ᠪᠤᠭᠳᠠ ᠶᠢᠨ ᠬᠦᠷᠢᠶ᠎ᠡ ᠶᠢ ᠳᠤᠩᠰᠤᠯᠭᠠᠵᠦ ᠬᠡᠦᠬᠡᠨ ᠪᠦᠬᠡ ᠶᠢ ᠳᠡᠶᠢᠯᠦᠭᠰᠡᠨ | | ᠲᠡᠭᠡᠭᠡᠳ ᠲᠡᠨᠳᠡ ᠠᠴᠠ ᠴᠠᠭᠠᠰᠢ ᠨᠢ ᠶᠠᠪᠤᠵᠦ ᠪᠠᠶᠢᠭᠠᠳ ᠱᠠᠯᠪᠢᠩ ᠨᠢᠭᠡ ᠠᠶᠢᠯ ᠤᠨ ᠬᠤᠳᠳᠤᠭ ᠳᠡᠭᠡᠷ᠎ᠡ | ᠤᠴᠢᠭᠰᠠᠨ ᠳᠤ ᠨᠢᠭᠡ ᠬᠡᠦᠬᠡᠨ ᠤᠩᠭᠤᠴᠠᠨ ᠳᠤ ᠳᠡᠮᠡᠭᠡ ᠪᠠᠨ ᠤᠰᠤᠯᠠᠭᠠᠳ ᠵᠤᠭᠰᠤᠵᠤ ᠪᠠᠶᠢᠪᠠ᠃ ᠱᠠᠯᠪᠢᠩ ᠲᠡᠷᠡ | ᠬᠡᠦᠬᠡᠨ ᠠᠴᠠ᠄ ︽ᠲᠠᠨ ᠤ ᠬᠠᠯᠬ᠎ᠠ ᠶᠢᠨ ᠶᠡᠭᠡ ᠨᠠᠶᠢᠷ ᠬᠠᠮᠢᠭ᠎ᠠ ᠪᠤᠯᠵᠦ ᠪᠠᠶᠢᠨ᠎ᠠ︖ ᠵᠠᠮ ᠬᠠᠮᠢᠭᠠᠭᠤᠷ ᠶᠠᠪᠤᠬᠤ | ᠪᠤᠢ︖︾ ᠭᠡᠰᠡᠨ ᠳᠤ ᠬᠡᠦᠬᠡᠨ ᠱᠠᠯᠪᠢᠩ ᠢ ᠨᠢᠭᠡ ᠰᠠᠶᠢᠨ ᠬᠠᠷᠠᠵᠦ ᠠᠪᠤᠭᠠᠳ ᠤᠰᠤ ᠤᠤᠭᠤᠵᠦ ᠪᠠᠶᠢᠬᠰᠠᠨ ᠨᠢᠭᠡ | ᠪᠦᠳᠦᠭᠦᠨ ᠲᠡᠮᠡᠭᠡᠨ ᠤ ᠠᠷᠤ ᠪᠤᠷᠪᠢ ᠠᠴᠠ ᠨᠢ ᠰᠢᠭᠦᠷᠡᠵᠦ ᠠᠪᠤᠭᠠᠳ ︽ᠵᠠᠮ ᠳᠡᠨᠳᠡ ᠪᠠᠶᠢᠨ᠎ᠠ︾ ᠭᠡᠵᠦ ᠵᠢᠷᠭᠠᠵᠦ | ᠦᠭᠴᠡᠢ᠃ | ᠱᠠᠯᠪᠢᠩ ᠡᠨᠡ ᠦᠬᠢᠨ ᠴᠢᠨᠢ ᠶᠠᠮᠠᠷ ᠰᠠᠪᠠᠭ᠎ᠠ ᠦᠭᠡᠢ ᠶᠠᠭᠤᠮ᠎ᠠ ᠪᠠᠶᠢᠨ᠎ᠠ ᠭᠡᠵᠦ ᠪᠤᠳᠤᠭᠠᠳ ᠴᠢᠯᠠᠭᠤᠨ | ᠤᠩᠭᠤᠴᠠ ᠶᠢ ᠰᠢᠭᠦᠷᠡᠵᠦ ᠠᠪᠤᠭᠠᠳ ︽ᠳᠡᠨᠳᠡ ᠭᠡᠨ᠎ᠡ ᠤᠤ︖︾ ᠭᠡᠵᠦ ᠬᠡᠯᠡᠴᠢᠭᠡᠳ ᠦᠬᠢᠨ ᠤ ᠵᠢᠭᠠᠭᠰᠠᠨ | ᠵᠦᠭ ᠠᠭᠰᠠᠶᠢᠳᠠᠭᠠᠳ ᠶᠠᠪᠤᠵᠦ ᠭᠡᠨ᠎ᠡ᠃ ᠬᠡᠦᠬᠡᠨ ᠲᠡᠭᠦᠨ ᠢ ᠦᠵᠡᠭᠡᠳ᠂ ᠡᠨᠡ ᠡᠷ᠎ᠡ ᠴᠢᠨᠢ ᠪᠠᠰᠠ ᠤᠪᠤᠭ᠎ᠠ ᠴᠢᠳᠠᠯ | ᠲᠠᠢ ᠶᠤᠮ ᠪᠠᠶᠢᠨ᠎ᠠ ᠭᠡᠵᠦ ᠳᠤᠳᠤᠷ᠎ᠠ ᠪᠠᠨ ᠪᠤᠳᠤᠭᠰᠠᠭᠠᠷ ᠬᠤᠴᠤᠷᠪᠠ᠃ | ᠱᠠᠯᠪᠢᠩ ᠴᠠᠭᠠᠰᠢ ᠨᠢ ᠶᠠᠪᠤᠵᠦ ᠪᠠᠶᠢᠲᠠᠯ᠎ᠠ ᠵᠠᠮ ᠳᠡᠭᠡᠷ᠎ᠡ ᠨᠢ ᠨᠢᠭᠡ ᠮᠤᠩᠭᠤᠯ ᠭᠡᠷ ᠲᠠᠢ ᠠᠶᠢᠯ ᠲᠠᠭᠠᠷᠠᠵᠡᠢ᠃ ᠭᠡᠷ | ᠳᠤᠨᠢ ᠤᠷᠤᠭᠠᠳ ᠦᠵᠡᠭᠰᠡᠨ ᠴᠢᠨᠢ ᠶᠠᠭᠠᠬᠢᠬᠤ ᠶᠢᠨ ᠠᠷᠭ᠎ᠠ ᠦᠭᠡᠢ ᠬᠦᠭᠰᠢᠨ ᠡᠪᠦᠭᠡᠨ ᠡᠮᠡᠭᠡᠨ ᠬᠤᠶᠠᠷ ᠰᠠᠭᠤᠵᠦ | ᠪᠠᠶᠢᠵᠡᠢ᠃ ᠲᠡᠷᠡ ᠬᠤᠶᠠᠷ ᠬᠦᠭᠰᠢᠨ ᠱᠠᠯᠪᠢᠩ ᠤᠷᠤᠵᠦ ᠢᠷᠡᠬᠦᠯᠡᠷ ᠰᠠᠶᠢᠨ ᠭᠡᠭᠴᠢ ᠬᠠᠷᠠᠵᠦ ᠠᠪᠤᠭᠠᠳ᠄ | — ᠲᠠ ᠬᠠᠮᠢᠭ᠎ᠠ ᠠᠴᠠ ᠢᠷᠡᠪᠡ︖ ᠶᠠᠭᠤ ᠬᠢᠬᠦ ᠪᠠᠷ ᠬᠠᠮᠢᠭᠠᠰᠢ ᠪᠠᠨ ᠶᠠᠪᠤᠵᠦ ᠪᠠᠶᠢᠨ᠎ᠠ︖ ᠭᠡᠵᠦ | ᠠᠰᠠᠭᠤᠭᠰᠠᠨ ᠳᠤ᠂ | — ᠪᠢ ᠠᠯᠠᠱᠠ ᠠᠴᠠ ᠢᠷᠡᠯ᠎ᠡ᠃ ᠲᠠᠨ ᠤ ᠠᠳᠡ ᠪᠦᠬᠡ ᠶᠢᠨ ᠦᠪᠡᠳᠡᠭᠰᠢ ᠶᠡᠭᠡ ᠨᠠᠶᠢᠷ ᠪᠤᠯᠵᠦ ᠪᠠᠶᠢᠨ᠎ᠠ | ᠭᠡᠰᠡᠨ ᠢ ᠰᠤᠨᠤᠰᠤᠭᠠᠳ ᠦᠵᠡᠬᠦ ᠪᠠᠷ ᠶᠠᠪᠤᠵᠦ ᠪᠠᠶᠢᠨ᠎ᠠ ᠭᠡᠵᠡᠢ᠃ | ᠡᠪᠦᠭᠡᠨ ᠡᠮᠡᠭᠡᠨ ᠬᠤᠶᠠᠷ᠄ | — ᠦ ᠬᠦᠭᠡᠷᠦᠬᠦᠢ ᠲᠡᠶᠢᠮᠦ ᠦᠦ︖ ᠭᠡᠵᠤ ᠬᠡᠯᠡᠭᠡᠳ ᠲᠦᠯᠡᠭᠡ ᠪᠠᠨ ᠠᠪᠴᠢᠷᠠᠵᠤ ᠱᠠᠯᠪᠢᠩ ᠳᠤ ᠴᠠᠢ | ᠴᠢᠨᠠᠬᠤ ᠭᠡᠵᠤ ᠨᠢᠭᠡ ᠪᠦᠳᠦᠭᠦᠨ ᠶᠤᠵᠤᠭᠤᠷ ᠢ ᠬᠤᠶᠠᠷ ᠬᠤᠷᠤᠭᠤ ᠪᠠᠷ ᠢᠶᠠᠨ ᠪᠢᠯᠴᠠ ᠢᠮᠠᠷᠤᠨ ᠳᠤᠯᠭᠠᠨ ᠳᠠᠭᠠᠨ | ᠭᠡᠴᠢᠭᠡᠭᠡᠳ ᠬᠡᠲᠡ ᠪᠠᠨ ᠴᠤᠬᠢᠵᠤ ᠭᠠᠯ ᠢᠶᠠᠨ ᠠᠰᠠᠭᠠᠪᠠ᠃ ᠱᠠᠯᠪᠢᠩ ᠲᠡᠭᠦᠨ ᠢ ᠦᠵᠡᠭᠡᠳ ᠶᠡᠭᠡ ᠭᠠᠶᠢᠬᠠᠵᠤ | 《 ᠡᠶᠢᠮᠦ ᠬᠦᠭᠰᠢᠨ ᠡᠮᠡᠭᠡᠨ ᠪᠠᠶᠢᠵᠤ ᠪᠠᠶᠢᠭᠠᠳ ᠶᠠᠭᠠᠬᠢᠭᠰᠠᠨ ᠰᠦᠷᠡᠬᠡᠢ ᠲᠡᠩᠬᠡᠭᠡ ᠲᠠᠢ ᠶᠤᠮ ᠪᠤᠢ︖︾ ᠭᠡᠵᠤ | ᠪᠤᠳᠤᠵᠤ ᠰᠠᠭᠤᠵᠤ ᠭᠡᠨ᠎ᠡ᠃ | ᠲᠡᠭᠡᠭᠡᠳ ᠠᠶᠠᠭᠠᠯᠠᠭᠠᠳ ᠦᠭᠭᠦᠭᠰᠡᠨ ᠴᠠᠢ ᠶᠢ ᠨᠢ ᠤᠤᠭᠤᠬᠤ ᠶᠢᠨ ᠵᠠᠪᠰᠠᠷ《 ᠲᠡᠷᠡ ᠮᠤᠳᠤᠨ ᠶᠤᠵᠤᠭᠤᠷ | ᠴᠤᠬᠤᠮ ᠬᠡᠳᠦᠢ ᠬᠠᠲᠠᠭᠤ ᠶᠤᠮ ᠪᠠᠶᠢᠨ᠎ᠠ》ᠭᠡᠵᠤ ᠪᠤᠳᠤᠭᠠᠳ ᠨᠢᠳᠦ ᠠᠯᠳᠠᠭᠤᠯᠵᠤ ᠦᠨᠦ ᠮᠤᠳᠤᠨ ᠶᠤᠵᠤᠭᠤᠷ ᠢ | ᠨᠢ ᠠᠪᠴᠤ ᠬᠢᠮᠤᠰᠤ ᠪᠠᠷ ᠢᠶᠠᠨ ᠡᠮᠲᠡᠯᠡᠵᠤ ᠦᠵᠡᠭᠰᠡᠨ ᠴᠢᠨᠢ ᠤᠭᠲᠤ ᠳᠡᠶᠢᠯᠦᠭᠳᠡᠳᠡᠭ ᠶᠠᠭᠤᠮ᠎ᠠ ᠪᠢᠰᠢ ᠪᠠᠶᠢᠨ᠎ᠠ᠃ | ᠲᠡᠭᠡᠭᠡᠳ ᠱᠠᠯᠪᠢᠩ ᠄《 ᠵᠠ᠂ ᠡᠨᠡ ᠡᠮᠡᠭᠡᠨ ᠴᠤ ᠪᠠᠰᠠ ᠰᠦᠷᠡᠬᠡᠢ ᠴᠢᠳᠠᠯ ᠲᠠᠢ ᠠᠮᠢᠲᠠᠨ ᠶᠤᠮ | ᠪᠠᠶᠢᠨ᠎ᠠ》ᠭᠡᠵᠤ ᠪᠤᠳᠤᠭᠠᠳ ᠴᠠᠢ ᠪᠠᠨ ᠤᠤᠭᠤᠴᠢᠬᠠᠭᠠᠳ ᠨᠠᠶᠢᠷ ᠤᠨ ᠵᠦᠭ ᠶᠠᠪᠤᠵᠤ ᠭᠡᠨ᠎ᠡ᠃ | ᠱᠠᠯᠪᠢᠩ ᠲᠡᠳᠡᠨ ᠤ ᠵᠢᠭᠠᠵᠤ ᠦᠭᠭᠦᠭᠰᠡᠨ ᠶᠤᠰᠤᠭᠠᠷ ᠶᠠᠪᠤᠵᠤ ᠬᠦᠷᠢᠶ᠎ᠡ ᠤᠷᠤᠭᠠᠳ᠂ ᠨᠢᠭᠡ ᠠᠶᠢᠯ ᠤᠯᠵᠤ | ᠳᠤᠲᠤᠷ᠎ᠠ ᠭᠠᠳᠠᠨᠠᠬᠢ ᠶᠢᠨ ᠠᠵᠢᠯ ᠶᠠᠪᠤᠳᠠᠯ ᠳᠤᠨᠢ ᠵᠠᠷᠤᠭᠳᠠᠨ ᠭᠠᠯ ᠤᠨ ᠠᠬ᠎ᠠ ᠪᠠᠨ ᠬᠦᠯᠢᠶᠡᠵᠤ ᠰᠠᠭᠤᠲᠠᠯ᠎ᠠ᠂ ᠶᠡᠭᠡ | ᠮᠦᠷᠦᠶᠢᠴᠡᠭᠡᠨ ᠤ ᠡᠳᠦᠷ ᠬᠤᠭᠤᠴᠠᠭ᠎ᠠ ᠨᠢ ᠲᠤᠯᠤᠭᠠᠳ ᠢᠷᠡᠵᠡᠢ᠃ ᠲᠡᠭᠡᠭᠡᠳ ᠯᠠ ᠭᠠᠵᠠᠷ ᠭᠠᠵᠠᠷ ᠤᠨ ᠰᠠᠶᠢᠨ | ᠪᠦᠬᠡᠴᠦᠳ ᠳᠦᠷᠪᠡᠨ ᠵᠦᠭ ᠨᠠᠢᠮᠠᠨ ᠵᠤᠪᠬᠢᠰ ᠠᠴᠠ ᠳ᠋ᠠ ᠬᠦᠷᠢᠶ᠎ᠡ ᠳᠤ ᠴᠤᠭᠯᠠᠷᠠᠨ ᠢᠷᠡᠭᠰᠡᠨ ᠨᠢ ᠬᠤᠷ᠎ᠠ ᠶᠢᠨ | ᠡᠭᠦᠯᠡ ᠮᠡᠲᠦ ᠵᠤᠵᠠᠭᠠᠨ ᠪᠦᠭᠡᠳ ᠰᠦᠷ ᠰᠤᠷᠲᠤᠭᠤ ᠭᠡᠳᠡᠭ ᠴᠢᠨᠢ ᠵᠢᠷᠦᠬᠡ ᠮᠠᠭᠤᠲᠠᠢ ᠬᠦᠮᠦᠨ ᠤ ᠡᠪᠡᠳᠴᠢᠨ ᠢ ᠨᠢ | ᠬᠦᠳᠡᠯᠭᠡᠵᠤ ᠤᠨᠠᠭᠠᠮᠠᠷ ᠰᠢᠭ ᠪᠤᠯᠵᠤ ᠭᠡᠨ᠎ᠡ᠃ ᠭᠡᠲᠡᠯ᠎ᠡ ᠭᠠᠯ ᠤᠨ ᠠᠬ᠎ᠠ ᠡᠪᠦᠭᠡᠨ ᠪᠠᠷ᠎ᠠ ᠦᠭᠡᠢ ᠪᠠᠶᠢᠭᠰᠠᠭᠠᠷ | ᠪᠠᠶᠢᠵᠠᠢ᠃ ᠲᠡᠭᠡᠵᠤ ᠪᠠᠶᠢᠲᠠᠯ᠎ᠠ ᠨᠡᠷ᠎ᠡ ᠮᠡᠳᠡᠭᠦᠯᠬᠦ ᠡᠳᠦᠷ ᠨᠢ ᠪᠤᠯᠵᠤ᠂ ᠨᠡᠷ᠎ᠡ ᠮᠡᠳᠡᠭᠦᠯᠬᠦ ᠪᠠᠷ ᠤᠴᠢᠭᠰᠠᠨ ᠴᠢᠨᠢ | ᠬᠠᠷᠢ ᠭᠠᠵᠠᠷ ᠤᠨ ᠴᠠᠭᠠᠴᠢᠨ ᠭᠡᠳ ᠱᠠᠯᠪᠢᠩ ᠢ ᠲᠦᠯᠬᠢᠨ ᠭᠠᠷᠭᠠᠵᠠᠢ᠃ ᠤᠳᠤ ᠶᠠᠭᠠᠬᠢᠳᠠᠭ ᠪᠢᠯᠡ ᠭᠡᠳ ᠱᠠᠯᠪᠢᠩ | ᠪᠠᠴᠢᠮᠳᠠᠬᠤ ᠶᠢᠨ ᠲᠦᠢᠯ ᠪᠤᠯᠤᠨ ᠵᠡᠭᠡᠯᠢ ᠬᠡᠰᠤᠵᠤ ᠪᠠᠷ᠎ᠠ ᠬᠠᠷᠠᠨ ᠶᠠᠪᠤᠲᠠᠯ᠎ᠠ᠂ ᠬᠠᠷᠢᠨ ᠶᠠᠭ ᠰᠠᠶᠢᠬᠠᠨ ᠭᠠᠯ ᠤᠨ | ᠠᠬ᠎ᠠ ᠶᠢᠨ ᠨᠢᠰᠬᠦ ᠮᠡᠲᠦ ᠳᠤᠪᠲᠤᠯᠭᠠᠵᠤ ᠢᠷᠡᠬᠦ ᠲᠠᠢ ᠨᠢ ᠲᠠᠭᠠᠷᠠᠵᠠᠢ᠃ ᠡᠪᠦᠭᠡᠨ ᠵᠠᠯᠠᠭᠤ ᠳᠠᠭᠠᠨ ᠡᠮᠦᠰᠴᠦ | ᠪᠠᠶᠢᠭᠰᠠᠨ ᠵᠤᠳᠤᠭ ᠭᠤᠲᠤᠯ ᠲᠡᠷᠢᠭᠦᠲᠡᠨ ᠢᠶᠠᠨ ᠠᠪᠴᠢᠷᠠᠵᠤ ᠱᠠᠯᠪᠢᠩ ᠳᠤ ᠦᠭᠭᠦᠭᠰᠡᠨ ᠪᠠ ᠮᠦᠨ ᠳᠤᠤᠷ᠎ᠠ ᠨᠢ | ᠱᠠᠯᠪᠢᠩ ᠢ ᠳᠠᠭᠠᠭᠤᠯᠤᠨ ᠠᠪᠠᠴᠢᠵᠤ ᠪᠡᠶ᠎ᠡ ᠪᠠᠷ ᠢᠶᠠᠨ ᠪᠠᠲᠤᠯᠠᠨ ᠳᠠᠭᠠᠭᠠᠵᠤ ᠪᠠᠶᠢᠭᠠᠳ ᠨᠡᠷ᠎ᠡ ᠶᠢ ᠨᠢ ᠮᠡᠳᠡᠭᠦᠯᠵᠤ | ᠦᠭᠴᠡᠢ᠃ | ᠬᠠᠯᠬ᠎ᠠ ᠶᠢᠨ ᠪᠦᠬᠡ ᠶᠢᠨ ᠤᠷᠤᠯᠳᠤᠭᠠᠨ ᠶᠠᠭ ᠰᠠᠶᠢᠬᠠᠨ ᠶᠠᠪᠤᠭᠳᠠᠵᠤ ᠪᠠᠶᠢᠨ᠎ᠠ᠃ ᠬᠠᠯᠬ᠎ᠠ ᠶᠢᠨ | ᠶᠠᠩᠵᠢᠨᠳᠤᠯᠮ᠎ᠠ ᠭᠡᠳᠡᠭ ᠨᠡᠷ᠎ᠡ ᠲᠠᠢ ᠪᠦᠬᠡᠴᠢᠨ ᠪᠠᠷᠢᠯᠳᠤᠭᠰᠠᠨ ᠪᠦᠬᠦᠨ ᠢᠶᠠᠨ ᠳᠡᠯᠪᠡ ᠳᠡᠯᠪᠡ ᠴᠤᠬᠢᠵᠤ ᠪᠠᠶᠢᠬᠤ ᠨᠢ | ᠬᠠᠷᠠᠭᠳᠠᠪᠠ᠂ ᠱᠠᠯᠪᠢᠩ ᠰᠠᠶᠢᠨ ᠠᠵᠢᠭᠯᠠᠵᠤ ᠦᠵᠡᠭᠰᠡᠨ ᠴᠢᠨᠢ ᠦᠨᠦ ᠶᠠᠩᠵᠢᠨᠳᠤᠯᠮ᠎ᠠ ᠴᠢᠨᠢ ᠬᠠᠷᠢᠨ ᠵᠠᠮ ᠲᠡᠭᠡᠷ᠎ᠡ | ᠴᠢᠯᠠᠭᠤᠨ ᠤᠩᠭᠤᠴᠠᠨ ᠳᠤ ᠲᠡᠮᠡᠭᠡ ᠤᠰᠤᠯᠠᠵᠤ ᠪᠠᠶᠢᠭᠰᠠᠨ ᠲᠡᠷᠡ ᠬᠡᠦᠬᠡᠨ ᠮᠦᠨ ᠪᠠᠶᠢᠨ᠎ᠠ᠃ ᠱᠠᠯᠪᠢᠩ ᠡᠨᠡ | ᠬᠡᠦᠬᠡᠨ ᠴᠤᠬᠤᠮ ᠬᠡᠳᠦᠢ ᠵᠡᠷᠭᠡ ᠲᠡᠩᠬᠡᠭᠡ ᠲᠠᠢ ᠶᠤᠮ ᠪᠤᠯ︖ ᠰᠤᠨᠤᠰᠬᠤᠯ᠎ᠠ ᠪᠠᠷᠢᠯᠳᠤᠭᠰᠠᠨ ᠬᠦᠮᠦᠨ ᠢᠶᠠᠨ | ᠠᠯᠠᠭᠠᠳ ᠪᠠᠶᠢᠳᠠᠭ ᠭᠡᠰᠡᠨ᠂ ᠲᠡᠭᠦᠨ ᠢ ᠨᠢᠭᠡ ᠳᠡᠶᠢᠯᠦᠶᠡ ᠭᠡᠵᠤ ᠪᠤᠳᠤᠵᠤ ᠪᠠᠶᠢᠵᠠᠢ᠃ | ᠡᠨᠡ ᠤᠳᠠᠭᠠᠨ ᠤ ᠪᠦᠬᠡ ᠶᠢᠨ ᠨᠠᠶᠢᠷ ᠳᠡᠭᠡᠷ᠎ᠡ ᠨᠡᠶᠢᠲᠡ ᠲᠠᠪᠤᠨ ᠵᠠᠭᠤᠨ ᠠᠷᠪᠠᠨ ᠬᠤᠶᠠᠷ ᠪᠦᠬᠡᠴᠢᠨ | ᠰᠢᠷᠦᠭᠦᠨ ᠮᠦᠷᠦᠶᠢᠴᠡᠭᠡᠨ ᠳᠤ ᠤᠷᠤᠵᠠᠢ᠃ ᠱᠠᠯᠪᠢᠩ ᠳᠠᠷᠠᠭ᠎ᠠ ᠳᠠᠷᠠᠭ᠎ᠠ ᠪᠠᠷ ᠤᠯᠠᠨ ᠨᠤᠭᠤᠯᠤᠭ᠎ᠠ ᠶᠢ ᠰᠢᠪᠲᠤᠯᠤᠨ | ᠳᠡᠪᠡᠵᠤ ᠶᠠᠪᠤᠭᠰᠠᠭᠠᠷ ᠡᠴᠦᠰ ᠤᠨ ᠨᠠᠢᠮᠨ ᠳᠤ ᠤᠷᠤᠭᠠᠳ ᠢᠷᠡᠬᠦ ᠳᠤ᠂ ᠡᠨᠡ ᠶᠠᠭᠤᠨ ᠬᠦᠮᠦᠨ ᠬᠠᠮᠢᠭ᠎ᠠ ᠠᠴᠠ | ᠭᠠᠷᠤᠭᠠᠳ ᠢᠷᠡᠴᠢᠭᠡᠬᠦ ᠨᠢ ᠪᠤᠢ ᠭᠡᠵᠤ ᠶᠡᠭᠡ ᠨᠠᠶᠢᠷ ᠤᠨ ᠲᠠᠯᠠᠪᠠᠢ ᠳᠡᠭᠡᠷ᠎ᠡ ᠪᠤᠴᠠᠯᠤᠨ ᠱᠤᠤᠭᠢᠯᠳᠤᠵᠠᠢ᠃ ᠲᠡᠶᠢᠨ ᠬᠦ | ᠲᠦᠰᠢᠮᠡᠯ ᠳᠠᠭᠠᠮᠠᠯ ᠤᠳ ᠲᠡᠷᠡ ᠤᠴᠢᠷ ᠢ ᠶᠡᠭᠡ ᠬᠡᠷᠡᠭ ᠪᠤᠯᠭᠠᠵᠤ᠂ ᠠᠭᠤᠷᠯᠠᠬᠤ ᠨᠢ ᠠᠭᠤᠷᠯᠠᠵᠤ᠂ ᠪᠠᠴᠢᠮᠳᠠᠬᠤ ᠨᠢ | ᠪᠠᠴᠢᠮᠳᠠᠵᠤ᠂ ᠬᠡᠷᠪᠡ ᠲᠡᠷᠡ ᠭᠠᠳᠠᠨ᠎ᠠ ᠶᠢᠨ ᠬᠦᠮᠦᠨ ᠰᠤᠭᠤᠷᠠᠭᠠᠳ ᠭᠠᠷᠤᠭᠠᠳ ᠢᠷᠡᠬᠦ ᠳᠤ ᠬᠦᠷᠪᠡᠯ ᠶᠡᠭᠡ | ᠬᠠᠯᠬ᠎ᠠ ᠶᠢᠨ ᠨᠡᠷ᠎ᠡ ᠨᠢᠭᠤᠷ ᠢ ᠬᠠᠮᠢᠭ᠎ᠠ ᠪᠠᠨ ᠲᠠᠯᠪᠢᠨ᠎ᠠ ᠪᠤᠢ᠂ ᠶᠠᠭᠤ ᠬᠡᠯᠡᠭᠰᠡᠨ ᠴᠤ ᠪᠦᠬᠡ ᠶᠢᠨ ᠮᠠᠩᠯᠠᠢ ᠶᠢ | ᠲᠡᠭᠦᠨ ᠳᠤ ᠠᠯᠳᠠᠵᠤ ᠪᠤᠯᠬᠤ ᠦᠭᠡᠢ ᠭᠡᠵᠤ ᠬᠡᠯᠡᠯᠴᠡᠭᠡᠳ᠂ ᠤᠳᠤ ᠭᠠᠭᠴᠠᠬᠦ《 ᠳᠤᠭᠰᠢᠳ》 ᠢ ᠠᠪᠴᠢᠷᠠᠵᠤ | ᠲᠡᠷᠡ ᠬᠠᠷᠢ ᠶᠢᠨ ᠲᠡᠨᠦᠭᠦᠯ ᠲᠠᠢ ᠠᠭᠤᠯᠵᠠᠭᠤᠯᠤᠶ᠎ᠠ᠂ ᠲᠡᠭᠡᠪᠡᠯ ᠲᠡᠭᠦᠨ ᠢ ᠳᠠᠷᠠᠭ᠎ᠠ ᠶᠢᠨ ᠨᠤᠭᠤᠯᠤᠭ᠎ᠠ ᠠᠴᠠ | ᠬᠠᠰᠤᠵᠤ ᠬᠠᠶᠠᠬᠤ ᠪᠤᠯᠤᠨ᠎ᠠ ᠭᠡᠮᠡᠨ ᠵᠦᠪᠳᠡᠨ ᠲᠤᠭᠲᠠᠵᠠᠢ᠃ | ᠲᠡᠭᠦᠨ ᠤ ᠮᠠᠷᠭᠠᠰᠢ ᠨᠢ ᠳᠠᠷᠠᠭ᠎ᠠ ᠶᠢᠨ ᠨᠤᠭᠤᠯᠤᠭᠠᠨ ᠤ ᠳᠦᠷᠪᠡᠨ ᠪᠦᠬᠡ ᠶᠢ ᠰᠢᠯᠭᠠᠷᠠᠭᠤᠯᠬᠤ ᠪᠤᠯᠵᠤ᠂ | ᠱᠠᠯᠪᠢᠩ ᠪᠠᠷᠢᠯᠳᠤᠭᠠᠨ ᠤ ᠲᠠᠯᠠᠪᠤᠷ ᠲᠤ ᠭᠠᠷᠬᠤ ᠪᠠᠷ ᠪᠡᠯᠡᠳᠭᠡᠨ ᠪᠠᠶᠢᠲᠠᠯ᠎ᠠ᠂ ᠡᠰᠡᠷᠬᠦ ᠲᠠᠯ᠎ᠠ ᠠᠴᠠ ᠭᠠᠷᠴᠤ | ᠢᠷᠡᠭᠰᠡᠨ ᠨᠢ ᠤᠭᠲᠤ ᠦᠵᠡᠭᠡ ᠦᠭᠡᠢ ᠰᠢᠨ᠎ᠡ ᠬᠦᠮᠦᠨ ᠪᠤᠯᠤᠭᠰᠠᠨ ᠲᠤᠯᠠ᠂ ᠦᠨᠦᠭᠡᠳᠦᠷ ᠤᠨ ᠪᠤᠯᠢᠶᠠᠯᠳᠤᠭᠠᠨ ᠢ | ᠦᠴᠦᠭᠡᠳᠦᠷ ᠤᠨ ᠨᠠᠢᠮᠠᠨ ᠪᠦᠬᠡ ᠳᠤᠲᠤᠷ᠎ᠠ ᠶᠠᠪᠤᠭᠤᠯᠬᠤ ᠶᠤᠰᠤᠲᠠᠢ ᠪᠢᠯᠡ᠂ ᠶᠠᠭᠠᠬᠢᠭᠠᠳ ᠢᠩᠬᠢᠵᠤ ᠡᠶᠢᠮᠦ ᠰᠢᠨ᠎ᠡ | ᠬᠦᠮᠦᠨ ᠲᠠᠯᠪᠢᠵᠤ ᠤᠷᠤᠭᠤᠯᠵᠤ ᠪᠠᠶᠢᠳᠠᠭ ᠶᠤᠮ ᠪᠤᠢ ᠭᠡᠵᠤ ᠶᠡᠭᠡ ᠭᠠᠶᠢᠬᠠᠵᠠᠢ᠃ ᠲᠡᠳᠦᠢ ᠳᠤ ᠭᠠᠯ ᠤᠨ ᠠᠬ᠎ᠠ | ᠬᠠᠵᠠᠭᠤ ᠠᠴᠠ ᠨᠢ ᠳᠤᠤᠷ᠎ᠠ ᠳᠠᠭᠤ ᠪᠠᠷ᠄ | — ᠵᠠ᠂ ᠡᠭᠦᠨ ᠢᠶᠠᠷ ᠦᠵᠡᠪᠡᠯ ᠬᠡᠷᠡᠭ ᠪᠢᠰᠢ ᠪᠤᠯᠵᠤ ᠪᠠᠶᠢᠭ᠎ᠠ ᠶᠤᠮ ᠪᠠᠶᠢᠨ᠎ᠠ ᠰᠢᠦ᠃ ᠴᠠᠭᠠᠳᠤᠬᠢ ᠴᠢᠨᠢ | ᠪᠤᠯ ᠦᠰᠦ ᠨᠢ ᠤᠷᠲᠤ ᠦᠵᠡᠯ ᠨᠢ ᠤᠬᠤᠷ ᠪᠤᠯᠪᠠᠴᠤ᠂ ᠬᠦᠴᠦ ᠲᠡᠩᠬᠡᠭᠡ ᠪᠠᠷ ᠢᠶᠠᠨ ᠪᠤᠯ ᠬᠠᠷᠢᠨ ᠬᠦᠮᠦᠨ ᠤ | ᠳᠤᠤᠷ᠎ᠠ ᠤᠷᠤᠵᠤ ᠦᠵᠡᠭᠡᠭᠡ ᠦᠭᠡᠢ ᠶᠠᠪᠤᠭᠰᠠᠨ ᠠᠮᠢᠲᠠᠨ ᠪᠤᠢ᠃ ᠰᠦᠷᠡᠬᠡᠢ ᠬᠡᠷᠰᠡᠦᠭᠦᠯᠡᠭᠡᠷᠡᠢ︕ ᠭᠡᠵᠡᠢ᠃ | ᠱᠠᠯᠪᠢᠩ ᠴᠤ ᠳᠤᠲᠤᠷ᠎ᠠ ᠪᠠᠨ ᠨᠠᠢᠮᠠᠨ ᠶᠢᠰᠦᠨ ᠬᠤᠪᠢ ᠪᠠᠷᠤᠭᠯᠠᠨ ᠮᠡᠳᠡᠵᠠᠢ᠃ | ᠳᠡᠨᠳᠡ ᠠᠴᠠ ᠬᠤᠶᠠᠷ ᠡᠲᠡᠭᠡᠳ ᠲᠠᠯᠠᠪᠤᠷ ᠲᠤ ᠭᠠᠷᠴᠦ ᠭᠠᠷ ᠵᠤᠯᠭᠠᠨ ᠠᠪᠤᠯᠳᠤᠵᠦ ᠡᠬᠢᠯᠡᠬᠦ ᠭᠡᠲᠡᠯ᠎ᠡ᠂ ᠲᠡᠷᠡ | ᠰᠢᠨ᠎ᠡ ᠪᠦᠬᠡ ᠱᠠᠯᠪᠢᠩ ᠢ ᠰᠢᠭᠤᠳ ᠨᠤᠴᠤᠨ ᠳᠠᠭᠠᠷᠢᠵᠦ ᠢᠷᠡᠭᠡᠳ ᠮᠦᠷᠦᠨ ᠳᠡᠭᠡᠷ᠎ᠡ ᠠᠴᠠ ᠠᠳᠬᠤᠨ ᠨᠢᠭᠡ ᠯᠡ | ᠬᠦᠴᠦᠳᠡᠢ ᠳᠤᠭᠳᠤᠷᠤᠭᠰᠠᠨ ᠳᠤ ᠱᠠᠯᠪᠢᠩ ᠤᠷᠤᠭᠰᠢ ᠪᠠᠨ ᠱᠤᠩᠭᠤᠴᠢᠵᠦ ᠤᠨᠠᠬᠤ ᠵᠠᠪᠳᠤᠭᠰᠠᠨ ᠪᠤᠯᠪᠠᠴᠦ ᠪᠤᠰᠢᠭᠤ | ᠱᠠᠯᠠᠮᠠᠭᠠᠢ ᠳᠡᠭᠡᠷ᠎ᠡ ᠠᠴᠠ ᠪᠠᠨ ᠪᠠᠰᠠ ᠬᠦᠯ ᠤᠨ ᠲᠠᠮᠢᠷ ᠳᠡᠩᠬᠡᠬᠡ ᠪᠠᠷ ᠴᠢᠩᠭ᠎ᠠ ᠲᠤᠯᠠ ᠠᠷᠠᠢ ᠠᠮᠵᠢᠨ ᠲᠣᠭᠲᠠᠵᠤ | ᠴᠢᠳᠠᠵᠡᠢ᠃ ᠳᠠᠬᠢᠨ ᠪᠠᠷᠢᠯᠳᠤᠬᠤ ᠳᠠᠭᠠᠨ ᠲᠡᠭᠦᠨ ᠤ ᠵᠤᠳᠤᠭ ᠤᠨ ᠡᠩᠭᠡᠷ ᠠᠴᠠ ᠨᠢ ᠰᠢᠬᠦᠷᠡᠨ ᠪᠠᠶᠢᠵᠦ᠂ ᠳᠠᠬᠢᠭᠠᠳ | ᠨᠢᠬᠡ ᠰᠢᠭᠦᠷᠡᠬᠦ ᠳᠡᠭᠡᠨ ᠵᠤᠳᠤᠭ ᠤᠨ ᠳᠤᠳᠤᠭᠤᠷᠬᠢ ᠴᠡᠭᠡᠵᠢ ᠪᠠᠨ ᠤᠷᠢᠶᠠᠭᠰᠠᠨ ᠲᠣᠷᠭ᠎ᠠ ᠠᠴᠠ ᠨᠢ ᠪᠠᠷᠢᠵᠤ | ᠠᠪᠤᠭᠠᠳ ᠤᠭᠵᠤᠮ ᠤᠭᠵᠠᠷᠠᠨ ᠲᠠᠲᠠᠳᠠᠯᠠ᠂ ᠰᠢᠷᠳ᠋ᠬᠢᠬᠦ ᠳᠠᠭᠤ ᠭᠠᠷᠤᠨ ᠬᠡᠳᠦ ᠬᠡᠳᠦᠨ ᠳᠠᠪᠬᠤᠷ ᠲᠤᠷᠭ᠎ᠠ | ᠬᠡᠷᠴᠢᠭᠳᠡᠭᠰᠡᠨ ᠮᠡᠲᠦ ᠲᠠᠰᠤ ᠤᠴᠢᠵᠦ᠂ ᠴᠠᠭᠠᠨ᠎ᠠ ᠠᠴᠠ ᠨᠢ ᠲᠦᠭᠳᠦᠶᠢᠭᠰᠡᠨ ᠪᠦᠳᠦᠭᠦᠨ ᠬᠤᠶᠠᠷ ᠬᠥᠬᠦ | ᠲᠦᠯᠬᠢᠭᠳᠡᠭᠰᠡᠨ ᠮᠡᠲᠦ ᠤᠷᠤᠭᠰᠢ ᠪᠠᠨ ᠰᠡᠷᠡᠶᠢᠵᠦ ᠭᠠᠷᠴᠦ ᠢᠷᠡᠵᠡᠢ᠃ ᠲᠡᠭᠡᠬᠦᠯᠡᠷ ︽ᠲᠤᠭᠰᠢᠳ︾ ᠭᠡᠵᠦ | ᠪᠠᠶᠢᠭᠰᠠᠨ ᠲᠡᠷᠡ ᠶᠡᠭᠡ ᠪᠦᠬᠡ ᠨᠢ ᠬᠠᠷᠢᠨ ᠬᠡᠦᠬᠡᠨ ᠬᠦᠮᠦᠨ ᠪᠠᠶᠢᠭᠰᠠᠨ ᠠᠵᠡᠢ᠃ ᠲᠡᠭᠡᠳᠡᠯ᠎ᠡ ᠡᠷᠬᠢᠨ ᠲᠤᠭᠤᠷᠢᠨ ᠤ | ᠲᠡᠷᠡ ᠬᠡᠳᠦᠨ ᠮᠢᠩᠭᠠᠨ ᠦᠵᠡᠭᠴᠢᠳ ᠨᠢᠭᠡ ᠯᠡ ᠳᠤᠤᠷ᠎ᠠ ᠬᠦᠷᠳᠡᠬᠢᠨ ᠪᠣᠰᠴᠦ᠂ ᠴᠤᠬᠤᠮ ᠶᠠᠭᠤ ᠬᠡᠯᠡᠵᠦ ᠪᠠᠶᠢᠬᠤ | ᠨᠢ ᠮᠡᠳᠡᠭᠳᠡᠬᠦ ᠦᠭᠡᠢ᠂ ᠵᠦᠭᠡᠷ ᠯᠡ ᠭᠠᠵᠠᠷ ᠳᠤᠷᠬᠢᠳᠠᠯ᠎ᠠ ᠬᠠᠰᠬᠢᠷᠤᠯᠳᠤᠨ ᠦᠢᠮᠡᠯᠳᠦᠬᠦ ᠳᠤ᠂ ᠬᠡᠦᠬᠡᠨ ᠪᠦᠬᠡ ᠴᠢᠷᠠᠢ | ᠪᠠᠨ ᠤᠯᠠᠶᠢᠯᠭᠠᠨ ᠡᠩᠭᠡᠷ ᠢᠶᠠᠨ ᠳᠠᠷᠤᠭᠠᠳ ᠴᠠᠭᠠᠰᠢ ᠨᠢ ᠮᠠᠶᠢᠬᠠᠨ ᠤ ᠪᠠᠨ ᠵᠦᠭ ᠲᠤ ᠠᠮᠢᠰᠬᠤᠭ᠎ᠠ ᠠᠪᠤᠯ ᠦᠭᠡᠢ | ᠬᠠᠷᠠᠶᠢᠯᠠᠨ ᠳᠠᠪᠬᠢᠵᠦ ᠤᠳᠴᠡᠢ᠃ | ᠲᠡᠭᠡᠭᠡᠳ ᠲᠡᠷᠡ ᠬᠤᠶᠠᠷ ᠪᠠᠷᠢᠯᠳᠤᠨ ᠲᠡᠩᠴᠡᠯᠳᠦᠵᠦ ᠪᠠᠶᠢᠭᠰᠠᠭᠠᠷ ᠪᠦᠲᠦᠨ ᠡᠳᠦᠷ ᠪᠤᠯᠵᠦ ᠡᠴᠦᠰ ᠲᠡᠭᠡᠨ | ᠱᠠᠯᠪᠢᠩ᠂ ᠶᠠᠩᠵᠢᠩᠳᠤᠯᠮᠠ ᠶᠢ ᠠᠷᠠᠢ ᠭᠡᠵᠦ ᠳᠡᠶᠢᠯᠵᠦ ᠳᠤᠯᠤᠭᠠᠢ ᠶᠢ ᠨᠢ ᠭᠠᠵᠠᠷ ᠲᠤ ᠲᠤᠬᠤᠢ ᠰᠢᠭᠠᠵᠦ | ᠬᠠᠶᠠᠪᠠ᠃ | ᠬᠠᠯᠬ᠎ᠠ ᠶᠢᠨ ᠠᠯᠳᠠᠷᠲᠦ ᠪᠦᠬᠡᠴᠢᠨ ᠢ ᠬᠠᠶᠠᠭᠰᠠᠨ ᠳᠤ ᠬᠠᠯᠬ᠎ᠠ ᠶᠢᠨ ᠬᠠᠭᠠᠨ ᠬᠦᠯᠢᠶᠡᠬᠦ ᠪᠠᠨ ᠪᠠᠶᠢᠵᠦ᠄ | — ᠬᠤᠷᠳᠤᠨ ᠲᠡᠷᠡ ᠠᠯᠠᠱᠠ ᠶᠢᠨ ᠪᠦᠬᠡᠴᠢᠨ ᠢ ᠪᠠᠷᠢᠵᠦ ᠪᠦᠭᠰᠡ ᠶᠢ ᠨᠢ ᠴᠤᠬᠢ︕ ᠭᠡᠵᠦ ᠵᠠᠷᠯᠢᠭᠳᠠᠪᠠ᠃ | ᠱᠠᠯᠪᠢᠩ ᠤᠯᠠᠨ ᠠᠮᠢᠲᠠᠨ ᠦᠢᠮᠡᠯᠳᠦᠵᠦ ᠡᠬᠢᠯᠡᠬᠦ ᠳᠠᠯᠢᠮ ᠳᠤ ᠳᠤᠳᠠᠭᠠᠭᠠᠳ ᠶᠠᠪᠤᠴᠢᠬᠠᠪᠠ᠃ | ᠱᠠᠯᠪᠢᠩ ᠳᠤᠳᠠᠭᠠᠵᠦ ᠶᠠᠪᠤᠬᠤ ᠵᠠᠮ ᠳᠠᠭᠠᠨ ᠬᠠᠷᠠᠩᠭᠤᠶᠢᠯᠠᠵᠦ ᠴᠠᠩᠭᠠᠭᠠᠳ ᠲᠡᠰᠬᠦ ᠦᠭᠡᠢ ᠪᠤᠯᠬᠤᠷ ᠥᠨᠥ ᠰᠦᠷᠡᠬᠡᠢ | ᠳᠡᠩᠬᠡᠬᠡ ᠲᠠᠢ ᠡᠮᠡᠭᠡᠨ ᠡᠪᠦᠭᠡᠨ ᠬᠤᠶᠠᠷ ᠤᠨ ᠳᠤ ᠬᠦᠷᠴᠦ ᠣᠴᠢᠪᠡ᠃ ᠡᠮᠡᠭᠡᠨ ᠡᠪᠦᠭᠡᠨ ᠬᠤᠶᠠᠷ ᠱᠠᠯᠪᠢᠩ ᠢ | ᠦᠵᠡᠭᠡᠳ᠄ | — ᠬᠦᠶ᠋ᠢ᠂ ᠬᠤᠯᠠ ᠶᠢᠨ ᠭᠡᠶᠢᠴᠢᠨ ᠢᠷᠡᠯ᠎ᠡ᠂ ᠬᠤᠷᠳᠤᠨ ᠬᠤᠭᠤᠯᠠ ᠤᠮᠳᠠ ᠬᠢᠵᠦ ᠦᠭᠭᠦᠶ᠎ᠡ ᠭᠡᠳ ᠮᠦᠨ | ᠲᠦᠯᠡᠭᠡ ᠪᠠᠨ ᠬᠤᠷᠤᠭᠤ ᠪᠠᠷ ᠢᠶᠠᠨ ᠢᠮᠡᠷᠴᠦ ᠪᠢᠯᠴᠠᠯᠠᠭᠠᠳ ᠭᠠᠯ ᠢᠶᠠᠨ ᠠᠰᠠᠭᠠᠵᠦ ᠱᠠᠯᠪᠢᠩ ᠳᠤ ᠦᠬᠡᠷ ᠤᠨ ᠮᠢᠬ᠎ᠠ | ᠴᠢᠨᠠᠵᠦ ᠥᠭᠪᠡ᠃ ᠱᠠᠯᠪᠢᠩ ᠦᠬᠡᠷ ᠤᠨ ᠮᠢᠬ᠎ᠠ ᠢᠳᠡᠵᠦ ᠪᠠᠶᠢᠭᠠᠳ ᠴᠢᠮᠦᠭᠡ ᠶᠢ ᠨᠢ ᠬᠤᠷᠤᠭᠤ ᠪᠠᠷ ᠢᠶᠠᠨ ᠢᠮᠡᠷᠴᠦ | ᠪᠠᠯᠪᠠᠯᠤᠭᠠᠳ ᠳᠤᠳᠤᠷᠠᠬᠢ ᠲᠤᠰᠤᠨ ᠴᠢᠮᠦᠭᠡ ᠶᠢ ᠨᠢ ᠰᠤᠷᠤᠵᠦ ᠢᠳᠡᠬᠦ ᠶᠢ ᠨᠢ ᠠᠶᠢᠯ ᠤᠨ ᠡᠪᠦᠭᠡᠨ ᠤᠯᠵᠦ | ᠦᠵᠡᠴᠢᠬᠡᠭᠡᠳ ︽ᠶᠡᠷᠦ ᠶᠢᠨ ᠬᠦᠮᠦᠨ ᠴᠢᠮᠦᠭᠡ ᠶᠢ ᠶᠠᠭᠤᠮ᠎ᠠ ᠪᠠᠷ ᠴᠤᠬᠢᠵᠦ ᠪᠠᠯᠪᠠᠯᠠᠭᠠᠳ ᠢᠳᠡᠳᠡᠭ ᠶᠤᠮ᠃ ᠡᠨᠡ | ᠬᠦᠮᠦᠨ ᠬᠠᠷᠢᠨ ᠢᠮᠡᠷᠴᠦ ᠪᠠᠯᠪᠠᠯᠠᠭᠠᠳ ᠢᠳᠡᠵᠦ ᠪᠠᠶᠢᠨ᠎ᠠ᠂ ᠪᠠᠰᠠ ᠨᠡᠯᠢᠶᠡᠳ ᠴᠠᠷᠢᠭ ᠲᠠᠢ ᠡᠷ᠎ᠡ ᠪᠠᠶᠢᠨ᠎ᠠ︾ ᠭᠡᠵᠦ | ᠳᠤᠳᠤᠷ᠎ᠠ ᠪᠠᠨ ᠪᠤᠳᠤᠵᠦ ᠪᠠᠶᠢᠳᠠᠯ᠎ᠠ ᠠᠶᠢᠯ ᠤᠨ ᠭᠠᠳᠠᠨ᠎ᠠ ᠤᠯᠠᠨ ᠬᠦᠮᠦᠨ ᠦᠢᠮᠡᠯᠳᠦᠵᠦ᠄ | ᠬᠦᠶ᠋ᠢ᠂ ᠬᠦᠭᠰᠢᠨ ᠡᠵᠢ ᠠᠪᠤ ᠡ᠂ ᠬᠤᠷᠳᠤᠨ ᠭᠠᠷᠴᠦ ᠢᠷᠡᠭᠡᠷᠡᠢ᠂ ᠨᠢᠭᠡ ᠰᠤᠨᠢᠨ ᠤᠴᠢᠷ ᠪᠤᠯᠤᠭᠰᠠᠨ ᠰᠢᠦ︕ | ᠭᠡᠵᠦ ᠬᠠᠰᠬᠢᠷᠪᠠ᠃ ᠡᠮᠡᠭᠡᠨ ᠭᠡᠷ ᠠᠴᠠ ᠪᠠᠨ ᠮᠠᠶᠢᠵᠢᠭᠢᠨᠠᠨ ᠭᠠᠷᠴᠦ ᠤᠯᠠᠨ ᠬᠦᠮᠦᠨ ᠲᠠᠢ ᠬᠡᠰᠡᠭ ᠬᠠᠷᠢᠯᠴᠠᠵᠦ | ᠪᠠᠶᠢᠭᠠᠳ ᠢᠷᠡᠭᠰᠡᠨ ᠬᠦᠮᠦᠨ ᠢ ᠶᠠᠪᠤᠭᠰᠠᠨ ᠤ ᠳᠠᠷᠠᠭ᠎ᠠ ᠡᠮᠡᠭᠡᠨ ᠪᠤᠴᠠᠵᠦ ᠢᠷᠡᠭᠡᠳ᠂ ᠶᠡᠭᠡ ᠳᠠᠭᠤᠨ ᠢᠶᠠᠷ᠄ | — ᠬᠦᠶ᠋ᠢ᠂ ᠡᠪᠦᠭᠡᠨ ᠡ᠂ ᠨᠢᠭᠡ ᠮᠠᠭᠤ ᠠᠯᠠᠱᠠ ᠶᠢᠨ ᠤᠯᠢᠭ ᠦᠭᠡᠢ ᠵᠠᠯᠠᠭᠤ ