ᠪᠦᠬᠡ ᠱᠠᠯᠪᠢᠩ ( ᠳᠦᠷᠪᠡ︶
ᠨᠡᠶᠢᠲᠡᠯᠡᠭᠰᠡᠨ ᠴᠠᠭ᠄
2021/5/27
                     ᠪᠦᠬᠡ ᠱᠠᠯᠪᠢᠩ ᠬᠠᠭᠠᠨ ᠤ ᠳᠠᠷᠬᠠᠨ ᠪᠦᠬᠡ ᠶᠢ ᠰᠠᠪᠠᠭᠰᠠᠨ ᠨᠢ      ᠮᠠᠷᠭᠠᠰᠢ ᠨᠢ ᠠᠯᠠᠱᠠ ᠲᠦᠰᠢᠮᠡᠯ ᠱᠠᠯᠪᠢᠩ ᠢᠶᠠᠨ ᠳᠠᠭᠠᠭᠤᠯᠤᠨ ᠪᠠᠷᠢᠯᠳᠤᠭᠠᠨ ᠤ ᠲᠠᠯᠠᠪᠤᠷ ᠲᠤ ᠬᠦᠷᠴᠦ ᠢᠷᠡᠬᠦ ᠳᠤ᠂ ᠠᠯᠠᠱᠠ ᠭᠡᠭᠴᠢ ᠭᠠᠵᠠᠷ ᠠᠴᠠ ᠨᠢᠭᠡ ᠪᠦᠬᠡ ᠢᠷᠡᠵᠦ ᠬᠠᠭᠠᠨ ᠤ ᠳᠠᠷᠬᠠᠨ ᠪᠦᠬᠡ ᠲᠠᠢ ᠪᠠᠷᠢᠯᠳᠤᠬᠤ ᠭᠡᠵᠦ ᠪᠠᠶᠢᠨ᠎ᠠ ᠭᠡᠳᠡᠭ ᠴᠢᠮᠡᠭᠡ ᠶᠢ ᠰᠤᠨᠤᠰᠤᠭᠰᠠᠨ ᠪᠡᠭᠡᠵᠢᠩ ᠬᠤᠲᠠ ᠶᠢᠨ ᠤᠯᠤᠰ ᠡᠭᠦᠷ ᠦᠨᠳᠡᠭᠡ ᠪᠠᠷ ᠢᠶᠠᠨ ᠬᠤᠷᠠᠨ ᠢᠷᠡᠵᠡᠭᠡᠵᠦ ᠪᠠᠷᠢᠯᠳᠤᠭᠠᠨ ᠤ ᠳᠠᠯᠠᠪᠤᠷ ᠢ ᠳᠤᠳᠤᠨ᠎ᠠ ᠭᠤᠷᠪᠠᠨ ᠳᠠᠪᠬᠤᠷ᠂ ᠭᠠᠳᠠᠨ᠎ᠠ ᠭᠤᠷᠪᠠᠨ ᠳᠠᠪᠬᠤᠷ᠂ ᠲᠡᠭᠦᠨ ᠤ ᠭᠠᠳᠠᠭᠤᠷ ᠪᠠᠰᠠ ᠭᠤᠷᠪᠠᠨ ᠭᠤᠷᠪᠠ ᠶᠢᠨ ᠶᠢᠰᠦᠨ ᠳᠠᠪᠬᠤᠷ ᠪᠦᠰᠡᠯᠡᠵᠦ ᠠᠪᠤᠭᠰᠠᠨ ᠪᠠᠶᠢᠵᠡᠢ᠃      ᠲᠦᠰᠢᠮᠡᠯ ᠱᠠᠯᠪᠢᠩ ᠠᠴᠠ᠄ ︽ᠴᠢ ᠠᠶᠤᠵᠦ ᠪᠠᠶᠢᠨ᠎ᠠ ᠤᠤ︖︾ ᠭᠡᠵᠦ ᠬᠡᠯᠡᠭᠰᠡᠨ ᠳᠤ᠂ ᠱᠠᠯᠪᠢᠩ ᠠᠴᠠ᠄ ︽ᠠᠶᠤᠬᠤ ᠪᠠᠷ ᠴᠦ ᠶᠠᠭᠤ ᠪᠠᠶᠢᠨ᠎ᠠ ᠳ᠋ᠠ᠂ ᠪᠤᠯᠪᠠᠯ ᠳᠡᠶᠢᠯᠦᠶ᠎ᠡ ᠭᠡᠵᠦ ᠪᠤᠳᠤᠵᠦ ᠪᠠᠶᠢᠨ᠎ᠠ᠂ ᠪᠠᠷᠢᠯᠳᠤᠵᠦ ᠦᠵᠡᠭᠡᠳ ᠯᠠ ᠮᠡᠳᠡᠨ᠎ᠡ︾ ᠭᠡᠵᠡᠢ᠃ ︽ᠳᠡᠶᠢᠮᠦ ᠡ᠂ ᠵᠤᠭᠤᠰ ᠠᠯᠳᠠᠪᠠᠯ ᠴᠠᠭ ᠤᠨ ᠵᠤᠪᠠᠯᠠᠩ᠂ ᠵᠤᠷᠢᠭ ᠠᠯᠳᠠᠪᠠᠯ ᠨᠠᠰᠤᠨ ᠤ ᠵᠤᠪᠠᠯᠠᠩ ᠭᠡᠳᠡᠭ ᠶᠤᠮ ᠰᠢᠦ᠂ ᠵᠤᠷᠢᠭ ᠯᠠ ᠠᠯᠳᠠᠵᠦ ᠪᠣᠯᠬᠤ ᠦᠭᠡᠢ ᠰᠢᠦ ᠳ᠋ᠠ᠃ ᠭᠡᠪᠡᠴᠦ ᠬᠦᠮᠦᠨ ᠤ ᠬᠠᠷ᠎ᠠ ᠵᠠᠷᠤᠬᠤ ᠶᠢ ᠬᠠᠷᠢᠨ ᠤᠨᠴᠠᠭᠠᠢ ᠪᠤᠯᠭᠤᠮᠵᠢᠯᠠᠬᠤ ᠬᠡᠷᠡᠭᠳᠡᠢ ᠰᠢᠦ︕︾ ᠭᠡᠵᠦ ᠲᠦᠰᠢᠮᠡᠯ ᠵᠠᠬᠢᠵᠦ ᠬᠡᠯᠡᠭᠡᠳ ᠱᠠᠯᠪᠢᠩ ᠢ ᠭᠠᠷᠭᠠᠵᠡᠢ᠃      ᠲᠡᠭᠡᠭᠡᠳ ᠪᠠᠷᠢᠯᠳᠤᠭᠠᠨ ᠡᠬᠢᠯᠡᠵᠡᠢ᠃ ᠬᠠᠭᠠᠨ ᠤ ᠪᠦᠬᠡᠴᠦᠳ ᠠᠷᠤ ᠠᠷᠤ ᠠᠴᠠ ᠪᠠᠨ ᠴᠤᠪᠤᠷᠠᠨ ᠭᠠᠷᠴᠦ ᠱᠠᠯᠪᠢᠩ ᠲᠠᠢ ᠪᠠᠷᠢᠯᠳᠤᠪᠠ᠂ ᠲᠡᠷᠡ ᠪᠦᠬᠡᠴᠦᠳ ᠨᠢ ᠨᠢᠭᠡ ᠨᠢᠭᠡ ᠪᠠᠷ ᠢᠶᠠᠨ ᠪᠠᠷᠰ ᠠᠷᠰᠯᠠᠨ ᠪᠠᠷᠢᠮᠠᠷ ᠰᠦᠷᠡᠬᠡᠢ ᠡᠷᠡᠴᠤᠳ ᠪᠠᠶᠢᠭᠰᠠᠨ ᠪᠤᠯᠪᠠᠴᠦ ᠬᠤᠶᠢᠨ᠎ᠠ ᠬᠤᠶᠢᠨ᠎ᠠ ᠠᠴᠠ ᠪᠠᠨ ᠬᠠᠶᠠᠭᠳᠠᠭᠠᠳ ᠪᠠᠶᠢᠵᠡᠢ᠃ ᠲᠡᠭᠡᠵᠦ ᠨᠢᠭᠡ ᠳᠠᠷᠠᠭ᠎ᠠ  ᠪᠠᠷ ᠳᠤᠯᠤᠭᠠᠨ ᠪᠦᠬᠡ ᠰᠠᠪᠠᠭᠳᠠᠭᠠᠳ ᠢᠷᠡᠬᠦ ᠳᠤ ᠬᠠᠭᠠᠨ ᠤ ᠳᠠᠷᠬᠠᠨ ᠪᠦᠬᠡ ᠶᠢᠨ ᠠᠭᠤᠷ ᠨᠢ ᠪᠤᠴᠠᠯᠤᠨ ᠲᠡᠰᠭᠡᠯ ᠠᠯᠳᠠᠭᠠᠳ ᠪᠦᠬᠡᠴᠤᠳ ᠪᠠᠨ ᠵᠠᠩᠳᠤᠷᠤᠨ ᠵᠠᠶᠢᠯᠠᠭᠤᠯᠵᠦ ᠦᠪᠡᠷ ᠢᠶᠠᠨ ᠰᠢᠭᠤᠳ ᠪᠠᠷᠢᠯᠳᠤᠭᠠᠨ ᠤ ᠲᠠᠯᠠᠪᠤᠷ ᠲᠤ ᠮᠠᠭᠰᠢᠨ ᠳᠠᠭᠠᠷᠢᠨ ᠤᠷᠤᠵᠦ ᠢᠷᠡᠵᠦ ᠭᠡᠨ᠎ᠡ᠃  ᠡᠨᠡ ᠬᠢᠷᠢ ᠳᠤ ᠱᠠᠯᠪᠢᠩ ᠴᠤ ᠪᠠᠰᠠ ᠠᠭᠤᠷ ᠨᠢ ᠬᠦᠷᠴᠦ᠂ ᠡᠨᠡ ᠬᠠᠭᠠᠨ ᠤ ᠪᠦᠬᠡᠴᠤᠳ ᠭᠡᠳᠡᠭ ᠴᠢᠨᠢ ᠪᠦᠬᠡ ᠶᠢᠨ ᠵᠢᠷᠤᠮ ᠶᠤᠰᠤ ᠶᠢ ᠮᠡᠳᠡᠳᠡᠭ ᠦᠭᠡᠢ ᠠᠮᠢᠲᠠᠳ ᠪᠠᠶᠢᠭᠰᠠᠨ ᠪᠠᠶᠢᠨ᠎ᠠ᠂ ᠨᠢᠭᠡᠨᠳᠡ ᠳᠤᠯᠤᠭᠠᠨ ᠬᠦᠮᠦᠨ ᠭᠠᠷᠤᠭᠠᠳ ᠪᠠᠷᠢᠯᠳᠤᠵᠦ ᠦᠩᠭᠡᠷᠡᠭᠰᠡᠨ ᠶᠤᠮ ᠴᠢᠨᠢ ᠪᠤᠯᠤᠯ᠎ᠠ ᠪᠢᠵᠠ᠂ ᠪᠠᠰᠠ ᠴᠠᠭᠠᠨ᠎ᠠ ᠠᠴᠠ ᠨᠢ ᠢᠩᠭᠢᠵᠦ ᠭᠠᠷᠴᠦ ᠢᠷᠡᠬᠦ ᠨᠢ ᠳᠠᠩᠴᠦ ᠶᠤᠰᠤᠨ ᠳᠤ ᠨᠡᠶᠢᠴᠡᠬᠦ ᠦᠭᠡᠢ ᠬᠡᠷᠡᠭ ᠪᠠᠶᠢᠬᠤ ᠪᠢᠰᠢ ᠤᠤ ᠭᠡᠵᠦ ᠪᠤᠳᠤᠭᠠᠳ ᠲᠠᠯᠠᠪᠤᠷ ᠠᠴᠠ ᠭᠠᠷᠴᠦ ᠶᠠᠪᠤᠬᠤ ᠳᠤ ᠳᠠᠷᠬᠠᠨ ᠪᠦᠬᠡ ᠨᠢ ᠱᠤᠤᠭᠢᠨ ᠢᠷᠡᠵᠦ ᠨᠤᠴᠤᠭᠠᠳ ᠠᠪᠴᠡᠢ᠃ ᠲᠡᠳᠦᠢ ᠳᠤ ᠱᠠᠯᠪᠢᠩ ᠤᠨ ᠪᠦᠬᠦ ᠪᠡᠶ᠎ᠡ ᠨᠢ ᠲᠦᠷᠳᠡᠬᠢᠨ ᠰᠢᠳᠠᠵᠦ᠄ ︽ᠬᠡᠲᠦᠷᠡᠭᠰᠡᠨ ᠮᠠᠭᠤ ᠵᠤᠯᠢᠭ ᠴᠢ᠂ ᠪᠦᠬᠡ ᠶᠢᠨ ᠲᠥᠷᠢᠮ ᠡᠶᠢᠮᠦ ᠪᠠᠶᠢᠳᠠᠭ ᠶᠤᠮ ᠤᠤ︖ ᠠᠯᠢ ᠡᠴᠢᠭᠡ ᠴᠢᠨᠢ ᠴᠢᠮᠠᠳᠤ ᠵᠢᠭᠠᠵᠦ ᠦᠭᠭᠦᠭᠰᠡᠨ ᠶᠤᠮ ᠪᠤᠢ︕︾ ᠭᠡᠳ ᠰᠦᠷ ᠵᠢᠪᠬᠤᠭ᠎ᠠ ᠲᠠᠢ ᠪᠡᠶ᠎ᠡ ᠪᠠᠨ ᠴᠢᠩᠭᠠᠯᠠᠨ ᠮᠦᠷᠦ ᠪᠠᠷ ᠢᠶᠠᠨ ᠨᠢᠭᠡ ᠯᠠ ᠰᠠᠵᠢᠭᠰᠠᠨ ᠳᠤ ᠳᠠᠷᠬᠠᠨ ᠪᠦᠬᠡ ᠭᠠᠷ ᠠᠯᠳᠠᠨ ᠤᠷᠤᠭᠰᠢ ᠪᠠᠨ ᠱᠤᠩᠭᠤᠴᠢᠵᠦ ᠳᠦᠷᠪᠡ ᠲᠠᠪᠤᠨ ᠠᠯᠬᠤᠮ ᠭᠠᠵᠠᠷ ᠶᠠᠪᠤᠭᠠᠳ ᠵᠣᠭᠰᠣᠵᠠᠢ᠃ ᠲᠡᠭᠡᠭᠡᠳ ᠬᠤᠤᠷ᠎ᠠ ᠨᠢ ᠪᠤᠴᠠᠯᠵᠦ ᠠᠷᠠᠭ᠎ᠠ ᠨᠢ ᠲᠠᠷᠴᠢᠬᠢᠨᠠᠵᠦ ᠳᠠᠬᠢᠭᠠᠳ ᠳᠠᠭᠠᠷᠢᠭᠠᠳ ᠢᠷᠡᠳᠡᠯ᠎ᠡ᠂ ᠱᠠᠯᠪᠢᠩ ᠲᠡᠷᠡ ᠳᠠᠷᠤᠢ  ᠳᠤᠨᠢ ᠭᠠᠷ ᠠᠴᠠ ᠨᠢ ᠪᠠᠷᠢᠵᠦ ᠠᠪᠤᠩᠭᠤᠳᠠ ᠪᠡᠶ᠎ᠡ ᠪᠠᠨ ᠤᠷᠪᠠᠨ ᠡᠭᠦᠷᠴᠦ ᠠᠪᠤᠭᠠᠳ ᠤᠷᠤᠭᠰᠢ ᠪᠠᠨ ᠨᠢᠭᠡ ᠯᠡ ᠲᠤᠩᠭᠤᠶᠢᠬᠤ ᠰᠢᠭ᠋ ᠪᠤᠯᠤᠭᠰᠠᠨ ᠳᠤ ᠪᠦᠳᠦᠭᠦᠨ ᠪᠡᠶ᠎ᠡ ᠲᠠᠢ ᠲᠡᠷᠡ ᠳᠠᠷᠬᠠᠨ ᠪᠦᠬᠡ ᠨᠢᠷᠦᠭᠤ ᠪᠠᠷ ᠢᠶᠠᠨ ᠭᠠᠵᠠᠷ ᠬᠡᠪᠰᠢᠵᠦ ᠤᠨᠠᠭᠠᠳ᠂ ᠠᠮᠠ ᠬᠠᠮᠠᠷ ᠠᠴᠠ ᠨᠢ ᠴᠢᠰᠦ ᠤᠭᠰᠢᠨ ᠬᠦᠳᠡᠯᠦᠯ ᠦᠭᠡᠢ ᠲᠠᠷᠠᠶᠢᠭᠠᠳ ᠬᠡᠪᠲᠡᠵᠦ ᠭᠡᠨ᠎ᠡ᠃ ᠠᠯᠠᠱᠠ ᠲᠦᠰᠢᠮᠡᠯ ᠬᠡᠷᠡᠭ  ᠪᠢᠰᠢ ᠪᠤᠯᠤᠭᠰᠠᠨ ᠢ ᠦᠵᠡᠮᠡᠭᠴᠡ ᠶᠠᠭᠤ ᠬᠠᠢ ᠦᠭᠡᠢ ᠨᠢᠭᠡᠨ ᠰᠡᠯᠡᠭᠦᠬᠡᠨ ᠭᠠᠵᠠᠷ ᠬᠦᠷᠦᠭᠡᠳ ᠪᠡᠯᠡᠳᠭᠡᠯ ᠲᠠᠢ ᠠᠪᠴᠦ ᠶᠠᠪᠤᠭᠰᠠᠨ ᠳᠡᠪᠡᠯ ᠢᠶᠠᠨ ᠱᠠᠯᠪᠢᠩ ᠳᠤ ᠡᠮᠦᠰᠭᠡᠵᠦ᠄ ︽ᠬᠤᠷᠳᠤᠨ ᠳᠤᠳᠠᠭ᠎ᠠ᠂ ᠡᠨᠡ ᠵᠢᠯ ᠳᠡᠭᠡᠨ ᠠᠯᠠᠱᠠ ᠳᠤ ᠬᠠᠷᠢᠵᠦ ᠪᠣᠯᠬᠤ ᠦᠭᠡᠢ᠂ ᠬᠡᠳᠦᠢ ᠬᠤᠯᠠ ᠶᠠᠪᠤᠪᠠᠯ ᠲᠡᠳᠦᠢ ᠰᠠᠶᠢᠨ︾ ᠭᠡᠵᠦ ᠵᠠᠬᠢᠭᠠᠳ ᠬᠤᠶᠠᠭᠤᠯᠠ ᠰᠠᠯᠵᠦ ᠬᠤᠶᠠᠷ ᠲᠡᠶᠢᠰᠢ ᠪᠠᠨ ᠭᠦᠶᠦᠵᠡᠢ᠃      ᠥᠨᠥ ᠳᠠᠷᠬᠠᠨ ᠪᠦᠬᠡ ᠭᠠᠵᠠᠷ ᠬᠤᠳᠤᠶᠢᠯᠭᠠᠲᠠᠯ᠎ᠠ ᠬᠦᠴᠦᠳᠡᠢ ᠰᠠᠪᠠᠭᠳᠠᠨ ᠤᠨᠠᠵᠦ ᠴᠢᠰᠦ ᠪᠠᠷ ᠪᠦᠭᠡᠯᠵᠢᠭᠰᠡᠭᠡᠷ ᠪᠠᠶᠢᠭᠠᠳ ᠠᠮᠢᠰᠬᠤᠭ᠎ᠠ ᠬᠤᠷᠢᠶᠠᠵᠡᠢ᠃ ᠬᠠᠭᠠᠨ ᠰᠤᠨᠤᠰᠤᠭᠠᠳ ᠴᠡᠭᠡᠵᠢ ᠪᠠᠨ ᠰᠢᠭᠠᠵᠦ ᠭᠠᠵᠠᠷ ᠳᠡᠪᠰᠡᠯᠡᠨ ᠲᠡᠷᠡ ᠳᠤᠤᠷ᠎ᠠ ᠨᠢ ᠠᠯᠠᠱᠠ ᠤᠷᠤᠭᠤ ᠡᠯᠴᠢ ᠳᠤᠪᠳᠤᠯᠭᠠᠵᠦ᠂ ᠦᠳᠳᠡᠷ ᠲᠦᠷᠭᠡᠨ ᠱᠠᠯᠪᠢᠩ ᠢ ᠤᠯᠵᠦ ᠪᠠᠷᠢᠭᠠᠳ ᠪᠡᠭᠡᠵᠢᠩ ᠳᠤ ᠬᠦᠷᠭᠡᠵᠦ ᠢᠷ᠎ᠠ ᠭᠡᠵᠦ ᠠᠪᠤᠤ ᠨᠤᠶᠠᠨ ᠳᠤ ᠵᠠᠷᠯᠢᠭ ᠪᠠᠭᠤᠯᠭᠠᠵᠡᠢ᠃ ᠠᠪᠤᠤ ᠲᠡᠷᠡ ᠵᠠᠷᠯᠢᠭ ᠢ ᠲᠤᠰᠴᠦ ᠠᠪᠤᠮᠠᠭᠴᠠ ᠲᠤᠭᠰᠢᠨ ᠬᠦᠩᠵᠦ ᠲᠠᠢ ᠬᠠᠮᠲᠤ ᠪᠠᠷ ᠪᠡᠭᠡᠵᠢᠩ ᠳᠤ ᠤᠳᠤᠭᠠᠳ᠂ ᠱᠠᠯᠪᠢᠩ ᠵᠠᠷᠯᠢᠭ ᠢᠶᠠᠷ ᠳᠠᠭᠤᠳᠠᠭᠳᠠᠨ ᠪᠡᠭᠡᠵᠢᠩ ᠳᠤ ᠢᠷᠡᠭᠰᠡᠨ ᠠᠴᠠ ᠬᠤᠶᠢᠰᠢ ᠤᠳᠤ ᠪᠤᠯᠲᠠᠯ᠎ᠠ ᠠᠯᠠᠱᠠ ᠳᠤ ᠬᠠᠷᠢᠭᠠᠳ ᠦᠭᠡᠢ ᠪᠠᠶᠢᠨ᠎ᠠ ᠭᠡᠵᠦ ᠮᠡᠳᠡᠭᠦᠯᠦᠭᠰᠡᠨ ᠳᠤ᠂ ᠬᠠᠭᠠᠨ ᠤ ᠰᠢᠯᠢ ᠨᠢ ᠲᠠᠳᠠᠨ ᠨᠢᠳᠦ ᠨᠢ ᠴᠠᠶᠢᠪᠠᠶᠢᠵᠦ ᠭᠡᠳᠡᠷᠭᠦ ᠪᠠᠨ ᠤᠨᠠᠭᠠᠳ᠂ ᠤᠳᠠᠵᠦ ᠤᠳᠠᠵᠦ ᠪᠠᠶᠢᠭᠠᠳ ᠰᠠᠶ᠋ᠢ ᠠᠭᠠᠵᠢᠮ ᠢᠶᠠᠷ ᠤᠬᠠᠭᠠᠨ ᠤᠷᠤᠵᠦ  ᠲᠡᠩᠬᠡᠷᠡᠵᠦ ᠭᠡᠨ᠎ᠡ᠃                     ᠭᠠᠯ ᠤᠨ ᠠᠬᠠᠯᠠᠭᠴᠢ ᠱᠠᠯᠪᠢᠩ ᠤᠨ ᠦᠨᠡᠨ ᠢ ᠢᠯᠡᠴᠢᠯᠡᠭᠰᠡᠨ      ᠱᠠᠯᠪᠢᠩ ᠲᠡᠷᠡ ᠲᠦᠰᠢᠮᠡᠳ ᠤᠨ ᠳᠡᠮᠵᠢᠯᠭᠡ ᠪᠠᠷ ᠳᠠᠷᠤᠢ ᠲᠦᠷᠭᠡᠨ ᠳᠤᠳᠠᠭᠠᠨ᠂ ᠤᠯᠠᠨ ᠬᠦᠮᠦᠰ ᠱᠤᠤᠬᠢᠯᠳᠤᠨ ᠦᠢᠮᠡᠯᠳᠤᠵᠦ ᠪᠠᠶᠢᠬᠤ ᠳᠤᠮᠳᠠᠭᠤᠷ ᠭᠦᠶᠦᠨ ᠭᠠᠷᠴᠦ ᠰᠠᠩᠳᠠ ᠮᠡᠩᠳᠡ ᠤᠨᠤᠭᠠᠨ ᠤ ᠪᠠᠨ ᠳᠡᠷᠭᠡᠳᠡ ᠬᠦᠷᠴᠦ ᠮᠣᠷᠢ ᠪᠠᠨ ᠠᠪᠴᠦ ᠤᠨᠠᠭᠠᠳ ᠮᠣᠷᠢᠨ ᠤ ᠪᠠᠨ ᠬᠤᠷᠳᠤᠨ ᠢᠶᠠᠷ ᠳᠤᠳᠠᠭᠠᠨ ᠬᠠᠯᠬ᠎ᠠ ᠶᠢᠨ ᠵᠦᠭ ᠢ ᠴᠢᠭᠯᠡᠨ ᠶᠡᠪᠤᠭᠰᠠᠭᠠᠷ ᠵᠠᠩᠴᠢᠬᠦᠦ ︵ᠵᠠᠩ ᠵᠢᠶᠠ ᠺᠸᠦ︶ ᠭᠡᠳᠡᠭ ᠭᠠᠵᠠᠷ ᠢᠶᠠᠷ ᠳᠠᠭᠠᠷᠢᠨ᠂ ᠰᠡᠭᠦᠳᠡᠷ ᠢᠶᠠᠷ ᠢᠶᠠᠨ ᠨᠦᠭᠦᠳ ᠬᠢᠵᠦ᠂ ᠰᠢᠯᠦᠰᠦ ᠪᠠᠷ ᠢᠶᠠᠨ ᠤᠮᠳᠠ ᠬᠢᠵᠦ ᠶᠠᠪᠤᠭᠰᠠᠭᠠᠷ ᠪᠠᠶᠢᠭᠠᠳ ᠬᠠᠯᠬ᠎ᠠ ᠶᠢᠨ ᠠᠶᠠᠨᠴᠢᠨ ᠤ ᠭᠠᠯ ᠳᠡᠭᠡᠷ᠎ᠡ ᠳᠠᠭᠠᠷᠠᠯᠳᠤᠵᠡᠢ᠃      ᠲᠡᠷᠡ ᠠᠶᠠᠨᠴᠢᠨ ᠤ ᠭᠠᠯ ᠤᠨ ᠡᠵᠡᠨ ᠡᠪᠦᠭᠡᠨ ᠱᠠᠯᠪᠢᠩ ᠠᠴᠠ ︽ᠲᠠ ᠬᠠᠮᠢᠭ᠎ᠠ ᠶᠠᠪᠤᠵᠦ ᠪᠠᠶᠢᠨ᠎ᠠ ᠪᠤᠢ︖ ᠶᠠᠮᠠᠷ ᠤᠴᠢᠷ ᠲᠠᠢ ᠶᠠᠪᠤᠵᠦ ᠪᠠᠶᠢᠭ᠎ᠠ ᠪᠤᠢ︖︾ ᠭᠡᠬᠦᠯ᠎ᠡ ᠱᠠᠯᠪᠢᠩ ᠦᠪᠡᠷ ᠤᠨ ᠪᠡᠶ᠎ᠡ ᠪᠠᠨ ᠪᠤᠷᠤᠭᠤᠯᠠᠨ ︽ᠪᠢ ᠳ᠋ᠠ ᠬᠦᠷᠢᠶᠡᠨ ᠳᠤ ᠮᠦᠷᠭᠦᠭᠦ ᠪᠠᠷ ᠶᠠᠪᠤᠵᠦ ᠪᠠᠶᠢᠭ᠎ᠠ ᠮᠦᠷᠭᠦᠯᠴᠢᠨ ᠪᠠᠶᠢᠨ᠎ᠠ︾ ᠭᠡᠵᠦ ᠬᠡᠯᠡᠭᠰᠡᠨ ᠳᠤ ᠦᠨᠦ ᠭᠠᠯ ᠤᠨ ᠡᠵᠡᠨ ᠡᠪᠦᠭᠡᠨ ᠶᠡᠷᠦ ᠢᠲᠡᠭᠡᠭᠰᠡᠨ ᠦᠭᠡᠢ ᠪᠠᠶᠢᠵᠡᠢ᠃      ᠨᠢᠭᠡ ᠡᠳᠦᠷ ᠤᠨ ᠤᠷᠤᠢ᠂ ᠲᠡᠷᠡ ᠭᠠᠯ ᠤᠨ ᠡᠪᠦᠭᠡᠨ ᠱᠠᠯᠪᠢᠩ ᠳᠤ᠄ ︽ᠴᠢᠮᠠᠶᠢ ᠠᠵᠢᠭᠯᠠᠨ ᠦᠵᠡᠬᠦ ᠳᠤ ᠮᠦᠷᠭᠦᠯᠴᠢᠨ ᠭᠡᠬᠦ ᠳᠤ ᠢᠲᠡᠭᠡᠬᠦ ᠬᠦᠮᠦᠨ ᠦᠭᠡᠢ ᠪᠠᠶᠢᠳᠠᠭ ᠪᠣᠯᠪᠠ ᠤᠤ︖ ᠨᠢᠭᠡ ᠳᠤ᠂ ᠭᠡᠷ ᠠᠴᠠ ᠭᠠᠷᠤᠭᠰᠠᠨ ᠬᠠᠪᠴᠢᠭ ᠡᠭᠦᠷᠭᠡ ᠲᠠᠢ ᠶᠠᠪᠤᠭᠤᠯ ᠤᠨ ᠯᠠᠮ᠎ᠠ ᠴᠦ ᠪᠢᠰᠢ᠂  ᠬᠤᠶᠠᠷ ᠲᠤ᠂ ᠨᠠᠰᠦ ᠪᠠᠷ ᠬᠦᠭᠰᠢᠨ ᠴᠢᠳᠠᠯ ᠢᠶᠠᠷ ᠮᠡᠬᠦᠰ ᠪᠤᠯᠤᠭᠰᠠᠨ ᠡᠪᠡᠳᠴᠢᠨ ᠵᠤᠪᠠᠯᠠᠩ ᠳᠤ ᠪᠠᠷᠢᠭᠳᠠᠭᠰᠠᠨ ᠶᠠᠳᠠᠭᠤ ᠬᠦᠮᠦᠨ ᠴᠦ ᠪᠢᠰᠢ᠂ ᠲᠡᠭᠡᠭᠡᠳ ᠶᠠᠭᠤ ᠪᠠᠨ ᠬᠠᠶᠢᠵᠦ ᠬᠦᠷᠢᠶᠡᠨ ᠳᠤ ᠮᠦᠷᠭᠦᠭᠦ ᠪᠠᠷ ᠶᠠᠪᠤᠵᠦ ᠪᠠᠶᠢᠬᠤ ᠶᠤᠮ ᠪᠤᠢ︖ ᠨᠠᠳᠠ ᠠᠴᠠ ᠠᠰᠠᠭᠤᠪᠠᠯ ᠪᠢ ᠴᠦ ᠯᠠᠪ ᠴᠢᠷᠮᠠᠢ ᠶᠢ  ᠮᠦᠷᠭᠦᠯᠴᠢᠨ ᠪᠢᠰᠢ ᠪᠦᠬᠡᠴᠢᠨ ᠬᠦᠮᠦᠨ ᠪᠠᠶᠢᠨ᠎ᠠ ᠭᠡᠵᠦ ᠬᠡᠯᠡᠨ᠎ᠡ ᠳ᠋ᠡ᠃ ᠳᠠᠷᠤᠪᠠᠴᠦ ᠳᠠᠯᠤ ᠨᠢ᠂ ᠨᠢᠭᠤᠪᠠᠴᠦ ᠨᠢᠷᠤᠭᠤ ᠨᠢ ᠭᠡᠳᠡᠭ ᠢᠶᠠᠷ᠂ ᠴᠢ ᠦᠪᠡᠷ ᠤᠨ ᠪᠦᠬᠡᠴᠢᠨ ᠢᠶᠠᠨ ᠬᠦᠮᠦᠨ ᠳᠤ ᠮᠡᠳᠡᠭᠳᠡᠬᠦ ᠦᠭᠡᠢ ᠭᠡᠵᠦ ᠪᠤᠳᠤᠵᠦ ᠪᠠᠶᠢᠪᠠᠴᠦ᠂ ᠪᠡᠶ᠎ᠡ ᠭᠠᠯᠪᠢᠷ ᠳᠡᠩᠬᠡᠬᠡ ᠴᠢᠳᠠᠯ ᠪᠤᠯᠤᠨ ᠬᠢᠬᠦ ᠬᠦᠳᠡᠯᠬᠦ᠂ ᠪᠠᠷᠢᠬᠤ ᠳᠠᠯᠪᠢᠬᠤ ᠪᠦᠬᠦᠨ ᠠᠴᠠ ᠴᠢᠨᠢ ᠠᠵᠢᠭᠯᠠᠬᠤ ᠳᠤ ᠪᠦᠬᠡᠴᠢᠨ ᠬᠦᠮᠦᠨ ᠤ ᠰᠢᠨᠵᠢ ᠪᠠᠶᠢᠳᠠᠯ ᠢᠯᠡ ᠬᠠᠷᠠᠭᠳᠠᠵᠤ ᠪᠠᠶᠢᠨ᠎ᠠ᠃ ᠴᠢ ᠴᠤᠬᠤᠮ ᠶᠠᠭᠤ ᠬᠢᠭᠰᠡᠨ ᠬᠦᠮᠦᠨ ᠪᠠᠶᠢᠨ᠎ᠠ︖ ᠴᠢ ᠨᠤᠲᠤᠭ ᠲᠠᠭᠠᠨ ᠬᠦᠮᠦᠨ ᠰᠠᠪᠠᠵᠦ ᠬᠡᠷᠡᠭ ᠬᠢᠴᠢᠬᠡᠬᠡᠳ ᠲᠡᠭᠦᠨ ᠠᠴᠠ ᠪᠠᠨ ᠵᠠᠶᠢᠯᠠᠶ᠎ᠠ ᠭᠡᠵᠦ ᠨᠢᠭᠤᠨ ᠲᠤᠲᠠᠭᠠᠵᠦ ᠪᠠᠶᠢᠨ᠎ᠠ ᠤᠤ︖ ᠭᠡᠪᠡᠴᠦ ᠴᠢᠨᠦ ᠬᠡᠷᠡᠭ ᠮᠠᠨ ᠳᠤ ᠬᠠᠮᠢᠶ᠎ᠠ ᠦᠭᠡᠢ᠂ ᠴᠢ ᠦᠨᠡᠨ ᠢᠶᠠᠨ ᠬᠡᠯᠡᠴᠢᠬᠡ᠂ ᠠᠬ᠎ᠠ ᠨᠢ ᠰᠤᠨᠤᠰᠴᠦ ᠮᠡᠳᠡᠶ᠎ᠡ᠂ ᠪᠢ ᠬᠦᠮᠦᠨ ᠳᠤ ᠬᠡᠯᠡᠰᠢ ᠦᠭᠡᠢ᠃︾ ᠭᠡᠵᠦ ᠬᠡᠯᠡᠭᠰᠡᠨ ᠳᠤ ᠱᠠᠯᠪᠢᠩ ᠪᠠᠭ᠎ᠠ ᠪᠠᠶᠢᠵᠦ ᠪᠠᠶᠢᠭᠠᠳ᠄ ︽ᠠᠬ᠎ᠠ ᠲᠠ ᠨᠢᠭᠡᠨᠲᠡ ᠦᠵᠡᠭᠡᠳ ᠭᠠᠷᠴᠢᠬᠠᠭᠰᠠᠨ ᠶᠤᠮ ᠴᠢᠨᠢ ᠪᠢ ᠴᠦ ᠪᠠᠰᠠ ᠨᠢᠭᠤᠵᠦ ᠬᠠᠪᠴᠢᠭᠠᠳ ᠶᠠᠭᠤ ᠪᠠᠨ ᠬᠢᠬᠦ ᠪᠤᠢ︖ ᠮᠢᠨᠦ ᠢᠩᠭᠢᠵᠦ ᠶᠠᠪᠤᠵᠦ ᠪᠠᠶᠢᠭ᠎ᠠ ᠮᠢᠨᠢ ᠪᠦᠬᠡ ᠶᠢᠨ ᠤᠴᠢᠷ ᠲᠠᠢ ᠤᠭᠲᠤ ᠬᠤᠯᠪᠤᠭᠳᠠᠯ ᠪᠠᠶᠢᠬᠤ ᠦᠭᠡᠢ᠃ ᠮᠠᠨ ᠤ ᠨᠤᠲᠤᠭ ᠲᠤ ᠨᠢᠭᠡ ᠮᠠᠭᠤᠬᠠᠢ ᠬᠠᠷᠬᠢᠰ ᠪᠠᠶᠠᠨ ᠪᠠᠶᠢᠵᠦ᠂ ᠪᠢ ᠲᠡᠭᠦᠨ ᠤ ᠮᠠᠯ ᠢ ᠬᠠᠷᠢᠭᠤᠯᠵᠦ ᠪᠠᠶᠢᠳᠠᠯ᠎ᠠ᠂ ᠲᠡᠷᠡ ᠬᠦᠮᠦᠨ ᠠᠴᠠ ᠢᠯᠡᠭᠦᠦ ᠬᠦᠷᠦᠩᠭᠡ ᠮᠠᠯ  ᠲᠠᠢ ᠭᠡᠳ᠂ ᠲᠡᠭᠦᠨ ᠳᠡᠭᠡᠨ ᠡᠷᠳᠦᠵᠦ ᠬᠦᠮᠦᠨ ᠢ ᠳᠠᠷᠤᠯᠠᠨ ᠬᠠᠷᠬᠢᠰᠯᠠᠭᠠᠳ ᠪᠤᠯᠬᠤ ᠦᠭᠡᠢ ᠪᠤᠯᠬᠤᠷ ᠪᠢ ᠲᠡᠭᠦᠨ ᠢ ᠪᠠᠷᠢᠵᠦ ᠵᠤᠳᠤᠭᠠᠳ ᠬᠠᠶᠠᠴᠢᠬᠠᠭᠰᠠᠨ ᠶᠤᠮ᠃ ᠲᠡᠭᠦᠨ ᠤ ᠬᠠᠮᠠᠷ ᠠᠮᠠ ᠠᠴᠠ ᠨᠢ ᠴᠢᠰᠦ ᠭᠠᠷᠤᠭᠠᠳ ᠤᠨᠠᠭᠰᠠᠨ ᠶᠤᠮ ᠳ᠋ᠠ᠂ ᠦᠬᠦᠴᠢᠬᠡᠭᠰᠡᠨ ᠴᠤ ᠪᠠᠶᠢᠵᠦ ᠮᠠᠭᠠᠳ ᠦᠭᠡᠢ᠂ ᠲᠡᠭᠡᠭᠡᠳ ᠪᠢ ᠨᠤᠲᠤᠭ ᠠᠴᠠ ᠪᠠᠨ ᠭᠠᠷᠤᠭᠠᠳ ᠲᠡᠨᠦᠵᠦ ᠶᠠᠪᠤᠵᠦ ᠪᠠᠶᠢᠬᠤ ᠨᠢ ᠡᠨᠡ ᠪᠢᠯᠡ︾ ᠭᠡᠵᠡᠢ᠃      ᠬᠡᠳᠦᠨ ᠡᠳᠦᠷ ᠤᠨ ᠳᠠᠷᠠᠭ᠎ᠠ᠂ ᠨᠢᠭᠡ ᠤᠷᠤᠢ ᠡᠪᠦᠭᠡᠨ ᠪᠠᠰᠠ ᠱᠠᠯᠪᠢᠩ ᠠᠴᠠ᠄ ︽ᠴᠢ ᠮᠠᠨ ᠤ ᠬᠦᠷᠢᠶᠡᠨ ᠤ ᠪᠦᠬᠡ ᠶᠢᠨ ᠮᠦᠷᠦᠶᠢᠴᠡᠭᠡᠨ ᠳᠤ ᠤᠷᠤᠯᠴᠠᠬᠤ ᠶᠢ ᠰᠠᠨᠠᠵᠦ ᠪᠠᠶᠢᠨ᠎ᠠ ᠤᠤ︾ ᠭᠡᠵᠦ ᠠᠰᠠᠭᠤᠵᠡᠢ᠃ᠭᠤᠷᠪᠠᠨ ᠵᠢᠯ ᠳᠤ ᠨᠢᠭᠡ ᠤᠳᠠᠭ᠎ᠠ ᠬᠢᠳᠡᠭ ᠪᠦᠬᠦ ᠬᠠᠯᠬ᠎ᠠ ᠶᠢᠨ ᠪᠦᠬᠡ ᠶᠢᠨ ᠶᠡᠭᠡ ᠨᠠᠶᠢᠷ ᠨᠢ ᠡᠨᠡ ᠵᠢᠯ ᠶᠠᠭ ᠰᠠᠶᠢᠬᠠᠨ ᠢᠷᠡᠵᠦ ᠲᠠᠭᠠᠷᠠᠭᠰᠠᠨ ᠪᠠᠶᠢᠵᠡᠢ᠃      ᠱᠠᠯᠪᠢᠩ ᠠᠴᠠ᠄ ︽ᠳᠡᠶᠢᠮᠦ ᠪᠤᠯ ᠤᠷᠤᠯᠴᠠᠬᠤ ᠦᠭᠡᠢ ᠶᠠᠭᠠᠬᠢᠬᠤ ᠪᠢᠯᠡ︾ ᠭᠡᠰᠡᠨ ᠳᠤ᠄ ︽ᠵᠠ ᠲᠡᠭᠡᠪᠡᠯ ᠨᠠᠰᠢ ᠪᠠᠨ ᠳᠠᠪᠰᠢᠭᠠᠳ ᠰᠠᠭᠤᠵᠦ ᠪᠠᠢ᠂ ᠠᠬ᠎ᠠ ᠴᠢᠨᠢ ᠴᠢᠮᠠᠲᠠᠢ ᠭᠠᠷ ᠮᠤᠰᠬᠢᠵᠦ ᠴᠢᠳᠠᠯ ᠢ ᠴᠢᠨᠢ ᠨᠢᠭᠡ ᠰᠤᠷᠢᠵᠦ ᠦᠵᠡᠶ᠎ᠡ᠂ ᠮᠢᠨᠢ ᠭᠠᠷ ᠢ ᠳᠠᠷᠤᠭᠠᠳ ᠬᠦᠴᠦᠷᠪᠡᠯ ᠪᠢ ᠴᠢᠮᠠᠶᠢ ᠪᠠᠲᠤᠯᠠᠵᠤ ᠪᠠᠶᠢᠭᠠᠳ ᠲᠡᠷᠡ ᠤᠷᠤᠯᠳᠤᠭᠠᠨ ᠳᠤ ᠤᠷᠤᠯᠴᠠᠭᠤᠯᠵᠦ ᠦᠭᠭᠦᠶ᠎ᠡ︾ ᠭᠡᠳ ᠡᠪᠦᠭᠡᠨ ᠬᠠᠮᠴᠤᠢ ᠪᠠᠨ ᠰᠢᠮᠠᠯᠠᠨ ᠯᠠᠪᠳᠠᠭᠤᠨ ᠵᠠᠪᠢᠯᠠᠵᠦ ᠰᠠᠭᠤᠵᠡᠢ᠃      ᠲᠡᠭᠡᠭᠡᠳ ᠡᠪᠦᠭᠡᠨ ᠵᠠᠯᠠᠭᠤ ᠬᠤᠶᠠᠷ ᠲᠡᠮᠡᠴᠡᠯᠳᠦᠵᠦ ᠡᠬᠢᠯᠡᠵᠡᠢ᠃ ᠡᠨᠡ ᠬᠠᠲᠠᠩᠬᠢᠷ ᠡᠪᠦᠭᠡᠨ ᠳᠤ ᠶᠡᠷᠦ ᠬᠡᠳᠦᠢ ᠯᠠ ᠲᠡᠩᠬᠡᠬᠡ ᠪᠠᠶᠢᠬᠤ ᠪᠤᠢ ᠭᠡᠵᠦ ᠱᠠᠯᠪᠢᠩ ᠳᠤᠳᠤᠷ᠎ᠠ ᠪᠠᠨ ᠲᠤᠭᠤᠮᠵᠢ ᠮᠠᠭᠤᠳᠠᠢ ᠪᠠᠶᠢᠭᠰᠠᠨ ᠪᠤᠯᠪᠠᠴᠦ ᠵᠢᠩᠬᠢᠨᠢ ᠬᠦᠴᠦᠯᠡᠭᠡᠳ ᠢᠷᠡᠬᠦ ᠶᠢᠨ ᠬᠢᠷᠢ ᠳᠤ ᠦᠪᠡᠷ ᠤᠨ ᠡᠷᠬᠡ ᠦᠭᠡᠢ ᠰᠤᠴᠢᠵᠦ ᠠᠪᠴᠡᠢ᠃ ᠨᠢᠭᠡ ᠬᠠᠷᠠᠭᠰᠠᠨ ᠴᠢᠨᠢ ᠲᠡᠷᠡ ᠡᠪᠦᠭᠡᠨ ᠤ ᠭᠠᠷ  ᠤᠨ ᠪᠠᠭᠤᠤ  ᠠᠴᠠ ᠠᠪᠤᠭᠠᠳ ᠳᠤᠬᠤᠢ ᠳᠤᠨᠢ ᠬᠦᠷᠲᠡᠯ᠎ᠡ ᠲᠡᠮᠡᠭᠡᠨ ᠬᠤᠷᠭᠤᠤᠯ ᠰᠢᠭᠢᠳᠬᠡᠭᠰᠡᠨ ᠶᠤᠮ ᠰᠢᠭ ᠠᠳᠡ ᠲᠡᠨᠳᠡ ᠦᠭᠡᠢ ᠠᠳᠠᠷᠤᠤ ᠪᠤᠳᠤᠷᠤᠤ ᠲᠠᠲᠠᠨ ᠰᠢᠷᠪᠤᠰᠤ ᠵᠠᠩᠭᠢᠷᠠᠭᠰᠠᠨ ᠰᠢᠭ ᠪᠤᠯᠵᠦ᠂ ᠬᠤᠭᠤᠷᠤᠨᠳᠤ   ᠪᠠᠨ ᠨᠡᠶᠢᠯᠡᠨ ᠰᠠᠯᠤᠨ ᠬᠡᠰᠡᠭ ᠪᠤᠰᠠᠭ ᠵᠠᠩᠭᠢᠷᠠᠵᠦ ᠶᠡᠭᠡ ᠵᠢᠭᠳᠡᠢ ᠬᠠᠷᠠᠭᠳᠠᠵᠦ ᠪᠠᠶᠢᠭᠰᠠᠨ ᠪᠡᠶᠢᠵᠡᠢ ᠭᠡᠨ᠎ᠡ᠃ ᠱᠠᠯᠪᠢᠩ ᠭᠡᠨᠡᠳᠬᠡᠨ ᠰᠤᠴᠢᠵᠦ ᠬᠠᠮᠤᠭ ᠲᠡᠩᠬᠡᠬᠡ ᠴᠢᠳᠠᠯ   ᠢᠶᠠᠨ ᠭᠠᠷᠭᠠᠨ ᠬᠤᠶᠠᠭᠤᠯᠠ ᠬᠦᠴᠦ ᠲᠡᠩᠴᠡᠨ ᠨᠡᠯᠢᠶᠡᠳ ᠤᠳᠠᠵᠦ ᠪᠠᠶᠢᠭᠠᠳ ᠡᠴᠦᠰ   ᠲᠡᠭᠡᠨ ᠰᠠᠶ᠋ᠢ ᠡᠪᠦᠭᠡᠨ  ᠤ ᠭᠠᠷ  ᠢ ᠬᠠᠵᠠᠭᠤ ᠪᠠᠷ ᠨᠢ ᠳᠠᠷᠤᠵᠦ ᠪᠠᠭᠤᠯᠭᠠᠵᠡᠢ᠃      ᠲᠡᠭᠡᠭᠡᠳ ᠲᠡᠷᠡ ᠡᠪᠦᠭᠡᠨ ︽ᠴᠢ ᠪᠤᠯᠬᠤ ᠶᠤᠮ ᠪᠠᠶᠢᠨ᠎ᠠ᠂ ᠬᠦᠷᠢᠶ᠎ᠡ  ᠳᠤ ᠤᠴᠢᠵᠦ ᠪᠠᠷᠢᠯᠳᠤᠬᠤ  ᠳᠤ ᠪᠢ ᠪᠠᠲᠤ ᠪᠤᠯᠵᠦ ᠦᠭᠭᠦᠶ᠎ᠡ︕︾ ᠭᠡᠵᠦ ᠬᠡᠯᠡᠵᠡᠢ᠃ ᠤᠤᠯ ᠨᠢ ᠲᠡᠷᠡ ᠡᠪᠦᠭᠡᠨ ᠤᠷᠢᠳᠦ ᠵᠠᠯᠠᠭᠤ ᠪᠠᠶᠢᠬᠤ ᠳᠠᠭᠠᠨ ᠶᠡᠭᠡ ᠡᠷ᠎ᠠ ᠴᠢᠳᠠᠯ ᠲᠠᠢ ᠨᠡᠷ᠎ᠡ ᠲᠠᠢ ᠪᠦᠬᠡᠴᠢᠨ ᠬᠦᠮᠦᠨ ᠪᠠᠶᠢᠵᠦ ᠭᠡᠨ᠎ᠡ᠃      ᠱᠠᠯᠪᠢᠩ ᠭᠠᠯ ᠤᠨ ᠠᠬ᠎ᠠ ᠲᠠᠢ ᠪᠠᠨ ᠬᠠᠮᠲᠤ ᠠᠷᠪᠠᠨ ᠬᠡᠳᠦᠨ ᠡᠳᠦᠷ ᠶᠠᠪᠤᠭᠠᠳ ᠵᠠᠮ ᠰᠠᠯᠬᠤ ᠪᠤᠯᠵᠦ᠄ ︽ᠵᠠ ᠬᠥ᠋᠂ ᠳᠡᠭᠦᠦ ᠮᠢᠨᠢ ᠴᠢ ᠬᠦᠷᠢᠶᠡᠨ ᠳᠤ ᠤᠴᠢᠭᠠᠳ ᠨᠠᠮᠠᠶᠢ ᠬᠦᠯᠢᠶᠡᠵᠦ ᠪᠠᠶᠢᠳᠠᠭ ᠶᠤᠮ ᠰᠢᠦ᠂ ᠠᠬ᠎ᠠ ᠨᠢ ᠠᠮᠵᠢᠵᠦ ᠬᠦᠷᠦᠨ᠎ᠡ︾ ᠭᠡᠵᠦ ᠬᠡᠯᠡᠭᠡᠳ ᠱᠠᠯᠪᠢᠩ ᠳᠤ ᠬᠦᠷᠢᠶ᠎ᠡ ᠣᠷᠤᠬᠤ ᠵᠠᠮ ᠵᠢᠭᠠᠵᠦ ᠦᠭᠭᠦᠭᠡᠳ ᠶᠠᠪᠤᠭᠤᠯᠵᠡᠢ  ᠃ ︵ᠦᠷᠭᠦᠯᠵᠢᠯᠡᠯ᠄  ᠱᠠᠯᠪᠢᠩ ᠪᠣᠭᠳᠠ ᠶᠢᠨ ᠬᠦᠷᠢᠶ᠎ᠡ ᠶᠢ ᠳᠤᠩᠰᠤᠯᠭᠠᠵᠦ ᠬᠡᠦᠬᠡᠨ ᠪᠦᠬᠡ ᠶᠢ ᠳᠡᠶᠢᠯᠦᠭᠰᠡᠨ︶
 
ᠢᠷᠡᠯᠲᠡ᠄ ᠠᠯᠠᠱᠠ ᠪᠦᠬᠡ ᠱᠠᠯᠪᠢᠩ ᠤᠨ ᠨᠠᠮᠳᠠᠷ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号