ᠪᠦᠬᠡ ᠱᠠᠯᠪᠢᠩ ( ᠳᠠᠪᠤ︶
ᠨᠡᠶᠢᠲᠡᠯᠡᠭᠰᠡᠨ ᠴᠠᠭ᠄
2021/6/7
             ᠪᠤᠭᠳᠠ ᠶᠢᠨ ᠬᠦᠷᠢᠶ᠎ᠡ ᠶᠢ ᠳᠤᠩᠰᠤᠯᠭᠠᠵᠦ ᠬᠡᠦᠬᠡᠨ ᠪᠦᠬᠡ ᠶᠢ ᠳᠡᠶᠢᠯᠦᠭᠰᠡᠨ      ᠲᠡᠭᠡᠭᠡᠳ ᠲᠡᠨᠳᠡ ᠠᠴᠠ ᠴᠠᠭᠠᠰᠢ ᠨᠢ ᠶᠠᠪᠤᠵᠦ ᠪᠠᠶᠢᠭᠠᠳ ᠱᠠᠯᠪᠢᠩ ᠨᠢᠭᠡ ᠠᠶᠢᠯ ᠤᠨ ᠬᠤᠳᠳᠤᠭ ᠳᠡᠭᠡᠷ᠎ᠡ ᠤᠴᠢᠭᠰᠠᠨ ᠳᠤ ᠨᠢᠭᠡ ᠬᠡᠦᠬᠡᠨ ᠤᠩᠭᠤᠴᠠᠨ ᠳᠤ ᠳᠡᠮᠡᠭᠡ ᠪᠠᠨ ᠤᠰᠤᠯᠠᠭᠠᠳ ᠵᠤᠭᠰᠤᠵᠤ ᠪᠠᠶᠢᠪᠠ᠃ ᠱᠠᠯᠪᠢᠩ ᠲᠡᠷᠡ ᠬᠡᠦᠬᠡᠨ ᠠᠴᠠ᠄ ︽ᠲᠠᠨ ᠤ ᠬᠠᠯᠬ᠎ᠠ ᠶᠢᠨ ᠶᠡᠭᠡ ᠨᠠᠶᠢᠷ ᠬᠠᠮᠢᠭ᠎ᠠ ᠪᠤᠯᠵᠦ ᠪᠠᠶᠢᠨ᠎ᠠ︖ ᠵᠠᠮ ᠬᠠᠮᠢᠭᠠᠭᠤᠷ ᠶᠠᠪᠤᠬᠤ ᠪᠤᠢ︖︾ ᠭᠡᠰᠡᠨ ᠳᠤ ᠬᠡᠦᠬᠡᠨ ᠱᠠᠯᠪᠢᠩ ᠢ ᠨᠢᠭᠡ ᠰᠠᠶᠢᠨ ᠬᠠᠷᠠᠵᠦ ᠠᠪᠤᠭᠠᠳ ᠤᠰᠤ ᠤᠤᠭᠤᠵᠦ ᠪᠠᠶᠢᠬᠰᠠᠨ ᠨᠢᠭᠡ ᠪᠦᠳᠦᠭᠦᠨ ᠲᠡᠮᠡᠭᠡᠨ ᠤ ᠠᠷᠤ ᠪᠤᠷᠪᠢ ᠠᠴᠠ ᠨᠢ ᠰᠢᠭᠦᠷᠡᠵᠦ ᠠᠪᠤᠭᠠᠳ ︽ᠵᠠᠮ ᠳᠡᠨᠳᠡ ᠪᠠᠶᠢᠨ᠎ᠠ︾ ᠭᠡᠵᠦ ᠵᠢᠷᠭᠠᠵᠦ ᠦᠭᠴᠡᠢ᠃      ᠱᠠᠯᠪᠢᠩ ᠡᠨᠡ ᠦᠬᠢᠨ ᠴᠢᠨᠢ ᠶᠠᠮᠠᠷ ᠰᠠᠪᠠᠭ᠎ᠠ ᠦᠭᠡᠢ ᠶᠠᠭᠤᠮ᠎ᠠ ᠪᠠᠶᠢᠨ᠎ᠠ ᠭᠡᠵᠦ ᠪᠤᠳᠤᠭᠠᠳ ᠴᠢᠯᠠᠭᠤᠨ ᠤᠩᠭᠤᠴᠠ ᠶᠢ ᠰᠢᠭᠦᠷᠡᠵᠦ ᠠᠪᠤᠭᠠᠳ ︽ᠳᠡᠨᠳᠡ ᠭᠡᠨ᠎ᠡ ᠤᠤ︖︾ ᠭᠡᠵᠦ ᠬᠡᠯᠡᠴᠢᠭᠡᠳ ᠦᠬᠢᠨ ᠤ ᠵᠢᠭᠠᠭᠰᠠᠨ ᠵᠦᠭ ᠠᠭᠰᠠᠶᠢᠳᠠᠭᠠᠳ ᠶᠠᠪᠤᠵᠦ ᠭᠡᠨ᠎ᠡ᠃ ᠬᠡᠦᠬᠡᠨ ᠲᠡᠭᠦᠨ ᠢ ᠦᠵᠡᠭᠡᠳ᠂ ᠡᠨᠡ ᠡᠷ᠎ᠡ ᠴᠢᠨᠢ ᠪᠠᠰᠠ ᠤᠪᠤᠭ᠎ᠠ ᠴᠢᠳᠠᠯ  ᠲᠠᠢ ᠶᠤᠮ ᠪᠠᠶᠢᠨ᠎ᠠ ᠭᠡᠵᠦ ᠳᠤᠳᠤᠷ᠎ᠠ ᠪᠠᠨ ᠪᠤᠳᠤᠭᠰᠠᠭᠠᠷ ᠬᠤᠴᠤᠷᠪᠠ᠃ᠱᠠᠯᠪᠢᠩ ᠴᠠᠭᠠᠰᠢ ᠨᠢ ᠶᠠᠪᠤᠵᠦ ᠪᠠᠶᠢᠲᠠᠯ᠎ᠠ ᠵᠠᠮ ᠳᠡᠭᠡᠷ᠎ᠡ ᠨᠢ ᠨᠢᠭᠡ ᠮᠤᠩᠭᠤᠯ ᠭᠡᠷ ᠲᠠᠢ ᠠᠶᠢᠯ ᠲᠠᠭᠠᠷᠠᠵᠡᠢ᠃ ᠭᠡᠷ  ᠳᠤᠨᠢ ᠤᠷᠤᠭᠠᠳ ᠦᠵᠡᠭᠰᠡᠨ ᠴᠢᠨᠢ ᠶᠠᠭᠠᠬᠢᠬᠤ ᠶᠢᠨ ᠠᠷᠭ᠎ᠠ ᠦᠭᠡᠢ ᠬᠦᠭᠰᠢᠨ ᠡᠪᠦᠭᠡᠨ ᠡᠮᠡᠭᠡᠨ ᠬᠤᠶᠠᠷ ᠰᠠᠭᠤᠵᠦ ᠪᠠᠶᠢᠵᠡᠢ᠃ ᠲᠡᠷᠡ ᠬᠤᠶᠠᠷ ᠬᠦᠭᠰᠢᠨ ᠱᠠᠯᠪᠢᠩ ᠤᠷᠤᠵᠦ ᠢᠷᠡᠬᠦᠯᠡᠷ ᠰᠠᠶᠢᠨ ᠭᠡᠭᠴᠢ ᠬᠠᠷᠠᠵᠦ ᠠᠪᠤᠭᠠᠳ᠄      — ᠲᠠ ᠬᠠᠮᠢᠭ᠎ᠠ ᠠᠴᠠ ᠢᠷᠡᠪᠡ︖ ᠶᠠᠭᠤ ᠬᠢᠬᠦ ᠪᠠᠷ ᠬᠠᠮᠢᠭᠠᠰᠢ ᠪᠠᠨ ᠶᠠᠪᠤᠵᠦ ᠪᠠᠶᠢᠨ᠎ᠠ︖ ᠭᠡᠵᠦ ᠠᠰᠠᠭᠤᠭᠰᠠᠨ ᠳᠤ᠂      — ᠪᠢ ᠠᠯᠠᠱᠠ ᠠᠴᠠ ᠢᠷᠡᠯ᠎ᠡ᠃ ᠲᠠᠨ ᠤ ᠠᠳᠡ ᠪᠦᠬᠡ ᠶᠢᠨ ᠦᠪᠡᠳᠡᠭᠰᠢ ᠶᠡᠭᠡ ᠨᠠᠶᠢᠷ ᠪᠤᠯᠵᠦ ᠪᠠᠶᠢᠨ᠎ᠠ ᠭᠡᠰᠡᠨ ᠢ ᠰᠤᠨᠤᠰᠤᠭᠠᠳ ᠦᠵᠡᠬᠦ ᠪᠠᠷ ᠶᠠᠪᠤᠵᠦ ᠪᠠᠶᠢᠨ᠎ᠠ ᠭᠡᠵᠡᠢ᠃      ᠡᠪᠦᠭᠡᠨ ᠡᠮᠡᠭᠡᠨ ᠬᠤᠶᠠᠷ᠄      — ᠦ ᠬᠦᠭᠡᠷᠦᠬᠦᠢ ᠲᠡᠶᠢᠮᠦ ᠦᠦ︖ ᠭᠡᠵᠤ ᠬᠡᠯᠡᠭᠡᠳ ᠲᠦᠯᠡᠭᠡ ᠪᠠᠨ ᠠᠪᠴᠢᠷᠠᠵᠤ ᠱᠠᠯᠪᠢᠩ ᠳᠤ ᠴᠠᠢ ᠴᠢᠨᠠᠬᠤ ᠭᠡᠵᠤ ᠨᠢᠭᠡ ᠪᠦᠳᠦᠭᠦᠨ ᠶᠤᠵᠤᠭᠤᠷ ᠢ ᠬᠤᠶᠠᠷ ᠬᠤᠷᠤᠭᠤ ᠪᠠᠷ ᠢᠶᠠᠨ ᠪᠢᠯᠴᠠ ᠢᠮᠠᠷᠤᠨ ᠳᠤᠯᠭᠠᠨ ᠳᠠᠭᠠᠨ ᠭᠡᠴᠢᠭᠡᠭᠡᠳ ᠬᠡᠲᠡ ᠪᠠᠨ ᠴᠤᠬᠢᠵᠤ ᠭᠠᠯ ᠢᠶᠠᠨ ᠠᠰᠠᠭᠠᠪᠠ᠃ ᠱᠠᠯᠪᠢᠩ ᠲᠡᠭᠦᠨ ᠢ ᠦᠵᠡᠭᠡᠳ ᠶᠡᠭᠡ ᠭᠠᠶᠢᠬᠠᠵᠤ    《 ᠡᠶᠢᠮᠦ ᠬᠦᠭᠰᠢᠨ ᠡᠮᠡᠭᠡᠨ ᠪᠠᠶᠢᠵᠤ ᠪᠠᠶᠢᠭᠠᠳ ᠶᠠᠭᠠᠬᠢᠭᠰᠠᠨ ᠰᠦᠷᠡᠬᠡᠢ ᠲᠡᠩᠬᠡᠭᠡ ᠲᠠᠢ ᠶᠤᠮ ᠪᠤᠢ︖︾ ᠭᠡᠵᠤ ᠪᠤᠳᠤᠵᠤ ᠰᠠᠭᠤᠵᠤ ᠭᠡᠨ᠎ᠡ᠃     ᠲᠡᠭᠡᠭᠡᠳ ᠠᠶᠠᠭᠠᠯᠠᠭᠠᠳ ᠦᠭᠭᠦᠭᠰᠡᠨ ᠴᠠᠢ ᠶᠢ ᠨᠢ ᠤᠤᠭᠤᠬᠤ ᠶᠢᠨ ᠵᠠᠪᠰᠠᠷ《 ᠲᠡᠷᠡ ᠮᠤᠳᠤᠨ ᠶᠤᠵᠤᠭᠤᠷ ᠴᠤᠬᠤᠮ ᠬᠡᠳᠦᠢ ᠬᠠᠲᠠᠭᠤ ᠶᠤᠮ ᠪᠠᠶᠢᠨ᠎ᠠ》ᠭᠡᠵᠤ ᠪᠤᠳᠤᠭᠠᠳ ᠨᠢᠳᠦ ᠠᠯᠳᠠᠭᠤᠯᠵᠤ ᠦᠨᠦ ᠮᠤᠳᠤᠨ ᠶᠤᠵᠤᠭᠤᠷ ᠢ  ᠨᠢ ᠠᠪᠴᠤ ᠬᠢᠮᠤᠰᠤ ᠪᠠᠷ ᠢᠶᠠᠨ ᠡᠮᠲᠡᠯᠡᠵᠤ ᠦᠵᠡᠭᠰᠡᠨ ᠴᠢᠨᠢ ᠤᠭᠲᠤ ᠳᠡᠶᠢᠯᠦᠭᠳᠡᠳᠡᠭ ᠶᠠᠭᠤᠮ᠎ᠠ ᠪᠢᠰᠢ ᠪᠠᠶᠢᠨ᠎ᠠ᠃     ᠲᠡᠭᠡᠭᠡᠳ ᠱᠠᠯᠪᠢᠩ  ᠄《 ᠵᠠ᠂ ᠡᠨᠡ ᠡᠮᠡᠭᠡᠨ ᠴᠤ ᠪᠠᠰᠠ ᠰᠦᠷᠡᠬᠡᠢ ᠴᠢᠳᠠᠯ ᠲᠠᠢ ᠠᠮᠢᠲᠠᠨ ᠶᠤᠮ ᠪᠠᠶᠢᠨ᠎ᠠ》ᠭᠡᠵᠤ ᠪᠤᠳᠤᠭᠠᠳ ᠴᠠᠢ ᠪᠠᠨ ᠤᠤᠭᠤᠴᠢᠬᠠᠭᠠᠳ ᠨᠠᠶᠢᠷ ᠤᠨ ᠵᠦᠭ ᠶᠠᠪᠤᠵᠤ ᠭᠡᠨ᠎ᠡ᠃     ᠱᠠᠯᠪᠢᠩ ᠲᠡᠳᠡᠨ ᠤ ᠵᠢᠭᠠᠵᠤ ᠦᠭᠭᠦᠭᠰᠡᠨ ᠶᠤᠰᠤᠭᠠᠷ ᠶᠠᠪᠤᠵᠤ ᠬᠦᠷᠢᠶ᠎ᠡ ᠤᠷᠤᠭᠠᠳ᠂ ᠨᠢᠭᠡ ᠠᠶᠢᠯ ᠤᠯᠵᠤ ᠳᠤᠲᠤᠷ᠎ᠠ ᠭᠠᠳᠠᠨᠠᠬᠢ ᠶᠢᠨ ᠠᠵᠢᠯ ᠶᠠᠪᠤᠳᠠᠯ ᠳᠤᠨᠢ ᠵᠠᠷᠤᠭᠳᠠᠨ ᠭᠠᠯ ᠤᠨ ᠠᠬ᠎ᠠ ᠪᠠᠨ ᠬᠦᠯᠢᠶᠡᠵᠤ ᠰᠠᠭᠤᠲᠠᠯ᠎ᠠ᠂ ᠶᠡᠭᠡ ᠮᠦᠷᠦᠶᠢᠴᠡᠭᠡᠨ ᠤ ᠡᠳᠦᠷ ᠬᠤᠭᠤᠴᠠᠭ᠎ᠠ ᠨᠢ ᠲᠤᠯᠤᠭᠠᠳ ᠢᠷᠡᠵᠡᠢ᠃ ᠲᠡᠭᠡᠭᠡᠳ ᠯᠠ ᠭᠠᠵᠠᠷ ᠭᠠᠵᠠᠷ ᠤᠨ ᠰᠠᠶᠢᠨ ᠪᠦᠬᠡᠴᠦᠳ ᠳᠦᠷᠪᠡᠨ ᠵᠦᠭ ᠨᠠᠢᠮᠠᠨ ᠵᠤᠪᠬᠢᠰ ᠠᠴᠠ ᠳ᠋ᠠ ᠬᠦᠷᠢᠶ᠎ᠡ ᠳᠤ ᠴᠤᠭᠯᠠᠷᠠᠨ ᠢᠷᠡᠭᠰᠡᠨ ᠨᠢ ᠬᠤᠷ᠎ᠠ ᠶᠢᠨ ᠡᠭᠦᠯᠡ ᠮᠡᠲᠦ ᠵᠤᠵᠠᠭᠠᠨ ᠪᠦᠭᠡᠳ ᠰᠦᠷ ᠰᠤᠷᠲᠤᠭᠤ ᠭᠡᠳᠡᠭ ᠴᠢᠨᠢ ᠵᠢᠷᠦᠬᠡ ᠮᠠᠭᠤᠲᠠᠢ ᠬᠦᠮᠦᠨ ᠤ ᠡᠪᠡᠳᠴᠢᠨ ᠢ ᠨᠢ ᠬᠦᠳᠡᠯᠭᠡᠵᠤ ᠤᠨᠠᠭᠠᠮᠠᠷ ᠰᠢᠭ ᠪᠤᠯᠵᠤ ᠭᠡᠨ᠎ᠡ᠃ ᠭᠡᠲᠡᠯ᠎ᠡ ᠭᠠᠯ ᠤᠨ ᠠᠬ᠎ᠠ ᠡᠪᠦᠭᠡᠨ ᠪᠠᠷ᠎ᠠ ᠦᠭᠡᠢ ᠪᠠᠶᠢᠭᠰᠠᠭᠠᠷ ᠪᠠᠶᠢᠵᠠᠢ᠃ ᠲᠡᠭᠡᠵᠤ ᠪᠠᠶᠢᠲᠠᠯ᠎ᠠ ᠨᠡᠷ᠎ᠡ ᠮᠡᠳᠡᠭᠦᠯᠬᠦ ᠡᠳᠦᠷ ᠨᠢ ᠪᠤᠯᠵᠤ᠂ ᠨᠡᠷ᠎ᠡ ᠮᠡᠳᠡᠭᠦᠯᠬᠦ ᠪᠠᠷ ᠤᠴᠢᠭᠰᠠᠨ ᠴᠢᠨᠢ ᠬᠠᠷᠢ ᠭᠠᠵᠠᠷ ᠤᠨ ᠴᠠᠭᠠᠴᠢᠨ ᠭᠡᠳ ᠱᠠᠯᠪᠢᠩ ᠢ ᠲᠦᠯᠬᠢᠨ ᠭᠠᠷᠭᠠᠵᠠᠢ᠃ ᠤᠳᠤ ᠶᠠᠭᠠᠬᠢᠳᠠᠭ ᠪᠢᠯᠡ ᠭᠡᠳ ᠱᠠᠯᠪᠢᠩ ᠪᠠᠴᠢᠮᠳᠠᠬᠤ ᠶᠢᠨ ᠲᠦᠢᠯ ᠪᠤᠯᠤᠨ ᠵᠡᠭᠡᠯᠢ ᠬᠡᠰᠤᠵᠤ ᠪᠠᠷ᠎ᠠ ᠬᠠᠷᠠᠨ ᠶᠠᠪᠤᠲᠠᠯ᠎ᠠ᠂ ᠬᠠᠷᠢᠨ ᠶᠠᠭ ᠰᠠᠶᠢᠬᠠᠨ ᠭᠠᠯ ᠤᠨ ᠠᠬ᠎ᠠ ᠶᠢᠨ ᠨᠢᠰᠬᠦ ᠮᠡᠲᠦ ᠳᠤᠪᠲᠤᠯᠭᠠᠵᠤ ᠢᠷᠡᠬᠦ ᠲᠠᠢ ᠨᠢ ᠲᠠᠭᠠᠷᠠᠵᠠᠢ᠃ ᠡᠪᠦᠭᠡᠨ ᠵᠠᠯᠠᠭᠤ ᠳᠠᠭᠠᠨ ᠡᠮᠦᠰᠴᠦ ᠪᠠᠶᠢᠭᠰᠠᠨ ᠵᠤᠳᠤᠭ ᠭᠤᠲᠤᠯ ᠲᠡᠷᠢᠭᠦᠲᠡᠨ ᠢᠶᠠᠨ ᠠᠪᠴᠢᠷᠠᠵᠤ ᠱᠠᠯᠪᠢᠩ ᠳᠤ ᠦᠭᠭᠦᠭᠰᠡᠨ ᠪᠠ ᠮᠦᠨ ᠳᠤᠤᠷ᠎ᠠ ᠨᠢ ᠱᠠᠯᠪᠢᠩ ᠢ ᠳᠠᠭᠠᠭᠤᠯᠤᠨ ᠠᠪᠠᠴᠢᠵᠤ ᠪᠡᠶ᠎ᠡ ᠪᠠᠷ ᠢᠶᠠᠨ ᠪᠠᠲᠤᠯᠠᠨ ᠳᠠᠭᠠᠭᠠᠵᠤ ᠪᠠᠶᠢᠭᠠᠳ ᠨᠡᠷ᠎ᠡ ᠶᠢ ᠨᠢ ᠮᠡᠳᠡᠭᠦᠯᠵᠤ ᠦᠭᠴᠡᠢ᠃      ᠬᠠᠯᠬ᠎ᠠ ᠶᠢᠨ ᠪᠦᠬᠡ ᠶᠢᠨ ᠤᠷᠤᠯᠳᠤᠭᠠᠨ ᠶᠠᠭ ᠰᠠᠶᠢᠬᠠᠨ ᠶᠠᠪᠤᠭᠳᠠᠵᠤ ᠪᠠᠶᠢᠨ᠎ᠠ᠃ ᠬᠠᠯᠬ᠎ᠠ ᠶᠢᠨ ᠶᠠᠩᠵᠢᠨᠳᠤᠯᠮ᠎ᠠ ᠭᠡᠳᠡᠭ ᠨᠡᠷ᠎ᠡ ᠲᠠᠢ ᠪᠦᠬᠡᠴᠢᠨ ᠪᠠᠷᠢᠯᠳᠤᠭᠰᠠᠨ ᠪᠦᠬᠦᠨ ᠢᠶᠠᠨ ᠳᠡᠯᠪᠡ ᠳᠡᠯᠪᠡ ᠴᠤᠬᠢᠵᠤ ᠪᠠᠶᠢᠬᠤ ᠨᠢ ᠬᠠᠷᠠᠭᠳᠠᠪᠠ᠂ ᠱᠠᠯᠪᠢᠩ ᠰᠠᠶᠢᠨ ᠠᠵᠢᠭᠯᠠᠵᠤ ᠦᠵᠡᠭᠰᠡᠨ ᠴᠢᠨᠢ ᠦᠨᠦ ᠶᠠᠩᠵᠢᠨᠳᠤᠯᠮ᠎ᠠ ᠴᠢᠨᠢ ᠬᠠᠷᠢᠨ ᠵᠠᠮ ᠲᠡᠭᠡᠷ᠎ᠡ ᠴᠢᠯᠠᠭᠤᠨ ᠤᠩᠭᠤᠴᠠᠨ ᠳᠤ ᠲᠡᠮᠡᠭᠡ ᠤᠰᠤᠯᠠᠵᠤ ᠪᠠᠶᠢᠭᠰᠠᠨ ᠲᠡᠷᠡ ᠬᠡᠦᠬᠡᠨ ᠮᠦᠨ ᠪᠠᠶᠢᠨ᠎ᠠ᠃ ᠱᠠᠯᠪᠢᠩ ᠡᠨᠡ ᠬᠡᠦᠬᠡᠨ ᠴᠤᠬᠤᠮ ᠬᠡᠳᠦᠢ ᠵᠡᠷᠭᠡ ᠲᠡᠩᠬᠡᠭᠡ ᠲᠠᠢ ᠶᠤᠮ ᠪᠤᠯ︖ ᠰᠤᠨᠤᠰᠬᠤᠯ᠎ᠠ ᠪᠠᠷᠢᠯᠳᠤᠭᠰᠠᠨ ᠬᠦᠮᠦᠨ ᠢᠶᠠᠨ ᠠᠯᠠᠭᠠᠳ ᠪᠠᠶᠢᠳᠠᠭ ᠭᠡᠰᠡᠨ᠂ ᠲᠡᠭᠦᠨ ᠢ ᠨᠢᠭᠡ ᠳᠡᠶᠢᠯᠦᠶ᠎ᠡ ᠭᠡᠵᠤ ᠪᠤᠳᠤᠵᠤ ᠪᠠᠶᠢᠵᠠᠢ᠃      ᠡᠨᠡ ᠤᠳᠠᠭᠠᠨ ᠤ ᠪᠦᠬᠡ ᠶᠢᠨ ᠨᠠᠶᠢᠷ ᠳᠡᠭᠡᠷ᠎ᠡ ᠨᠡᠶᠢᠲᠡ ᠲᠠᠪᠤᠨ ᠵᠠᠭᠤᠨ ᠠᠷᠪᠠᠨ ᠬᠤᠶᠠᠷ ᠪᠦᠬᠡᠴᠢᠨ ᠰᠢᠷᠦᠭᠦᠨ ᠮᠦᠷᠦᠶᠢᠴᠡᠭᠡᠨ ᠳᠤ ᠤᠷᠤᠵᠠᠢ᠃ ᠱᠠᠯᠪᠢᠩ ᠳᠠᠷᠠᠭ᠎ᠠ ᠳᠠᠷᠠᠭ᠎ᠠ ᠪᠠᠷ ᠤᠯᠠᠨ ᠨᠤᠭᠤᠯᠤᠭ᠎ᠠ ᠶᠢ ᠰᠢᠪᠲᠤᠯᠤᠨ ᠳᠡᠪᠡᠵᠤ ᠶᠠᠪᠤᠭᠰᠠᠭᠠᠷ ᠡᠴᠦᠰ ᠤᠨ ᠨᠠᠢᠮᠨ ᠳᠤ ᠤᠷᠤᠭᠠᠳ ᠢᠷᠡᠬᠦ ᠳᠤ᠂ ᠡᠨᠡ ᠶᠠᠭᠤᠨ ᠬᠦᠮᠦᠨ ᠬᠠᠮᠢᠭ᠎ᠠ ᠠᠴᠠ ᠭᠠᠷᠤᠭᠠᠳ ᠢᠷᠡᠴᠢᠭᠡᠬᠦ ᠨᠢ ᠪᠤᠢ ᠭᠡᠵᠤ ᠶᠡᠭᠡ ᠨᠠᠶᠢᠷ ᠤᠨ ᠲᠠᠯᠠᠪᠠᠢ ᠳᠡᠭᠡᠷ᠎ᠡ ᠪᠤᠴᠠᠯᠤᠨ ᠱᠤᠤᠭᠢᠯᠳᠤᠵᠠᠢ᠃ ᠲᠡᠶᠢᠨ ᠬᠦ ᠲᠦᠰᠢᠮᠡᠯ ᠳᠠᠭᠠᠮᠠᠯ ᠤᠳ ᠲᠡᠷᠡ ᠤᠴᠢᠷ ᠢ ᠶᠡᠭᠡ ᠬᠡᠷᠡᠭ ᠪᠤᠯᠭᠠᠵᠤ᠂ ᠠᠭᠤᠷᠯᠠᠬᠤ ᠨᠢ ᠠᠭᠤᠷᠯᠠᠵᠤ᠂ ᠪᠠᠴᠢᠮᠳᠠᠬᠤ ᠨᠢ ᠪᠠᠴᠢᠮᠳᠠᠵᠤ᠂ ᠬᠡᠷᠪᠡ ᠲᠡᠷᠡ ᠭᠠᠳᠠᠨ᠎ᠠ ᠶᠢᠨ ᠬᠦᠮᠦᠨ ᠰᠤᠭᠤᠷᠠᠭᠠᠳ ᠭᠠᠷᠤᠭᠠᠳ ᠢᠷᠡᠬᠦ ᠳᠤ ᠬᠦᠷᠪᠡᠯ ᠶᠡᠭᠡ ᠬᠠᠯᠬ᠎ᠠ ᠶᠢᠨ ᠨᠡᠷ᠎ᠡ ᠨᠢᠭᠤᠷ ᠢ ᠬᠠᠮᠢᠭ᠎ᠠ ᠪᠠᠨ ᠲᠠᠯᠪᠢᠨ᠎ᠠ ᠪᠤᠢ᠂ ᠶᠠᠭᠤ ᠬᠡᠯᠡᠭᠰᠡᠨ ᠴᠤ ᠪᠦᠬᠡ ᠶᠢᠨ ᠮᠠᠩᠯᠠᠢ ᠶᠢ ᠲᠡᠭᠦᠨ ᠳᠤ ᠠᠯᠳᠠᠵᠤ ᠪᠤᠯᠬᠤ ᠦᠭᠡᠢ ᠭᠡᠵᠤ ᠬᠡᠯᠡᠯᠴᠡᠭᠡᠳ᠂ ᠤᠳᠤ ᠭᠠᠭᠴᠠᠬᠦ《 ᠳᠤᠭᠰᠢᠳ》 ᠢ ᠠᠪᠴᠢᠷᠠᠵᠤ ᠲᠡᠷᠡ ᠬᠠᠷᠢ ᠶᠢᠨ ᠲᠡᠨᠦᠭᠦᠯ ᠲᠠᠢ ᠠᠭᠤᠯᠵᠠᠭᠤᠯᠤᠶ᠎ᠠ᠂ ᠲᠡᠭᠡᠪᠡᠯ ᠲᠡᠭᠦᠨ ᠢ ᠳᠠᠷᠠᠭ᠎ᠠ ᠶᠢᠨ ᠨᠤᠭᠤᠯᠤᠭ᠎ᠠ ᠠᠴᠠ ᠬᠠᠰᠤᠵᠤ ᠬᠠᠶᠠᠬᠤ ᠪᠤᠯᠤᠨ᠎ᠠ ᠭᠡᠮᠡᠨ ᠵᠦᠪᠳᠡᠨ ᠲᠤᠭᠲᠠᠵᠠᠢ᠃     ᠲᠡᠭᠦᠨ ᠤ ᠮᠠᠷᠭᠠᠰᠢ ᠨᠢ ᠳᠠᠷᠠᠭ᠎ᠠ ᠶᠢᠨ ᠨᠤᠭᠤᠯᠤᠭᠠᠨ ᠤ ᠳᠦᠷᠪᠡᠨ ᠪᠦᠬᠡ ᠶᠢ ᠰᠢᠯᠭᠠᠷᠠᠭᠤᠯᠬᠤ ᠪᠤᠯᠵᠤ᠂ ᠱᠠᠯᠪᠢᠩ ᠪᠠᠷᠢᠯᠳᠤᠭᠠᠨ ᠤ ᠲᠠᠯᠠᠪᠤᠷ ᠲᠤ ᠭᠠᠷᠬᠤ ᠪᠠᠷ ᠪᠡᠯᠡᠳᠭᠡᠨ ᠪᠠᠶᠢᠲᠠᠯ᠎ᠠ᠂ ᠡᠰᠡᠷᠬᠦ ᠲᠠᠯ᠎ᠠ ᠠᠴᠠ ᠭᠠᠷᠴᠤ ᠢᠷᠡᠭᠰᠡᠨ ᠨᠢ ᠤᠭᠲᠤ ᠦᠵᠡᠭᠡ ᠦᠭᠡᠢ ᠰᠢᠨ᠎ᠡ ᠬᠦᠮᠦᠨ ᠪᠤᠯᠤᠭᠰᠠᠨ ᠲᠤᠯᠠ᠂ ᠦᠨᠦᠭᠡᠳᠦᠷ ᠤᠨ ᠪᠤᠯᠢᠶᠠᠯᠳᠤᠭᠠᠨ ᠢ ᠦᠴᠦᠭᠡᠳᠦᠷ ᠤᠨ ᠨᠠᠢᠮᠠᠨ ᠪᠦᠬᠡ ᠳᠤᠲᠤᠷ᠎ᠠ ᠶᠠᠪᠤᠭᠤᠯᠬᠤ ᠶᠤᠰᠤᠲᠠᠢ ᠪᠢᠯᠡ᠂ ᠶᠠᠭᠠᠬᠢᠭᠠᠳ ᠢᠩᠬᠢᠵᠤ ᠡᠶᠢᠮᠦ ᠰᠢᠨ᠎ᠡ ᠬᠦᠮᠦᠨ ᠲᠠᠯᠪᠢᠵᠤ ᠤᠷᠤᠭᠤᠯᠵᠤ ᠪᠠᠶᠢᠳᠠᠭ ᠶᠤᠮ ᠪᠤᠢ ᠭᠡᠵᠤ ᠶᠡᠭᠡ ᠭᠠᠶᠢᠬᠠᠵᠠᠢ᠃ ᠲᠡᠳᠦᠢ ᠳᠤ ᠭᠠᠯ ᠤᠨ ᠠᠬ᠎ᠠ ᠬᠠᠵᠠᠭᠤ ᠠᠴᠠ ᠨᠢ ᠳᠤᠤᠷ᠎ᠠ ᠳᠠᠭᠤ ᠪᠠᠷ᠄     — ᠵᠠ᠂ ᠡᠭᠦᠨ ᠢᠶᠠᠷ ᠦᠵᠡᠪᠡᠯ ᠬᠡᠷᠡᠭ ᠪᠢᠰᠢ ᠪᠤᠯᠵᠤ ᠪᠠᠶᠢᠭ᠎ᠠ ᠶᠤᠮ ᠪᠠᠶᠢᠨ᠎ᠠ ᠰᠢᠦ᠃ ᠴᠠᠭᠠᠳᠤᠬᠢ ᠴᠢᠨᠢ ᠪᠤᠯ ᠦᠰᠦ ᠨᠢ ᠤᠷᠲᠤ ᠦᠵᠡᠯ ᠨᠢ ᠤᠬᠤᠷ ᠪᠤᠯᠪᠠᠴᠤ᠂ ᠬᠦᠴᠦ ᠲᠡᠩᠬᠡᠭᠡ ᠪᠠᠷ ᠢᠶᠠᠨ ᠪᠤᠯ ᠬᠠᠷᠢᠨ ᠬᠦᠮᠦᠨ ᠤ ᠳᠤᠤᠷ᠎ᠠ ᠤᠷᠤᠵᠤ ᠦᠵᠡᠭᠡᠭᠡ ᠦᠭᠡᠢ ᠶᠠᠪᠤᠭᠰᠠᠨ ᠠᠮᠢᠲᠠᠨ ᠪᠤᠢ᠃ ᠰᠦᠷᠡᠬᠡᠢ ᠬᠡᠷᠰᠡᠦᠭᠦᠯᠡᠭᠡᠷᠡᠢ︕ ᠭᠡᠵᠡᠢ᠃     ᠱᠠᠯᠪᠢᠩ ᠴᠤ ᠳᠤᠲᠤᠷ᠎ᠠ ᠪᠠᠨ ᠨᠠᠢᠮᠠᠨ ᠶᠢᠰᠦᠨ ᠬᠤᠪᠢ ᠪᠠᠷᠤᠭᠯᠠᠨ ᠮᠡᠳᠡᠵᠠᠢ᠃     ᠳᠡᠨᠳᠡ ᠠᠴᠠ ᠬᠤᠶᠠᠷ ᠡᠲᠡᠭᠡᠳ ᠲᠠᠯᠠᠪᠤᠷ ᠲᠤ ᠭᠠᠷᠴᠦ ᠭᠠᠷ ᠵᠤᠯᠭᠠᠨ ᠠᠪᠤᠯᠳᠤᠵᠦ ᠡᠬᠢᠯᠡᠬᠦ ᠭᠡᠲᠡᠯ᠎ᠡ᠂ ᠲᠡᠷᠡ ᠰᠢᠨ᠎ᠡ ᠪᠦᠬᠡ ᠱᠠᠯᠪᠢᠩ ᠢ ᠰᠢᠭᠤᠳ ᠨᠤᠴᠤᠨ ᠳᠠᠭᠠᠷᠢᠵᠦ ᠢᠷᠡᠭᠡᠳ ᠮᠦᠷᠦᠨ ᠳᠡᠭᠡᠷ᠎ᠡ ᠠᠴᠠ ᠠᠳᠬᠤᠨ ᠨᠢᠭᠡ ᠯᠡ ᠬᠦᠴᠦᠳᠡᠢ ᠳᠤᠭᠳᠤᠷᠤᠭᠰᠠᠨ ᠳᠤ ᠱᠠᠯᠪᠢᠩ ᠤᠷᠤᠭᠰᠢ ᠪᠠᠨ ᠱᠤᠩᠭᠤᠴᠢᠵᠦ ᠤᠨᠠᠬᠤ ᠵᠠᠪᠳᠤᠭᠰᠠᠨ ᠪᠤᠯᠪᠠᠴᠦ ᠪᠤᠰᠢᠭᠤ ᠱᠠᠯᠠᠮᠠᠭᠠᠢ ᠳᠡᠭᠡᠷ᠎ᠡ ᠠᠴᠠ ᠪᠠᠨ ᠪᠠᠰᠠ ᠬᠦᠯ ᠤᠨ ᠲᠠᠮᠢᠷ ᠳᠡᠩᠬᠡᠬᠡ ᠪᠠᠷ ᠴᠢᠩᠭ᠎ᠠ ᠲᠤᠯᠠ ᠠᠷᠠᠢ ᠠᠮᠵᠢᠨ ᠲᠣᠭᠲᠠᠵᠤ ᠴᠢᠳᠠᠵᠡᠢ᠃ ᠳᠠᠬᠢᠨ ᠪᠠᠷᠢᠯᠳᠤᠬᠤ ᠳᠠᠭᠠᠨ ᠲᠡᠭᠦᠨ ᠤ ᠵᠤᠳᠤᠭ ᠤᠨ ᠡᠩᠭᠡᠷ ᠠᠴᠠ ᠨᠢ ᠰᠢᠬᠦᠷᠡᠨ ᠪᠠᠶᠢᠵᠦ᠂ ᠳᠠᠬᠢᠭᠠᠳ ᠨᠢᠬᠡ ᠰᠢᠭᠦᠷᠡᠬᠦ ᠳᠡᠭᠡᠨ ᠵᠤᠳᠤᠭ ᠤᠨ ᠳᠤᠳᠤᠭᠤᠷᠬᠢ ᠴᠡᠭᠡᠵᠢ ᠪᠠᠨ ᠤᠷᠢᠶᠠᠭᠰᠠᠨ ᠲᠣᠷᠭ᠎ᠠ ᠠᠴᠠ ᠨᠢ ᠪᠠᠷᠢᠵᠤ ᠠᠪᠤᠭᠠᠳ ᠤᠭᠵᠤᠮ ᠤᠭᠵᠠᠷᠠᠨ ᠲᠠᠲᠠᠳᠠᠯ᠎ᠠ᠂ ᠰᠢᠷᠳ᠋ᠬᠢᠬᠦ ᠳᠠᠭᠤ ᠭᠠᠷᠤᠨ ᠬᠡᠳᠦ ᠬᠡᠳᠦᠨ ᠳᠠᠪᠬᠤᠷ ᠲᠤᠷᠭ᠎ᠠ ᠬᠡᠷᠴᠢᠭᠳᠡᠭᠰᠡᠨ ᠮᠡᠲᠦ ᠲᠠᠰᠤ ᠤᠴᠢᠵᠦ᠂ ᠴᠠᠭᠠᠨ᠎ᠠ ᠠᠴᠠ ᠨᠢ ᠲᠦᠭᠳᠦᠶᠢᠭᠰᠡᠨ ᠪᠦᠳᠦᠭᠦᠨ ᠬᠤᠶᠠᠷ ᠬᠥᠬᠦ ᠲᠦᠯᠬᠢᠭᠳᠡᠭᠰᠡᠨ ᠮᠡᠲᠦ ᠤᠷᠤᠭᠰᠢ ᠪᠠᠨ ᠰᠡᠷᠡᠶᠢᠵᠦ ᠭᠠᠷᠴᠦ ᠢᠷᠡᠵᠡᠢ᠃ ᠲᠡᠭᠡᠬᠦᠯᠡᠷ ︽ᠲᠤᠭᠰᠢᠳ︾ ᠭᠡᠵᠦ ᠪᠠᠶᠢᠭᠰᠠᠨ ᠲᠡᠷᠡ ᠶᠡᠭᠡ ᠪᠦᠬᠡ ᠨᠢ ᠬᠠᠷᠢᠨ ᠬᠡᠦᠬᠡᠨ ᠬᠦᠮᠦᠨ ᠪᠠᠶᠢᠭᠰᠠᠨ ᠠᠵᠡᠢ᠃ ᠲᠡᠭᠡᠳᠡᠯ᠎ᠡ ᠡᠷᠬᠢᠨ ᠲᠤᠭᠤᠷᠢᠨ ᠤ ᠲᠡᠷᠡ ᠬᠡᠳᠦᠨ ᠮᠢᠩᠭᠠᠨ ᠦᠵᠡᠭᠴᠢᠳ ᠨᠢᠭᠡ ᠯᠡ ᠳᠤᠤᠷ᠎ᠠ ᠬᠦᠷᠳᠡᠬᠢᠨ ᠪᠣᠰᠴᠦ᠂ ᠴᠤᠬᠤᠮ ᠶᠠᠭᠤ ᠬᠡᠯᠡᠵᠦ ᠪᠠᠶᠢᠬᠤ  ᠨᠢ ᠮᠡᠳᠡᠭᠳᠡᠬᠦ ᠦᠭᠡᠢ᠂ ᠵᠦᠭᠡᠷ ᠯᠡ ᠭᠠᠵᠠᠷ ᠳᠤᠷᠬᠢᠳᠠᠯ᠎ᠠ ᠬᠠᠰᠬᠢᠷᠤᠯᠳᠤᠨ ᠦᠢᠮᠡᠯᠳᠦᠬᠦ ᠳᠤ᠂ ᠬᠡᠦᠬᠡᠨ ᠪᠦᠬᠡ ᠴᠢᠷᠠᠢ  ᠪᠠᠨ ᠤᠯᠠᠶᠢᠯᠭᠠᠨ ᠡᠩᠭᠡᠷ ᠢᠶᠠᠨ ᠳᠠᠷᠤᠭᠠᠳ ᠴᠠᠭᠠᠰᠢ ᠨᠢ ᠮᠠᠶᠢᠬᠠᠨ ᠤ ᠪᠠᠨ ᠵᠦᠭ ᠲᠤ ᠠᠮᠢᠰᠬᠤᠭ᠎ᠠ ᠠᠪᠤᠯ ᠦᠭᠡᠢ ᠬᠠᠷᠠᠶᠢᠯᠠᠨ ᠳᠠᠪᠬᠢᠵᠦ ᠤᠳᠴᠡᠢ᠃     