ᠪᠦᠬᠡ ᠱᠠᠯᠪᠢᠩ ︵ᠨᠢᠬᠡ︶
ᠨᠡᠶᠢᠲᠡᠯᠡᠭᠰᠡᠨ ᠴᠠᠭ᠄
2021/5/21
     ᠪᠦᠬᠡ ᠱᠠᠯᠪᠢᠩ ᠪᠣᠯ ᠠᠯᠠᠱᠠ ᠨᠤᠲᠤᠭ ᠤᠨ ᠤᠮᠤᠭᠰᠢᠯ ᠪᠤᠯᠤᠭᠰᠠᠨ ᠠᠪᠤᠷᠭᠤ ᠪᠦᠭᠡᠴᠢᠨ ᠶᠤᠮ᠂ ᠲᠡᠷᠡ ᠦᠪᠡᠷ ᠤᠨ ᠡᠷ᠎ᠡ ᠴᠢᠳᠠᠯ ᠡᠷᠡᠮᠡᠬᠡᠢ  ᠵᠤᠷᠢᠭ ᠢᠶᠠᠷ ᠢᠶᠠᠨ ᠳᠤᠮᠤᠭ ᠲᠡᠦᠬᠡ ᠶᠢᠨ ᠨᠢᠭᠡ ᠨᠠᠰᠦ ᠪᠠᠨ ᠪᠢᠴᠢᠭᠯᠡᠵᠡᠢ᠃ ᠲᠡᠭᠦᠨ ᠤ ᠲᠤᠬᠠᠢ ᠤᠯᠠᠮᠵᠢᠯᠠᠯ ᠶᠠᠷᠢᠶ᠎ᠠ ᠠᠯᠠᠱᠠ ᠠᠷᠠᠳ ᠤᠨ ᠳᠤᠮᠳᠠ ᠦᠷᠭᠡᠨ ᠢᠶᠠᠷ ᠳᠡᠯᠭᠡᠷᠡᠭᠰᠡᠨ ᠪᠠᠶᠢᠳᠠᠭ᠃ ᠠᠯᠠᠱᠠ ᠨᠤᠲᠤᠭ ᠤᠨ ᠦᠷ᠎ᠠ ᠬᠤᠶᠢᠴᠢᠰ ᠪᠤᠯᠤᠭᠰᠠᠨ ᠤ ᠬᠤᠪᠢ ᠳᠤ᠂ ᠨᠡᠷ᠎ᠠ ᠴᠤᠤᠲᠦ ᠪᠦᠬᠡ ᠱᠠᠯᠪᠢᠩ ᠤᠨ ᠦᠯᠢᠭᠡᠷ ᠳᠤᠮᠤᠭ᠂ ᠨᠠᠮᠳᠠᠷ ᠲᠡᠦᠬᠡ ᠶᠢ  ᠤᠶᠢᠯᠠᠭᠠᠨ ᠮᠡᠳᠡᠪᠡᠰᠦ ᠵᠤᠬᠢᠬᠤ ᠪᠤᠶᠤ᠃      ᠲᠡᠦᠬᠡᠨ ᠲᠡᠮᠳᠡᠭᠯᠡᠯ ᠢ ᠦᠨᠳᠦᠰᠦᠯᠡᠪᠡᠯ᠂ ᠠᠯᠠᠱᠠ ᠬᠤᠰᠢᠭᠤᠨ ᠤ ᠦᠷᠡᠰ ᠤᠨ ᠨᠠᠶᠢᠷ ᠲᠠᠯᠪᠢᠬᠤ ᠶᠤᠰᠤᠨ ᠠᠯᠠᠱᠠ ᠶᠢᠨ ᠭᠤᠷᠪᠠᠳᠤᠭᠠᠷ ᠨᠤᠶᠠᠨ ᠯᠤᠪᠰᠠᠩᠳᠤᠷᠵᠢ ᠶᠢᠨ ᠦᠶ᠎ᠡ ᠠᠴᠠ ᠡᠬᠢᠯᠡᠭᠰᠡᠨ ᠪᠦᠭᠡᠳ ᠠᠩᠬᠠᠨ ᠤ ᠶᠡᠭᠡ ᠦᠷᠡᠰ ᠢ ︽ᠤᠯᠠᠭᠠᠨ ᠨᠤᠬᠠᠢ ᠵᠢᠯ ᠤᠨ ᠦᠷᠡᠰ︾ ᠭᠡᠳᠡᠭ᠃ ᠡᠨᠡ ᠤᠳᠠᠭᠠᠨ ᠤ ᠦᠷᠡᠰ ᠨᠠᠶᠢᠷ ᠤᠨ ᠪᠦᠬᠡ ᠶᠢᠨ ᠮᠠᠩᠯᠠᠢ ᠳᠤ ᠡᠷᠬᠡᠬᠠᠰᠢᠬ᠎ᠠ ᠪᠠᠭ ᠤᠨ ᠱᠠᠯᠪᠢᠩ ᠭᠡᠳᠡᠭ ᠬᠦᠮᠦᠨ ᠲᠦᠷᠦᠭᠦᠯᠦᠭᠰᠡᠨ ᠪᠠᠶᠢᠵᠡᠢ᠃ ᠡᠨᠡ ᠱᠠᠯᠪᠢᠩ ᠪᠣᠯ ᠳᠠᠷᠤᠢ ᠬᠤᠵᠢᠮ ᠨᠢ ᠠᠷᠦ ᠦᠪᠦᠷ ᠮᠤᠩᠭᠤᠯ ᠳᠤ ᠠᠯᠳᠠᠷᠰᠢᠭᠰᠠᠨ ᠠᠯᠠᠱᠠ ᠪᠦᠬᠡ ᠱᠠᠯᠪᠢᠩ ᠪᠣᠯᠬᠤ ᠶᠤᠮ᠃ ᠲᠡᠭᠦᠨ ᠤ ᠲᠤᠬᠠᠢ ᠠᠷᠠᠳ ᠤᠨ ᠳᠤᠮᠳᠠ ᠬᠠᠮᠤᠭ ᠶᠡᠭᠡ ᠳᠡᠯᠭᠡᠷᠡᠭᠰᠡᠨ ᠦᠯᠢᠭᠡᠷ ᠬᠠᠭᠤᠴᠢ ᠭᠡᠪᠡᠯ᠂ ᠮᠠᠨᠵᠦ ᠶᠢᠨ ᠬᠠᠭᠠᠨ ᠤ ᠳᠠᠷᠬᠠᠨ ᠪᠦᠬᠡ ᠶᠢ ᠰᠠᠪᠠᠵᠦ ᠠᠯᠠᠭᠠᠳ ᠪᠡᠶ᠎ᠡ ᠬᠤᠷᠭᠤᠳᠠᠬᠤ ᠭᠠᠵᠠᠷ ᠦᠭᠡᠢ ᠪᠣᠯᠬᠤ ᠳᠠᠭᠠᠨ ᠨᠤᠲᠤᠭ ᠠᠴᠠ ᠪᠠᠨ ᠤᠷᠭᠤᠵᠦ ᠶᠠᠪᠤᠭᠰᠠᠨ︔ ᠠᠷᠦ ᠬᠠᠯᠬ᠎ᠠ ᠶᠢᠨ ᠪᠦᠬᠡ ᠶᠢᠨ ᠨᠠᠶᠢᠷ ᠳᠡᠭᠡᠷ᠎ᠡ ᠠᠶᠤᠮᠰᠢᠭᠲᠤ ᠡᠮ᠎ᠡ ᠪᠦᠬᠡ ᠶᠢ ᠳᠡᠶᠢᠯᠦᠭᠰᠡᠨ︔ ᠡᠵᠢ ᠪᠠᠨ ᠡᠭᠦᠷᠦᠭᠡᠳ ᠠᠯᠤᠰ ᠭᠠᠵᠠᠷ ᠲᠡᠨᠦᠭᠦᠴᠢᠯᠡᠭᠰᠡᠨ ᠭᠡᠬᠦ ᠮᠡᠲᠦ ᠶᠢᠨ ᠦᠯᠢᠭᠡᠷ ᠤᠳ ᠪᠠᠶᠢᠳᠠᠭ᠃ ᠠᠯᠠᠱᠠ ᠵᠡᠬᠦᠨ ᠬᠤᠰᠢᠭᠤᠨ ᠤ ᠪᠠᠶ᠋ᠨᠨᠢᠷᠤᠭᠤᠨ ᠳᠤ ᠨᠤᠲᠤᠭ ᠲᠠᠢ ᠵᠤᠬᠢᠶᠠᠯᠴᠢ ᠤᠯᠠᠭᠠᠨᠬᠦᠦ ᠪᠦᠬᠡ ᠱᠠᠯᠪᠢᠩ ᠤᠨ ᠳᠤᠮᠤᠭ ᠲᠡᠦᠬᠡ ᠪᠠᠷ ᠡᠬᠡ ᠦᠯᠢᠭᠡᠷ ᠪᠤᠯᠭᠠᠵᠦ ︽ᠲᠡᠭᠷᠢ ᠰᠦᠯᠳᠡ ᠲᠤᠪᠤᠷᠤᠤ︾ ᠭᠡᠳᠡᠭ ᠵᠠᠭᠤᠨ ᠲᠦᠮᠡᠨ ᠦᠰᠦᠭ ᠤᠨ ᠷᠤᠮᠠᠨ ᠢ ᠵᠤᠬᠢᠶᠠᠵᠦ᠂ ᠤᠷᠤᠨ ᠵᠤᠬᠢᠶᠠᠯ ᠤᠨ ︽ᠪᠤᠷᠵᠢᠬᠢᠨ︾ ᠱᠠᠩᠨᠠᠯ ᠤᠨ ᠲᠡᠷᠢᠬᠦᠨ ᠳᠡᠰ ᠲᠤ ᠳᠤᠳᠤᠷᠠᠨ᠂ ᠠᠯᠠᠱᠠ ᠨᠤᠲᠤᠭ ᠲᠤ ᠢᠷᠠᠭᠤ ᠠᠯᠳᠠᠷ ᠢ ᠠᠪᠴᠢᠷᠠᠭᠰᠠᠨ ᠶᠤᠮ᠃ ᠨᠢᠭᠡ ᠶᠤᠰᠤᠨ ᠳᠤ᠂ ᠡᠨᠡ ᠨᠢ ᠠᠯᠠᠱᠠ ᠪᠦᠷᠭᠡ ᠱᠠᠯᠪᠢᠩ ᠤᠨ ᠪᠢᠳᠠ ᠪᠦᠬᠦᠨ ᠳᠤ ᠠᠪᠴᠢᠷᠠᠭᠰᠠᠨ ᠢᠷᠠᠭᠤ ᠠᠯᠳᠠᠷ ᠪᠤᠶᠤ ᠪᠢᠳᠠᠨ ᠤ ᠰᠡᠳᠬᠢᠯ ᠳᠤ ᠮᠦᠩᠭᠡᠷᠡᠭᠰᠡᠨ ᠨᠢᠭᠡᠨ ᠦᠶ᠎ᠡ ᠶᠢᠨ ᠪᠦᠭᠡᠴᠢᠨ ᠬᠦᠮᠦᠨ ᠤ ᠳᠤᠷᠠᠳᠬᠠᠯ ᠮᠦᠷᠦᠭᠡᠳᠦᠯ ᠤᠨ ᠦᠷᠭᠦᠯᠵᠢᠯᠡᠯ ᠮᠦᠨ᠃                        ᠪᠦᠭᠡ ᠱᠠᠯᠪᠢᠩ ᠤᠨ ᠨᠠᠮᠲᠠᠷ        ᠪᠦᠭᠡ ᠱᠠᠯᠪᠢᠩ ᠤᠨ ᠢᠵᠠᠭᠤᠷ ᠢᠨᠦ ᠰᠠᠷᠮᠤᠳ ᠠᠪᠤᠭᠲᠠᠢ᠂ ᠮᠤᠩᠭᠤᠯ ᠦᠨᠲᠤᠰᠦᠳᠠᠨ᠂ ᠮᠠᠯᠴᠢᠨ ᠭᠠᠷᠤᠯᠲᠡᠢ᠂ ᠤᠭ ᠨᠤᠲᠤᠭ ᠨᠢ ᠠᠯᠠᠱᠨ ᠬᠤᠱᠤᠳ ᠬᠤᠰᠢᠭᠤᠨ ᠤ ᠪᠠᠳᠠᠢ ᠶᠢᠨ ᠵᠢᠷᠠᠨ ᠤ ᠪᠠᠭ ᠤᠨ ᠬᠦᠮᠦᠨ᠂ ᠶᠡᠭᠡ ᠬᠠᠭᠠᠰ ᠨᠠᠰᠤ ᠪᠠᠨ ᠤᠲᠤ ᠶᠢᠨ ᠠᠯᠠᠱᠨ ᠵᠡᠬᠦᠨ ᠬᠤᠰᠢᠭᠤᠨ ᠤ ᠡᠷᠭᠡᠬᠠᠰᠢᠬ᠎ᠠ ᠪᠠᠭ ᠲᠤ ᠨᠤᠲᠤᠭᠰᠢᠨ ᠰᠠᠭᠤᠵᠦ ᠦᠩᠭᠡᠷᠡᠬᠦᠯᠵᠠᠢ᠃ ᠡᠬᠡᠨᠡᠷ ᠨᠢ ᠲᠤᠭᠤᠰ ᠭᠡᠳᠡᠭ᠂ ᠦᠬᠢᠨ ᠬᠦᠪᠡᠬᠦᠨ ᠬᠤᠶᠠᠷ ᠭᠡᠤᠭᠡᠳ ᠲᠦᠷᠦᠵᠠᠢ᠃ ᠦᠬᠢᠨ ᠤ ᠨᠠᠷ᠎ᠠ ᠨᠢ ᠳ᠋ᠠᠷᠢᠮ᠎ᠠ ᠭᠡᠳᠡᠭ᠂ ᠬᠦᠪᠡᠬᠦᠨ ᠤ ᠨᠠᠷ᠎ᠠ ᠨᠢ ᠰᠦᠮᠪᠤᠷ ᠭᠡᠳᠡᠭ᠃      ᠠᠩᠬ᠎ᠠ ᠡᠷᠳᠡ ᠠᠯᠠᠱᠨ ᠬᠤᠱᠤᠳ ᠤᠨ ᠠᠩᠬᠠᠲᠤᠭᠠᠷ ᠦᠶ᠎ᠠ ᠶᠢᠨ ᠵᠠᠰᠠᠭ ᠨᠤᠶᠠᠨ ᠬᠤᠷᠤᠯᠠᠢ ᠶᠢᠨ ᠦᠶ᠎ᠡ  