ᠪᠦᠬᠡ ᠱᠠᠯᠪᠢᠩ ( ᠭᠤᠷᠪᠠ︶
ᠨᠡᠶᠢᠲᠡᠯᠡᠭᠰᠡᠨ ᠴᠠᠭ᠄
2021/5/27
              ᠲᠡᠭᠷᠢ ᠲᠡᠳᠬᠦᠭᠴᠢ ᠬᠠᠭᠠᠨ ᠤ ᠵᠠᠷᠯᠢᠭ ᠢᠶᠠᠷ ᠱᠠᠯᠪᠢᠩ ᠪᠡᠭᠡᠵᠢᠩ ᠳᠤ ᠮᠤᠷᠳᠠᠪᠠ      ᠠᠯᠠᠱᠠ ᠬᠤᠱᠤᠳ ᠬᠤᠰᠢᠭᠤᠨ ᠤ ᠴᠢᠨ ᠸᠠᠩ ᠠᠪᠤᠤ ᠨᠤᠶᠠᠨ ᠤ ᠳᠡᠷᠭᠡᠳᠡ ᠨᠢᠭᠡᠨ ᠮᠡᠷᠭᠡᠨ ᠤᠬᠠᠭᠠᠨᠳᠠᠢ ᠯᠠᠮ᠎ᠠ ᠨᠠᠮᠺᠠᠶᠢᠪᠠᠯ ᠷᠠᠪᠵᠢᠮᠪᠠ ᠭᠡᠳᠡᠭ ᠬᠦᠮᠦᠨ ᠪᠠᠶᠢᠵᠦ᠂ ᠱᠠᠰᠢᠨ ᠤ ᠨᠤᠮ ᠤᠨ ᠤᠬᠠᠭᠠᠨ ᠳᠤ ᠨᠡᠪᠲᠡᠷᠡᠭᠰᠡᠨ ᠢᠶᠠᠷ ᠪᠠᠷᠠᠬᠤ ᠦᠭᠡᠢ᠂ ᠱᠠᠰᠢᠨ ᠢᠶᠠᠷ ᠲᠥᠷᠥ ᠶᠢ ᠳᠡᠳᠬᠦᠬᠦ ᠶᠤᠰᠤᠨ ᠳᠤ ᠴᠦ ᠮᠡᠷᠭᠡᠵᠢᠭᠰᠡᠨ ᠢᠶᠠᠷ ᠨᠤᠶᠠᠨ ᠳᠤ ᠠᠷᠭ᠎ᠠ ᠤᠬᠠᠭᠠᠨ ᠭᠠᠷᠭᠠᠵᠦ ᠶᠡᠭᠡ ᠤᠴᠢᠷ ᠶᠠᠪᠤᠳᠠᠯ ᠢ ᠪᠦᠲᠦᠭᠡᠳᠡᠭ ᠪᠠᠶᠢᠵᠦ ᠭᠡᠨ᠎ᠡ᠃ᠲᠡᠭᠦᠨ ᠤ ᠬᠡᠯᠡᠭᠰᠡᠨ ᠲᠠᠢ ᠠᠳᠠᠯᠢ ᠪᠠᠷ ᠠᠪᠤᠤ ᠨᠤᠶᠠᠨ ᠲᠤᠭᠰᠢᠨ ᠭᠦᠩᠵᠦ ᠶᠢ ᠬᠠᠲᠤᠨ ᠢᠶᠠᠨ ᠪᠤᠯᠭᠠᠵᠦ ᠠᠯᠠᠱᠠ ᠳᠤ ᠪᠠᠭᠤᠯᠭᠠᠨ ᠢᠷᠡᠭᠰᠡᠨ ᠠᠴᠠ ᠬᠤᠶᠢᠰᠢ᠂ ᠮᠠᠨᠵᠦ ᠶᠢᠨ ᠲᠦᠷᠥ ᠠᠯᠠᠱᠠ ᠬᠤᠱᠤᠳ ᠢ ᠦᠮᠨᠦᠬᠡᠨ ᠨᠢᠳᠦ ᠪᠠᠷ ᠦᠵᠡᠵᠦ ᠲᠤᠭᠤᠮᠵᠢ ᠦᠭᠡᠢ ᠪᠤᠯᠵᠦ ᠪᠠᠶᠢᠵᠦ ᠭᠡᠨ᠎ᠡ᠃ ᠲᠤᠭᠰᠢᠨ ᠭᠦᠩᠵᠦ ᠬᠡᠳᠦᠶᠢᠪᠡᠷ ᠪᠡᠭᠡᠵᠢᠩ ᠬᠤᠲᠠ ᠠᠴᠠ ᠰᠠᠯᠵᠦ ᠠᠷᠤ ᠭᠠᠵᠠᠷ ᠢᠷᠡᠭᠰᠡᠨ ᠪᠤᠯᠪᠠᠴᠦ ᠡᠴᠢᠭᠡ ᠬᠠᠭᠠᠨ ᠤ ᠦᠮᠦᠭ ᠰᠦᠷ ᠪᠠ ᠡᠷ᠎ᠡ ᠨᠦᠬᠦᠷ ᠤᠨ ᠪᠤᠶᠠᠨ ᠢᠶᠠᠷ ᠡᠷᠬᠡ ᠬᠦᠨᠳᠦ ᠶᠢ ᠡᠳ᠋ᠯᠡᠵᠦ ᠠᠮᠤᠷ ᠲᠦᠪᠰᠢᠨ ᠢᠶᠠᠷ ᠵᠢᠷᠭᠠᠵᠦ᠂ ᠰᠡᠳᠬᠢᠯ ᠰᠠᠨᠠᠭ᠎ᠠ ᠵᠣᠪᠠᠭ᠋ᠤ ᠤᠴᠢᠷ ᠦᠭᠡᠢ ᠰᠠᠶᠢᠨ ᠰᠠᠶᠢᠬᠠᠨ ᠠᠮᠢᠳᠤᠷᠠᠵᠦ ᠰᠠᠭᠤᠵᠦ ᠪᠡᠶᠢᠵᠡᠢ᠃      ᠲᠡᠭᠡᠵᠦ ᠬᠡᠰᠡᠭ ᠰᠠᠭᠤᠵᠦ ᠪᠠᠶᠢᠭᠠᠳ ᠲᠤᠭᠰᠢᠨ ᠬᠦᠩᠵᠦ ᠲᠦᠷᠬᠦᠮᠴᠢᠯᠡᠬᠦ ᠪᠠᠷ ᠪᠡᠭᠡᠵᠢᠩ ᠳᠡᠭᠡᠨ ᠬᠠᠷᠢᠬᠤ ᠪᠤᠯᠵᠡᠢ᠃ ᠲᠡᠭᠡᠭᠡᠳ ᠡᠴᠢᠭᠡ ᠦᠬᠢᠨ ᠬᠤᠶᠠᠷ ᠵᠤᠯᠭᠠᠵᠦ ᠡᠨᠡ ᠲᠡᠷᠡ ᠶᠢ ᠬᠡᠯᠡᠯᠴᠡᠨ ᠰᠠᠭᠤᠵᠦ ᠪᠠᠶᠢᠬᠤ ᠶᠢᠨ ᠳᠤᠮᠳᠠ᠂ ᠲᠤᠭᠰᠢᠨ ᠭᠦᠩᠵᠦ ᠬᠡᠯᠡᠵᠡᠢ᠄ ︽ᠮᠠᠨ ᠤ ᠠᠯᠠᠱᠠ ᠬᠤᠰᠢᠭᠤ ᠬᠡᠳᠦᠶᠢᠪᠡᠷ ᠵᠠᠬ᠎ᠠ ᠬᠢᠵᠠᠭᠠᠷ ᠪᠠᠭ᠎ᠠ ᠭᠠᠵᠠᠷ ᠪᠤᠯᠪᠠᠴᠦ᠂ ᠬᠥᠳᠡᠭᠡ ᠲᠠᠯ᠎ᠠ ᠪᠠᠷ ᠠᠭᠤᠵᠢᠮ᠂ ᠬᠦᠷᠦᠩᠭᠡ ᠮᠠᠯ ᠢᠶᠠᠷ ᠵᠤᠵᠠᠭᠠᠨ᠂ ᠮᠠᠰᠢ ᠪᠠᠶᠠᠯᠢᠭ ᠰᠠᠶᠢᠬᠠᠨ ᠤᠷᠤᠨ ᠶᠤᠮ ᠡ᠃ ᠬᠠᠭᠠᠨ ᠠᠪᠤ ᠲᠠ ᠮᠠᠨ ᠤ ᠠᠯᠠᠱᠠ ᠶᠢ ᠳᠤᠤᠷ᠎ᠠ ᠦᠵᠡᠵᠦ ᠪᠣᠯᠬᠤ ᠦᠭᠡᠢ᠂ ᠮᠠᠨ ᠤ ᠲᠡᠨᠳᠡ ᠡᠷᠳᠡᠮ ᠲᠠᠢ ᠴᠢᠳᠠᠯ  ᠲᠠᠢ ᠭᠠᠶᠢᠬᠠᠮᠰᠢᠭᠲᠤ ᠬᠦᠮᠦᠨ ᠤᠯᠠᠨ ᠪᠤᠢ ᠰᠢᠦ︕︾ ᠭᠡᠵᠡᠢ᠃ ᠬᠠᠭᠠᠨ ᠰᠤᠨᠤᠰᠴᠦ ᠰᠡᠳᠬᠢᠯ ᠲᠤᠳᠤᠷ᠎ᠠ ᠨᠢ ᠪᠠᠭ᠋ᠠᠨ ᠲᠠᠭᠠᠯᠠᠮᠵᠢ ᠦᠭᠡᠢ ᠪᠤᠯᠵᠦ᠄ ︽ᠵᠠ᠂ ᠴᠢ ᠬᠡᠯᠡ ᠳ᠋ᠡ᠂ ᠶᠠᠮᠠᠷ ᠶᠠᠮᠠᠷ ᠭᠠᠶᠢᠬᠠᠮᠰᠢᠭᠲᠤ ᠬᠦᠮᠦᠨ ᠪᠤᠢ ᠪᠢᠯᠡ︖︾ ᠭᠡᠵᠦ ᠠᠰᠠᠭᠤᠭᠰᠠᠨ ᠳᠤ᠂ ︽ᠵᠦᠪᠬᠡᠨ ᠪᠦᠬᠡᠴᠢᠨ ᠢᠶᠠᠷ ᠠᠪᠤᠭᠠᠳ ᠬᠡᠯᠡᠶ᠎ᠡ ᠳ᠋ᠡ᠂ ᠱᠠᠯᠪᠢᠩ ᠭᠡᠵᠦ ᠰᠠᠶ᠋ᠢ ᠬᠤᠷᠢ ᠭᠠᠷᠴᠦ ᠪᠠᠶᠢᠬᠤ ᠨᠢᠭᠡ ᠰᠠᠶᠢᠬᠠᠨ ᠵᠠᠯᠠᠭᠤ ᠪᠤᠢ᠂ ᠪᠡᠶ᠎ᠡ ᠦᠨᠳᠦᠷ ᠴᠡᠭᠡᠵᠢ ᠦᠷᠭᠡᠨ᠂ ᠮᠢᠩᠭᠠᠨ ᠵᠢᠩ ᠤᠨ ᠴᠢᠯᠠᠭᠤ ᠶᠢ ᠡᠷᠭᠦᠳᠡᠭ ᠬᠦᠴᠦ ᠴᠢᠳᠠᠯ ᠢᠶᠠᠷ ᠲᠡᠭᠦᠰ ᠪᠦᠷᠢᠳᠦᠭᠰᠡᠨ ᠦᠨᠡᠭᠡᠷ ᠭᠠᠶᠢᠬᠠᠮᠰᠢᠭᠲᠠᠢ ᠡᠷ᠎ᠠ ᠰᠢᠦ᠃ ᠪᠦᠬᠡ ᠪᠠᠷᠢᠯᠳᠤᠭᠠᠳ ᠣᠳᠤ ᠪᠤᠯᠲᠠᠯ᠎ᠠ ᠲᠡᠭᠦᠨ ᠲᠠᠢ ᠲᠡᠩᠴᠡᠬᠦ ᠬᠦᠮᠦᠨ ᠭᠡᠵᠦ ᠭᠠᠷᠤᠭ᠎ᠠ ᠦᠭᠡᠢ ᠪᠠᠶᠢᠭᠰᠠᠭᠠᠷ ᠪᠠᠶᠢᠨ᠎ᠠ︕︾ ᠭᠡᠵᠦ ᠭᠦᠩᠵᠦ ᠬᠡᠯᠡᠵᠡᠢ᠃ ᠡᠵᠡᠨ ᠬᠠᠭᠠᠨ ᠡᠨᠡᠬᠦ ᠦᠭᠡ ᠶᠢ ᠰᠤᠨᠤᠰᠤᠭᠠᠳ ᠶᠡᠬᠡᠳᠡ ᠲᠠᠭᠠᠯᠠᠮᠵᠢᠲᠠᠢ ᠢᠨᠢᠶᠡᠵᠦ᠄ ︽ᠬᠡᠦᠬᠡᠨ ᠮᠢᠨᠢ ᠡ︕ ᠴᠢ ᠮᠤᠷᠳᠠᠵᠦ ᠶᠠᠪᠤᠭᠠᠳ ᠳᠡᠮᠡᠢ ᠤᠳᠠᠭ᠎ᠠ ᠦᠭᠡᠢ ᠪᠠᠶᠢᠳᠠᠯ᠎ᠠ᠂ ᠬᠠᠷᠢᠨ ᠡᠴᠢᠭᠡ ᠬᠠᠭᠠᠨ ᠤ  ᠪᠠᠨ ᠳᠠᠷᠬᠠᠨ ᠪᠦᠬᠡ ᠶᠢᠨ ᠲᠤᠭᠰᠢᠨ ᠠᠶᠤᠮᠰᠢᠭᠳᠠᠢ ᠶᠢ ᠮᠠᠷᠲᠠᠴᠢᠬᠠᠬᠰᠠᠨ ᠭᠡᠵᠡᠢ ᠤᠤ ᠳ᠋ᠡ︖︾ ᠭᠡᠬᠦᠯ᠎ᠡ ᠭᠦᠩᠵᠦ ᠮᠠᠷᠭᠤᠵᠦ᠄ ︽ᠬᠠᠭᠠᠨ ᠠᠪᠤ ᠶᠢᠨ ᠲᠡᠷᠡ ᠳᠠᠷᠬᠠᠨ ᠪᠦᠬᠡ ᠶᠢᠨ ᠴᠢᠳᠠᠯᠳᠠᠢ ᠬᠡᠴᠡᠭᠦᠦ ᠶᠢ ᠪᠢ ᠶᠠᠭᠠᠬᠢᠭᠠᠳ ᠮᠡᠳᠡᠬᠦ ᠦᠭᠡᠢ ᠪᠠᠶᠢᠬᠤ ᠪᠢᠯᠡ︖ ᠭᠡᠪᠡᠴᠦ ᠮᠢᠨᠦ ᠦᠵᠡᠬᠦ ᠪᠠᠷ ᠪᠤᠯ ᠠᠪᠤ ᠶᠢᠨ ᠳᠠᠷᠬᠠᠨ ᠪᠦᠬᠡ ᠴᠤ ᠭᠡᠳ ᠮᠠᠨ ᠤ ᠲᠡᠷᠡ ᠱᠠᠯᠪᠢᠩ ᠢ ᠳᠡᠶᠢᠯᠵᠦ ᠭᠠᠷᠬᠤ ᠭᠡᠳᠡᠭ ᠪᠡᠷᠬᠡ ᠪᠠᠶᠢᠭ᠎ᠠ ᠰᠢᠦ︾ ᠭᠡᠵᠡᠢ᠃      ᠭᠦᠩᠵᠦ ᠶᠢᠨ ᠦᠭᠡᠨ ᠳᠤ ᠬᠠᠭᠠᠨ ᠮᠠᠰᠢ ᠤᠨᠳᠤᠭᠤᠴᠠᠵᠦ᠄ ︽ᠲᠡᠶᠢᠮᠦ︖ ᠲᠡᠭᠡᠪᠡᠯ ᠴᠢ ᠠᠯᠠᠱᠠ ᠳᠠᠭᠠᠨ ᠤᠴᠢᠭᠠᠳ ᠲᠡᠷᠡ ᠰᠦᠷᠡᠬᠡᠢ ᠪᠦᠬᠡ ᠪᠠᠨ ᠨᠠᠭᠠᠰᠢ ᠨᠢ ᠢᠷᠡᠭᠦᠯ᠃ ᠲᠡᠭᠦᠨ ᠢ ᠪᠢ ᠳᠠᠷᠬᠠᠨ ᠪᠦᠬᠡ ᠲᠠᠢ ᠪᠠᠨ ᠪᠠᠷᠢᠯᠳᠤᠭᠤᠯᠵᠦ ᠦᠵᠡᠶ᠎ᠡ᠃ ᠬᠠᠭᠠᠨ ᠤ ᠳᠠᠷᠬᠠᠨ ᠪᠦᠬᠡ ᠭᠡᠳᠡᠭ ᠴᠢᠨᠢ ᠳᠡᠯᠡᠬᠡᠢ ᠳ᠋ᠠᠬᠢᠨ ᠳᠤ ᠲᠡᠩᠴᠡᠬᠦ ᠭᠠᠷ ᠦᠭᠡᠢ ᠬᠦᠨᠳᠡᠯᠡᠨ ᠭᠤᠯᠳᠤ ᠶᠠᠪᠤᠳᠠᠭ ᠡᠷ᠎ᠡ ᠪᠤᠢ ᠰᠢᠦ᠃ ᠳᠡᠶᠢᠮᠦ ᠶᠡᠭᠡ ᠪᠦᠬᠡ ᠬᠠᠭᠠᠨ ᠬᠦᠮᠦᠨ ᠳᠤ ᠯᠠ ᠪᠠᠶᠢᠵᠦ ᠪᠣᠯᠬᠤ ᠠᠴᠠ ᠪᠢᠰᠢ᠂ ᠠᠷᠠᠳ ᠠᠯᠪᠠᠲᠤ ᠨᠠᠷ ᠤᠨ ᠳᠤᠳᠤᠷ᠎ᠠ ᠪᠠᠶᠢᠵᠦ ᠴᠢᠳᠠᠬᠤ ᠶᠤᠰᠤ ᠦᠭᠡᠢ ᠶᠤᠮ᠃ ᠬᠡᠦᠬᠡᠨ ᠮᠢᠨᠢ ᠡ᠂ ᠴᠢᠨᠦ ᠨᠠᠰᠤ ᠪᠠᠭ᠎ᠠ᠂  ᠴᠢᠰᠦ ᠰᠢᠩᠭᠡᠨ᠂ ᠤᠴᠢᠷ ᠮᠡᠳᠡᠬᠦ ᠦᠭᠡᠢ ᠪᠤᠯᠬᠤᠯᠠᠷ ᠠᠮᠠᠨ ᠤ ᠪᠠᠨ ᠳᠤᠷ᠎ᠠ ᠪᠠᠷ ᠳᠡᠮᠡᠢ ᠶᠡᠭᠡ ᠦᠭᠡ ᠬᠡᠯᠡᠵᠦ ᠪᠠᠶᠢᠨ᠎ᠠ᠃ ᠴᠢᠨᠦ ᠶᠡᠭᠡ ᠦᠭᠡ ᠴᠤ ᠶᠠᠭᠠᠬᠢᠬᠤ ᠪᠤᠢ᠂ ᠬᠠᠷᠢᠨ ᠲᠡᠷᠡ ᠬᠦᠮᠦᠨ ᠤ ᠬᠦᠦ ᠯᠠ ᠴᠢᠨᠦ ᠦᠭᠡᠨ  ᠤ ᠤᠷᠰᠢᠭ  ᠢᠶᠠᠷ ᠬᠦᠭᠡᠷᠦᠭᠦᠢ ᠬᠤᠷᠤᠬᠠᠢ  ᠶᠢᠨ ᠠᠮᠢ   ᠪᠠᠨ ᠬᠢᠯᠢᠰ ᠢᠶᠠᠷ ᠠᠯᠳᠠᠬᠤ ᠪᠤᠯᠤᠨ᠎ᠠ ᠳ᠋ᠠ︕︾  ᠭᠡᠳ ᠱᠠᠯᠪᠢᠩ  ᠢ ᠪᠡᠭᠡᠵᠢᠩ  ᠳᠤ ᠢᠷᠡᠬᠦᠯᠵᠦ ᠬᠠᠭᠠᠨ  ᠤ ᠳᠠᠷᠬᠠᠨ ᠪᠦᠬᠡ ᠲᠠᠢ ᠪᠠᠷᠢᠯᠳᠤᠭᠤᠯᠬᠤ ᠵᠠᠷᠯᠢᠭ ᠪᠠᠭᠤᠯᠭᠠᠵᠡᠢ᠃      ᠬᠡᠷᠡᠭ ᠡᠶᠢᠮᠦ ᠪᠤᠯᠤᠨ᠎ᠠ ᠭᠡᠵᠦ ᠭᠦᠩᠵᠦ ᠤᠭᠲᠤ ᠰᠠᠨᠠᠭᠠᠨ ᠳᠤ ᠦᠭᠡᠢ ᠪᠠᠶᠢᠭᠰᠠᠨ ᠲᠤᠯᠠ᠂ ᠶᠠᠭᠤ ᠭᠡᠳ ᠲᠡᠶᠢᠮᠦ ᠶᠡᠭᠡ ᠦᠭᠡ ᠬᠡᠯᠡᠭᠰᠡᠨ ᠪᠢᠯᠡ ᠭᠡᠮᠡᠨ ᠪᠡᠶ᠎ᠡ ᠳᠡᠭᠡᠨ ᠬᠤᠷᠤᠰᠪᠠᠴᠦ᠂ ᠬᠠᠭᠠᠨ ᠠᠪᠤ ᠶᠢᠨ ᠵᠠᠷᠯᠢᠭ ᠠᠴᠠ ᠵᠦᠷᠢᠴᠡᠬᠦ ᠠᠷᠭ᠎ᠠ ᠦᠭᠡᠢ᠂ ᠶᠠᠭᠠᠷᠠᠨ ᠰᠠᠨᠳᠤᠷᠤᠨ ᠠᠯᠠᠱᠠ ᠳᠠᠭᠠᠨ ᠬᠠᠷᠢᠵᠦ ᠢᠷᠡᠵᠡᠢ᠃ ᠲᠡᠭᠡᠭᠡᠳ ᠨᠢᠭᠡ ᠢᠲᠡᠭᠡᠯ  ᠲᠠᠢ ᠲᠦᠰᠢᠮᠡᠯ ᠢᠶᠠᠨ ᠳᠠᠭᠤᠳᠠᠵᠦ᠂ ᠵᠠ ᠣᠳᠣ ᠡᠶᠢᠮᠦ ᠡᠶᠢᠮᠦ ᠤᠴᠢᠷ ᠪᠤᠯᠤᠯ᠎ᠠ ᠰᠢᠦ᠂ ᠶᠡᠷᠦ ᠱᠠᠯᠪᠢᠩ ᠳᠡᠶᠢᠯᠪᠡᠴᠦ ᠲᠡᠷᠡ᠂ ᠡᠰᠡ ᠳᠡᠶᠢᠯᠪᠡᠴᠦ ᠲᠡᠷᠡ᠂ ᠬᠠᠭᠠᠨ ᠴᠤ ᠯᠠᠪ ᠲᠡᠭᠦᠨ ᠢ ᠵᠦᠭᠡᠷ ᠦᠩᠭᠡᠷᠡᠬᠦᠯᠬᠦ ᠦᠭᠡᠢ ᠪᠠᠶᠢᠬ᠎ᠠ ᠳ᠋ᠠ᠂ ᠳᠡᠭᠡᠭᠦᠯᠡᠷ ᠴᠢ ᠠᠷᠭ᠎ᠠ ᠭᠠᠷᠭᠠᠵᠦ ᠪᠠᠶᠢᠭᠠᠳ ᠱᠠᠯᠪᠢᠩ ᠢ ᠪᠡᠭᠡᠵᠢᠩ ᠠᠴᠠ ᠠᠮᠢᠳᠤ ᠳᠤᠲᠠᠭᠠᠯᠭᠠᠵᠦ ᠶᠠᠪᠤᠭᠤᠯᠬᠤ ᠬᠡᠷᠡᠭᠳᠡᠢ᠃ ᠬᠠᠷᠢᠨ ᠱᠠᠯᠪᠢᠩ ᠡᠶᠢᠮᠦ ᠲᠡᠶᠢᠮᠦ ᠪᠣᠯᠬᠤ ᠳᠤ ᠬᠦᠷᠪᠡᠯ ᠪᠢ ᠴᠢᠮᠠᠶᠢ ᠶᠢ ᠦᠷᠦᠰᠢᠶᠡᠬᠦ ᠦᠭᠡᠢ ᠰᠢᠦ ᠭᠡᠵᠦ ᠲᠠᠬᠢᠨ ᠲᠠᠪᠳᠠᠨ ᠵᠠᠬᠢᠵᠦ ᠲᠤᠰᠢᠶᠠᠭᠠᠳ ᠮᠤᠷᠳᠠᠭᠤᠯᠵᠦ ᠭᠡᠨ᠎ᠡ᠃      ᠲᠦᠰᠢᠮᠡᠯ ᠭᠦᠩᠵᠦ ᠶᠢᠨ ᠵᠠᠷᠯᠢᠭ ᠢ ᠬᠦᠯᠢᠶᠡᠵᠦ ᠠᠪᠤᠭᠠᠳ᠂ ᠱᠠᠯᠪᠢᠩ ᠢ ᠳᠠᠭᠠᠭᠤᠯᠤᠨ ᠪᠡᠭᠡᠵᠢᠩ ᠤᠷᠤᠵᠦ ᠬᠠᠭᠠᠨ ᠳᠤ ᠪᠠᠷᠠᠯᠠᠭᠰᠠᠨ ᠳᠤ᠂ ᠬᠠᠭᠠᠨ ᠱᠠᠯᠪᠢᠩ ᠢ ᠦᠵᠡᠬᠦ ᠲᠠᠢ ᠪᠠᠨ ᠵᠡᠷᠭᠡ ᠳᠤᠳᠤᠷ᠎ᠠ ᠨᠢ ᠭᠡᠷᠳᠡᠰᠭᠢᠵᠦ᠂ ᠠᠶ᠎ᠠ ᠡᠨᠡ ᠵᠤᠯᠢᠭ ᠴᠤ ᠮᠠᠭᠠᠳ ᠴᠠᠭᠠᠨ᠎ᠠ ᠠᠴᠠ ᠪᠠᠨ ᠤᠴᠢᠷ ᠲᠠᠢ ᠲᠦᠷᠦᠭᠰᠡᠨ ᠠᠮᠢᠲᠠᠨ ᠪᠠᠶᠢᠨ᠎ᠠ᠂ ᠮᠢᠨᠤ ᠳᠠᠷᠬᠠᠨ ᠪᠦᠬᠡ ᠶᠡᠷᠦ ᠶᠠᠭᠠᠬᠢᠳᠠᠭ ᠪᠤᠯ ᠳ᠋ᠠ ᠭᠡᠵᠦ ᠰᠡᠳᠬᠢᠯ ᠳᠡᠭᠡᠨ ᠶᠡᠬᠡᠯ᠎ᠡ ᠵᠤᠪᠠᠨᠢᠭᠰᠠᠨ ᠰᠢᠭ ᠪᠤᠯᠵᠦ᠂ ᠬᠠᠷᠢᠨ ᠲᠡᠭᠦᠨ ᠤ ᠭᠠᠷ ᠲᠤ ᠰᠢᠷᠤᠢ ᠡᠮᠬᠦᠭᠡᠳ ᠤᠨᠠᠵᠦ ᠪᠠᠶᠢᠪᠠᠯ ᠮᠡᠬᠦᠰ ᠬᠦᠮᠦᠨ ᠢ ᠴᠤᠬᠤᠮ ᠬᠠᠷᠠᠯᠠᠭᠤᠯᠵᠦ ᠬᠦᠢᠴᠡᠬᠦ ᠨᠢ ᠲᠡᠷᠡ ᠡ᠃ ᠡᠭᠦᠨ ᠢᠶᠠᠷ ᠦᠵᠡᠪᠡᠯ ᠮᠢᠨᠦ ᠬᠡᠦᠬᠡᠨ ᠤ ᠦᠭᠡ ᠦᠨᠡᠨ ᠪᠠᠶᠢᠵᠦ ᠭᠡᠵᠦ ᠪᠤᠳᠤᠭᠠᠳ᠂ ᠪᠦᠬᠡ ᠶᠢᠨ ᠳᠠᠭᠠᠭᠠᠮᠠᠯ ᠢᠶᠠᠨ ᠳᠠᠭᠤᠳᠠᠵᠦ᠂ ᠱᠠᠯᠪᠢᠩ ᠯᠠᠪ ᠬᠤᠯᠠ ᠶᠢᠨ ᠵᠠᠮ ᠬᠦᠬᠡᠬᠡᠵᠦ ᠢᠷᠡᠭᠰᠡᠨ ᠶᠤᠮ᠂ ᠲᠡᠷᠡ ᠰᠦᠷᠡᠬᠡᠢ ᠵᠦᠳᠡᠷᠡᠭᠰᠡᠨ ᠪᠠᠶᠢᠬᠤ ᠶᠤᠮ᠂ ᠲᠡᠭᠦᠨ ᠢ ᠶᠡᠷᠦ ᠠᠮᠠᠷᠠᠭᠠᠵᠦ ᠪᠣᠯᠬᠤ ᠦᠭᠡᠢ᠂ ᠮᠠᠷᠭᠠᠰᠢ ᠵᠠᠪᠠᠯ ᠪᠠᠷᠢᠯᠳᠤᠭᠤᠯᠬᠤ ᠬᠡᠷᠡᠭᠳᠡᠢ᠂ ᠲᠡᠭᠡᠬᠦ  ᠳᠡᠭᠡᠨ ᠤᠷᠢᠳ ᠪᠤᠰᠤᠳ ᠪᠦᠬᠡᠴᠤᠳ ᠢᠶᠠᠨ ᠴᠤᠪᠤᠷᠠᠭᠤᠯᠤᠨ ᠭᠠᠷᠭᠠᠵᠦ ᠪᠠᠷᠢᠯᠳᠤᠭᠤᠯᠵᠦ ᠪᠠᠶᠢᠭᠠᠳ᠂ ᠱᠠᠯᠪᠢᠩ ᠤᠨ ᠬᠦᠴᠦ ᠨᠢ ᠮᠠᠭᠤᠳᠠᠭᠠᠳ ᠢᠷᠡᠬᠦ ᠶᠢᠨ ᠬᠢᠷᠢ ᠳᠤ ᠳᠠᠷᠬᠠᠨ ᠪᠦᠬᠡ ᠪᠠᠨ ᠲᠠᠯᠪᠢ᠂ ᠳᠠᠷᠬᠠᠨ ᠪᠦᠬᠡ ᠶᠢ ᠰᠢᠷᠤᠶᠢᠳᠠᠭᠤᠯᠵᠦ ᠤᠭᠲᠤ ᠪᠣᠯᠬᠤ ᠦᠭᠡᠢ᠂ ᠬᠡᠷᠪᠡ ᠠᠯᠳᠠᠰᠢ ᠭᠠᠷᠳᠠᠭ ᠪᠤᠯ ᠬᠠᠮᠤᠭ ᠤᠨ ᠲᠡᠷᠢᠬᠦᠨ ᠳᠤ  ᠴᠢᠨᠦ ᠲᠤᠯᠤᠭᠠᠢ ᠲᠠᠢ ᠬᠡᠯᠯᠡᠴᠡᠨ᠎ᠡ ᠭᠡᠵᠦ ᠲᠠᠰ ᠭᠡᠰᠡᠨ ᠬᠠᠲᠠᠭᠤ ᠵᠠᠷᠯᠢᠭ ᠪᠠᠭᠤᠯᠭᠠᠵᠡᠢ᠃      ᠲᠡᠷᠡ ᠰᠦᠨᠢ ᠬᠠᠭᠠᠨ ᠤᠯᠢᠭ ᠲᠠᠢ ᠰᠠᠶᠢᠨ ᠨᠤᠶᠢᠷᠰᠤᠵᠦ ᠴᠢᠳᠠᠭᠰᠠᠨ ᠦᠭᠡᠢ᠂ ᠤᠴᠢᠵᠦ ᠦᠵᠡᠬᠦ ᠤᠤ᠂ ᠪᠠᠶᠢᠬᠤ ᠤᠤ᠂ ᠬᠡᠷᠪᠡ ᠳᠠᠷᠬᠠᠨ ᠪᠦᠬᠡ ᠳᠡᠶᠢᠯᠦᠭᠳᠡᠵᠦ ᠮᠢᠨᠦ ᠡᠮᠦᠨ᠎ᠡ ᠤᠶᠢᠴᠢᠬᠤ ᠳᠤ ᠬᠦᠷᠪᠡᠯ ᠮᠡᠬᠦᠰ ᠬᠦᠮᠦᠨ ᠪᠢ ᠶᠠᠭᠠᠬᠢᠵᠦ ᠬᠦᠮᠦᠨ ᠤ ᠨᠢᠭᠤᠷ ᠢ ᠦᠵᠡᠳᠡᠭ ᠪᠢᠯᠡ ᠭᠡᠬᠦ ᠮᠡᠲᠦ ᠪᠡᠷ᠎ᠡ ᠡᠯᠳᠡᠪ ᠢ ᠪᠤᠳᠤᠨ ᠬᠡᠪᠲᠡᠬᠦ ᠳᠤ᠂ ᠪᠡᠶ᠎ᠡ ᠨᠢ ᠪᠠᠶᠢᠨ ᠪᠠᠶᠢᠨ ᠴᠠᠴᠠᠷᠳᠡᠰᠦ ᠬᠦᠷᠬᠦ‍ ᠰᠢᠭ ᠪᠤᠯᠤᠨ ᠵᠤᠪᠠᠭᠤᠷᠢᠯᠠᠵᠦ᠂ ᠬᠠᠮᠤᠭ ᠤᠨ ᠰᠡᠭᠦᠯ ᠳᠤᠨᠢ ᠬᠠᠰᠢ ᠯᠠ ᠤᠴᠢᠬᠤ ᠦᠭᠡᠢ ᠪᠠᠷ ᠰᠢᠢᠳᠴᠦ ᠭᠡᠨ᠎ᠡ᠃ ︵ᠦᠷᠭᠦᠯᠵᠢᠯᠡᠯ᠄ ᠪᠦᠬᠡ ᠱᠠᠯᠪᠢᠩ ᠬᠠᠭᠠᠨ ᠤ ᠳᠠᠷᠬᠠᠨ ᠪᠦᠬᠡ ᠶᠢ ᠰᠠᠪᠠᠭᠰᠠᠨ︶
 
ᠢᠷᠡᠯᠲᠡ᠄ ᠠᠯᠠᠱᠠ ᠪᠦᠬᠡ ᠱᠠᠯᠪᠢᠩ ᠤᠨ ᠨᠠᠮᠳᠠᠷ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号