ᠬᠤᠭᠤᠯᠠ ᠢᠲᠠᠭᠡᠨ ᠤ ᠵᠦᠢᠯ
ᠨᠡᠶᠢᠲᠡᠯᠡᠭᠰᠡᠨ ᠴᠠᠭ᠄
2018/12/26
     ᠲᠤᠰᠤᠨ ᠳᠤ ᠰᠢᠷᠠᠭᠰᠠᠨ ᠰᠥᠯᠵᠢᠮᠠᠯ ᠪᠤᠭᠤᠷᠰᠤᠭ                  ᠭᠡᠷᠪᠠ 30 ᠵᠢᠩ ᠴᠠᠭᠠᠨ ᠭᠤᠯᠢᠷ ᠤᠨ ᠪᠤᠭᠤᠷᠰᠤᠭ ᠬᠢᠬᠦ ᠭᠡᠰᠠᠨ ᠪᠤᠯ ᠤᠷᠢᠲᠠᠪᠠᠷ 25 ᠵᠢᠩ ᠭᠤᠯᠢᠷ ᠲᠤ 1 ᠵᠢᠩ ᠢᠰᠭᠡᠭᠰᠠᠨ ᠬᠦᠷᠤᠩᠭᠡ ᠬᠤᠯᠢᠵᠤ᠂ ᠭᠤᠯᠢᠷ ᠢᠶᠠᠨ ᠰᠠᠶᠢᠲᠤᠷ ᠨᠤᠬᠤᠭᠠᠤᠨ ᠬᠠᠯᠠᠭᠤᠨ ᠭᠠᠵᠠᠷ ᠲᠤ ᠲᠠᠯᠪᠢᠨ᠎ᠠ᠃ ᠲᠠᠶᠢᠠᠬᠦ ᠪᠠᠷᠤᠬ 2 ᠴᠠᠬ ᠰᠢᠬᠠᠮ ᠪᠤᠯᠬᠤ ᠳᠤ ᠭᠤᠯᠢᠷ ᠨᠢ ᠬᠦᠭᠡᠷᠴᠤ ᠰᠠᠪᠬ᠎ᠠ ᠪᠠᠭᠲᠠᠮᠠᠷ ᠤᠯᠠᠨ ᠨᠥᠭᠡ ᠭᠠᠷᠤᠭᠰᠠᠨ ᠬᠤᠶᠢᠨ᠎ᠠ ᠲᠠᠭᠡᠷ᠎ᠠ ᠠᠴᠠ ᠨᠢ ᠥᠯᠠᠲᠡᠭᠰᠠᠨ ᠭᠤᠯᠢᠷ ᠢᠶᠠᠨ ᠬᠢᠵᠤ ᠨᠤᠬᠤᠨ᠎ᠠ᠃ ᠭᠡᠷᠪᠠ ᠢᠰᠬᠦᠯᠠᠩ ᠥᠨᠤᠷ ᠲᠠᠢ ᠪᠤᠯ ᠬᠤᠵᠢᠷᠲᠤ ᠤᠰᠤ ᠪᠠᠷ ᠲᠠᠬᠢᠨ ᠨᠤᠬᠤᠵᠤ ᠰᠠᠶᠢᠲᠤᠷ ᠨᠠᠶᠢᠯᠠᠬᠦᠯᠤᠭᠡᠤᠨ᠂ ᠬᠠᠭᠠᠰ ᠪᠤᠶᠤ 1 ᠴᠠᠭ ᠬᠢᠷᠢᠲᠠᠢ ᠪᠢᠲᠠᠬᠦᠯᠤᠨ ᠲᠠᠷᠤᠵᠤ ᠪᠠᠶᠢᠭᠠᠤᠨ ᠭᠡᠰᠡᠭᠯᠠᠨ ᠬᠤᠪᠢᠶᠠᠵᠤ᠂ ᠲᠤᠰ ᠲᠤᠰ 8 ᠮᠢᠯᠢᠮᠧᠲᠷ ᠵᠤᠵᠠᠭᠠᠨ ᠬᠠᠪᠲᠠᠭᠠᠶᠢᠯᠠᠨ ᠲᠠᠯᠭᠡᠵᠤ᠂ ᠲᠠᠬᠦᠨ ᠢᠶᠠᠨ ᠪᠠᠰᠠ ᠤᠷᠲᠤ ᠪᠠᠷ 10 ᠰᠠᠠᠲ᠋ᠢᠮᠧᠲᠷ ᠬᠢᠷᠢᠲᠠᠢ ᠤᠯᠠᠨ ᠵᠢᠵᠢᠭ ᠳᠦᠷᠪᠡᠯᠵᠢᠨ ᠪᠤᠯᠭᠠᠨ ᠭᠡᠷᠴᠢᠭᠡᠤᠨ ᠭᠡᠰᠡᠭ ᠪᠥᠷᠢ ᠶᠢᠨ ᠭᠤᠤᠯ ᠳᠤᠨᠢ 4 ᠰᠠᠠᠲ᠋ᠢᠮᠧᠲᠷ ᠤᠷᠲᠤ ᠵᠠᠷᠭᠡᠴᠡᠭᠡ ᠵᠢᠷᠤᠭᠠᠰᠤ ᠭᠠᠷᠭᠠᠵᠤ ᠮᠥᠨ ᠲᠠᠷᠠ ᠵᠢᠷᠤᠭᠠᠰᠤᠨ ᠤ ᠨᠥᠭᠡ ᠪᠠᠷ ᠨᠢ ᠪᠤᠭᠤᠷᠰᠤᠭ ᠤᠨ ᠢᠶᠠᠨ ᠲᠠᠷ᠎ᠠ ᠶᠢ ᠨᠢ ᠨᠤᠭᠤᠯᠤᠨ ᠤᠷᠤᠭᠤᠯᠵᠤ ᠰᠥᠯᠵᠢᠨ᠎ᠠ᠃ ᠲᠠᠭᠡᠭᠡᠤᠨ ᠰᠥᠯᠵᠢᠮᠠᠯ ᠪᠤᠤᠪᠤ ᠪᠠᠨ ᠬᠠᠯᠠᠭᠤᠨ ᠭᠠᠵᠠᠷ ᠲᠠᠯᠪᠢᠵᠤ ᠪᠠᠶᠢᠭᠠᠤᠨ ᠮᠠᠯᠢᠩᠭᠤ  ᠶᠢᠨ ᠲᠤᠰᠤᠨ ᠳᠤ ᠰᠢᠷᠠᠵᠤ ᠪᠤᠯᠭᠤᠨ᠎ᠠ᠃ ᠡᠶᠢᠮᠤ ᠪᠤᠭᠤᠷᠰᠤᠭ ᠢ ᠥᠡᠭᠭᠡᠷᠡᠭᠰᠠᠨ ᠳᠤ ᠤᠯᠠᠩᠬᠢ ᠳᠠᠭᠠᠨ ᠬᠤᠷᠢᠮ ᠨᠠᠶᠢᠷ ᠬᠢᠬᠦ ᠪᠤᠶᠤ ᠴᠠᠭ᠎ᠠ ᠰᠢᠨ᠎ᠠ ᠶᠢᠨ ᠵᠤᠴᠢᠤᠨ ᠢ ᠬᠦᠠᠲᠤᠯᠠᠬᠦ ᠳᠤ ᠭᠡᠷᠡᠭᠰᠠᠲᠡᠭ᠃      ᠭᠡᠭᠡ ᠤᠭᠠᠯᠵᠠᠲᠤ ᠪᠤᠭᠤᠷᠰᠤᠭ                  ᠤᠷᠢᠲᠠᠪᠠᠷ ᠴᠢᠪᠠᠭ᠎ᠠ ᠶᠢ ᠰᠠᠶᠢᠲᠤᠷ ᠴᠠᠪᠠᠷᠯᠡᠭᠰᠠᠨ ᠤ ᠲᠠᠷᠠᠭ᠎ᠠ᠂ ᠤᠰᠤᠨ ᠳᠤ ᠲᠠᠪᠲᠤᠭᠡᠨ ᠴᠢᠨᠠᠵᠤ ᠭᠠᠷᠭᠠᠭᠠᠤᠨ᠂  ᠭᠠᠷ ᠢᠶᠠᠷ ᠢᠶᠠᠨ ᠪᠠᠵᠠᠨ ᠶᠠᠰᠤ ᠶᠢ ᠨᠢ ᠭᠡᠭᠡᠵᠤ᠂ ᠥᠤᠠᠭᠡᠨ ᠵᠢᠭᠤᠷᠠᠮᠠᠯ ᠪᠤᠯᠭᠠᠵᠤ ᠭᠤᠯᠢᠷ ᠢᠶᠠᠨ ᠨᠤᠬᠤᠨ᠎ᠠ᠃ ᠪᠠᠰᠠ ᠬᠤᠭᠤᠯᠠᠨ ᠳᠤ ᠭᠡᠷᠡᠭᠯᠠᠬᠦ ᠰᠢᠷ᠎ᠠ᠂ ᠨᠤᠭᠤᠭᠠᠨ᠂ ᠤᠯᠠᠭᠠᠨ ᠵᠠᠷᠭᠡ ᠪᠤᠲᠤᠭ ᠢ ᠲᠤᠰ ᠲᠤᠰ ᠰᠢᠬᠢᠷ᠂ ᠲᠤᠰᠤ ᠲᠠᠢ ᠤᠰᠤᠨ ᠳᠤ ᠬᠢᠵᠤ᠂ ᠲᠠᠷᠠ ᠤᠰᠤ ᠪᠠᠷ ᠢᠶᠠᠨ ᠭᠡᠲᠤᠨ ᠭᠡᠰᠡᠭ ᠭᠤᠯᠢᠷ ᠢ ᠲᠤᠰ ᠲᠤᠰ ᠨᠤᠬᠤᠵᠤ ᠨᠠᠶᠢᠷᠠᠭᠤᠯᠤᠭᠠᠤᠨ᠂ ᠲᠠᠷᠠᠬᠦ ᠥᠡᠭᠭᠡ ᠪᠥᠷᠢ ᠶᠢᠨ ᠭᠤᠯᠢᠷ ᠢᠶᠠᠨ ᠠᠲᠠᠯᠢ ᠭᠡᠮᠵᠢᠶ᠎ᠠ ᠪᠠᠷ ᠬᠤᠪᠢ ᠬᠤᠪᠢᠨ ᠳᠤᠨᠢ 2 ᠮᠢᠯᠢᠮᠧᠲᠷ ᠵᠤᠵᠠᠭᠠᠨ ᠲᠠᠯᠭᠡᠭᠡᠤᠨ᠂ ᠲᠠᠪᠬᠤᠷᠯᠠᠨ ᠬᠤᠶᠢᠯᠠᠵᠤ ᠪᠥᠭᠡᠷᠠᠩᠭᠡᠢ ᠪᠤᠯᠭᠠᠭᠰᠠᠨ ᠤ ᠬᠤᠶᠢᠨ᠎ᠠ᠂ ᠲᠥᠷᠪᠠᠯᠵᠢᠨ ᠭᠤᠷᠪᠠᠯᠵᠢᠨ ᠪᠤᠶᠤ ᠲᠥᠬᠦᠷᠢᠭ ᠮᠠᠲᠤ ᠤᠯᠠᠨ ᠭᠡᠯᠪᠠᠷᠢ ᠪᠠᠷ ᠭᠡᠷᠴᠢᠨ ᠠᠩᠬᠢᠯᠠᠵᠤ᠂ ᠰᠠᠪᠬ᠎ᠠ ᠪᠠᠷ ᠬᠠᠪᠴᠢᠨ ᠡᠷᠪᠡᠭᠡᠢ᠂ ᠴᠡᠴᠡᠭ ᠵᠠᠷᠭᠡ ᠤᠯᠠᠨ ᠶᠠᠩᠵᠤ ᠪᠠᠷ ᠤᠷᠠᠯᠠᠭᠠᠤᠨ ᠲᠤᠰᠤᠨ ᠳᠤ ᠰᠢᠷᠠᠵᠤ ᠪᠤᠯᠭᠤᠨ᠎ᠠ᠃                ᠬᠤᠷᠤᠬᠠᠢ ᠪᠤᠭᠤᠷᠰᠤᠭ                  ︽ᠬᠤᠷᠤᠬᠠᠢ ᠪᠤᠭᠤᠷᠰᠤᠭ︾ ᠢ ᠠᠯᠠᠱᠠ ᠶᠢᠨ ᠵᠠᠷᠢᠮ ᠭᠠᠵᠠᠷ ︽ᠬᠤᠷᠭᠤᠰᠤᠨ ᠪᠤᠭᠤᠷᠰᠤᠭ︾ ᠭᠡᠲᠡᠭ᠃ ᠥᠨᠢᠶ᠎ᠠ ᠪᠤᠶᠤ ᠬᠤᠨᠢ ᠢᠮᠠᠭᠠᠨ ᠤ ᠰᠥ᠂ ᠡᠰᠠᠬᠦᠯ᠎ᠠ ᠪᠤᠴᠠᠯᠤᠭᠰᠠᠨ ᠪᠥᠯᠢᠶᠠᠨ ᠤᠰᠤᠨ ᠳᠤ ᠲᠤᠰᠤ ᠰᠢᠬᠢᠷ ᠬᠢᠵᠤ ᠠᠭᠤᠷᠬᠠᠨ᠂ ᠲᠠᠬᠦᠪᠠᠷ ᠭᠤᠯᠢᠷ ᠢᠶᠠᠨ ᠬᠠᠲᠠᠭᠤ ᠰᠢᠭ ᠨᠤᠬᠤᠵᠤ᠂ ᠨᠢᠭᠡ ᠲᠡᠭᠰᠢ ᠲᠥᠷᠪᠠᠯᠵᠢᠨ ᠰᠠᠠᠲ᠋ᠢᠮᠧᠲᠷ ᠵᠤᠵᠠᠭᠠᠨ ᠲᠠᠯᠭᠡᠵᠤ᠂ ᠨᠢᠭᠡ ᠲᠡᠭᠰᠢ ᠲᠥᠷᠪᠠᠯᠵᠢᠨ ᠰᠠᠠᠲ᠋ᠢᠮᠧᠲᠷ ᠤᠨ ᠭᠡᠮᠵᠢᠶ᠎ᠠ ᠪᠠᠷ ᠵᠢᠵᠢᠭᠯᠡᠨ ᠭᠡᠷᠴᠢᠭᠡᠤᠨ ᠮᠠᠯᠢᠩᠭᠤ  ᠶᠢᠨ ᠲᠤᠰᠤ ᠪᠤᠶᠤ ᠥᠭᠡᠬᠦᠨ ᠲᠤᠰᠤᠨ ᠳᠤ ᠰᠢᠷᠠᠵᠤ ᠪᠤᠯᠭᠤᠨ᠎ᠠ᠃ ᠭᠡᠷᠪᠠ ᠭᠤᠯᠢᠷ ᠲᠠᠭᠠᠨ ᠲᠤᠰᠤ ᠰᠥ ᠬᠤᠯᠢᠬᠤ ᠥᠭᠡᠢ ᠵᠥᠪᠭᠡᠨ ᠲᠥᠬᠦᠭᠡᠢ ᠬᠦᠢᠲᠠᠨ ᠤᠰᠤ ᠪᠠᠷ ᠨᠤᠬᠤᠭᠰᠠᠨ ᠪᠤᠯ ᠰᠢᠷᠠᠬᠤ ᠥᠶ᠎ᠠ ᠳᠤ ᠪᠤᠤᠪᠤ ᠶᠢᠨ ᠲᠤᠲᠤᠭᠠᠲᠤ ᠳᠤᠨᠢ ᠭᠡᠢ ᠲᠦᠭᠦᠷᠴᠤ ᠴᠡᠪᠳᠡᠶᠢᠭᠰᠡᠭᠡᠷ ᠪᠠᠶᠢᠭᠠᠤᠨ ᠭᠡᠨᠠᠤᠠᠲᠠ ᠬᠠᠭᠠᠷᠠᠨ ᠲᠠᠯᠪᠠᠷᠠᠵᠤ ᠬᠠᠶᠢᠰᠤᠨ ᠠᠴᠠ ᠭᠠᠲᠠᠭᠰᠢ ᠰᠤᠮᠤᠲᠠᠨ ᠥᠰᠤᠷᠴᠤ᠂ ᠬᠠᠯᠠᠭᠤᠨ ᠲᠤᠰᠤ ᠭᠠᠷ ᠨᠢᠭᠤᠷ ᠢ ᠰᠢᠲᠠᠭᠠᠵᠤ ᠮᠠᠲᠠᠬᠦ ᠲᠤᠯᠠ ᠲᠠᠬᠦᠨ ᠢ ᠬᠢᠴᠢᠶᠠᠯᠲᠠᠢ ᠪᠢᠯᠠ᠃                  ᠵᠠᠷᠪᠢ ᠪᠤᠭᠤᠷᠰᠤᠭ                  ᠵᠠᠷᠪᠢ ᠪᠤᠭᠤᠷᠰᠤᠭ ᠪᠤᠯ ᠰᠠᠶ᠋ᠢ ᠬᠦᠡᠭᠭᠡᠵᠢᠭᠰᠡᠨ ᠡᠮᠡᠭᠲᠠᠢ ᠪᠣᠶᠣ ᠡᠪᠠᠤᠠᠴᠢᠲᠠᠢ ᠬᠦᠮᠤᠨ ᠳᠤ ᠵᠤᠬᠢᠮᠵᠢ ᠰᠠᠶᠢᠲᠠᠢ᠂ ᠬᠦᠡᠭᠭᠡᠨ ᠴᠢᠨᠠᠷ ᠲᠠᠢ ᠬᠤᠭᠤᠯᠠ ᠶᠤᠮ᠃                  ᠲᠠᠬᠦᠨ ᠢ ᠬᠢᠬᠦ ᠳᠤ ᠭᠤᠯᠢᠷ ᠢᠶᠠᠨ ᠪᠥᠯᠢᠶᠠᠨ ᠤᠰᠤ ᠪᠠᠷ ᠨᠤᠬᠤᠵᠤ ᠬᠤᠶᠠᠷ ᠮᠢᠯᠢᠮᠧᠲᠷ ᠬᠢᠷᠢ ᠵᠤᠵᠠᠭᠠᠨ ᠲᠠᠯᠭᠡᠭᠡᠤᠨ ᠬᠠᠪᠲᠠᠭᠠᠢ ᠢᠷᠤᠭᠠᠷ ᠲᠠᠢ ᠬᠠᠶᠢᠰᠤᠨ ᠳᠤ ᠲᠠᠯᠭᠡᠵᠤ ᠨᠠᠮᠵᠢᠭᠤᠨ ᠭᠠᠯ ᠳᠤ ᠬᠠᠭᠠᠷᠢᠲᠠᠭ᠃      ᠬᠤᠶᠢᠮᠠᠭ                  ᠴᠠᠭᠠᠨ ᠭᠤᠯᠢᠷ ᠢ ᠲᠠᠪᠤᠰᠤ ᠲᠠᠢ ᠤᠰᠤ ᠪᠠᠷ ᠰᠢᠩᠭᠡᠨ ᠵᠢᠭᠤᠷᠠᠵᠤ ᠲᠤᠰᠤ ᠪᠠᠷ ᠬᠠᠭᠠᠷᠢᠭᠰᠠᠨ ᠵᠥᠭᠡᠯᠠᠨ ᠪᠤᠭᠤᠷᠰᠤᠭ ᠢ ᠬᠤᠶᠢᠮᠠᠭ ᠭᠡᠲᠡᠭ᠃ ᠬᠤᠶᠢᠮᠠᠭ ᠢ ᠬᠠᠯᠠᠭᠤᠨ ᠳᠤᠨᠢ ᠢᠲᠠᠬᠦ ᠳᠤ ᠮᠠᠰᠢ ᠵᠥᠭᠡᠯᠠᠨ ᠪᠥᠭᠡᠤᠨ ᠠᠮᠲᠠ ᠨᠥᠮᠵᠥᠭ ᠲᠠᠪᠠᠲᠠᠢ ᠪᠠᠶᠢᠲᠠᠭ ᠲᠤᠯᠠ ᠰᠢᠲᠤ ᠮᠠᠭᠤᠲᠠᠭᠰᠠᠨ ᠨᠠᠰᠤᠲᠠᠢ ᠬᠦᠮᠤᠨ ᠳᠤ ᠨᠠᠩ ᠲᠤᠬᠢᠷᠠᠮᠵᠢᠲᠠᠢ᠃      ᠬᠤᠶᠢᠮᠠᠭ ᠢ ᠤᠲᠠᠭᠠᠨ ᠲᠠᠯᠪᠢᠪᠠᠯ ᠭᠡᠲᠤᠷᠭᠡᠢ ᠬᠠᠲᠠᠬᠤ ᠪᠤᠯᠬᠤᠷ ᠬᠠᠲᠠᠭᠠᠯᠠᠬᠤ ᠳᠤ ᠲᠤᠬᠢᠷᠠᠮᠵᠢᠲᠠᠢ᠃      ᠬᠤᠤᠱᠤᠤᠷ                  ᠪᠠᠩᠰᠢ ᠶᠢᠨ ᠮᠢᠬ᠎ᠠ ᠶᠢ ᠴᠠᠭᠠᠨ ᠭᠤᠯᠢᠷ ᠲᠤ ᠬᠠᠪᠴᠢᠵᠤ ᠲᠤᠰᠤᠨ ᠳᠤ ᠰᠢᠷᠠᠭᠰᠠᠨ ᠢ ᠬᠤᠤᠱᠤᠤᠷ ᠭᠡᠲᠡᠭ᠃      ᠬᠤᠤᠱᠤᠤᠷ ᠢ ᠬᠠᠯᠠᠭᠤᠨ ᠳᠤᠨᠢ ᠢᠲᠠᠬᠦ ᠳᠤ ᠲᠤᠲᠤᠷ᠎ᠠ ᠨᠢ ᠲᠤᠰᠤᠷᠬᠠᠭ ᠬᠠᠯᠠᠭᠤᠨ ᠱᠥᠯᠤ ᠲᠠᠢ ᠪᠥᠭᠡᠤᠨ ᠤᠠᠴᠠ ᠰᠠᠶᠢᠬᠠᠨ ᠠᠩᠬᠢᠯᠤᠮ᠎ᠠ ᠥᠨᠤᠷ ᠠᠮᠲᠠ ᠲᠠᠢ᠂ ᠵᠠᠵᠢᠯᠠᠬᠤ ᠳᠤ ᠬᠠᠲᠠᠭᠤ ᠲᠠᠢ ︵ᠡᠷᠬᠢᠨ ᠲᠤᠭᠤᠷᠢᠨ ᠢᠷᠮᠡᠭ  ᠨᠢ ᠬᠠᠲᠠᠭᠤ︶ ᠵᠥᠭᠡᠯᠠᠨ ᠲᠠᠢ᠂ ᠮᠢᠬ᠎ᠠ ᠲᠠᠢ᠂ ᠭᠤᠯᠢᠷ ᠲᠠᠢ ᠪᠤᠯᠬᠤᠷ ᠢᠲᠠᠭᠡᠨ ᠤ ᠳᠣᠷᠠᠰᠢᠯ ᠢ ᠬᠦᠲᠠᠯᠭᠡᠲᠡᠭ ᠮᠠᠰᠢ ᠬᠠᠨᠤᠮᠵᠢᠲᠠᠢ ᠰᠠᠶᠢᠬᠠᠨ ᠬᠤᠭᠤᠯᠠ ᠶᠤᠮ᠃ ᠬᠤᠤᠱᠤᠤᠷ ᠪᠤᠯ ᠰᠢᠮ᠎ᠠ ᠲᠠᠵᠢᠭᠡᠯ ᠡᠯᠪᠡᠭ᠂ ᠥᠶᠦᠭ ᠨᠥᠮᠵᠦᠭ ᠰᠠᠶᠢᠲᠠᠢ ᠪᠥᠭᠡᠤᠨ ᠪᠠᠰᠠ ᠭᠡᠢ ᠬᠤᠢ ᠶᠢᠨ ᠭᠡᠮ ᠢ ᠲᠠᠷᠤᠲᠠᠭ ᠤᠴᠢᠷ ᠨᠠᠰᠤᠲᠠᠢ ᠬᠦᠮᠤᠰ ᠲᠤ ᠶᠡᠭᠡ ᠳᠤᠬᠢᠷᠠᠮᠵᠢᠳᠠᠢ ᠪᠤᠢ᠃                  ᠴᠢᠪᠠᠭ᠎ᠠ ᠲᠠᠢ ᠮᠠᠨᠳᠠᠤ                ᠴᠢᠪᠠᠭ᠎ᠠ ᠪᠠᠨ ᠤᠬᠢᠶᠠᠨ ᠴᠠᠪᠠᠷᠯᠠᠵᠤ ᠲᠠᠪᠲᠤᠭᠡᠵᠤ ᠬᠤᠨᠤᠭᠤᠯᠤᠨ᠎ᠠ᠂ ᠡᠬᠦᠨ ᠤ ᠵᠠᠷᠭᠡ ᠪᠠᠷ ᠮᠠᠨᠳᠠᠤ ᠬᠢᠬᠦ ᠭᠤᠯᠢᠷ ᠢᠶᠠᠨ ᠢᠰᠭᠡᠯᠲᠠ ᠶᠢᠨ ᠬᠦᠷᠤᠩᠭᠡ ᠲᠠᠢ ᠬᠤᠯᠢᠵᠤ ᠨᠤᠬᠤᠭᠠᠤᠨ ᠲᠠᠷᠤᠵᠤ ᠲᠠᠯᠪᠢᠨ᠎ᠠ᠃ ᠬᠦᠭᠡᠷᠤᠬᠦᠯᠦᠭᠰᠡᠨ ᠭᠤᠯᠢᠷ ᠨᠢ ᠢᠰᠬᠦᠯᠠᠩ ᠪᠤᠯᠤᠭᠰᠠᠨ ᠪᠤᠯ ᠪᠠᠭ᠎ᠠ ᠬᠤᠵᠢᠷ ᠤᠨ ᠠᠭᠤᠰᠤᠮᠠᠯ ᠬᠢᠵᠤ ᠢᠰᠬᠦᠯᠠᠩ ᠢ ᠲᠠᠷᠤᠬᠤ ᠭᠡᠷᠡᠭᠲᠠᠢ᠃ ᠢᠡᠭᠬᠢᠭᠡᠤᠨ ᠲᠠᠬᠦᠨ ᠢᠶᠠᠨ ᠪᠥᠭᠡᠷᠠᠩᠭᠡᠶᠢᠯᠠᠨ ᠭᠡᠰᠡᠭ ᠪᠥᠷᠢ ᠶᠢ ᠲᠠᠪᠤᠨ ᠯᠠᠩ ᠢᠶᠠᠷ ᠭᠡᠮᠵᠢᠵᠤ ᠭᠡᠷᠴᠢᠭᠡᠤᠨ᠂ ᠠᠷᠪᠠᠨ ᠮᠢᠯᠢᠮᠧᠲᠷ ᠵᠤᠵᠠᠭᠠᠨ ᠲᠠᠯᠭᠡᠵᠤ ᠲᠠᠭᠡᠷ᠎ᠠ ᠨᠢ ᠲᠠᠪᠲᠤᠭᠡᠭᠰᠠᠨ ᠴᠢᠪᠠᠭ᠎ᠠ ᠪᠠᠨ ᠨᠠᠶᠢᠲᠠᠮ ᠰᠢᠬᠠᠵᠤ ᠲᠠᠯᠪᠢᠭᠰᠠᠨ ᠤ ᠲᠠᠷᠠᠭ᠎ᠠ ᠨᠥᠬᠦᠭᠡ ᠨᠢᠭᠡ ᠭᠡᠰᠡᠭ ᠭᠤᠯᠢᠷ ᠢᠶᠠᠨ ᠮᠥᠨ ᠠᠲᠠᠯᠢ ᠲᠠᠯᠭᠡᠵᠤ ᠲᠠᠭᠡᠷ᠎ᠠ ᠨᠢ ᠲᠠᠰᠢᠷᠯᠠᠨ ᠲᠠᠯᠪᠢᠵᠤ ᠵᠢᠩᠨᠠᠬᠦᠷ ᠲᠠᠭᠡᠷ᠎ᠠ ᠪᠠᠨ ᠲᠠᠯᠪᠢᠵᠤ ᠵᠢᠩᠨᠠᠵᠤ ᠪᠤᠯᠭᠤᠨ᠎ᠠ᠃                  ᠵᠢᠩᠨᠡᠭᠰᠠᠨ ᠪᠤᠤᠰᠠ                  ᠬᠤᠨᠢᠨ ᠮᠢᠬ᠎ᠠ 1 ᠵᠢᠩ᠂ ᠥᠭᠡᠬᠦ 3 ᠯᠠᠩ᠂ ᠰᠤᠩᠬᠢᠨ᠎ᠠ 4 ᠰᠢᠷᠭᠡᠭ ᠢ ᠲᠤᠰ ᠪᠥᠷᠢ ᠨᠠᠷᠢᠨ ᠭᠡᠷᠴᠢᠵᠤ᠂ ᠲᠠᠪᠤᠰᠤ᠂ ᠲᠠᠪᠤᠨ ᠬᠠᠯᠠᠭᠤᠨ ᠤ ᠠᠮᠲᠠ ᠵᠠᠷᠭᠡ ᠪᠠᠭᠰᠤᠷᠭ᠎ᠠ ᠶᠢ ᠵᠤᠬᠢᠰᠲᠠᠢ ᠲᠠᠭᠠᠷᠠᠭᠤᠯᠤᠨ ᠤᠰᠤ ᠵᠤᠬᠢᠮᠵᠢᠲᠠᠢ ᠬᠢᠵᠤ ᠰᠢᠶᠠᠠᠰᠠ ᠪᠤᠯᠭᠠᠨ ᠨᠠᠶᠢᠷᠠᠭᠤᠯᠤᠨ᠎ᠠ᠃ ᠨᠤᠬᠤᠭᠰᠠᠨ ᠭᠤᠯᠢᠷ ᠢᠶᠠᠨ ︵ᠶᠡᠭᠡ ᠪᠠᠭ᠎ᠠ ᠬᠢᠬᠦ ᠪᠠᠨ ᠥᠪᠠᠷ ᠢᠶᠠᠨ ᠲᠤᠭᠲᠠᠭᠠᠨ᠎ᠠ᠂ ᠭᠡᠪᠠᠴᠤ ᠭᠤᠯᠢᠷ ᠢᠶᠠᠨ 1 ᠯᠠᠩ ᠠᠴᠠ ᠭᠡᠲᠤᠷᠠᠬᠦᠯᠵᠤ ᠪᠤᠯᠬᠤ ᠥᠭᠡᠢ︶ ᠬᠠᠪᠲᠠᠭᠠᠶᠢᠯᠠᠨ ᠭᠠᠮᠵᠢᠩᠲᠠᠭᠠᠤᠨ ᠲᠠᠭᠡᠷᠠᠬᠢ ᠨᠠᠶᠢᠷᠠᠭᠤᠯᠤᠭᠰᠠᠨ ᠰᠢᠶᠠᠠᠰᠠ ᠪᠠᠨ ᠬᠢᠵᠤ ᠪᠤᠭᠤᠭᠠᠤᠨ ᠵᠢᠩᠨᠠᠬᠦᠷ ᠲᠤ ᠲᠠᠯᠪᠢᠵᠤ ᠵᠢᠩᠨᠠᠵᠤ ᠪᠤᠯᠭᠤᠭᠠᠤᠨ ᠢᠲᠠᠲᠡᠭ᠃ ᠵᠢᠩᠨᠡᠭᠰᠠᠨ ᠪᠤᠤᠰᠠ ᠪᠤᠯ ᠲᠠᠮᠢᠷ ᠰᠠᠶᠢᠵᠢᠷᠠᠭᠤᠯᠬᠤ ᠤᠶᠢᠯᠠᠲᠤᠯ ᠲᠠᠢ᠃                  ᠬᠠᠭᠠᠷᠢᠭᠰᠠᠨ ᠪᠤᠤᠰᠠ                  ᠬᠤᠨᠢᠨ ᠮᠢᠬ᠎ᠠ 1 ᠵᠢᠩ᠂ ᠥᠭᠡᠬᠦ 2 ᠯᠠᠩ᠂ ᠰᠤᠩᠬᠢᠨ᠎ᠠ 3 ᠰᠢᠷᠭᠡᠭ ᠢ ᠨᠠᠷᠢᠨ ᠭᠡᠷᠴᠢᠵᠤ᠂ ᠪᠤᠰᠤᠤᠨ ᠠᠮᠲᠠ ᠤᠷᠤᠭᠤᠯᠬᠤ ᠪᠠᠭᠰᠤᠷᠭ᠎ᠠ ᠶᠢᠨ ᠵᠦᠢᠯ ᠢ ᠲᠤᠬᠢᠷᠠᠮᠵᠢᠲᠠᠢ ᠨᠠᠶᠢᠷᠠᠭᠤᠯᠵᠤ ᠰᠢᠶᠠᠠᠰᠠ ᠪᠠᠨ ᠪᠠᠯᠠᠤᠠᠭᠡᠨ᠎ᠠ᠃ ᠬᠠᠭᠠᠰ ᠬᠦᠭᠡᠷᠤᠬᠦᠯᠤᠨ ᠪᠤᠰᠬᠠᠭᠰᠠᠨ ᠭᠤᠯᠢᠷ ᠢ ᠨᠢᠭᠡ ᠯᠠᠩ ᠤᠨ ᠭᠡᠮᠵᠢᠶ᠎ᠠ ᠪᠠᠷ ᠭᠡᠰᠡᠭᠯᠠᠨ ᠭᠡᠷᠴᠢᠵᠤ ᠬᠠᠪᠲᠠᠭᠠᠶᠢᠯᠠᠨ ᠭᠠᠮᠵᠢᠩᠲᠠᠭᠠᠤᠨ ᠰᠢᠶᠠᠠᠰᠠ ᠪᠠᠨ ᠬᠢᠵᠤ ᠪᠤᠭᠤᠭᠠᠤᠨ ᠲᠡᠭᠰᠢ ᠢᠷᠤᠭᠠᠷ ᠲᠠᠢ ᠬᠠᠶᠢᠰᠤᠨ ᠳᠤ ᠲᠤᠰᠤ ᠲᠥᠷᠬᠢᠵᠤ ᠨᠠᠮᠵᠢᠭᠤᠨ ᠭᠠᠯ ᠲᠠᠭᠡᠷ᠎ᠠ ᠬᠠᠯᠠᠭᠠᠵᠤ ᠪᠤᠤᠰᠠ ᠪᠠᠨ ᠬᠠᠭᠠᠷᠢᠨ᠎ᠠ᠃ ᠬᠠᠭᠠᠷᠢᠬᠤ ᠳᠠᠭᠠᠨ ᠬᠤᠭᠤᠷᠤᠠᠲᠤ ᠨᠢ ᠨᠠᠭᠠᠯᠲᠤᠬᠤ ᠶᠢ ᠭᠢᠴᠢᠶᠠᠬᠦ ᠭᠡᠷᠡᠭᠲᠠᠢ ᠪᠥᠭᠡᠤᠨ ᠬᠠᠶᠢᠰᠤᠨ ᠤ ᠲᠤᠰᠤ ᠨᠢ ᠪᠤᠤᠰᠠᠨ ᠳᠤ ᠰᠢᠩᠭᠡᠵᠤ ᠪᠤᠤᠰᠠ ᠶᠢᠨ ᠬᠠᠯᠢᠰᠤ ᠨᠢ ᠰᠢᠷᠠᠯᠠᠬᠤ ᠥᠶ᠎ᠠ ᠳᠤ ᠬᠦᠢᠲᠠᠨ ᠤᠰᠤ ᠪᠠᠭ᠎ᠠ ᠲᠤᠭᠤᠷᠢᠭᠤᠯᠤᠨ ᠬᠢᠵᠤ᠂ ᠤᠰᠤ ᠲᠤᠰᠤ ᠬᠢᠮᠤᠷᠠᠭᠰᠠᠨ ᠬᠠᠯᠠᠭᠤᠨ ᠠᠭᠤᠷ ᠭᠠᠷᠬᠤ ᠳᠤ ᠬᠠᠯᠢᠤ ᠢ ᠲᠥᠷᠭᠡᠨ ᠲᠠᠯᠪᠢᠵᠤ᠂ ᠬᠠᠯᠠᠭᠤᠨ ᠠᠭᠤᠷ ᠤᠨ ᠪᠥᠭᠡᠨᠡᠭᠰᠠᠨ ᠬᠦᠴᠤᠨ ᠢᠶᠠᠷ ᠪᠠᠷᠤᠭ 10 — 15 ᠮᠢᠨᠦ᠋ᠲ ᠬᠠᠭᠠᠷᠢᠵᠤ ᠪᠤᠯᠭᠤᠨ ᠢᠲᠠᠬᠦ ᠪᠠᠷ ᠪᠠᠯᠠᠤᠠᠭᠡᠨ᠎ᠠ᠃                  ᠪᠠᠩᠰᠢ                  ᠮᠢᠬ᠎ᠠ ︵ᠬᠤᠨᠢ᠂ ᠢᠮᠠᠭ᠎ᠠ᠂ ᠥᠭᠡᠷ᠂ ᠵᠠᠭᠡᠷ᠎ᠠ ᠬᠦᠷᠤᠭᠡᠰᠤ ᠵᠠᠷᠭᠡ ᠶᠢᠨ ᠮᠢᠬ᠎ᠠ ᠶᠢᠨ ᠠᠯᠢᠨ ᠴᠤ ᠪᠤᠯᠤᠨ᠎ᠠ︶ 2 ᠵᠢᠩ᠂ ᠰᠤᠩᠬᠢᠨ᠎ᠠ 5 — 6 ᠰᠢᠷᠭᠡᠭ᠂ ᠥᠭᠡᠬᠦ 3 — 4 ᠯᠠᠩ ᠢ ᠨᠠᠷᠢᠨ ᠭᠡᠷᠴᠢᠵᠤ ᠴᠠᠪᠴᠢᠭᠠᠤᠨ᠂ ᠲᠠᠭᠡᠷ᠎ᠠ ᠨᠢ ᠲᠠᠪᠤᠰᠤ ᠪᠠ ᠠᠮᠲᠠ ᠤᠷᠤᠭᠤᠯᠬᠤ ᠪᠠᠭᠰᠤᠷᠭ᠎ᠠ ᠶᠢ ᠵᠤᠬᠢᠰᠲᠠᠢ ᠬᠢᠵᠤ ᠰᠠᠶᠢᠲᠤᠷ ᠨᠠᠶᠢᠷᠠᠭᠤᠯᠤᠭᠠᠤᠨ     ︵ᠪᠠᠭ᠎ᠠ ᠤᠰᠤ ᠬᠢᠨ᠎ᠠ᠂ ᠥᠭᠡᠢ ᠪᠤᠯ ᠱᠥᠯᠤ ᠥᠭᠡᠢ ᠪᠤᠯᠵᠤ ᠢᠲᠠᠬᠦ ᠳᠤ ᠠᠮᠲᠠ ᠮᠠᠭᠤᠲᠠᠢ ᠪᠤᠯᠲᠠᠭ︶  ᠭᠠᠳᠠᠷ᠎ᠠ   ︵ᠫᠧᠩᠰᠠ︶  ᠰᠠᠪᠠᠨ ᠳᠤ ᠬᠢᠵᠤ ᠲᠠᠯᠪᠢᠨ᠎ᠠ᠃ ᠲᠠᠷᠠᠭ᠎ᠠ ᠪᠠᠷ ᠭᠤᠯᠢᠷ ᠢᠶᠠᠨ ᠭᠡᠷᠡᠭᠴᠡᠭᠡ ᠪᠠᠨ ᠥᠠᠲᠤᠰᠤᠯᠠᠨ ᠪᠥᠯᠢᠶᠠᠨ ᠤᠰᠤᠨ ᠳᠤ ᠪᠠᠭ᠎ᠠ ᠲᠠᠪᠤᠰᠤ ᠬᠢᠵᠤ ᠠᠭᠤᠰᠬᠠᠭᠠᠤᠨ ᠨᠤᠬᠤᠨ᠎ᠠ᠃ ᠨᠤᠬᠤᠭᠰᠠᠨ ᠭᠤᠯᠢᠷ ᠢᠶᠠᠨ ᠬᠠᠭᠠᠰ ᠴᠠᠭ ᠰᠢᠬᠠᠮ ᠰᠠᠪᠠ ᠪᠠᠷ ᠬᠦᠮᠤᠷᠢᠵᠤ ᠲᠠᠯᠪᠢᠭᠰᠠᠨ ᠤ ᠬᠤᠶᠢᠨ᠎ᠠ᠂ ᠨᠤᠬᠤᠭᠰᠠᠨ ᠭᠤᠯᠢᠷ ᠢᠶᠠᠨ ᠭᠡᠰᠡᠭᠯᠠᠨ ᠠᠪᠴᠤ ᠵᠢᠵᠢᠭᠯᠡᠨ ᠭᠡᠷᠴᠢᠵᠤ ᠬᠠᠪᠲᠠᠭᠠᠶᠢᠯᠠᠭᠠᠤᠨ᠂ ᠰᠢᠶᠠᠠᠰᠠ ᠪᠠᠨ ᠬᠢᠵᠤ ᠪᠤᠭᠤᠭᠠᠤᠨ ᠴᠢᠨᠠᠵᠤ ᠪᠤᠯᠭᠤᠨ ᠢᠲᠠᠬᠦ ᠳᠤ ᠲᠤᠩ ᠠᠶᠠᠲᠠᠢ ᠪᠤᠢ᠃ ᠲᠤᠰ ᠢᠲᠠᠭᠡᠨ ᠨᠢ ᠭᠡᠢ ᠶᠢ ᠲᠠᠷᠤᠬᠤ ᠤᠶᠢᠯᠠᠲᠤᠯ ᠲᠠᠢ᠃                 ᠨᠤᠭᠤᠭ᠎ᠠ ᠶᠢᠨ ᠪᠠᠩᠰᠢ                 ᠭᠤᠭᠤᠤᠨ᠂ ᠴᠠᠭᠠᠨ ᠨᠤᠭᠤᠭ᠎ᠠ᠂ ᠴᠠᠭᠠᠨ ᠯᠤᠤᠪᠠᠨᠭ᠌᠂ ᠡᠪᠠᠷᠲᠤ ᠭᠤᠸᠠ᠂ ᠪᠤᠷᠴᠠᠭ ᠤᠨ ᠪᠢᠰᠢᠯᠠᠭ᠂ ᠴᠤᠭᠤᠷ ᠨᠤᠭᠤᠭ᠎ᠠ ᠵᠠᠷᠭᠡ ᠶᠢᠨ ᠠᠯᠢ ᠨᠢᠭᠡᠨ ᠢ ᠨᠢ ᠵᠤᠬᠢᠷᠠᠮᠵᠢᠲᠠᠢ ᠬᠢᠵᠤ ᠪᠤᠰᠤᠤᠨ ᠠᠮᠲᠠ ᠤᠷᠤᠭᠤᠯᠬᠤ ᠪᠠᠭᠰᠤᠷᠭ᠎ᠠ᠂ ᠲᠠᠪᠤᠰᠤ᠂ ᠥᠷ᠎ᠠ ᠶᠢᠨ ᠲᠤᠰᠤ ᠵᠠᠷᠭᠡ ᠶᠢ ᠲᠤᠬᠢᠷᠠᠮᠵᠢᠲᠠᠢ ᠬᠢᠵᠤ ᠰᠠᠶᠢᠲᠤᠷ ᠴᠠᠪᠴᠢᠭᠠᠤᠨ᠂ ᠨᠤᠬᠤᠭᠰᠠᠨ ᠭᠤᠯᠢᠷ  ᠢᠶᠠᠨ ᠭᠡᠰᠡᠭᠯᠠᠨ ᠭᠠᠮᠵᠢᠩᠲᠠᠨ ᠬᠠᠪᠲᠠᠭᠠᠶᠢᠯᠠᠵᠤ᠂ ᠲᠤᠲᠤᠷ᠎ᠠ ᠨᠢ ᠪᠤᠭᠤᠭᠠᠤᠨ ᠴᠢᠨᠠᠵᠤ ᠢᠲᠠᠬᠦ ᠪᠤᠶᠤ ᠵᠢᠩᠨᠠᠵᠤ ᠢᠲᠠᠵᠤ ᠪᠤᠯᠲᠠᠭ᠃ ᠲᠤᠰ ᠢᠲᠠᠭᠡᠨ ᠨᠢ ᠰᠢᠩᠭᠡᠭᠡᠯᠲᠠ ᠰᠠᠶᠢᠲᠠᠢ ᠪᠠᠶᠢᠲᠠᠭ᠃             ᠱᠥᠬᠦᠭᠰᠠᠨ ᠭᠤᠯᠢᠷ ᠪᠤᠲᠠᠭ᠎ᠠ                 ᠭᠤᠯᠢᠷ ᠢᠶᠠᠨ ᠬᠠᠲᠠᠭᠤ ᠨᠤᠬᠤᠵᠤ ᠭᠠᠮᠵᠢᠩᠲᠠᠨ ᠨᠢᠮᠭᠡᠯᠠᠵᠤ ᠲᠠᠯᠭᠡᠭᠡᠤᠨ᠂ ᠤᠷᠲᠤ ᠪᠠᠷ ᠨᠢ ᠭᠡᠷᠴᠢᠵᠤ ᠴᠢᠨᠠᠵᠤ ᠪᠤᠯᠭᠤᠭᠠᠤᠨ ᠱᠥᠬᠦᠵᠤ ᠠᠶᠠᠭᠠᠯᠠᠭᠠᠤᠨ᠂ ᠪᠤᠯᠭᠤᠭᠰᠠᠨ ᠥᠷ᠎ᠠ ᠶᠢᠨ ᠲᠤᠰᠤ ᠪᠤᠶᠤ ᠰᠢᠷ᠎ᠠ ᠲᠤᠰᠤ᠂ ᠨᠥᠲᠦᠭᠰᠠᠨ ᠰᠠᠷᠢᠮᠰᠠᠭ᠂ ᠲᠤᠰᠤᠨ ᠳᠤ ᠪᠤᠯᠭᠤᠭᠰᠠᠨ ᠯᠠᠵᠣᠣ᠂ ᠲᠠᠪᠤᠨ ᠨᠤᠠᠲᠠᠭ᠂ ᠢᠰᠬᠦᠯᠠᠩ ᠰᠢᠬᠦᠰᠤ ᠵᠠᠷᠭᠡ ᠲᠠᠢ ᠨᠠᠶᠢᠷᠠᠭᠤᠯᠵᠤ ᠢᠲᠠᠬᠦ ᠳᠤ ᠠᠶᠠᠲᠠᠢ ᠪᠠᠶᠢᠲᠠᠭ᠃                 ᠰᠤᠩᠭᠠᠭᠰᠠᠨ ᠭᠤᠯᠢᠷ ︵ᠤᠷᠲᠤ ᠭᠤᠯᠢᠷ︶               ᠭᠤᠯᠢᠷ ᠢᠶᠠᠨ ᠲᠠᠪᠤᠰᠤᠲᠠᠢ ᠤᠰᠤ ᠪᠠᠷ ᠵᠥᠭᠡᠯᠠᠨ ᠨᠤᠬᠤᠵᠤ ᠠᠬᠢᠨ ᠲᠠᠬᠢᠨ ᠰᠠᠶᠢᠲᠤᠷ ᠨᠠᠶᠢᠷᠠᠭᠤᠯᠤᠭᠠᠤᠨ᠂ ᠴᠠᠭ ᠬᠢᠷᠢ ᠲᠠᠢ ᠰᠠᠪᠠ ᠪᠠᠷ ᠪᠥᠷᠬᠦᠵᠤ ᠲᠠᠷᠤᠭᠰᠠᠨ ᠤ ᠬᠤᠶᠢᠨ᠎ᠠ᠂ ᠭᠤᠯᠢᠷ ᠢᠶᠠᠨ 3 ᠮᠢᠯᠢᠮᠧᠲᠷ ᠵᠤᠵᠠᠭᠠᠨ ᠲᠠᠯᠭᠡᠵᠤ᠂ 5 ᠮᠢᠯᠢᠮᠧᠲᠷ ᠥᠷᠭᠡᠨ ᠭᠡᠷᠴᠢᠭᠡᠤᠨ ᠨᠠᠷᠢᠨ ᠪᠥᠲᠤᠬᠦᠨ ᠨᠢ ᠲᠠᠩᠴᠠᠬᠦᠤ ᠰᠤᠩᠭᠠᠨ ᠲᠠᠲᠠᠭᠠᠤᠨ᠂ ᠥᠷᠭᠡᠨ ᠨᠢ 2 ᠮᠢᠯᠢᠮᠧᠲᠷ ᠪᠤᠯᠭᠠᠵᠤ ᠪᠤᠴᠠᠯᠵᠤ ᠪᠠᠶᠢᠭ᠎ᠠ ᠬᠠᠶᠢᠰᠤᠨ ᠳᠠᠭᠠᠨ ᠠᠷᠤ ᠠᠷᠤ ᠠᠴᠠ ᠨᠢ ᠬᠢᠵᠤ ᠴᠢᠨᠠᠵᠤ ᠪᠤᠯᠭᠤᠨ ᠱᠥᠬᠦᠵᠤ ᠭᠠᠷᠭᠠᠭᠠᠤᠨ ᠵᠦᠢᠯ ᠵᠦᠢᠯ ᠤᠨ ᠬᠤᠯᠢᠰᠢ᠂ ᠬᠠᠭᠤᠷᠲᠠᠮ ᠲᠠᠢ ᠢᠲᠠᠬᠦ ᠳᠤ ᠲᠠᠭᠠᠲᠠᠢ ᠪᠢᠯᠠ᠃     ᠭᠤᠯᠢᠷ ᠪᠤᠲᠠᠭ᠎ᠠ                 ᠭᠤᠯᠢᠷ ᠢᠶᠠᠨ ᠬᠠᠲᠠᠭᠤ ᠨᠤᠬᠤᠵᠤ 1 ᠮᠢᠯᠢᠮᠧᠲᠷ ᠵᠤᠵᠠᠭᠠᠨ ᠭᠠᠮᠵᠢᠩᠲᠠᠨ ᠨᠢᠮᠭᠡᠯᠠᠭᠡᠤᠨ᠂ 10 ᠰᠠᠠᠲ᠋ᠢᠮᠧᠲᠷ ᠥᠷᠭᠡᠨ ᠭᠡᠷᠴᠢᠵᠤ ᠪᠠᠯᠠᠤᠠᠭᠡᠨ᠎ᠠ᠃ ᠲᠠᠬᠢᠨ ᠮᠠᠯ ᠤᠨ ᠲᠠᠷᠭᠤᠨ ᠮᠢᠬ᠎ᠠ ᠶᠢ ᠵᠢᠵᠢᠭ ᠭᠡᠷᠴᠢᠭᠡᠤᠨ ᠬᠠᠶᠢᠰᠤᠨ ᠳᠠᠭᠠᠨ ᠤᠰᠤ ᠬᠢᠬᠦ ᠶᠢᠨ ᠬᠠᠮᠲᠤ ᠲᠠᠪᠤᠰᠤ ᠪᠠ ᠪᠠᠭᠰᠤᠷᠭ᠎ᠠ ᠪᠠᠨ ᠲᠤᠬᠢᠷᠠᠭᠤᠯᠤᠨ ᠬᠢᠵᠤ᠂ ᠬᠠᠶᠢᠰᠤ ᠪᠤᠴᠠᠯᠤᠭᠰᠠᠨ ᠤ ᠲᠠᠷᠠᠭ᠎ᠠ ᠪᠠᠯᠠᠤᠠᠭᠡᠭᠰᠠᠨ ᠭᠤᠯᠢᠷ ᠢᠶᠠᠨ ᠬᠠᠶᠢᠰᠤᠨ ᠳᠠᠭᠠᠨ ᠤᠷᠬᠢᠵᠤ ᠴᠢᠨᠠᠨ᠎ᠠ᠃ ᠭᠤᠯᠢᠷ ᠢᠶᠠᠨ ᠪᠤᠯᠭᠤᠭᠰᠠᠨ ᠤ ᠲᠠᠷᠠᠭ᠎ᠠ ᠭᠠᠷᠭᠠᠵᠤ ᠠᠶᠢᠷᠠᠭ ᠪᠤᠶᠤ ᠢᠰᠬᠦᠯᠠᠩ ᠤᠨ ᠰᠢᠬᠦᠰᠤ ᠲᠤᠰᠤᠭᠠᠵᠤ ᠢᠲᠠᠨ᠎ᠠ᠃ ᠭᠡᠷᠪᠠ ᠢᠰᠬᠦᠯᠠᠩ ᠤᠨ ᠰᠢᠬᠦᠰᠤ ᠬᠢᠪᠠᠯ ᠥᠨᠤᠷᠲᠤ ᠨᠤᠭᠤᠭ᠎ᠠ ᠶᠢ ᠪᠠᠭ᠎ᠠ ᠭᠢᠪᠠᠯ ᠠᠮᠲᠠ ᠥᠨᠤᠷ ᠶᠡᠭᠡ ᠰᠠᠶᠢᠨ ᠪᠠᠶᠢᠲᠠᠭ᠃                 ᠮᠥᠬᠦ ᠲᠠᠢ ᠭᠤᠯᠢᠷ ᠪᠤᠲᠠᠭ᠎ᠠ                 ᠬᠤᠨᠢᠨ ᠮᠢᠬ᠎ᠠ ᠶᠢ ᠨᠠᠷᠢᠨ ᠭᠡᠷᠴᠢᠵᠤ᠂ ᠰᠠᠶᠢᠨ ᠤᠬᠢᠶᠠᠨ ᠴᠡᠪᠡᠷᠯᠡᠭᠰᠡᠨ ᠮᠥᠬᠦ ᠶᠢ ᠵᠢᠵᠢᠭ ᠭᠡᠷᠴᠢᠵᠤ᠂ ᠰᠤᠩᠬᠢᠨ᠎ᠠ ᠰᠠᠷᠢᠮᠰᠠᠭ ᠲᠠᠢ ᠬᠠᠮᠲᠤ ᠬᠠᠭᠤᠷᠴᠤ ᠠᠮᠲᠠ ᠤᠷᠤᠭᠤᠯᠬᠤ ᠪᠠᠭᠰᠤᠷᠭ᠎ᠠ ᠶᠢ ᠲᠤᠬᠢᠷᠠᠮᠵᠢᠲᠠᠢ ᠲᠠᠭᠠᠷᠠᠭᠤᠯᠤᠨ ᠬᠢᠵᠤ᠂ ᠬᠠᠶᠢᠰᠤᠨ ᠳᠠᠭᠠᠨ ᠤᠰᠤ ᠪᠠᠨ ᠨᠠᠮᠠᠭᠡᠤᠨ ᠪᠤᠴᠠᠯᠤᠭᠰᠠᠨ ᠤ ᠬᠤᠶᠢᠨ᠎ᠠ ᠨᠤᠬᠤᠭᠰᠠᠨ ᠭᠤᠯᠢᠷ ᠢᠶᠠᠨ ᠨᠢᠮᠭᠡᠨ ᠲᠠᠯᠭᠡᠵᠤ 1 ᠢᠮᠠᠬᠤ ᠬᠢᠷᠢ ᠲᠠᠢ ᠥᠷᠭᠡᠨ ᠭᠡᠷᠴᠢᠭᠡᠤᠨ᠂ ᠲᠠᠷᠠᠬᠦ ᠭᠤᠯᠢᠷ ᠢᠶᠠᠨ ᠰᠤᠩᠭᠠᠨ ᠲᠠᠲᠠᠵᠤ ᠨᠢᠮᠭᠡᠯᠠᠨ ᠪᠤᠴᠠᠯᠵᠤ ᠪᠠᠶᠢᠬ᠎ᠠ ᠬᠠᠶᠢᠰᠤᠨ ᠳᠤ ᠲᠠᠰᠤᠯᠵᠤ ᠬᠢᠭᠡᠤᠨ ᠴᠢᠨᠠᠵᠤ ᠪᠤᠯᠭᠤᠨ ᠢᠲᠠᠬᠦ ᠳᠤ ᠬᠠᠯᠠᠭᠤᠨ ᠬᠦᠢᠲᠠᠨ ᠨᠢ ᠲᠡᠭᠰᠢ ᠴᠢᠨᠠᠷ ᠲᠠᠢ ᠢᠲᠠᠭᠡᠨ ᠪᠤᠯᠲᠠᠭ᠃                 ᠬᠦᠭᠡ ᠲᠠᠷᠢᠶ᠎ᠠ ᠶᠢᠨ ᠵᠠᠮᠪᠠᠭ᠎ᠠ                 ᠬᠢᠬᠦ ᠠᠷᠭ᠎ᠠ᠄ ᠬᠦᠭᠡ ᠲᠠᠷᠢᠶ᠎ᠠ ︵ᠶᠡᠭᠡ ᠪᠠᠭ᠎ᠠ ᠶᠢ ᠭᠡᠷᠡᠭᠴᠡᠭᠡ ᠪᠠᠨ ᠥᠠᠲᠤᠰᠤᠯᠠᠵᠤ ᠲᠤᠭᠲᠠᠭᠠᠨ᠎ᠠ︶ ᠶᠢ ᠪᠤᠴᠠᠯᠤᠮ᠎ᠠ ᠬᠠᠯᠠᠭᠤᠨ ᠤᠰᠤᠨ ᠳᠤ ᠬᠢᠵᠤ ᠲᠠᠷᠦ᠋ᠢᠬᠠᠨ ᠤᠰᠤᠨ ᠠᠴᠠ ᠰᠢᠬᠦᠨ ᠭᠠᠷᠭᠠᠨ᠎ᠠ᠂ ᠲᠠᠷᠠᠭ᠎ᠠ ᠨᠢ ᠥᠷᠭᠡᠨ ᠶᠡᠭᠡ ᠲᠠᠯᠭᠡᠴᠠ ᠲᠠᠭᠡᠷ᠎ᠠ ᠲᠠᠯᠭᠡᠨ ᠠᠭᠰᠠᠭᠠᠨ ᠬᠠᠲᠠᠭᠠᠵᠤ᠂ ᠲᠠᠬᠢᠨ ᠵᠤᠵᠠᠭᠠᠨ ᠰᠢᠷᠠᠮᠤᠨ ᠬᠠᠶᠢᠰᠤᠨ ᠳᠤ ᠨᠢᠭᠡ ᠠᠶᠠᠭ᠎ᠠ ᠬᠢᠷᠢᠲᠠᠢ ᠨᠠᠷᠢᠨ ᠴᠠᠭᠠᠨ ᠡᠯᠠᠰᠤ ᠬᠢᠵᠤ ᠰᠢᠷᠤᠬᠦᠨ ᠭᠠᠯ ᠲᠠᠭᠡᠷ᠎ᠠ ᠬᠠᠯᠠᠭᠤᠯᠤᠭᠰᠠᠭᠠᠷ ᠡᠯᠠᠰᠤᠨ ᠤ ᠥᠡᠭᠭᠡ  ᠨᠢ ᠬᠦᠷᠠᠩ ᠬᠠᠷ᠎ᠠ ᠪᠤᠯᠬᠤ ᠳᠤ ᠬᠦᠭᠡ ᠲᠠᠷᠢᠶ᠎ᠠ ᠪᠠᠨ ᠲᠤᠬᠢᠷᠠᠮᠵᠢᠲᠠᠢ ᠭᠢᠵᠤ ᠶᠤᠭᠲᠤ ︵ᠮᠤᠲᠤᠨ ᠤ ᠨᠢᠭᠡ ᠥᠵᠤᠬᠦᠷ  ᠲᠤ ᠪᠥᠰ ᠢ ᠪᠥᠠᠲᠠᠭᠡᠶᠢᠯᠠᠨ ᠤᠶᠠᠭᠰᠠᠨ ᠬᠤᠤᠠᠬᠤᠷ︶ ᠪᠠᠷ ᠲᠠᠰᠤᠷᠠᠯᠲᠠ ᠥᠭᠡᠢ ᠬᠤᠤᠠᠬᠤᠨ ᠬᠠᠭᠤᠷᠤᠨ᠎ᠠ᠃ ᠢᠩᠬᠢᠵᠤ ᠬᠠᠭᠤᠷᠤᠭᠰᠠᠭᠠᠷ ᠪᠠᠷᠤᠭ ᠲᠠᠷᠢᠶ᠎ᠠ ᠪᠥᠷᠢ ᠶᠢᠨ ᠮᠥᠬᠦᠯᠢᠭ ᠨᠢ ᠬᠠᠭᠠᠷᠠᠵᠤ ᠴᠠᠭᠠᠨ ᠰᠢᠷᠭᠠᠯ ᠪᠤᠯᠤᠭᠰᠠᠨ ᠤ ᠲᠠᠷᠠᠭ᠎ᠠ ︵ᠰᠢᠤᠨ᠂ ᠫᠠᠤᠨ︾ ᠭᠡᠵᠤ ᠳᠤᠤᠭᠠᠷᠬᠤ ᠪᠠᠨ ᠪᠤᠯᠢᠬᠤ ᠥᠶ᠎ᠠ ᠳᠤ ᠰᠢᠭᠰᠢᠬᠦᠷ ᠲᠤ ᠬᠢᠵᠤ ᠡᠯᠠᠰᠤ ᠶᠢ ᠨᠢ ᠰᠢᠭᠰᠢᠨ ᠠᠷᠢᠯᠭᠠᠵᠤ ᠠᠪᠤᠨ᠎ᠠ᠃ ᠲᠠᠭᠡᠭᠡᠤᠨ ᠬᠠᠭᠤᠷᠤᠭᠰᠠᠨ ᠲᠠᠷᠢᠶ᠎ᠠ ᠪᠠᠨ ᠤᠭᠤᠷ ᠲᠤ ᠨᠥᠲᠤᠬᠦ ᠪᠤᠶᠤ ᠲᠠᠭᠡᠷᠮ᠎ᠠ  ᠪᠠᠷ ᠲᠠᠲᠠᠵᠤ ᠲᠠᠯᠬᠠᠯᠠᠭᠰᠠᠨ ᠰᠢᠷᠤᠬᠦᠨ ᠰᠢᠭ ᠰᠢᠷᠭᠠᠯ ᠴᠠᠭᠠᠨ ᠭᠤᠯᠢᠷ ᠢ ᠵᠠᠮᠪᠠᠭ᠎ᠠ ᠭᠡᠵᠤ ᠨᠠᠷᠠᠯᠠᠲᠡᠭ᠃ ᠵᠠᠮᠪᠠᠭ᠎ᠠ ᠶᠢ ᠢᠲᠠᠬᠦ ᠳᠤ ᠨᠤᠬᠤᠭᠰᠠᠨ ᠵᠠᠮᠪᠠᠭ᠎ᠠ᠂ ᠤᠮᠠᠰᠠᠯᠠᠭᠰᠠᠨ ᠵᠠᠮᠪᠠᠭ᠎ᠠ᠂ ᠴᠠᠢ ᠳᠤ ᠲᠠᠷᠤᠭᠰᠠᠨ ᠵᠠᠮᠪᠠᠭ᠎ᠠ ᠭᠡᠵᠤ ᠤᠯᠠᠨ ᠶᠠᠩᠵᠤ ᠪᠠᠷ ᠪᠤᠯᠪᠠᠰᠤᠷᠠᠭᠤᠯᠤᠨ ᠢᠲᠡᠲᠡᠭ᠃                 ᠬᠠᠭᠤᠷᠤᠭᠰᠠᠨ ᠭᠤᠯᠢᠷ                 ᠴᠠᠭᠠᠨ ᠭᠤᠯᠢᠷ ᠢ ᠬᠠᠭᠤᠷᠠᠢ ᠪᠠᠷ ᠬᠠᠭᠤᠷᠴᠤ ᠪᠤᠯᠭᠤᠭᠰᠠᠨ ᠢ ᠬᠠᠭᠤᠷᠤᠭᠰᠠᠨ ᠭᠤᠯᠢᠷ ᠭᠡᠨ᠎ᠠ᠃ ᠬᠠᠭᠤᠷᠤᠭᠰᠠᠨ ᠭᠤᠯᠢᠷ ᠢ ᠮᠥᠨ ᠠᠷᠪᠠᠢ ᠶᠢᠨ ᠵᠠᠮᠪᠠᠭ᠎ᠠ ᠲᠠᠢ ᠠᠲᠠᠯᠢ ᠪᠠᠷ ᠢᠲᠠᠵᠤ ᠤᠤᠭᠤᠵᠤ ᠪᠤᠯᠲᠠᠭ᠃ ᠭᠡᠪᠠᠴᠤ ᠥᠷᠬᠦᠯᠵᠢ ᠢᠲᠠᠪᠠᠯ ᠰᠢᠷ᠎ᠠ ᠪᠤᠴᠠᠯᠭᠠᠲᠠᠭ᠃ ᠪᠠᠰᠠ ᠤᠲᠠᠭᠠᠨ ᠬᠠᠲᠠᠭᠠᠯᠠᠬᠤ ᠳᠤ ᠬᠠᠭᠤᠴᠢᠷᠠᠵᠤ ᠭᠠᠰᠢᠭᠤᠷᠠᠬᠤ ᠥᠵᠡᠭᠲᠠᠯ ᠭᠠᠷᠲᠠᠭ ᠲᠤᠯᠠ᠂  ᠮᠥᠨ ᠲᠠᠷᠤᠢ ᠳᠤᠨᠢ ᠢᠲᠠᠵᠤ ᠲᠠᠭᠤᠰᠬᠠᠪᠠᠯ ᠰᠠᠶᠢᠨ ᠪᠢᠯᠠ᠃                 ᠰᠠᠭᠰᠠᠢ ᠪᠤᠲᠠᠭ᠎ᠠ                 ᠲᠤᠳᠤᠷᠭ᠎ᠠ᠂ ᠨᠠᠷᠢᠮᠤ᠂ ᠰᠢᠷ᠎ᠠ ᠪᠤᠳᠠᠭ᠎ᠠ ︵黄米︶ ᠵᠡᠷᠭᠡ ᠶᠢᠨ ᠠᠯᠢ ᠨᠢᠭᠡᠨ ᠢ ᠥᠭᠡᠬᠦ ᠮᠢᠬ᠎ᠠ ᠲᠠᠢ ᠠᠭᠰᠢᠭᠠᠵᠤ ᠴᠢᠨᠠᠭᠰᠠᠨ ᠢᠳᠡᠭᠡᠨ ᠢ ᠰᠠᠭᠰᠠᠢ ᠪᠤᠳᠠᠭ᠎ᠠ ᠭᠡᠳᠡᠭ᠂ ᠪᠠᠰᠠ ᠥᠳᠭᠡᠨ ᠪᠤᠳᠠᠭ᠎ᠠ ᠬᠡᠵᠤ ᠴᠤ ᠠᠯᠠᠱᠠ ᠶᠢᠨ ᠵᠠᠷᠢᠮ ᠭᠠᠵᠠᠷ ᠭᠡᠯᠡᠳᠡᠭ ᠪᠤᠢ᠃                 ᠰᠠᠭᠰᠠᠢ ᠪᠤᠳᠠᠭ᠎ᠠ ᠪᠤᠯ ᠠᠯᠠᠱᠠ ᠡᠵᠡᠨ᠎ᠠ ᠶᠢᠨ ᠮᠤᠩᠭᠤᠯᠴᠤᠳ ᠤᠨ ᠭᠡᠷ ᠵᠠᠭᠤᠷ᠎ᠠ ᠶᠢᠨ ᠤᠯᠠᠮᠵᠢᠯᠠᠯᠳᠤ ᠠᠮᠳᠠᠳᠤ ᠬᠤᠭᠤᠯᠠ ᠶᠢᠨ ᠨᠢᠭᠡ ᠪᠤᠯᠬᠤ ᠶᠤᠮ᠃ ᠰᠠᠭᠰᠠᠢ ᠪᠤᠳᠠᠭ᠎ᠠ ᠶᠢ ᠴᠢᠨᠠᠵᠤ ᠪᠤᠯᠭᠤᠬᠤ ᠳᠤ ᠭᠢᠯᠪᠡᠷ ᠲᠥᠬᠦᠮ᠂ ᠥᠨ᠎ᠠ ᠬᠠᠨᠭ᠍ᠰᠢ ᠪᠠᠷ ᠬᠢᠮᠳᠠ᠂ ᠢᠳᠡᠬᠦ ᠳᠤ ᠥᠯᠥ ᠮᠡᠳᠡᠭ ᠢᠰᠬᠦᠯᠡᠩ ᠠᠮᠳᠠ ᠭᠠᠷᠴᠤ ᠢᠳᠡᠭᠡᠨ ᠤ ᠲᠤᠷᠠᠰᠢᠯ ᠢ ᠬᠥᠳᠡᠯᠭᠡᠬᠦ ᠪᠠ ᠥᠶᠥᠭ ᠰᠠᠶᠢᠳᠠᠢ᠂ ᠥᠨᠥᠷ ᠠᠮᠳᠠ ᠪᠠᠷ ᠲᠠᠪᠠᠳᠠᠢ ᠪᠤᠢ᠃                 ᠬᠠᠭᠤᠷᠤᠭᠰᠠᠨ ᠪᠤᠳᠠᠭ᠎ᠠ ᠲᠠᠢ ᠤᠮᠳᠠ                 ᠨᠠᠷᠢᠮᠤ ᠪᠤᠳᠠᠭ᠎ᠠ ᠪᠤᠶᠤ ᠲᠤᠳᠤᠷᠭ᠎ᠠ ᠶᠢᠨ ᠠᠯᠢ ᠨᠢᠭᠡᠨ ᠢ ᠬᠤᠨᠢ᠂ ᠢᠮᠠᠭ᠎ᠠ ᠶᠢᠨ ᠲᠤᠳᠤᠷ ᠥᠭᠡᠬᠦ ᠪᠠᠷ ᠬᠠᠭᠤᠷᠴᠤ ᠬᠥᠭᠡ ᠴᠠᠢ ᠶᠢᠨ ᠰᠢᠩᠭᠡᠨ ᠳᠤ ᠴᠢᠨᠠᠭᠰᠠᠨ ᠬᠤᠯᠢᠮᠠᠬ ᠬᠤᠭᠤᠯᠠ ᠶᠢ ᠬᠠᠭᠤᠷᠤᠭᠰᠠᠨ ᠪᠤᠳᠠᠭ᠎ᠠ ᠲᠠᠢ ᠤᠮᠳᠠ ᠭᠡᠨ᠎ᠠ᠃                 ᠬᠠᠭᠤᠷᠤᠭᠰᠠᠨ ᠪᠤᠳᠠᠭ᠎ᠠ ᠲᠠᠢ ᠤᠮᠳᠠ ᠶᠢ ᠤᠤᠭᠤᠬᠤ ᠳᠠᠭᠠᠨ ᠠᠶᠠᠭᠠᠨ ᠤ ᠢᠷᠤᠭᠠᠷ ᠲᠤ ᠬᠡᠳᠤᠨ ᠬᠡᠰᠡᠭ ᠠᠭᠠᠷᠤᠤᠯ ᠰᠢᠬᠦᠷᠮᠡᠭ ᠪᠤᠯᠤᠨ ᠬᠠᠳᠠᠭᠠᠭᠰᠠᠨ ᠥᠷᠤᠮ᠎ᠠ ᠵᠡᠷᠭᠡ ᠶᠢ ᠲᠠᠯᠪᠢᠵᠤ ᠲᠡᠭᠡᠷ᠎ᠠ ᠠᠴᠠ ᠨᠢ ᠪᠤᠳᠠᠭ᠎ᠠ ᠲᠠᠢ ᠴᠠᠢ  ᠪᠠᠨ ᠬᠢᠵᠤ ᠤᠤᠭᠤᠵᠤ ᠢᠳᠡᠭᠦ ᠳᠤ ᠭᠤᠶᠢᠳᠠ ᠰᠠᠶᠢᠬᠠᠨ ᠠᠮᠳᠠᠳᠠᠢ ᠲᠤᠯᠠ ᠢᠳᠡᠭᠡᠨ ᠤ ᠳᠣᠷᠠᠰᠢᠯ ᠢ ᠬᠥᠳᠡᠯᠭᠡᠨ᠂ ᠢᠳᠠ ᠢᠯᠴᠢ ᠶᠢ ᠨᠡᠮᠡᠭᠳᠡᠬᠦᠯᠤᠨ ᠬᠥᠯᠥᠰᠤ ᠭᠠᠷᠴᠤ᠂ ᠥᠯᠤᠰᠬᠦ ᠴᠠᠩᠭᠠᠬᠤ ︵ᠤᠮᠳᠠᠭᠠᠰᠬᠤ︶ ᠶᠢ ᠵᠡᠷᠭᠡ ᠪᠠᠷ ᠲᠠᠷᠤᠨ ᠮᠠᠰᠢ ᠳᠠᠭᠠᠯᠠᠮᠵᠢᠳᠠᠢ ᠪᠤᠯᠳᠠᠬ ᠪᠥᠭᠡᠳ ᠰᠢᠩᠭᠡᠭᠡᠯᠳᠠ ᠰᠠᠶᠢᠳᠠᠢ ᠪᠠᠶᠢᠳᠠᠬ ᠪᠢᠯᠡ᠃                 ᠬᠥᠮᠡᠯᠢ ᠪᠤᠶᠤ ᠬᠤᠯᠢᠮᠠᠬ ᠲᠠᠢ ᠰᠠᠭᠰᠠᠢ                 ᠲᠤᠳᠤᠷᠭ᠎ᠠ ᠪᠤᠶᠤ ᠰᠢᠷ᠎ᠠ ᠪᠤᠳᠠᠭ᠎ᠠ ᠶᠢ ᠰᠠᠶᠢᠳᠤᠷ ᠤᠬᠢᠶᠠᠨ ᠴᠡᠪᠡᠷᠯᠡᠭᠡᠳ ᠰᠠᠭᠰᠠᠢ ᠬᠠᠭᠰᠠᠭᠠᠵᠤ ᠬᠠᠭᠤᠷᠤᠭᠰᠠᠨ  ᠬᠥᠮᠡᠯᠢ ᠪᠤᠶᠤ ᠠᠶᠢᠷᠠᠭ᠂ ᠰᠥ᠂ ᠬᠤᠯᠢᠮᠠᠭ ᠲᠠᠢ ᠬᠤᠯᠢᠵᠤ ᠢᠳᠡᠪᠡᠰᠤ ᠤᠨᠴᠠ ᠰᠠᠶᠢᠨ ᠪᠠᠶᠢᠳᠠᠭ ᠪᠥᠭᠡᠳ ᠰᠢᠮ᠎ᠠ ᠲᠡᠵᠢᠭᠡᠯ ᠢᠶᠠᠷ ᠡᠯᠪᠡᠭ᠂ ᠲᠠᠮᠢᠷ ᠢ ᠰᠠᠶᠢᠵᠢᠷᠠᠭᠤᠯᠬᠤ ᠤᠢᠢᠯᠡᠳᠤᠯ ᠲᠠᠢ ᠪᠢᠯᠡ᠃                 ᠬᠠᠭᠤᠷᠤᠭᠰᠠᠨ ᠠᠮᠤ                 ᠬᠠᠷ᠎ᠠ ᠠᠮᠤ ᠶᠢᠨ ᠰᠢᠪᠠᠷ ᠰᠢᠷᠤᠢ ᠶᠢ ᠨᠢ ᠰᠠᠶᠢᠳᠤᠷ ᠤᠬᠢᠶᠠᠨ ᠴᠡᠪᠡᠷᠯᠡᠭᠡᠳ ᠪᠤᠴᠠᠯᠤᠭᠰᠠᠨ ᠤᠰᠤᠨ ᠳᠤ ᠬᠦᠭᠡᠭᠡᠯᠭᠡᠵᠦ᠂ ᠲᠠᠬᠢᠨ ᠬᠠᠭᠤᠷᠠᠢ ᠬᠠᠶᠢᠰᠤᠨ ᠳᠤ ᠬᠢᠵᠤ ᠵᠥᠭᠡᠯᠡᠨ ᠭᠠᠯ ᠲᠡᠭᠡᠷ᠎ᠠ ᠬᠠᠭᠤᠷᠤᠭᠠᠳ ᠭᠤᠤᠯ ᠦᠭᠡᠢ ᠬᠠᠳᠠᠭᠰᠠᠨ ᠤ ᠬᠤᠶᠢᠨ᠎ᠠ᠂ ᠤᠭᠤᠷ ᠲᠤ ᠬᠢᠵᠤ ᠨᠥᠳᠤᠭᠡᠳ ᠬᠠᠯᠢᠰᠤ ᠶᠢ ᠨᠢ ᠠᠷᠢᠯᠭᠠᠵᠤ ᠠᠪᠳᠠᠭ᠃ ᠠᠷᠢᠯᠭᠠᠭᠰᠠᠨ ᠠᠮᠤ ᠪᠠᠨ ᠢᠳᠡᠭᠦ ᠬᠡᠮᠵᠢᠶ᠎ᠠ ᠪᠠᠷ ᠠᠶᠠᠭᠠᠨ ᠳᠤ ᠬᠢᠵᠤ ᠲᠡᠭᠡᠷ᠎ᠠ ᠨᠢ ᠰᠢᠬᠦᠷᠮᠡᠭ᠂ ᠥᠷᠥᠮ᠎ᠠ᠂ ᠰᠢᠷ᠎ᠠ ᠲᠤᠰᠤ᠂ ᠰᠢᠭᠢᠷ ᠵᠡᠷᠭᠡ ᠪᠠ ᠰᠥ ᠲᠠᠢ ᠴᠠᠢ ᠬᠢᠭᠡᠳ ᠢᠳᠡᠳᠡᠭ᠃          ᠡᠨᠡ ᠬᠤᠭᠤᠯᠠ ᠨᠢ ᠮᠠᠯᠵᠢᠬᠤ ᠤᠷᠤᠨ ᠤ ᠠᠮᠢᠳᠤᠷᠠᠯ ᠳᠤ ᠤᠨᠴᠠ ᠲᠤᠬᠢᠷᠠᠳᠠᠭ ᠪᠤᠯᠬᠤᠷ ᠮᠠᠨ ᠤ ᠮᠤᠩᠭᠤᠯᠴᠤᠳ ᠠᠯᠢ ᠡᠷᠳᠡ ᠠᠴᠠ ᠪᠠᠨ ᠠᠪᠤᠭᠠᠳ ᠡᠷᠬᠢᠮᠯᠡᠭᠰᠡᠭᠡᠷ ᠢᠷᠡᠭᠰᠡᠨ ᠤᠯᠠᠮᠵᠢᠯᠠᠯᠳᠤ ᠢᠳᠡᠭᠡᠨ ᠤ ᠨᠢᠭᠡ ᠨᠢ ᠪᠤᠯᠤᠨ᠎ᠠ᠃     ᠬᠠᠭᠤᠷᠤᠭᠰᠠ ᠬᠤᠨᠢᠨ ᠮᠢᠬ᠎ᠠ             ᠮᠢᠬ᠎ᠠ ᠪᠠᠨ ᠨᠢᠮᠭᠡᠨ ᠬᠠᠪᠳᠠᠭᠠᠢ ᠪᠤᠯᠭᠠᠨ ᠬᠡᠷᠴᠢᠵᠤ᠂ ᠴᠠᠷᠳᠠᠭᠤᠯ ᠢ ᠠᠶᠠᠭᠠᠨ ᠳᠤ ᠰᠢᠩᠭᠡᠨ ᠪᠡᠶᠡᠳᠤ ᠪᠤᠯᠭᠠᠨ ᠵᠢᠭᠤᠷᠠᠵᠤ᠂ ᠬᠡᠷᠴᠢᠭᠰᠡᠨ ᠮᠢᠬᠠᠨ ᠤ ᠲᠡᠭᠡᠷ᠎ᠠ ᠠᠴᠠ ᠬᠢᠵᠤ ᠭᠠᠷ ᠢᠶᠠᠷ ᠢᠶᠠᠨ ᠰᠠᠶᠢᠳᠤᠷ ᠪᠠᠵᠠᠵᠤ ᠨᠠᠶᠢᠷᠠᠭᠤᠯᠤᠭᠠᠳ ᠪᠤᠴᠠᠯᠵᠤ ᠪᠠᠶᠢᠭ᠎ᠠ ᠮᠠᠯᠢᠩᠭᠤ ᠶᠢᠨ ᠲᠤᠰᠤᠨ ᠳᠤ ᠲᠥᠷᠭᠡᠨ ᠰᠢᠷᠠᠨ ᠱᠥᠬᠦᠵᠤ ᠭᠠᠷᠭᠠᠨ᠎ᠠ᠂ ᠲᠠᠬᠢᠭᠠᠳ ᠲᠡᠭᠡᠷ᠎ᠠ ᠨᠢ ᠲᠠᠪᠤᠨ ᠬᠠᠯᠠᠭᠤᠨ ᠤ ᠠᠮᠳᠠ᠂ ᠵᠢᠶᠠᠩᠶ᠋ᠢᠤ᠂ ᠲᠠᠪᠤᠰᠤ᠂ ᠰᠤᠩᠬᠢᠨ᠎ᠠ ᠵᠡᠷᠭᠡ ᠶᠢ ᠲᠤᠬᠢᠷᠠᠮᠵᠢᠳᠠᠢ ᠬᠢᠵᠤ᠂ ᠲᠠᠬᠢᠵᠤ ᠨᠢᠭᠡ ᠤᠳᠠᠭ᠎ᠠ ᠬᠠᠭᠤᠷᠤᠭᠠᠳ ᠰᠢᠷᠡᠭᠡᠨ ᠳᠤ ᠭᠠᠷᠭᠠᠨ᠎ᠠ᠃
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号