ᠡᠵᠡᠨ ᠤ ᠬᠢᠨᠢ ᠨᠡᠷ᠎ᠡ ᠪᠠᠷ ᠨᠡᠷᠡᠯᠡᠬᠦ
ᠨᠡᠶᠢᠲᠡᠯᠡᠭᠰᠡᠨ ᠴᠠᠭ᠄
2024/3/29
    ᠶᠢᠰᠤᠳᠤᠬᠡᠷ ᠬᠡᠰᠡᠭ ᠡᠵᠡᠨ ᠤ ᠬᠢᠨᠢ ᠨᠡᠷ᠎ᠡ ᠪᠠᠷ ᠨᠡᠷᠡᠯᠡᠬᠦ     ᠲᠠᠮᠡᠭᠡ ᠶᠢ ᠠᠷᠠᠴᠢᠯᠠᠵᠤ ᠮᠠᠯᠯᠠᠭᠰᠠᠨ ᠬᠦᠮᠤᠨ ᠤ ᠬᠢᠨᠢ ᠨᠠᠷ᠎ᠠ ᠪᠠᠷ ᠲᠤᠳᠤᠤᠠᠬᠠᠨ ᠨᠡᠷ᠎ᠡ ᠦᠭᠬᠦ ᠶᠢ ᠵᠢᠭᠠᠵᠤ ᠪᠤᠢ᠃ ᠲᠠᠮᠡᠭᠡ ᠶᠢ ᠬᠦᠮᠤᠨ ᠤ ᠨᠠᠷ᠎ᠠ ᠪᠠᠷ ᠲᠤᠳᠤᠤᠠᠬᠠᠨ ᠨᠠᠷᠠᠯᠠᠬᠦ ᠳᠤ ᠲᠠᠮᠡᠭᠡ ᠬᠠᠷᠢᠭᠤᠯᠤᠭᠰᠠᠨ ᠬᠦᠮᠤᠨ ᠪᠤᠯᠭᠠᠨ ᠤ ᠨᠠᠷ᠎ᠠ ᠪᠠᠷ ᠬᠠᠮᠢᠶ᠎ᠠ ᠨᠠᠮᠢᠶ᠎ᠠ ᠦᠭᠡᠢ ᠨᠡᠷᠡᠯᠡᠬᠦ ᠪᠢᠰᠢ᠂ ᠬᠠᠷᠢᠨ ᠤᠳᠠᠭᠠᠨ ᠵᠢᠯ ᠢᠶᠠᠷ ᠠᠷᠠᠴᠢᠯᠠᠵᠤ ᠮᠠᠯᠯᠠᠭᠰᠠᠨ ᠡᠵᠠᠨ ᠤ ᠬᠢᠨᠢ ᠨᠠᠷ᠎ᠠ᠂ ᠤᠯᠠᠨ ᠵᠢᠯ ᠤᠨᠤᠯᠭ᠎ᠠ ᠠᠴᠢᠯᠭ᠎ᠠ ᠳᠤ ᠡᠳ᠋ᠯᠡᠭᠰᠡᠨ ᠬᠦᠮᠤᠨ ᠤ ᠨᠠᠷ᠎ᠠ᠂ ᠡᠮᠨᠢᠭ ᠪᠠᠭ᠎ᠠ ᠨᠠᠰᠤᠨ ᠳᠤᠨᠢ ᠠᠩᠬ᠎ᠠ ᠤᠨᠤᠯᠭ᠎ᠠ ᠡᠳ᠋ᠯᠡᠭᠡ ᠳᠤ ᠰᠤᠷᠭᠠᠵᠤ ᠲᠠᠰᠬᠠᠭᠰᠠᠨ ᠬᠦᠮᠤᠨ ᠤ ᠨᠠᠷ᠎ᠠ᠂ ᠠᠳᠠᠯᠠᠵᠤ ᠬᠦᠡᠭᠭᠡᠯᠡᠭᠰᠠᠨ ᠬᠦᠮᠤᠨ ᠤ ᠨᠠᠷ᠎ᠠ᠂ ᠶᠠᠮᠠᠷ ᠨᠢᠭᠡ ᠤᠠᠴᠠᠭᠠᠢ ᠤᠴᠢᠷ ᠰᠢᠯᠳᠠᠭᠠᠨ ᠢᠶᠠᠷ ᠤᠨᠤᠵᠤ ᠡᠳ᠋ᠯᠡᠭᠰᠠᠨ ᠦᠭᠡᠷ᠎ᠠ ᠨᠤᠳᠤᠭ ᠤᠨ ᠬᠦᠮᠤᠨ ᠤ ᠨᠠᠷ᠎ᠠ ᠪᠠ ᠦᠮᠴᠢᠯᠠᠵᠤ ᠤᠯᠤᠭᠰᠠᠨ ᠭᠡᠤᠭᠡᠤᠨ ᠪᠠᠭᠠᠴᠤᠤᠯ ᠤᠨ ᠨᠠᠷ᠎ᠠ ᠵᠡᠷᠭᠡ ᠪᠠᠷ ᠲᠤᠰ ᠲᠠᠮᠠᠭᠡᠨ ᠤ ᠨᠠᠰᠤ ᠵᠢᠯ᠂ ᠬᠦᠢᠰᠤ ᠢᠯᠭᠠᠯ᠂ ᠭᠠᠳᠠᠷ ᠪᠠᠶᠢᠳᠠᠯ᠂ ᠵᠠᠩ ᠠᠷᠠᠠᠰᠢᠨ᠂ ᠲᠠᠮᠠᠭ᠎ᠠ ᠲᠠᠮᠳᠡᠭ᠂ ᠶᠠᠪᠤᠳᠠᠯ ᠬᠢᠰᠬᠢᠳᠠᠯ᠂ ᠡᠳ᠋ᠯᠡᠭᠡ ᠭᠡᠷᠡᠭᠯᠠᠭᠡᠨ᠂ ᠠᠰᠢᠭ ᠭᠠᠷᠤᠯᠳᠠ᠂ ᠴᠤᠯᠨ ᠬᠤᠴᠢ᠂ ᠡᠪᠠᠤᠡᠴᠢᠨ ᠭᠡᠮ᠂ ᠵᠦᠢᠷᠯᠠᠯ ᠨᠠᠷᠠᠶᠢᠳᠤᠯ᠂ ᠦᠡᠭᠭᠡ ᠵᠢᠰᠦ ᠵᠠᠷᠭᠡ ᠶᠢ ᠲᠤᠳᠤᠤᠠᠬᠠᠵᠤ ᠨᠡᠷᠡᠯᠡᠳᠡᠭ᠃ ᠵᠢᠱᠢᠶᠡᠯᠡᠪᠡᠯ ᠨᠠᠮᠵᠢᠯ ᠤᠨ ᠪᠤᠳᠤᠭᠤ᠂ ᠨᠠᠪᠴᠢᠮ᠎ᠠ ᠶᠢᠨ ᠲᠤᠷᠤᠮ᠂ ᠨᠠᠭᠠᠴᠤ ᠶᠢᠨ ᠪᠤᠤᠷ᠎ᠠ᠂ ᠠᠪᠠᠭ᠎ᠠ ᠶᠢᠨ ᠢᠡᠭᠭᠡ᠂ ᠲᠠᠶᠢᠵᠢ ᠶᠢᠨ ᠰᠡᠷᠡᠭᠡ ᠬᠦᠷᠠᠩ᠂ ᠲᠠᠭᠠᠭᠠᠮᠠᠯ ᠤᠨ ᠠᠶᠠᠰ ᠰᠢᠷ᠎ᠠ᠂ ᠴᠡᠷᠢᠭ ᠤᠨ ᠴᠦᠮᠴᠤᠭᠡ ᠲᠠᠶᠢᠯᠤᠭ᠂ ᠬᠠᠷᠠᠭᠤᠯ ᠤᠨ ᠱᠤᠠᠠᠰᠢᠶ᠎ᠠ ᠠᠳᠠ᠂ ᠲᠠᠷᠤᠭ᠎ᠠ ᠶᠢᠨ ᠤᠨᠤᠭᠠᠷᠢ᠂ ᠪᠢᠴᠢᠭᠡᠴᠢ ᠶᠢᠨ ᠬᠦᠯᠪᠤᠷᠢ᠂ ᠠᠳᠤᠭᠤᠴᠢᠨ ᠤ ᠵᠤᠵᠠᠭᠠᠨ ᠨᠤᠤᠰᠤᠳᠤ᠂ ᠠᠩᠴᠢᠨ ᠤ ᠰᠥ᠋ ᠲᠠᠢ ᠬᠦᠷᠠᠩ᠂ ᠡᠮᠴᠢ ᠶᠢᠨ ᠱᠠᠩᠨᠠᠯ ᠤᠨ ᠤᠯᠠᠭᠠᠨ᠂ ᠲᠤᠭᠤᠭᠠᠴᠢ ᠶᠢᠨ ᠲᠠᠭᠤᠴᠢ ᠰᠢᠷ᠎ᠠ᠂ ᠮᠤᠳᠤᠴᠢ ᠶᠢᠨ ᠲᠠᠭᠠᠷᠢᠳᠤ᠂ ᠭᠠᠯᠴᠢ ᠶᠢᠨ ᠬᠤᠯᠤᠤᠳᠤ᠂ ᠲᠤᠷᠵᠢ ᠶᠢᠨ ᠲᠤᠭᠰᠢᠨ ᠬᠠᠷ᠎ᠠ᠂ ᠲᠤᠯᠮ᠎ᠠ ᠶᠢᠨ ᠡᠷᠭᠡ ᠤᠯᠠᠭᠠᠨ᠂ ᠪᠠᠨᠽᠠᠷ ᠤᠨ ᠰᠠᠷᠠᠨ ᠲᠠᠮᠠᠭᠠᠳᠤ᠂ ᠪᠠᠤᠠᠮ᠎ᠠ ᠶᠢᠨ ᠠᠴᠠ ᠪᠤᠶᠢᠯᠠᠳᠤ᠂ ᠦᠡᠭᠭᠡᠷᠡᠭᠴᠢ ᠶᠢᠨ ᠰᠢᠪᠠᠭᠤᠨ ᠪᠤᠷᠤ᠂ ᠪᠤᠷᠬᠠᠨ ᠪᠤᠯᠤᠭᠴᠢ ᠶᠢᠨ ᠭᠡᠤᠭᠡᠨ ᠤᠯᠠᠭᠠᠨ᠂ ᠪᠠᠳᠢᠷᠴᠢᠨ ᠤ ᠤᠯᠠᠭᠠᠨ᠂ ᠲᠠᠷᠭᠡᠴᠢᠨ ᠤ ᠰᠢᠷ᠎ᠠ᠂ ᠪᠠᠳᠤᠬᠦᠤ ᠶᠢᠨ ᠨᠢᠰᠤᠬᠠᠢ ᠬᠠᠷ᠎ᠠ᠂ ᠭᠡᠤᠭᠡᠤᠨ ᠤᠨ ᠦᠮᠴᠢ ᠭᠤᠨ᠎ᠠ ᠭᠡᠬᠦ ᠮᠡᠳᠤ᠃     ᠡᠬᠦᠨ ᠠᠴᠠ ᠭᠠᠳᠠᠨ᠎ᠠ ᠪᠠᠰᠠ ᠡᠪᠤᠭᠡᠨ ᠪᠠᠯᠵᠤᠤᠷ ᠤᠨ ᠨᠤᠮᠤᠬᠠᠨ ᠤᠯᠠᠭᠠᠨ ᠢᠡᠭᠭᠡ᠂ ᠰᠠᠷᠵᠢᠮ᠎ᠠ ᠬᠦᠭᠰᠢᠨ ᠤ ᠲᠠᠷᠭᠤᠨ ᠰᠢᠷ᠎ᠠ ᠠᠳᠠ᠂ ᠠᠴᠢ ᠬᠦᠤ ᠶᠢᠨ ᠦᠮᠴᠢ ᠪᠤᠳᠤᠭᠤ᠂ ᠵᠢᠭᠡ ᠠᠯᠢᠮ᠎ᠠ ᠶᠢᠨ ᠲᠠᠬᠢ ᠶᠢᠨ ᠤᠯᠠᠭᠠᠨ᠂ ᠡᠪᠦᠭᠡ ᠠᠪᠤ ᠶᠢᠨ ᠲᠠᠬᠢᠯᠭ᠎ᠠ ᠶᠢᠨ ᠰᠢᠷ᠎ᠠ᠂ ᠪᠠᠭᠠᠳᠤᠷ ᠤᠨ ᠠᠶᠠᠨ ᠤ ᠠᠳᠠ ᠭᠡᠬᠦᠴᠢᠯᠠᠨ ᠬᠦᠮᠤᠨ ᠪᠠ ᠲᠠᠮᠠᠭᠡᠨ ᠤ ᠨᠠᠷ᠎ᠠ ᠶᠢ ᠲᠠᠪᠬᠤᠷᠯᠠᠨ ᠲᠤᠳᠤᠤᠠᠬᠠᠨ ᠨᠡᠷᠡᠯᠡᠬᠦ ᠴᠤ ᠤᠯᠠᠨ ᠪᠤᠢ᠃
 
ᠢᠷᠡᠯᠲᠡ᠄ ᠠᠯᠠᠱᠠ ᠶᠢᠨ ᠲᠡᠮᠡᠭᠡ ᠮᠠᠯᠵᠢᠬᠣ ᠰᠣᠶᠣᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号