ᠲᠡᠭᠡᠭᠡᠳ ᠲᠡᠷᠡ ᠬᠤᠶᠠᠷ ᠪᠠᠷᠢᠯᠳᠤᠨ ᠲᠡᠩᠴᠡᠯᠳᠦᠵᠦ ᠪᠠᠶᠢᠭᠰᠠᠭᠠᠷ ᠪᠦᠲᠦᠨ ᠡᠳᠦᠷ ᠪᠤᠯᠵᠦ ᠡᠴᠦᠰ   ᠲᠡᠭᠡᠨ ᠱᠠᠯᠪᠢᠩ᠂ ᠶᠠᠩᠵᠢᠩᠳᠤᠯᠮ᠎ᠠ  ᠶᠢ ᠠᠷᠠᠢ ᠭᠡᠵᠦ ᠳᠡᠶᠢᠯᠵᠦ ᠳᠤᠯᠤᠭᠠᠢ  ᠶᠢ   ᠨᠢ ᠭᠠᠵᠠᠷ  ᠲᠤ ᠲᠤᠬᠤᠢ ᠰᠢᠭᠠᠵᠦ ᠬᠠᠶᠠᠪᠠ᠃     ᠬᠠᠯᠬ᠎ᠠ ᠶᠢᠨ ᠠᠯᠳᠠᠷᠲᠦ ᠪᠦᠬᠡᠴᠢᠨ ᠢ ᠬᠠᠶᠠᠭᠰᠠᠨ ᠳᠤ ᠬᠠᠯᠬ᠎ᠠ ᠶᠢᠨ ᠬᠠᠭᠠᠨ ᠬᠦᠯᠢᠶᠡᠬᠦ ᠪᠠᠨ ᠪᠠᠶᠢᠵᠦ᠄     — ᠬᠤᠷᠳᠤᠨ ᠲᠡᠷᠡ ᠠᠯᠠᠱᠠ ᠶᠢᠨ ᠪᠦᠬᠡᠴᠢᠨ ᠢ ᠪᠠᠷᠢᠵᠦ ᠪᠦᠭᠰᠡ ᠶᠢ ᠨᠢ ᠴᠤᠬᠢ︕ ᠭᠡᠵᠦ ᠵᠠᠷᠯᠢᠭᠳᠠᠪᠠ᠃ ᠱᠠᠯᠪᠢᠩ ᠤᠯᠠᠨ ᠠᠮᠢᠲᠠᠨ ᠦᠢᠮᠡᠯᠳᠦᠵᠦ ᠡᠬᠢᠯᠡᠬᠦ ᠳᠠᠯᠢᠮ ᠳᠤ ᠳᠤᠳᠠᠭᠠᠭᠠᠳ ᠶᠠᠪᠤᠴᠢᠬᠠᠪᠠ᠃ᠱᠠᠯᠪᠢᠩ ᠳᠤᠳᠠᠭᠠᠵᠦ ᠶᠠᠪᠤᠬᠤ ᠵᠠᠮ ᠳᠠᠭᠠᠨ ᠬᠠᠷᠠᠩᠭᠤᠶᠢᠯᠠᠵᠦ ᠴᠠᠩᠭᠠᠭᠠᠳ ᠲᠡᠰᠬᠦ ᠦᠭᠡᠢ ᠪᠤᠯᠬᠤᠷ ᠥᠨᠥ ᠰᠦᠷᠡᠬᠡᠢ ᠳᠡᠩᠬᠡᠬᠡ ᠲᠠᠢ ᠡᠮᠡᠭᠡᠨ ᠡᠪᠦᠭᠡᠨ ᠬᠤᠶᠠᠷ ᠤᠨ ᠳᠤ ᠬᠦᠷᠴᠦ ᠣᠴᠢᠪᠡ᠃ ᠡᠮᠡᠭᠡᠨ ᠡᠪᠦᠭᠡᠨ ᠬᠤᠶᠠᠷ ᠱᠠᠯᠪᠢᠩ ᠢ ᠦᠵᠡᠭᠡᠳ᠄     — ᠬᠦᠶ᠋ᠢ᠂ ᠬᠤᠯᠠ ᠶᠢᠨ ᠭᠡᠶᠢᠴᠢᠨ ᠢᠷᠡᠯ᠎ᠡ᠂ ᠬᠤᠷᠳᠤᠨ ᠬᠤᠭᠤᠯᠠ ᠤᠮᠳᠠ ᠬᠢᠵᠦ ᠦᠭᠭᠦᠶ᠎ᠡ ᠭᠡᠳ ᠮᠦᠨ ᠲᠦᠯᠡᠭᠡ ᠪᠠᠨ ᠬᠤᠷᠤᠭᠤ ᠪᠠᠷ ᠢᠶᠠᠨ ᠢᠮᠡᠷᠴᠦ ᠪᠢᠯᠴᠠᠯᠠᠭᠠᠳ ᠭᠠᠯ ᠢᠶᠠᠨ ᠠᠰᠠᠭᠠᠵᠦ ᠱᠠᠯᠪᠢᠩ ᠳᠤ ᠦᠬᠡᠷ ᠤᠨ ᠮᠢᠬ᠎ᠠ ᠴᠢᠨᠠᠵᠦ ᠥᠭᠪᠡ᠃ ᠱᠠᠯᠪᠢᠩ ᠦᠬᠡᠷ ᠤᠨ ᠮᠢᠬ᠎ᠠ ᠢᠳᠡᠵᠦ ᠪᠠᠶᠢᠭᠠᠳ ᠴᠢᠮᠦᠭᠡ ᠶᠢ ᠨᠢ ᠬᠤᠷᠤᠭᠤ ᠪᠠᠷ ᠢᠶᠠᠨ ᠢᠮᠡᠷᠴᠦ ᠪᠠᠯᠪᠠᠯᠤᠭᠠᠳ ᠳᠤᠳᠤᠷᠠᠬᠢ ᠲᠤᠰᠤᠨ ᠴᠢᠮᠦᠭᠡ ᠶᠢ ᠨᠢ ᠰᠤᠷᠤᠵᠦ ᠢᠳᠡᠬᠦ ᠶᠢ ᠨᠢ ᠠᠶᠢᠯ ᠤᠨ ᠡᠪᠦᠭᠡᠨ ᠤᠯᠵᠦ ᠦᠵᠡᠴᠢᠬᠡᠭᠡᠳ ︽ᠶᠡᠷᠦ ᠶᠢᠨ ᠬᠦᠮᠦᠨ ᠴᠢᠮᠦᠭᠡ ᠶᠢ ᠶᠠᠭᠤᠮ᠎ᠠ ᠪᠠᠷ ᠴᠤᠬᠢᠵᠦ ᠪᠠᠯᠪᠠᠯᠠᠭᠠᠳ ᠢᠳᠡᠳᠡᠭ ᠶᠤᠮ᠃ ᠡᠨᠡ ᠬᠦᠮᠦᠨ ᠬᠠᠷᠢᠨ ᠢᠮᠡᠷᠴᠦ ᠪᠠᠯᠪᠠᠯᠠᠭᠠᠳ ᠢᠳᠡᠵᠦ ᠪᠠᠶᠢᠨ᠎ᠠ᠂ ᠪᠠᠰᠠ ᠨᠡᠯᠢᠶᠡᠳ ᠴᠠᠷᠢᠭ ᠲᠠᠢ ᠡᠷ᠎ᠡ ᠪᠠᠶᠢᠨ᠎ᠠ︾ ᠭᠡᠵᠦ ᠳᠤᠳᠤᠷ᠎ᠠ ᠪᠠᠨ ᠪᠤᠳᠤᠵᠦ ᠪᠠᠶᠢᠳᠠᠯ᠎ᠠ ᠠᠶᠢᠯ ᠤᠨ ᠭᠠᠳᠠᠨ᠎ᠠ ᠤᠯᠠᠨ ᠬᠦᠮᠦᠨ ᠦᠢᠮᠡᠯᠳᠦᠵᠦ᠄     ᠬᠦᠶ᠋ᠢ᠂ ᠬᠦᠭᠰᠢᠨ ᠡᠵᠢ ᠠᠪᠤ ᠡ᠂ ᠬᠤᠷᠳᠤᠨ ᠭᠠᠷᠴᠦ ᠢᠷᠡᠭᠡᠷᠡᠢ᠂ ᠨᠢᠭᠡ ᠰᠤᠨᠢᠨ ᠤᠴᠢᠷ ᠪᠤᠯᠤᠭᠰᠠᠨ ᠰᠢᠦ︕ ᠭᠡᠵᠦ ᠬᠠᠰᠬᠢᠷᠪᠠ᠃ ᠡᠮᠡᠭᠡᠨ ᠭᠡᠷ ᠠᠴᠠ ᠪᠠᠨ ᠮᠠᠶᠢᠵᠢᠭᠢᠨᠠᠨ ᠭᠠᠷᠴᠦ ᠤᠯᠠᠨ ᠬᠦᠮᠦᠨ ᠲᠠᠢ ᠬᠡᠰᠡᠭ ᠬᠠᠷᠢᠯᠴᠠᠵᠦ ᠪᠠᠶᠢᠭᠠᠳ ᠢᠷᠡᠭᠰᠡᠨ ᠬᠦᠮᠦᠨ ᠢ ᠶᠠᠪᠤᠭᠰᠠᠨ ᠤ ᠳᠠᠷᠠᠭ᠎ᠠ ᠡᠮᠡᠭᠡᠨ ᠪᠤᠴᠠᠵᠦ ᠢᠷᠡᠭᠡᠳ᠂ ᠶᠡᠭᠡ ᠳᠠᠭᠤᠨ ᠢᠶᠠᠷ᠄     — ᠬᠦᠶ᠋ᠢ᠂ ᠡᠪᠦᠭᠡᠨ ᠡ᠂ ᠨᠢᠭᠡ ᠮᠠᠭᠤ ᠠᠯᠠᠱᠠ ᠶᠢᠨ ᠤᠯᠢᠭ ᠦᠭᠡᠢ ᠵᠠᠯᠠᠭᠤ ᠨᠠᠶᠢᠷ ᠲᠤ ᠢᠷᠡᠵᠦ ᠪᠦᠬᠡ ᠪᠠᠷᠢᠯᠳᠤᠵᠦ ᠪᠠᠶᠢᠭᠠᠳ ᠬᠡᠦᠬᠡᠨ ᠢ ᠮᠢᠨᠢ ᠠᠯᠠᠴᠢᠬᠠᠭᠰᠠᠨ ᠰᠤᠷᠠᠭ ᠲᠠᠢ ᠭᠡᠵᠦ ᠬᠡᠯᠡᠵᠡᠢ᠃ ᠱᠠᠯᠪᠢᠩ ᠰᠤᠨᠤᠰᠤᠭᠠᠳ᠄ ︽ᠮᠢᠨᠤ ᠠᠯᠠᠳᠠᠭ ᠶᠠᠩᠵᠢᠩᠳᠤᠯᠮ᠎ᠠ ᠴᠢᠨᠢ ᠡᠨᠡ ᠠᠶᠢᠯ ᠤᠨ ᠦᠬᠢᠨ ᠪᠠᠶᠢᠵᠦ ᠰᠢᠦ︾ ᠭᠡᠵᠦ ᠪᠣᠳᠤᠲᠠᠯ᠎ᠠ ᠡᠪᠦᠭᠡᠨ ᠱᠠᠯᠪᠢᠩ ᠢ ᠵᠢᠭᠠᠵᠦ᠄     — ᠡᠨᠡ ᠠᠮᠢᠲᠠᠨ ᠦᠬᠡᠷ ᠤᠨ ᠴᠢᠮᠦᠭᠡ ᠶᠢ ᠢᠮᠡᠷᠴᠦ ᠪᠠᠯᠪᠠᠯᠠᠭᠠᠳ ᠰᠤᠷᠤᠵᠦ ᠪᠠᠶᠢᠭᠰᠠᠨ ᠶᠤᠮ᠃ ᠠᠯᠠᠱᠠ ᠶᠢᠨ ᠪᠦᠬᠡᠴᠢᠨ ᠭᠡᠰᠡᠨ ᠴᠢᠨᠢ ᠡᠨᠡ ᠬᠦᠮᠦᠨ ᠪᠢᠰᠢ ᠪᠠ︖ ᠭᠡᠵᠦ ᠬᠡᠯᠡᠬᠦ ᠳᠤ ᠭᠡᠷ ᠤᠨ ᠢᠶᠠᠨ ᠡᠭᠦᠳᠡ ᠶᠢ ᠳᠠᠷᠤᠭᠠᠳ ᠠᠪᠤᠪᠠ᠃ ᠱᠠᠯᠪᠢᠩ᠄ ︽ᠣᠳᠣ ᠴᠦ ᠬᠡᠷᠡᠭ ᠪᠢᠰᠢᠳᠡᠯ᠎ᠡ︾ ᠭᠡᠵᠦ ︽ ᠶᠤᠬᠤ︾ ᠭᠡᠳᠡᠯ᠎ᠡ ᠪᠤᠰᠴᠦ ᠨᠢᠭᠡ ᠭᠠᠷ ᠢᠶᠠᠷ ᠢᠶᠠᠨ ᠠᠶᠢᠯ ᠤᠨ ᠭᠡᠷ ᠤᠨ ᠳᠡᠷᠡᠮ᠎ᠡ ︵ᠬᠠᠨ᠎ᠠ︶ ᠠᠴᠠ ᠨᠢ ᠡᠷᠬᠦᠵᠦ ᠬᠠᠶᠠᠴᠢᠬᠠᠭᠠᠳ ᠲᠤᠳᠠᠭᠠᠨ ᠶᠠᠪᠤᠪᠠ᠃
 
ᠢᠷᠡᠯᠲᠡ᠄ ᠠᠯᠠᠱᠠ ᠪᠦᠬᠡ ᠱᠠᠯᠪᠢᠩ ᠤᠨ ᠨᠠᠮᠳᠠᠷ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号