ᠪᠦᠬᠡ ᠱᠠᠯᠪᠢᠩ ᠬᠠᠭᠠᠨ ᠤ ᠳᠠᠷᠬᠠᠨ ᠪᠦᠬᠡ ᠶᠢ ᠰᠠᠪᠠᠭᠰᠠᠨ ᠨᠢ | | | ᠮᠠᠷᠭᠠᠰᠢ ᠨᠢ ᠠᠯᠠᠱᠠ ᠲᠦᠰᠢᠮᠡᠯ ᠱᠠᠯᠪᠢᠩ ᠢᠶᠠᠨ ᠳᠠᠭᠠᠭᠤᠯᠤᠨ ᠪᠠᠷᠢᠯᠳᠤᠭᠠᠨ ᠤ ᠲᠠᠯᠠᠪᠤᠷ ᠲᠤ ᠬᠦᠷᠴᠦ | ᠢᠷᠡᠬᠦ ᠳᠤ᠂ ᠠᠯᠠᠱᠠ ᠭᠡᠭᠴᠢ ᠭᠠᠵᠠᠷ ᠠᠴᠠ ᠨᠢᠭᠡ ᠪᠦᠬᠡ ᠢᠷᠡᠵᠦ ᠬᠠᠭᠠᠨ ᠤ ᠳᠠᠷᠬᠠᠨ ᠪᠦᠬᠡ ᠲᠠᠢ ᠪᠠᠷᠢᠯᠳᠤᠬᠤ | ᠭᠡᠵᠦ ᠪᠠᠶᠢᠨ᠎ᠠ ᠭᠡᠳᠡᠭ ᠴᠢᠮᠡᠭᠡ ᠶᠢ ᠰᠤᠨᠤᠰᠤᠭᠰᠠᠨ ᠪᠡᠭᠡᠵᠢᠩ ᠬᠤᠲᠠ ᠶᠢᠨ ᠤᠯᠤᠰ ᠡᠭᠦᠷ ᠦᠨᠳᠡᠭᠡ ᠪᠠᠷ ᠢᠶᠠᠨ | ᠬᠤᠷᠠᠨ ᠢᠷᠡᠵᠡᠭᠡᠵᠦ ᠪᠠᠷᠢᠯᠳᠤᠭᠠᠨ ᠤ ᠳᠠᠯᠠᠪᠤᠷ ᠢ ᠳᠤᠳᠤᠨ᠎ᠠ ᠭᠤᠷᠪᠠᠨ ᠳᠠᠪᠬᠤᠷ᠂ ᠭᠠᠳᠠᠨ᠎ᠠ ᠭᠤᠷᠪᠠᠨ ᠳᠠᠪᠬᠤᠷ᠂ | ᠲᠡᠭᠦᠨ ᠤ ᠭᠠᠳᠠᠭᠤᠷ ᠪᠠᠰᠠ ᠭᠤᠷᠪᠠᠨ ᠭᠤᠷᠪᠠ ᠶᠢᠨ ᠶᠢᠰᠦᠨ ᠳᠠᠪᠬᠤᠷ ᠪᠦᠰᠡᠯᠡᠵᠦ ᠠᠪᠤᠭᠰᠠᠨ ᠪᠠᠶᠢᠵᠡᠢ᠃ | ᠲᠦᠰᠢᠮᠡᠯ ᠱᠠᠯᠪᠢᠩ ᠠᠴᠠ᠄ ︽ᠴᠢ ᠠᠶᠤᠵᠦ ᠪᠠᠶᠢᠨ᠎ᠠ ᠤᠤ︖︾ ᠭᠡᠵᠦ ᠬᠡᠯᠡᠭᠰᠡᠨ ᠳᠤ᠂ ᠱᠠᠯᠪᠢᠩ ᠠᠴᠠ᠄ | ︽ᠠᠶᠤᠬᠤ ᠪᠠᠷ ᠴᠦ ᠶᠠᠭᠤ ᠪᠠᠶᠢᠨ᠎ᠠ ᠳ᠋ᠠ᠂ ᠪᠤᠯᠪᠠᠯ ᠳᠡᠶᠢᠯᠦᠶᠡ ᠭᠡᠵᠦ ᠪᠤᠳᠤᠵᠦ ᠪᠠᠶᠢᠨ᠎ᠠ᠂ ᠪᠠᠷᠢᠯᠳᠤᠵᠦ ᠦᠵᠡᠭᠡᠳ | ᠯᠠ ᠮᠡᠳᠡᠨ᠎ᠡ︾ ᠭᠡᠵᠡᠢ᠃ ︽ᠳᠡᠶᠢᠮᠦ ᠡ᠂ ᠵᠤᠭᠤᠰ ᠠᠯᠳᠠᠪᠠᠯ ᠴᠠᠭ ᠤᠨ ᠵᠤᠪᠠᠯᠠᠩ᠂ ᠵᠤᠷᠢᠭ ᠠᠯᠳᠠᠪᠠᠯ ᠨᠠᠰᠤᠨ ᠤ | ᠵᠤᠪᠠᠯᠠᠩ ᠭᠡᠳᠡᠭ ᠶᠤᠮ ᠰᠢᠦ᠂ ᠵᠤᠷᠢᠭ ᠯᠠ ᠠᠯᠳᠠᠵᠦ ᠪᠣᠯᠬᠤ ᠦᠭᠡᠢ ᠰᠢᠦ ᠳ᠋ᠠ᠃ ᠭᠡᠪᠡᠴᠦ ᠬᠦᠮᠦᠨ ᠤ ᠬᠠᠷ᠎ᠠ | ᠵᠠᠷᠤᠬᠤ ᠶᠢ ᠬᠠᠷᠢᠨ ᠤᠨᠴᠠᠭᠠᠢ ᠪᠤᠯᠭᠤᠮᠵᠢᠯᠠᠬᠤ ᠬᠡᠷᠡᠭᠳᠡᠢ ᠰᠢᠦ︕︾ ᠭᠡᠵᠦ ᠲᠦᠰᠢᠮᠡᠯ ᠵᠠᠬᠢᠵᠦ ᠬᠡᠯᠡᠭᠡᠳ | ᠱᠠᠯᠪᠢᠩ ᠢ ᠭᠠᠷᠭᠠᠵᠡᠢ᠃ | ᠲᠡᠭᠡᠭᠡᠳ ᠪᠠᠷᠢᠯᠳᠤᠭᠠᠨ ᠡᠬᠢᠯᠡᠵᠡᠢ᠃ ᠬᠠᠭᠠᠨ ᠤ ᠪᠦᠬᠡᠴᠦᠳ ᠠᠷᠤ ᠠᠷᠤ ᠠᠴᠠ ᠪᠠᠨ ᠴᠤᠪᠤᠷᠠᠨ ᠭᠠᠷᠴᠦ | ᠱᠠᠯᠪᠢᠩ ᠲᠠᠢ ᠪᠠᠷᠢᠯᠳᠤᠪᠠ᠂ ᠲᠡᠷᠡ ᠪᠦᠬᠡᠴᠦᠳ ᠨᠢ ᠨᠢᠭᠡ ᠨᠢᠭᠡ ᠪᠠᠷ ᠢᠶᠠᠨ ᠪᠠᠷᠰ ᠠᠷᠰᠯᠠᠨ ᠪᠠᠷᠢᠮᠠᠷ ᠰᠦᠷᠡᠬᠡᠢ | ᠡᠷᠡᠴᠤᠳ ᠪᠠᠶᠢᠭᠰᠠᠨ ᠪᠤᠯᠪᠠᠴᠦ ᠬᠤᠶᠢᠨ᠎ᠠ ᠬᠤᠶᠢᠨ᠎ᠠ ᠠᠴᠠ ᠪᠠᠨ ᠬᠠᠶᠠᠭᠳᠠᠭᠠᠳ ᠪᠠᠶᠢᠵᠡᠢ᠃ ᠲᠡᠭᠡᠵᠦ ᠨᠢᠭᠡ ᠳᠠᠷᠠᠭ᠎ᠠ | ᠪᠠᠷ ᠳᠤᠯᠤᠭᠠᠨ ᠪᠦᠬᠡ ᠰᠠᠪᠠᠭᠳᠠᠭᠠᠳ ᠢᠷᠡᠬᠦ ᠳᠤ ᠬᠠᠭᠠᠨ ᠤ ᠳᠠᠷᠬᠠᠨ ᠪᠦᠬᠡ ᠶᠢᠨ ᠠᠭᠤᠷ ᠨᠢ ᠪᠤᠴᠠᠯᠤᠨ ᠲᠡᠰᠭᠡᠯ | ᠠᠯᠳᠠᠭᠠᠳ ᠪᠦᠬᠡᠴᠤᠳ ᠪᠠᠨ ᠵᠠᠩᠳᠤᠷᠤᠨ ᠵᠠᠶᠢᠯᠠᠭᠤᠯᠵᠦ ᠦᠪᠡᠷ ᠢᠶᠠᠨ ᠰᠢᠭᠤᠳ ᠪᠠᠷᠢᠯᠳᠤᠭᠠᠨ ᠤ ᠲᠠᠯᠠᠪᠤᠷ ᠲᠤ | ᠮᠠᠭᠰᠢᠨ ᠳᠠᠭᠠᠷᠢᠨ ᠤᠷᠤᠵᠦ ᠢᠷᠡᠵᠦ ᠭᠡᠨ᠎ᠡ᠃ ᠡᠨᠡ ᠬᠢᠷᠢ ᠳᠤ ᠱᠠᠯᠪᠢᠩ ᠴᠤ ᠪᠠᠰᠠ ᠠᠭᠤᠷ ᠨᠢ ᠬᠦᠷᠴᠦ᠂ ᠡᠨᠡ | ᠬᠠᠭᠠᠨ ᠤ ᠪᠦᠬᠡᠴᠤᠳ ᠭᠡᠳᠡᠭ ᠴᠢᠨᠢ ᠪᠦᠬᠡ ᠶᠢᠨ ᠵᠢᠷᠤᠮ ᠶᠤᠰᠤ ᠶᠢ ᠮᠡᠳᠡᠳᠡᠭ ᠦᠭᠡᠢ ᠠᠮᠢᠲᠠᠳ ᠪᠠᠶᠢᠭᠰᠠᠨ ᠪᠠᠶᠢᠨ᠎ᠠ᠂ | ᠨᠢᠭᠡᠨᠳᠡ ᠳᠤᠯᠤᠭᠠᠨ ᠬᠦᠮᠦᠨ ᠭᠠᠷᠤᠭᠠᠳ ᠪᠠᠷᠢᠯᠳᠤᠵᠦ ᠦᠩᠭᠡᠷᠡᠭᠰᠡᠨ ᠶᠤᠮ ᠴᠢᠨᠢ ᠪᠤᠯᠤᠯ᠎ᠠ ᠪᠢᠵᠠ᠂ ᠪᠠᠰᠠ | ᠴᠠᠭᠠᠨ᠎ᠠ ᠠᠴᠠ ᠨᠢ ᠢᠩᠭᠢᠵᠦ ᠭᠠᠷᠴᠦ ᠢᠷᠡᠬᠦ ᠨᠢ ᠳᠠᠩᠴᠦ ᠶᠤᠰᠤᠨ ᠳᠤ ᠨᠡᠶᠢᠴᠡᠬᠦ ᠦᠭᠡᠢ ᠬᠡᠷᠡᠭ ᠪᠠᠶᠢᠬᠤ ᠪᠢᠰᠢ ᠤᠤ | ᠭᠡᠵᠦ ᠪᠤᠳᠤᠭᠠᠳ ᠲᠠᠯᠠᠪᠤᠷ ᠠᠴᠠ ᠭᠠᠷᠴᠦ ᠶᠠᠪᠤᠬᠤ ᠳᠤ ᠳᠠᠷᠬᠠᠨ ᠪᠦᠬᠡ ᠨᠢ ᠱᠤᠤᠭᠢᠨ ᠢᠷᠡᠵᠦ ᠨᠤᠴᠤᠭᠠᠳ ᠠᠪᠴᠡᠢ᠃ | ᠲᠡᠳᠦᠢ ᠳᠤ ᠱᠠᠯᠪᠢᠩ ᠤᠨ ᠪᠦᠬᠦ ᠪᠡᠶ᠎ᠡ ᠨᠢ ᠲᠦᠷᠳᠡᠬᠢᠨ ᠰᠢᠳᠠᠵᠦ᠄ ︽ᠬᠡᠲᠦᠷᠡᠭᠰᠡᠨ ᠮᠠᠭᠤ ᠵᠤᠯᠢᠭ ᠴᠢ᠂ ᠪᠦᠬᠡ ᠶᠢᠨ | ᠲᠥᠷᠢᠮ ᠡᠶᠢᠮᠦ ᠪᠠᠶᠢᠳᠠᠭ ᠶᠤᠮ ᠤᠤ︖ ᠠᠯᠢ ᠡᠴᠢᠭᠡ ᠴᠢᠨᠢ ᠴᠢᠮᠠᠳᠤ ᠵᠢᠭᠠᠵᠦ ᠦᠭᠭᠦᠭᠰᠡᠨ ᠶᠤᠮ ᠪᠤᠢ︕︾ ᠭᠡᠳ | ᠰᠦᠷ ᠵᠢᠪᠬᠤᠭ᠎ᠠ ᠲᠠᠢ ᠪᠡᠶ᠎ᠡ ᠪᠠᠨ ᠴᠢᠩᠭᠠᠯᠠᠨ ᠮᠦᠷᠦ ᠪᠠᠷ ᠢᠶᠠᠨ ᠨᠢᠭᠡ ᠯᠠ ᠰᠠᠵᠢᠭᠰᠠᠨ ᠳᠤ ᠳᠠᠷᠬᠠᠨ ᠪᠦᠬᠡ ᠭᠠᠷ | ᠠᠯᠳᠠᠨ ᠤᠷᠤᠭᠰᠢ ᠪᠠᠨ ᠱᠤᠩᠭᠤᠴᠢᠵᠦ ᠳᠦᠷᠪᠡ ᠲᠠᠪᠤᠨ ᠠᠯᠬᠤᠮ ᠭᠠᠵᠠᠷ ᠶᠠᠪᠤᠭᠠᠳ ᠵᠣᠭᠰᠣᠵᠠᠢ᠃ ᠲᠡᠭᠡᠭᠡᠳ | ᠬᠤᠤᠷ᠎ᠠ ᠨᠢ ᠪᠤᠴᠠᠯᠵᠦ ᠠᠷᠠᠭ᠎ᠠ ᠨᠢ ᠲᠠᠷᠴᠢᠬᠢᠨᠠᠵᠦ ᠳᠠᠬᠢᠭᠠᠳ ᠳᠠᠭᠠᠷᠢᠭᠠᠳ ᠢᠷᠡᠳᠡᠯ᠎ᠡ᠂ ᠱᠠᠯᠪᠢᠩ ᠲᠡᠷᠡ ᠳᠠᠷᠤᠢ | ᠳᠤᠨᠢ ᠭᠠᠷ ᠠᠴᠠ ᠨᠢ ᠪᠠᠷᠢᠵᠦ ᠠᠪᠤᠩᠭᠤᠳᠠ ᠪᠡᠶ᠎ᠡ ᠪᠠᠨ ᠤᠷᠪᠠᠨ ᠡᠭᠦᠷᠴᠦ ᠠᠪᠤᠭᠠᠳ ᠤᠷᠤᠭᠰᠢ ᠪᠠᠨ ᠨᠢᠭᠡ ᠯᠡ | ᠲᠤᠩᠭᠤᠶᠢᠬᠤ ᠰᠢᠭ᠋ ᠪᠤᠯᠤᠭᠰᠠᠨ ᠳᠤ ᠪᠦᠳᠦᠭᠦᠨ ᠪᠡᠶ᠎ᠡ ᠲᠠᠢ ᠲᠡᠷᠡ ᠳᠠᠷᠬᠠᠨ ᠪᠦᠬᠡ ᠨᠢᠷᠦᠭᠤ ᠪᠠᠷ ᠢᠶᠠᠨ ᠭᠠᠵᠠᠷ | ᠬᠡᠪᠰᠢᠵᠦ ᠤᠨᠠᠭᠠᠳ᠂ ᠠᠮᠠ ᠬᠠᠮᠠᠷ ᠠᠴᠠ ᠨᠢ ᠴᠢᠰᠦ ᠤᠭᠰᠢᠨ ᠬᠦᠳᠡᠯᠦᠯ ᠦᠭᠡᠢ ᠲᠠᠷᠠᠶᠢᠭᠠᠳ ᠬᠡᠪᠲᠡᠵᠦ ᠭᠡᠨ᠎ᠡ᠃ | ᠠᠯᠠᠱᠠ ᠲᠦᠰᠢᠮᠡᠯ ᠬᠡᠷᠡᠭ ᠪᠢᠰᠢ ᠪᠤᠯᠤᠭᠰᠠᠨ ᠢ ᠦᠵᠡᠮᠡᠭᠴᠡ ᠶᠠᠭᠤ ᠬᠠᠢ ᠦᠭᠡᠢ ᠨᠢᠭᠡᠨ ᠰᠡᠯᠡᠭᠦᠬᠡᠨ ᠭᠠᠵᠠᠷ | ᠬᠦᠷᠦᠭᠡᠳ ᠪᠡᠯᠡᠳᠭᠡᠯ ᠲᠠᠢ ᠠᠪᠴᠦ ᠶᠠᠪᠤᠭᠰᠠᠨ ᠳᠡᠪᠡᠯ ᠢᠶᠠᠨ ᠱᠠᠯᠪᠢᠩ ᠳᠤ ᠡᠮᠦᠰᠭᠡᠵᠦ᠄ ︽ᠬᠤᠷᠳᠤᠨ ᠳᠤᠳᠠᠭ᠎ᠠ᠂ | ᠡᠨᠡ ᠵᠢᠯ ᠳᠡᠭᠡᠨ ᠠᠯᠠᠱᠠ ᠳᠤ ᠬᠠᠷᠢᠵᠦ ᠪᠣᠯᠬᠤ ᠦᠭᠡᠢ᠂ ᠬᠡᠳᠦᠢ ᠬᠤᠯᠠ ᠶᠠᠪᠤᠪᠠᠯ ᠲᠡᠳᠦᠢ ᠰᠠᠶᠢᠨ︾ ᠭᠡᠵᠦ | ᠵᠠᠬᠢᠭᠠᠳ ᠬᠤᠶᠠᠭᠤᠯᠠ ᠰᠠᠯᠵᠦ ᠬᠤᠶᠠᠷ ᠲᠡᠶᠢᠰᠢ ᠪᠠᠨ ᠭᠦᠶᠦᠵᠡᠢ᠃ | ᠥᠨᠥ ᠳᠠᠷᠬᠠᠨ ᠪᠦᠬᠡ ᠭᠠᠵᠠᠷ ᠬᠤᠳᠤᠶᠢᠯᠭᠠᠲᠠᠯᠠ ᠬᠦᠴᠦᠳᠡᠢ ᠰᠠᠪᠠᠭᠳᠠᠨ ᠤᠨᠠᠵᠦ ᠴᠢᠰᠦ ᠪᠠᠷ | ᠪᠦᠭᠡᠯᠵᠢᠭᠰᠡᠭᠡᠷ ᠪᠠᠶᠢᠭᠠᠳ ᠠᠮᠢᠰᠬᠤᠭ᠎ᠠ ᠬᠤᠷᠢᠶᠠᠵᠡᠢ᠃ ᠬᠠᠭᠠᠨ ᠰᠤᠨᠤᠰᠤᠭᠠᠳ ᠴᠡᠭᠡᠵᠢ ᠪᠠᠨ ᠰᠢᠭᠠᠵᠦ ᠭᠠᠵᠠᠷ | ᠳᠡᠪᠰᠡᠯᠡᠨ ᠲᠡᠷᠡ ᠳᠤᠤᠷ᠎ᠠ ᠨᠢ ᠠᠯᠠᠱᠠ ᠤᠷᠤᠭᠤ ᠡᠯᠴᠢ ᠳᠤᠪᠳᠤᠯᠭᠠᠵᠦ᠂ ᠦᠳᠳᠡᠷ ᠲᠦᠷᠭᠡᠨ ᠱᠠᠯᠪᠢᠩ ᠢ ᠤᠯᠵᠦ | ᠪᠠᠷᠢᠭᠠᠳ ᠪᠡᠭᠡᠵᠢᠩ ᠳᠤ ᠬᠦᠷᠭᠡᠵᠦ ᠢᠷ᠎ᠠ ᠭᠡᠵᠦ ᠠᠪᠤᠤ ᠨᠤᠶᠠᠨ ᠳᠤ ᠵᠠᠷᠯᠢᠭ ᠪᠠᠭᠤᠯᠭᠠᠵᠡᠢ᠃ ᠠᠪᠤᠤ ᠲᠡᠷᠡ | ᠵᠠᠷᠯᠢᠭ ᠢ ᠲᠤᠰᠴᠦ ᠠᠪᠤᠮᠠᠭᠴᠠ ᠲᠤᠭᠰᠢᠨ ᠬᠦᠩᠵᠦ ᠲᠠᠢ ᠬᠠᠮᠲᠤ ᠪᠠᠷ ᠪᠡᠭᠡᠵᠢᠩ ᠳᠤ ᠤᠳᠤᠭᠠᠳ᠂ ᠱᠠᠯᠪᠢᠩ | ᠵᠠᠷᠯᠢᠭ ᠢᠶᠠᠷ ᠳᠠᠭᠤᠳᠠᠭᠳᠠᠨ ᠪᠡᠭᠡᠵᠢᠩ ᠳᠤ ᠢᠷᠡᠭᠰᠡᠨ ᠠᠴᠠ ᠬᠤᠶᠢᠰᠢ ᠤᠳᠤ ᠪᠤᠯᠲᠠᠯ᠎ᠠ ᠠᠯᠠᠱᠠ ᠳᠤ ᠬᠠᠷᠢᠭᠠᠳ | ᠦᠭᠡᠢ ᠪᠠᠶᠢᠨ᠎ᠠ ᠭᠡᠵᠦ ᠮᠡᠳᠡᠭᠦᠯᠦᠭᠰᠡᠨ ᠳᠤ᠂ ᠬᠠᠭᠠᠨ ᠤ ᠰᠢᠯᠢ ᠨᠢ ᠲᠠᠳᠠᠨ ᠨᠢᠳᠦ ᠨᠢ ᠴᠠᠶᠢᠪᠠᠶᠢᠵᠦ ᠭᠡᠳᠡᠷᠭᠦ ᠪᠠᠨ | ᠤᠨᠠᠭᠠᠳ᠂ ᠤᠳᠠᠵᠦ ᠤᠳᠠᠵᠦ ᠪᠠᠶᠢᠭᠠᠳ ᠰᠠᠶ᠋ᠢ ᠠᠭᠠᠵᠢᠮ ᠢᠶᠠᠷ ᠤᠬᠠᠭᠠᠨ ᠤᠷᠤᠵᠦ ᠲᠡᠩᠬᠡᠷᠡᠵᠦ ᠭᠡᠨ᠎ᠡ᠃ | | ᠭᠠᠯ ᠤᠨ ᠠᠬᠠᠯᠠᠭᠴᠢ ᠱᠠᠯᠪᠢᠩ ᠤᠨ ᠦᠨᠡᠨ ᠢ ᠢᠯᠡᠴᠢᠯᠡᠭᠰᠡᠨ | | | ᠱᠠᠯᠪᠢᠩ ᠲᠡᠷᠡ ᠲᠦᠰᠢᠮᠡᠳ ᠤᠨ ᠳᠡᠮᠵᠢᠯᠭᠡ ᠪᠠᠷ ᠳᠠᠷᠤᠢ ᠲᠦᠷᠭᠡᠨ ᠳᠤᠳᠠᠭᠠᠨ᠂ ᠤᠯᠠᠨ ᠬᠦᠮᠦᠰ | ᠱᠤᠤᠬᠢᠯᠳᠤᠨ ᠦᠢᠮᠡᠯᠳᠤᠵᠦ ᠪᠠᠶᠢᠬᠤ ᠳᠤᠮᠳᠠᠭᠤᠷ ᠭᠦᠶᠦᠨ ᠭᠠᠷᠴᠦ ᠰᠠᠩᠳᠠ ᠮᠡᠩᠳᠡ ᠤᠨᠤᠭᠠᠨ ᠤ ᠪᠠᠨ ᠳᠡᠷᠭᠡᠳᠡ | ᠬᠦᠷᠴᠦ ᠮᠣᠷᠢ ᠪᠠᠨ ᠠᠪᠴᠦ ᠤᠨᠠᠭᠠᠳ ᠮᠣᠷᠢᠨ ᠤ ᠪᠠᠨ ᠬᠤᠷᠳᠤᠨ ᠢᠶᠠᠷ ᠳᠤᠳᠠᠭᠠᠨ ᠬᠠᠯᠬ᠎ᠠ ᠶᠢᠨ ᠵᠦᠭ ᠢ ᠴᠢᠭᠯᠡᠨ | ᠶᠡᠪᠤᠭᠰᠠᠭᠠᠷ ᠵᠠᠩᠴᠢᠬᠦᠦ ︵ᠵᠠᠩ ᠵᠢᠶᠠ ᠺᠸᠦ︶ ᠭᠡᠳᠡᠭ ᠭᠠᠵᠠᠷ ᠢᠶᠠᠷ ᠳᠠᠭᠠᠷᠢᠨ᠂ ᠰᠡᠭᠦᠳᠡᠷ ᠢᠶᠠᠷ ᠢᠶᠠᠨ ᠨᠦᠭᠦᠳ | ᠬᠢᠵᠦ᠂ ᠰᠢᠯᠦᠰᠦ ᠪᠠᠷ ᠢᠶᠠᠨ ᠤᠮᠳᠠ ᠬᠢᠵᠦ ᠶᠠᠪᠤᠭᠰᠠᠭᠠᠷ ᠪᠠᠶᠢᠭᠠᠳ ᠬᠠᠯᠬ᠎ᠠ ᠶᠢᠨ ᠠᠶᠠᠨᠴᠢᠨ ᠤ ᠭᠠᠯ ᠳᠡᠭᠡᠷ᠎ᠡ | ᠳᠠᠭᠠᠷᠠᠯᠳᠤᠵᠡᠢ᠃ | ᠲᠡᠷᠡ ᠠᠶᠠᠨᠴᠢᠨ ᠤ ᠭᠠᠯ ᠤᠨ ᠡᠵᠡᠨ ᠡᠪᠦᠭᠡᠨ ᠱᠠᠯᠪᠢᠩ ᠠᠴᠠ ︽ᠲᠠ ᠬᠠᠮᠢᠭ᠎ᠠ ᠶᠠᠪᠤᠵᠦ ᠪᠠᠶᠢᠨ᠎ᠠ ᠪᠤᠢ︖ | ᠶᠠᠮᠠᠷ ᠤᠴᠢᠷ ᠲᠠᠢ ᠶᠠᠪᠤᠵᠦ ᠪᠠᠶᠢᠭ᠎ᠠ ᠪᠤᠢ︖︾ ᠭᠡᠬᠦᠯ᠎ᠡ ᠱᠠᠯᠪᠢᠩ ᠦᠪᠡᠷ ᠤᠨ ᠪᠡᠶ᠎ᠡ ᠪᠠᠨ ᠪᠤᠷᠤᠭᠤᠯᠠᠨ ︽ᠪᠢ | ᠳ᠋ᠠ ᠬᠦᠷᠢᠶᠡᠨ ᠳᠤ ᠮᠦᠷᠭᠦᠭᠦ ᠪᠠᠷ ᠶᠠᠪᠤᠵᠦ ᠪᠠᠶᠢᠭ᠎ᠠ ᠮᠦᠷᠭᠦᠯᠴᠢᠨ ᠪᠠᠶᠢᠨ᠎ᠠ︾ ᠭᠡᠵᠦ ᠬᠡᠯᠡᠭᠰᠡᠨ ᠳᠤ ᠦᠨᠦ ᠭᠠᠯ ᠤᠨ | ᠡᠵᠡᠨ ᠡᠪᠦᠭᠡᠨ ᠶᠡᠷᠦ ᠢᠲᠡᠭᠡᠭᠰᠡᠨ ᠦᠭᠡᠢ ᠪᠠᠶᠢᠵᠡᠢ᠃ | ᠨᠢᠭᠡ ᠡᠳᠦᠷ ᠤᠨ ᠤᠷᠤᠢ᠂ ᠲᠡᠷᠡ ᠭᠠᠯ ᠤᠨ ᠡᠪᠦᠭᠡᠨ ᠱᠠᠯᠪᠢᠩ ᠳᠤ᠄ ︽ᠴᠢᠮᠠᠶᠢ ᠠᠵᠢᠭᠯᠠᠨ ᠦᠵᠡᠬᠦ ᠳᠤ | ᠮᠦᠷᠭᠦᠯᠴᠢᠨ ᠭᠡᠬᠦ ᠳᠤ ᠢᠲᠡᠭᠡᠬᠦ ᠬᠦᠮᠦᠨ ᠦᠭᠡᠢ ᠪᠠᠶᠢᠳᠠᠭ ᠪᠣᠯᠪᠠ ᠤᠤ︖ ᠨᠢᠭᠡ ᠳᠤ᠂ ᠭᠡᠷ ᠠᠴᠠ ᠭᠠᠷᠤᠭᠰᠠᠨ | ᠬᠠᠪᠴᠢᠭ ᠡᠭᠦᠷᠭᠡ ᠲᠠᠢ ᠶᠠᠪᠤᠭᠤᠯ ᠤᠨ ᠯᠠᠮᠠ ᠴᠦ ᠪᠢᠰᠢ᠂ ᠬᠤᠶᠠᠷ ᠲᠤ᠂ ᠨᠠᠰᠦ ᠪᠠᠷ ᠬᠦᠭᠰᠢᠨ ᠴᠢᠳᠠᠯ ᠢᠶᠠᠷ | ᠮᠡᠬᠦᠰ ᠪᠤᠯᠤᠭᠰᠠᠨ ᠡᠪᠡᠳᠴᠢᠨ ᠵᠤᠪᠠᠯᠠᠩ ᠳᠤ ᠪᠠᠷᠢᠭᠳᠠᠭᠰᠠᠨ ᠶᠠᠳᠠᠭᠤ ᠬᠦᠮᠦᠨ ᠴᠦ ᠪᠢᠰᠢ᠂ ᠲᠡᠭᠡᠭᠡᠳ ᠶᠠᠭᠤ ᠪᠠᠨ | ᠬᠠᠶᠢᠵᠦ ᠬᠦᠷᠢᠶᠡᠨ ᠳᠤ ᠮᠦᠷᠭᠦᠭᠦ ᠪᠠᠷ ᠶᠠᠪᠤᠵᠦ ᠪᠠᠶᠢᠬᠤ ᠶᠤᠮ ᠪᠤᠢ︖ ᠨᠠᠳᠠ ᠠᠴᠠ ᠠᠰᠠᠭᠤᠪᠠᠯ ᠪᠢ ᠴᠦ ᠯᠠᠪ | ᠴᠢᠷᠮᠠᠢ ᠶᠢ ᠮᠦᠷᠭᠦᠯᠴᠢᠨ ᠪᠢᠰᠢ ᠪᠦᠬᠡᠴᠢᠨ ᠬᠦᠮᠦᠨ ᠪᠠᠶᠢᠨ᠎ᠠ ᠭᠡᠵᠦ ᠬᠡᠯᠡᠨ᠎ᠡ ᠳ᠋ᠡ᠃ ᠳᠠᠷᠤᠪᠠᠴᠦ ᠳᠠᠯᠤ ᠨᠢ᠂ | ᠨᠢᠭᠤᠪᠠᠴᠦ ᠨᠢᠷᠤᠭᠤ ᠨᠢ ᠭᠡᠳᠡᠭ ᠢᠶᠠᠷ᠂ ᠴᠢ ᠦᠪᠡᠷ ᠤᠨ ᠪᠦᠬᠡᠴᠢᠨ ᠢᠶᠠᠨ ᠬᠦᠮᠦᠨ ᠳᠤ ᠮᠡᠳᠡᠭᠳᠡᠬᠦ ᠦᠭᠡᠢ ᠭᠡᠵᠦ | ᠪᠤᠳᠤᠵᠦ ᠪᠠᠶᠢᠪᠠᠴᠦ᠂ ᠪᠡᠶ᠎ᠡ ᠭᠠᠯᠪᠢᠷ ᠳᠡᠩᠬᠡᠬᠡ ᠴᠢᠳᠠᠯ ᠪᠤᠯᠤᠨ ᠬᠢᠬᠦ ᠬᠦᠳᠡᠯᠬᠦ᠂ ᠪᠠᠷᠢᠬᠤ ᠳᠠᠯᠪᠢᠬᠤ ᠪᠦᠬᠦᠨ ᠠᠴᠠ | ᠴᠢᠨᠢ ᠠᠵᠢᠭᠯᠠᠬᠤ ᠳᠤ ᠪᠦᠬᠡᠴᠢᠨ ᠬᠦᠮᠦᠨ ᠤ ᠰᠢᠨᠵᠢ ᠪᠠᠶᠢᠳᠠᠯ ᠢᠯᠡ ᠬᠠᠷᠠᠭᠳᠠᠵᠤ ᠪᠠᠶᠢᠨ᠎ᠠ᠃ ᠴᠢ ᠴᠤᠬᠤᠮ ᠶᠠᠭᠤ | ᠬᠢᠭᠰᠡᠨ ᠬᠦᠮᠦᠨ ᠪᠠᠶᠢᠨ᠎ᠠ︖ ᠴᠢ ᠨᠤᠲᠤᠭ ᠲᠠᠭᠠᠨ ᠬᠦᠮᠦᠨ ᠰᠠᠪᠠᠵᠦ ᠬᠡᠷᠡᠭ ᠬᠢᠴᠢᠬᠡᠬᠡᠳ ᠲᠡᠭᠦᠨ ᠠᠴᠠ ᠪᠠᠨ | ᠵᠠᠶᠢᠯᠠᠶ᠎ᠠ ᠭᠡᠵᠦ ᠨᠢᠭᠤᠨ ᠲᠤᠲᠠᠭᠠᠵᠦ ᠪᠠᠶᠢᠨ᠎ᠠ ᠤᠤ︖ ᠭᠡᠪᠡᠴᠦ ᠴᠢᠨᠦ ᠬᠡᠷᠡᠭ ᠮᠠᠨ ᠳᠤ ᠬᠠᠮᠢᠶ᠎ᠠ ᠦᠭᠡᠢ᠂ ᠴᠢ | ᠦᠨᠡᠨ ᠢᠶᠠᠨ ᠬᠡᠯᠡᠴᠢᠬᠡ᠂ ᠠᠬ᠎ᠠ ᠨᠢ ᠰᠤᠨᠤᠰᠴᠦ ᠮᠡᠳᠡᠶ᠎ᠡ᠂ ᠪᠢ ᠬᠦᠮᠦᠨ ᠳᠤ ᠬᠡᠯᠡᠰᠢ ᠦᠭᠡᠢ᠃︾ ᠭᠡᠵᠦ | ᠬᠡᠯᠡᠭᠰᠡᠨ ᠳᠤ ᠱᠠᠯᠪᠢᠩ ᠪᠠᠭ᠎ᠠ ᠪᠠᠶᠢᠵᠦ ᠪᠠᠶᠢᠭᠠᠳ᠄ ︽ᠠᠬ᠎ᠠ ᠲᠠ ᠨᠢᠭᠡᠨᠲᠡ ᠦᠵᠡᠭᠡᠳ ᠭᠠᠷᠴᠢᠬᠠᠭᠰᠠᠨ ᠶᠤᠮ | ᠴᠢᠨᠢ ᠪᠢ ᠴᠦ ᠪᠠᠰᠠ ᠨᠢᠭᠤᠵᠦ ᠬᠠᠪᠴᠢᠭᠠᠳ ᠶᠠᠭᠤ ᠪᠠᠨ ᠬᠢᠬᠦ ᠪᠤᠢ︖ ᠮᠢᠨᠦ ᠢᠩᠭᠢᠵᠦ ᠶᠠᠪᠤᠵᠦ ᠪᠠᠶᠢᠭ᠎ᠠ ᠮᠢᠨᠢ | ᠪᠦᠬᠡ ᠶᠢᠨ ᠤᠴᠢᠷ ᠲᠠᠢ ᠤᠭᠲᠤ ᠬᠤᠯᠪᠤᠭᠳᠠᠯ ᠪᠠᠶᠢᠬᠤ ᠦᠭᠡᠢ᠃ ᠮᠠᠨ ᠤ ᠨᠤᠲᠤᠭ ᠲᠤ ᠨᠢᠭᠡ ᠮᠠᠭᠤᠬᠠᠢ ᠬᠠᠷᠬᠢᠰ | ᠪᠠᠶᠠᠨ ᠪᠠᠶᠢᠵᠦ᠂ ᠪᠢ ᠲᠡᠭᠦᠨ ᠤ ᠮᠠᠯ ᠢ ᠬᠠᠷᠢᠭᠤᠯᠵᠦ ᠪᠠᠶᠢᠳᠠᠯ᠎ᠠ᠂ ᠲᠡᠷᠡ ᠬᠦᠮᠦᠨ ᠠᠴᠠ ᠢᠯᠡᠭᠦᠦ ᠬᠦᠷᠦᠩᠭᠡ ᠮᠠᠯ | ᠲᠠᠢ ᠭᠡᠳ᠂ ᠲᠡᠭᠦᠨ ᠳᠡᠭᠡᠨ ᠡᠷᠳᠦᠵᠦ ᠬᠦᠮᠦᠨ ᠢ ᠳᠠᠷᠤᠯᠠᠨ ᠬᠠᠷᠬᠢᠰᠯᠠᠭᠠᠳ ᠪᠤᠯᠬᠤ ᠦᠭᠡᠢ ᠪᠤᠯᠬᠤᠷ ᠪᠢ ᠲᠡᠭᠦᠨ ᠢ | ᠪᠠᠷᠢᠵᠦ ᠵᠤᠳᠤᠭᠠᠳ ᠬᠠᠶᠠᠴᠢᠬᠠᠭᠰᠠᠨ ᠶᠤᠮ᠃ ᠲᠡᠭᠦᠨ ᠤ ᠬᠠᠮᠠᠷ ᠠᠮᠠ ᠠᠴᠠ ᠨᠢ ᠴᠢᠰᠦ ᠭᠠᠷᠤᠭᠠᠳ ᠤᠨᠠᠭᠰᠠᠨ | ᠶᠤᠮ ᠳ᠋ᠠ᠂ ᠦᠬᠦᠴᠢᠬᠡᠭᠰᠡᠨ ᠴᠤ ᠪᠠᠶᠢᠵᠦ ᠮᠠᠭᠠᠳ ᠦᠭᠡᠢ᠂ ᠲᠡᠭᠡᠭᠡᠳ ᠪᠢ ᠨᠤᠲᠤᠭ ᠠᠴᠠ ᠪᠠᠨ ᠭᠠᠷᠤᠭᠠᠳ | ᠲᠡᠨᠦᠵᠦ ᠶᠠᠪᠤᠵᠦ ᠪᠠᠶᠢᠬᠤ ᠨᠢ ᠡᠨᠡ ᠪᠢᠯᠡ︾ ᠭᠡᠵᠡᠢ᠃ | ᠬᠡᠳᠦᠨ ᠡᠳᠦᠷ ᠤᠨ ᠳᠠᠷᠠᠭ᠎ᠠ᠂ ᠨᠢᠭᠡ ᠤᠷᠤᠢ ᠡᠪᠦᠭᠡᠨ ᠪᠠᠰᠠ ᠱᠠᠯᠪᠢᠩ ᠠᠴᠠ᠄ ︽ᠴᠢ ᠮᠠᠨ ᠤ ᠬᠦᠷᠢᠶᠡᠨ ᠤ | ᠪᠦᠬᠡ ᠶᠢᠨ ᠮᠦᠷᠦᠶᠢᠴᠡᠭᠡᠨ ᠳᠤ ᠤᠷᠤᠯᠴᠠᠬᠤ ᠶᠢ ᠰᠠᠨᠠᠵᠦ ᠪᠠᠶᠢᠨ᠎ᠠ ᠤᠤ︾ ᠭᠡᠵᠦ ᠠᠰᠠᠭᠤᠵᠡᠢ᠃ | ᠭᠤᠷᠪᠠᠨ ᠵᠢᠯ ᠳᠤ ᠨᠢᠭᠡ ᠤᠳᠠᠭ᠎ᠠ ᠬᠢᠳᠡᠭ ᠪᠦᠬᠦ ᠬᠠᠯᠬ᠎ᠠ ᠶᠢᠨ ᠪᠦᠬᠡ ᠶᠢᠨ ᠶᠡᠭᠡ ᠨᠠᠶᠢᠷ ᠨᠢ ᠡᠨᠡ ᠵᠢᠯ ᠶᠠᠭ ᠰᠠᠶᠢᠬᠠᠨ | ᠢᠷᠡᠵᠦ ᠲᠠᠭᠠᠷᠠᠭᠰᠠᠨ ᠪᠠᠶᠢᠵᠡᠢ᠃ | ᠱᠠᠯᠪᠢᠩ ᠠᠴᠠ᠄ ︽ᠳᠡᠶᠢᠮᠦ ᠪᠤᠯ ᠤᠷᠤᠯᠴᠠᠬᠤ ᠦᠭᠡᠢ ᠶᠠᠭᠠᠬᠢᠬᠤ ᠪᠢᠯᠡ︾ ᠭᠡᠰᠡᠨ ᠳᠤ᠄ ︽ᠵᠠ ᠲᠡᠭᠡᠪᠡᠯ | ᠨᠠᠰᠢ ᠪᠠᠨ ᠳᠠᠪᠰᠢᠭᠠᠳ ᠰᠠᠭᠤᠵᠦ ᠪᠠᠢ᠂ ᠠᠬ᠎ᠠ ᠴᠢᠨᠢ ᠴᠢᠮᠠᠲᠠᠢ ᠭᠠᠷ ᠮᠤᠰᠬᠢᠵᠦ ᠴᠢᠳᠠᠯ ᠢ ᠴᠢᠨᠢ ᠨᠢᠭᠡ ᠰᠤᠷᠢᠵᠦ | ᠦᠵᠡᠶ᠎ᠡ᠂ ᠮᠢᠨᠢ ᠭᠠᠷ ᠢ ᠳᠠᠷᠤᠭᠠᠳ ᠬᠦᠴᠦᠷᠪᠡᠯ ᠪᠢ ᠴᠢᠮᠠᠶᠢ ᠪᠠᠲᠤᠯᠠᠵᠤ ᠪᠠᠶᠢᠭᠠᠳ ᠲᠡᠷᠡ ᠤᠷᠤᠯᠳᠤᠭᠠᠨ ᠳᠤ | ᠤᠷᠤᠯᠴᠠᠭᠤᠯᠵᠦ ᠦᠭᠭᠦᠶ᠎ᠡ︾ ᠭᠡᠳ ᠡᠪᠦᠭᠡᠨ ᠬᠠᠮᠴᠤᠢ ᠪᠠᠨ ᠰᠢᠮᠠᠯᠠᠨ ᠯᠠᠪᠳᠠᠭᠤᠨ ᠵᠠᠪᠢᠯᠠᠵᠦ ᠰᠠᠭᠤᠵᠡᠢ᠃ | ᠲᠡᠭᠡᠭᠡᠳ ᠡᠪᠦᠭᠡᠨ ᠵᠠᠯᠠᠭᠤ ᠬᠤᠶᠠᠷ ᠲᠡᠮᠡᠴᠡᠯᠳᠦᠵᠦ ᠡᠬᠢᠯᠡᠵᠡᠢ᠃ ᠡᠨᠡ ᠬᠠᠲᠠᠩᠬᠢᠷ ᠡᠪᠦᠭᠡᠨ ᠳᠤ ᠶᠡᠷᠦ ᠬᠡᠳᠦᠢ | ᠯᠠ ᠲᠡᠩᠬᠡᠬᠡ ᠪᠠᠶᠢᠬᠤ ᠪᠤᠢ ᠭᠡᠵᠦ ᠱᠠᠯᠪᠢᠩ ᠳᠤᠳᠤᠷ᠎ᠠ ᠪᠠᠨ ᠲᠤᠭᠤᠮᠵᠢ ᠮᠠᠭᠤᠳᠠᠢ ᠪᠠᠶᠢᠭᠰᠠᠨ ᠪᠤᠯᠪᠠᠴᠦ ᠵᠢᠩᠬᠢᠨᠢ | ᠬᠦᠴᠦᠯᠡᠭᠡᠳ ᠢᠷᠡᠬᠦ ᠶᠢᠨ ᠬᠢᠷᠢ ᠳᠤ ᠦᠪᠡᠷ ᠤᠨ ᠡᠷᠬᠡ ᠦᠭᠡᠢ ᠰᠤᠴᠢᠵᠦ ᠠᠪᠴᠡᠢ᠃ ᠨᠢᠭᠡ ᠬᠠᠷᠠᠭᠰᠠᠨ ᠴᠢᠨᠢ | ᠲᠡᠷᠡ ᠡᠪᠦᠭᠡᠨ ᠤ ᠭᠠᠷ ᠤᠨ ᠪᠠᠭᠤᠤ ᠠᠴᠠ ᠠᠪᠤᠭᠠᠳ ᠳᠤᠬᠤᠢ ᠳᠤᠨᠢ ᠬᠦᠷᠲᠡᠯ᠎ᠡ ᠲᠡᠮᠡᠭᠡᠨ ᠬᠤᠷᠭᠤᠤᠯ | ᠰᠢᠭᠢᠳᠬᠡᠭᠰᠡᠨ ᠶᠤᠮ ᠰᠢᠭ ᠠᠳᠡ ᠲᠡᠨᠳᠡ ᠦᠭᠡᠢ ᠠᠳᠠᠷᠤᠤ ᠪᠤᠳᠤᠷᠤᠤ ᠲᠠᠲᠠᠨ ᠰᠢᠷᠪᠤᠰᠤ ᠵᠠᠩᠭᠢᠷᠠᠭᠰᠠᠨ ᠰᠢᠭ | ᠪᠤᠯᠵᠦ᠂ ᠬᠤᠭᠤᠷᠤᠨᠳᠤ ᠪᠠᠨ ᠨᠡᠶᠢᠯᠡᠨ ᠰᠠᠯᠤᠨ ᠬᠡᠰᠡᠭ ᠪᠤᠰᠠᠭ ᠵᠠᠩᠭᠢᠷᠠᠵᠦ ᠶᠡᠭᠡ ᠵᠢᠭᠳᠡᠢ ᠬᠠᠷᠠᠭᠳᠠᠵᠦ ᠪᠠᠶᠢᠭᠰᠠᠨ | ᠪᠡᠶᠢᠵᠡᠢ ᠭᠡᠨ᠎ᠡ᠃ ᠱᠠᠯᠪᠢᠩ ᠭᠡᠨᠡᠳᠬᠡᠨ ᠰᠤᠴᠢᠵᠦ ᠬᠠᠮᠤᠭ ᠲᠡᠩᠬᠡᠬᠡ ᠴᠢᠳᠠᠯ ᠢᠶᠠᠨ ᠭᠠᠷᠭᠠᠨ ᠬᠤᠶᠠᠭᠤᠯᠠ ᠬᠦᠴᠦ | ᠲᠡᠩᠴᠡᠨ ᠨᠡᠯᠢᠶᠡᠳ ᠤᠳᠠᠵᠦ ᠪᠠᠶᠢᠭᠠᠳ ᠡᠴᠦᠰ ᠲᠡᠭᠡᠨ ᠰᠠᠶ᠋ᠢ ᠡᠪᠦᠭᠡᠨ ᠤ ᠭᠠᠷ ᠢ ᠬᠠᠵᠠᠭᠤ ᠪᠠᠷ ᠨᠢ ᠳᠠᠷᠤᠵᠦ | ᠪᠠᠭᠤᠯᠭᠠᠵᠡᠢ᠃ | ᠲᠡᠭᠡᠭᠡᠳ ᠲᠡᠷᠡ ᠡᠪᠦᠭᠡᠨ ︽ᠴᠢ ᠪᠤᠯᠬᠤ ᠶᠤᠮ ᠪᠠᠶᠢᠨ᠎ᠠ᠂ ᠬᠦᠷᠢᠶ᠎ᠡ ᠳᠤ ᠤᠴᠢᠵᠦ ᠪᠠᠷᠢᠯᠳᠤᠬᠤ ᠳᠤ ᠪᠢ | ᠪᠠᠲᠤ ᠪᠤᠯᠵᠦ ᠦᠭᠭᠦᠶ᠎ᠡ︕︾ ᠭᠡᠵᠦ ᠬᠡᠯᠡᠵᠡᠢ᠃ ᠤᠤᠯ ᠨᠢ ᠲᠡᠷᠡ ᠡᠪᠦᠭᠡᠨ ᠤᠷᠢᠳᠦ ᠵᠠᠯᠠᠭᠤ ᠪᠠᠶᠢᠬᠤ ᠳᠠᠭᠠᠨ | ᠶᠡᠭᠡ ᠡᠷ᠎ᠠ ᠴᠢᠳᠠᠯ ᠲᠠᠢ ᠨᠡᠷ᠎ᠡ ᠲᠠᠢ ᠪᠦᠬᠡᠴᠢᠨ ᠬᠦᠮᠦᠨ ᠪᠠᠶᠢᠵᠦ ᠭᠡᠨ᠎ᠡ᠃ | ᠱᠠᠯᠪᠢᠩ ᠭᠠᠯ ᠤᠨ ᠠᠬ᠎ᠠ ᠲᠠᠢ ᠪᠠᠨ ᠬᠠᠮᠲᠤ ᠠᠷᠪᠠᠨ ᠬᠡᠳᠦᠨ ᠡᠳᠦᠷ ᠶᠠᠪᠤᠭᠠᠳ ᠵᠠᠮ ᠰᠠᠯᠬᠤ ᠪᠤᠯᠵᠦ᠄ ︽ | ᠵᠠ ᠬᠥ᠋᠂ ᠳᠡᠭᠦᠦ ᠮᠢᠨᠢ ᠴᠢ ᠬᠦᠷᠢᠶᠡᠨ ᠳᠤ ᠤᠴᠢᠭᠠᠳ ᠨᠠᠮᠠᠶᠢ ᠬᠦᠯᠢᠶᠡᠵᠦ ᠪᠠᠶᠢᠳᠠᠭ ᠶᠤᠮ ᠰᠢᠦ᠂ ᠠᠬ᠎ᠠ ᠨᠢ | ᠠᠮᠵᠢᠵᠦ ᠬᠦᠷᠦᠨ᠎ᠡ︾ ᠭᠡᠵᠦ ᠬᠡᠯᠡᠭᠡᠳ ᠱᠠᠯᠪᠢᠩ ᠳᠤ ᠬᠦᠷᠢᠶ᠎ᠡ ᠣᠷᠤᠬᠤ ᠵᠠᠮ ᠵᠢᠭᠠᠵᠦ ᠦᠭᠭᠦᠭᠡᠳ ᠶᠠᠪᠤᠭᠤᠯᠵᠡᠢ ᠃ | ︵ᠦᠷᠭᠦᠯᠵᠢᠯᠡᠯ᠄ ᠱᠠᠯᠪᠢᠩ ᠪᠣᠭᠳᠠ ᠶᠢᠨ ᠬᠦᠷᠢᠶ᠎ᠡ ᠶᠢ ᠳᠤᠩᠰᠤᠯᠭᠠᠵᠦ ᠬᠡᠦᠬᠡᠨ ᠪᠦᠬᠡ ᠶᠢ ᠳᠡᠶᠢᠯᠦᠭᠰᠡᠨ︶ |