᠤᠰᠤᠨ ᠨᠤᠭᠤᠳ ᠪᠤᠢ᠃                                                                         ︵ᠵᠤᠬᠢᠶᠠᠭᠴᠢ᠄ ᠴᠤᠬᠠᠤᠷᠬᠢᠯ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号