ᠳᠤ ᠰᠢᠨᠵᠢᠶᠠᠩ ︵ᠰᠢᠨ᠎ᠠ ᠬᠢᠵᠠᠭᠠᠷ ᠮᠤᠵᠢ︶ ᠠᠴᠠ ᠦᠭᠡᠯᠡᠳ᠂ ᠬᠤᠶᠢᠳ᠂ ᠲᠦᠷᠪᠠᠳ ᠵᠡᠷᠭᠡ ᠠᠶᠢᠮᠠᠭ ᠪᠦᠯᠦᠭ  ᠤᠳ ᠭᠠᠯᠳᠠᠨ ᠪᠤᠱᠤᠭᠲᠤ ᠶᠢᠨ ᠲᠡᠭᠳᠡᠭᠡᠭᠰᠡᠨ ᠴᠡᠷᠢᠭ ᠲᠠᠶᠢᠨ ᠤ ᠦᠶ᠎ᠠ ᠳᠤ ᠦᠭᠡᠯᠡᠳ ᠠᠶᠢᠮᠠᠭ ᠲᠠᠢ ᠬᠠᠮᠲᠤ ᠪᠠᠷ ᠨᠡᠬᠦᠳᠡᠯᠯᠠᠨ ᠭᠠᠷᠴᠦ᠂ ᠬᠦᠭᠡᠨᠡᠭᠤᠷ ᠮᠤᠵᠢ ᠶᠢᠨ ᠲᠡᠭᠡᠲᠤ ᠮᠤᠩᠭᠤᠯ ᠳᠤ ᠨᠤᠲᠤᠭᠯᠠᠨ ᠰᠠᠭᠤᠵᠦ ᠪᠠᠶᠢᠭᠠᠳ ᠠᠯᠠᠱᠨ  ᠶᠢᠨ ᠪᠠᠷᠠᠭᠤᠨ ᠲᠤᠬᠤᠢ ︵ᠡᠲᠤᠭᠡ ᠶᠢᠨ ᠠᠯᠠᠱᠨ ᠪᠠᠷᠠᠭᠤᠨ ᠬᠤᠰᠢᠭᠤ︶ ᠶᠢᠨ ᠠᠯᠠᠭ ᠠᠭᠤᠯᠨ᠂ ᠠᠯᠳᠠᠨ ᠲᠡᠪᠰᠢ᠂ ᠪᠠᠳᠠᠢ ᠶᠢᠨ ᠵᠢᠷᠠᠨ ᠵᠡᠷᠭᠡ ᠭᠠᠵᠠᠷ ᠤᠳ ᠢᠶᠠᠷ ᠨᠡᠬᠦᠳᠡᠯᠯᠠᠨ ᠮᠠᠯ ᠮᠠᠯᠵᠢᠵᠦ ᠪᠠᠶᠢᠵᠠᠢ᠃      ᠲᠡᠷᠨ ᠦᠶ᠎ᠠ ᠳᠤ ᠱᠠᠯᠪᠢᠩ ᠤᠨ ᠡᠵᠢ ᠮᠢᠭᠳᠡᠷᠢ ᠭᠡᠳᠡᠭ ᠬᠦᠮᠦᠨ ᠮᠦᠨ ᠦᠭᠡᠯᠡᠳ᠂ ᠬᠤᠶᠢᠳ᠂ ᠰᠠᠷᠮᠤᠳ ᠠᠶᠢᠮᠠᠭ ᠤᠳ ᠤᠨ ᠬᠦᠮᠦᠰ ᠲᠠᠢ ᠬᠠᠮᠲᠤ ᠪᠠᠷ ᠨᠡᠬᠦᠳᠡᠯᠯᠡᠨ ᠪᠠᠳᠠᠢ ᠶᠢᠨ ᠵᠢᠷᠠᠨ ᠵᠡᠷᠭᠡ ᠭᠠᠵᠠᠷ ᠤᠳ ᠢᠶᠠᠷ ᠮᠠᠯ ᠮᠠᠯᠵᠢᠨ ᠰᠠᠭᠤᠵᠦ ᠪᠠᠶᠢᠵᠠᠢ᠃      ᠲᠡᠤᠭᠡ ᠶᠢᠨ ᠪᠠᠷᠢᠮᠳᠠ ᠪᠢᠴᠢᠭ ᠵᠢᠴᠢ ᠬᠦᠮᠦᠰ ᠤᠨ ᠤᠯᠠᠮᠵᠢᠯᠠᠯ ᠶᠠᠷᠢᠶ᠎ᠠ ᠶᠢ ᠦᠨᠲᠤᠰᠦᠯᠠᠪᠠᠯ ᠮᠠᠯᠴᠢᠨ ᠮᠢᠭᠳᠡᠷᠢ ᠠᠴᠠ ᠨᠢᠭᠡᠨ ᠬᠦᠪᠠᠬᠦᠨ ᠮᠠᠨᠲᠤᠯᠠᠵᠠᠢ᠃ ᠲᠡᠷᠨ ᠬᠦᠪᠠᠬᠦᠨ ᠢᠶᠠᠨ ︽ᠱᠠᠯᠪᠢᠩ︾ ᠭᠡᠵᠦ ᠨᠠᠷᠡᠶᠢᠳᠴᠠᠢ᠃     ︽ᠱᠠᠯᠪᠢᠩ︾ ᠭᠡᠰᠡᠨ ᠨᠠᠷ᠎ᠠ ᠶᠢᠨ ᠤᠳᠬ᠎ᠠ ᠨᠢ ᠲᠦᠪᠠᠳ ᠦᠭᠡᠨ ᠤ ︽ᠡᠬᠦᠳᠡᠨ ᠰᠠᠬᠢᠭᠤᠰᠤ︾ ᠭᠡᠰᠡᠨ‌ᠤᠳᠬ᠎ᠠ  ᠲᠠᠢ ᠦᠭᠡ ᠪᠤᠯᠠᠢ᠃      ᠪᠦᠭᠡ ᠱᠠᠯᠪᠢᠩ ᠤᠨ ᠲᠦᠷᠦᠭᠰᠡᠨ ᠤᠨ ᠨᠢ ᠪᠠᠷᠤᠭ 1708 — — 1710 ᠤᠨ ᠤ ᠦᠶ᠎ᠠ ᠪᠠᠷ ᠲᠦᠷᠦᠭᠰᠡᠨ ᠪᠤᠯᠤᠯᠲᠡᠢ᠃      ᠪᠦᠭᠡ ᠱᠠᠯᠪᠢᠩ ᠤᠨ ᠠᠪᠤ ᠶᠢᠨ ᠬᠢᠨᠢ ᠨᠠᠷ᠎ᠠ ᠨᠢ ᠰᠠᠩᠬᠢᠶ᠎ᠠ ᠭᠡᠳᠡᠭ ︵ᠡᠨᠡᠳᠭᠡᠭ ᠦᠭᠡᠨ ᠳᠤ ᠨᠤᠮ ᠳᠤᠷ ᠢᠳᠡᠭᠡᠮᠤᠢ ᠭᠡᠰᠡᠨ ᠦᠭᠡ︶᠃      ᠪᠦᠭᠡ ᠱᠠᠯᠪᠢᠩ ᠪᠤᠯᠪᠠᠰᠤ ᠬᠠᠷ᠎ᠠ ᠪᠠᠭ᠎ᠠ ᠠᠴᠠ ᠪᠠᠨ ᠴᠤᠪᠤᠭᠤ ᠰᠡᠷᠬᠦᠯᠠᠩ᠂ ᠤᠶᠤᠨ ᠤᠬᠠᠭᠠᠨᠲᠡᠢ᠂ ᠬᠦᠳᠡᠷ ᠪᠦᠲᠤᠬᠦᠨ ᠪᠠᠶ᠎ᠠ ᠲᠠᠢ᠂ ᠰᠦᠷᠯᠢᠭ ᠲᠦᠷᠦᠭᠰᠡᠨ  ᠬᠦᠮᠦᠨ ᠪᠤᠯᠤᠨ᠎ᠠ᠂ ᠲᠡᠷᠨ ᠠᠵᠢᠯ ᠦᠢᠯᠡᠰ ᠲᠡᠭᠡᠨ ᠴᠢᠳᠠᠮᠠᠭᠠᠢ᠂ ᠴᠢᠳᠠᠯ ᠲᠡᠩᠭᠡ ᠪᠠᠷ ᠮᠤᠨᠳᠠᠭ ᠶᠡᠭᠡ᠂ ᠪᠦᠭᠡ ᠪᠠᠷᠢᠯᠲᠤᠬᠤ ᠳᠤ ᠲᠤᠷ᠎ᠠ ᠪᠠᠭ᠋ᠠᠲᠡᠢ᠂ ᠱᠠᠯᠪᠤᠷ ᠪᠦᠭᠡ ᠳᠡᠭᠡᠨ ᠠᠪᠢᠶᠠᠰ  ᠲᠠᠢ ᠪᠠᠶᠢᠵᠠᠢ᠃      ᠡᠲᠤᠭᠡ ᠠᠯᠠᠱᠨ ᠪᠠᠷᠠᠭᠤᠨ ᠬᠤᠰᠢᠭᠤᠨ ᠤ ᠪᠠᠳᠠᠢ ᠶᠢᠨ ᠵᠢᠷᠠᠨ ᠤ ᠡᠮᠤᠨ᠎ᠠ ᠬᠦᠪᠡᠭᠡ ᠳᠤ ᠨᠢᠭᠡᠨ ᠰᠠᠷᠮᠤᠳ  ᠤᠨ ᠬᠤᠳᠲᠤᠭ ᠭᠡᠰᠡᠨ ᠨᠠᠷ᠎ᠠ ᠲᠠᠢ ᠭᠠᠵᠠᠷ ᠪᠤᠢ᠃ ᠡᠨ᠋ᠨ ᠨᠢ ᠰᠠᠷᠮᠤᠳ ᠤᠪᠤᠭᠳᠠᠨ ᠤ ᠰᠠᠭᠤᠵᠦ ᠪᠠᠶᠢᠭᠰᠠᠨ ᠭᠠᠵᠠᠷ ᠪᠤᠯᠤᠯᠲᠡᠢ᠃ ᠮᠦᠨᠴᠦ ᠪᠦᠭᠡ ᠱᠠᠯᠪᠢᠩ ᠤᠨ ᠲᠦᠷᠦᠭᠰᠡᠨ ᠭᠠᠵᠠᠷ ᠭᠡᠵᠦ ᠭᠡᠯᠡᠵᠦ ᠴᠤ ᠪᠤᠯᠬᠤ ᠶᠤᠮ᠃      ᠲᠤᠮᠤᠭ ᠶᠠᠷᠢᠶᠠᠨ ᠠᠴᠠ ᠦᠵᠠᠪᠠᠯ᠂ ᠪᠦᠭᠡ ᠱᠠᠯᠪᠢᠩ ᠠᠯᠠᠱᠨ ᠬᠤᠱᠤᠳ ᠬᠤᠰᠢᠭᠤᠨ ᠤ ᠡᠷᠪᠡᠭᠡᠢ ᠶᠢᠨ ᠪᠠᠭ᠂ ᠪᠠᠳᠠᠢ ᠶᠢᠨ ᠵᠢᠷᠠᠨ ᠤ ᠪᠠᠭ᠂ ᠶᠠᠪᠠᠷᠠᠢ ᠶᠢᠨ ᠪᠠᠭ᠂ ᠰᠢᠭᠤᠢ ᠶᠢᠨ ᠪᠠᠭ᠂ ᠲᠦᠬᠦᠮ ᠤᠨ ᠪᠠᠭ᠂ ᠬᠠᠷᠤᠤᠨ᠎ᠠ ᠶᠢᠨ ᠪᠠᠭ᠂ ᠡᠷᠭᠡᠬᠠᠰᠢᠬ᠎ᠠ ᠪᠠᠭ᠂ ᠵᠠᠬ᠎ᠠ ᠲᠤᠯᠤᠭᠠᠨ ᠤ ᠪᠠᠭ᠂ ᠴᠠᠭᠠᠨᠪᠤᠯᠠᠭ ᠤᠨ ᠪᠠᠭ᠂ ᠬᠦᠪᠡᠭᠡᠨᠠᠮᠬ᠎ᠠ ᠶᠢᠨ ᠪᠠᠭ ᠵᠡᠷᠭᠡ ᠨᠢᠵᠢᠭᠡᠳ ᠤᠯᠠᠨ ᠪᠠᠭ ᠨᠤᠭᠤᠳ ᠢᠶᠠᠷ ᠨᠡᠬᠦᠳᠡᠯᠯᠠᠨ ᠶᠠᠪᠤᠵᠦ ᠪᠠᠶᠢᠭᠰᠠᠨ ᠪᠦᠭᠡᠳ ᠠᠯᠪᠠ ᠬᠦᠢᠴᠡᠳᠭᠡᠵᠦ ᠶᠠᠪᠤᠭᠰᠠᠨ ᠭᠡᠯᠡᠯᠭᠡ ᠲᠠᠢ᠃      ᠪᠦᠭᠡ ᠱᠠᠯᠪᠢᠩ ᠭᠡᠷ ᠢᠶᠠᠷ ᠢᠶᠠᠨ ᠡᠷᠭᠡᠬᠠᠰᠢᠬ᠎ᠠ ︵ᠡᠲᠤᠭᠡ ᠶᠢᠨ ᠠᠯᠠᠱᠨ ᠵᠡᠬᠦᠨ ᠬᠤᠰᠢᠭᠤᠨ ᠤ ᠡᠷᠭᠡᠬᠠᠰᠢᠬ᠎ᠠ ᠰᠤᠮᠤ︶ ᠶᠢᠨ ᠪᠠᠭ ᠲᠤ ᠨᠤᠲᠤᠭᠯᠠᠨ ᠰᠠᠭᠤᠵᠦ ᠪᠠᠶᠢᠵᠠᠢ᠃ ᠰᠠᠭᠤᠵᠦ ᠪᠠᠶᠢᠭᠰᠠᠨ ᠭᠠᠵᠠᠷ ᠤᠨ ᠨᠠᠷ᠎ᠠ ᠨᠢ ᠲᠦᠷᠪᠠᠨ ᠬᠦᠭᠡ ᠠᠭᠤᠯᠨ ᠭᠡᠳᠡᠭ᠂ ᠲᠦᠷᠪᠠᠨ ᠬᠦᠭᠡ ᠠᠭᠤᠯᠨ ᠪᠤᠯ ᠲᠡᠭᠷᠢ ᠡᠯᠡᠰᠤᠨ ᠤ ᠪᠠᠷᠠᠭᠤᠨ ᠬᠤᠶᠢᠲᠤ ᠲᠠᠯ᠎ᠠ ᠳᠤ ᠪᠠᠶᠢᠭ᠎ᠠ ᠦᠨᠠᠭᠡᠲᠤ ᠶᠢᠨ ᠭᠤᠤᠯ ᠤᠨ ᠪᠠᠷᠠᠭᠤᠨ ᠬᠤᠶᠢᠲᠤ ᠡᠯᠡᠰᠤᠨ ᠤ ᠲᠤᠮᠳᠠ ᠪᠠᠶᠢᠬᠤ ᠤᠨᠴᠠᠭᠠᠢ ᠲᠦᠷᠪᠠᠨ ᠬᠦᠭᠡ ᠠᠭᠤᠯᠨ ᠶᠤᠮ᠃ ᠲᠡᠬᠦᠨ ᠤ ᠡᠮᠤᠨ᠎ᠠ ᠲᠠᠯ᠎ᠠ ᠳᠤ ᠪᠠᠶᠢᠭ᠎ᠠ ᠲᠦᠷᠪᠠᠲᠤᠭᠡᠷ ᠬᠦᠭᠡ ᠠᠭᠤᠯᠨ ᠶᠢᠨ ᠡᠩᠭᠡᠷ ᠲᠤ ᠪᠦᠭᠡ ᠱᠠᠯᠪᠢᠩ ᠨᠤᠲᠤᠭᠯᠠᠨ ᠰᠠᠭᠤᠷᠢᠰᠢᠵᠦ ᠪᠠᠶᠢᠵᠠᠢ᠃      ᠲᠡᠭᠡᠭᠡᠳ ᠪᠦᠭᠡ ᠱᠠᠯᠪᠢᠩ ᠮᠠᠯ ᠮᠠᠯᠵᠢᠵᠦ ᠠᠮᠢᠲᠤᠷᠠᠬᠤ ᠶᠢᠨ ᠡᠷᠭᠡ ᠪᠠᠷ ᠡᠷᠭᠡᠬᠠᠰᠢᠬ᠎ᠠ ᠶᠢᠨ ᠪᠠᠭ ᠠᠴᠠ ᠨᠡᠬᠦᠳᠡᠯᠯᠠᠨ ᠵᠠᠬ᠎ᠠ ᠲᠤᠯᠤᠭᠠᠨ ᠤ ᠪᠠᠭ ᠲᠤ ᠬᠦᠷᠴᠠᠢ᠃ ᠡᠨ᠋ᠨ ᠭᠠᠵᠠᠷ ᠨᠢ ᠪᠠᠶᠢᠷᠢ ᠪᠠᠯᠴᠢᠭᠡᠷ ᠢᠶᠠᠷ ᠠᠭᠤᠳᠠᠮ ᠦᠷᠭᠡᠨ᠂ ᠡᠪᠠᠰᠤ ᠨᠤᠭᠤᠭ᠎ᠠ ᠪᠠᠷ ᠦᠩ ᠰᠢᠮᠯᠢᠭ᠂ ᠠᠭᠤᠯᠨ ᠤᠰᠤ ᠲᠠᠢ᠂ ᠬᠦᠳᠡᠭᠡ ᠲᠠᠯ᠎ᠠ ᠲᠠᠢ ᠪᠠᠭ᠋ᠠᠲᠡᠢ ᠰᠠᠶᠢᠬᠠᠨ ᠭᠠᠵᠠᠷ ᠪᠠᠶᠢᠭᠰᠠᠨ ᠲᠤᠯᠨ ᠪᠦᠭᠡ ᠱᠠᠯᠪᠢᠩ ᠮᠠᠰᠢ ᠲᠠᠭᠠᠯᠠᠵᠦ᠂ ᠴᠢᠯᠠᠭᠤᠨ ᠤᠩᠭᠤᠴᠠᠲᠡᠢ ᠶᠢᠨ ᠤᠷᠴᠢᠮ ᠨᠤᠲᠤᠭᠯᠠᠨ ᠰᠠᠭᠤᠵᠦ ᠪᠠᠶᠢᠵᠠᠢ᠃      ᠪᠦᠭᠡ ᠱᠠᠯᠪᠢᠩ ᠪᠤᠯ ᠤᠯᠤᠰ ᠤᠨ ᠲᠤᠲᠤᠭᠠᠲᠤ ᠭᠠᠳᠠᠭᠠᠲᠤ ᠳᠤ ᠠᠯᠳᠠᠷ ᠨᠠᠷ᠎ᠠ ᠪᠠᠨ ᠲᠠᠭᠤᠷᠢᠰᠤᠭᠤᠯᠤᠭᠰᠠᠨ ᠨᠢᠭᠡᠨ ᠦᠶ᠎ᠠ ᠶᠢᠨ ᠠᠪᠤᠷᠭᠤ ᠪᠦᠭᠡᠴᠢᠨ ᠪᠤᠯᠬᠤ ᠶᠤᠮ᠃ ᠲᠡᠷᠨ ᠮᠠᠨᠵᠦ ᠶᠢᠨ ᠬᠠᠭᠠᠨ ᠡᠵᠡᠨ ᠤ ᠦᠭᠬᠦᠭᠰᠨᠨ ᠠᠯᠳᠠᠷ ᠨᠠᠷ᠎ᠠ᠂ ᠦᠨᠲᠤᠷ ᠬᠦᠷᠳᠡᠭᠡᠮᠵᠢ ᠳᠤ ᠰᠡᠳᠬᠢᠯ ᠲᠠᠳᠠᠭᠳᠠᠭᠰᠠᠨ ᠦᠭᠡᠢ᠂ ᠮᠤᠩᠭᠤᠯ ᠦᠨᠲᠤᠰᠦᠳᠠᠨ ᠤ   ᠪᠠᠨ ᠰᠦᠷ ᠨᠠᠮᠪᠠ ᠶᠢ ᠬᠠᠳᠠᠭᠠᠯᠠᠵᠦ᠂ ᠴᠢᠩ ᠤᠨ ᠲᠦᠷᠦ ᠶᠢᠨ ᠡᠮᠵᠡᠭ ᠪᠠᠭᠤᠷᠠᠢ ᠶᠢ ᠵᠤᠷᠢᠭᠲᠡᠢ ᠬᠦᠨᠳᠡᠭᠰᠡᠨ ᠪᠢᠯᠨ᠃      ᠠᠯᠳᠠᠷ ᠶᠡᠭᠡᠲᠡᠢ ᠪᠦᠭᠡ ᠱᠠᠯᠪᠢᠩ ᠪᠤᠯ ᠨᠢᠭᠡᠨ ᠦᠶ᠎ᠠ ᠶᠢᠨ ᠪᠠᠭᠠᠲᠤᠷ ᠪᠤᠯᠬᠤ ᠪᠠᠷ ᠪᠠᠷᠠᠬᠤ ᠦᠭᠡᠢ ᠮᠦᠨᠴᠦ ᠮᠤᠩᠭᠤᠯ ᠦᠨᠲᠤᠰᠦᠳᠠᠨ ᠤ ᠪᠦᠭᠡ ᠶᠢᠨ ᠰᠤᠶᠤᠯ ᠢ ᠬᠦᠭᠵᠢᠭᠡᠨ ᠤᠯᠠᠮᠵᠢᠯᠠᠭᠰᠠᠨ ᠲᠦᠯᠦᠭᠡᠯᠡᠭᠴᠢ ᠬᠦᠮᠦᠨ ᠤ ᠨᠢᠭᠡ  ᠨᠢ ᠪᠤᠯᠬᠤ ᠶᠤᠮ᠃      ᠪᠦᠭᠡ ᠱᠠᠯᠪᠢᠩ ᠵᠠᠬ᠎ᠠ ᠲᠤᠯᠤᠭᠠᠨ ᠤ ᠪᠠᠭ ᠲᠤ ᠨᠡᠬᠦᠳᠡᠯᠯᠠᠨ ᠪᠠᠶᠢᠵᠦ ᠪᠠᠶᠢᠬᠤ ᠳᠠᠭᠠᠨ ᠴᠢᠯᠠᠭᠤᠨ ᠤᠩᠭᠤᠴᠠᠲᠡᠢ᠂ ᠵᠠᠬ᠎ᠠ ᠲᠤᠯᠤᠭᠠᠨ᠂ ᠲᠠᠯᠠᠢ ᠴᠢᠷᠭ᠎ᠠ ︵ᠵᠠᠬ᠎ᠠ ᠲᠤᠯᠤᠭᠠᠨ ᠤ ᠪᠠᠭ ᠤᠨ ᠪᠠᠷᠠᠭᠤᠨ ᠬᠤᠶᠢᠲᠤ ᠡᠯᠡᠰᠤᠨ  ᠤ ᠲᠤᠮᠳᠠ ᠪᠠᠶᠢᠬᠤ ᠬᠦᠳᠡᠭᠡ ᠶᠢ ᠭᠡᠯᠡᠵᠦ ᠪᠤᠢ︶ ᠵᠡᠷᠭᠡ ᠭᠠᠵᠠᠷ ᠤᠳ ᠢᠶᠠᠷ ᠨᠤᠲᠤᠭᠯᠠᠨ ᠰᠠᠭᠤᠵᠦ ᠪᠠᠶᠢᠵᠠᠢ᠃    ︵ᠦᠷᠭᠦᠯᠵᠢᠯᠡᠯ ᠪᠤᠢ︶  
 
ᠢᠷᠡᠯᠲᠡ᠄ ᠠᠯᠠᠱᠠ ᠪᠦᠬᠡ ᠱᠠᠯᠪᠢᠩ ᠤᠨ ᠨᠠᠮᠳᠠᠷ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号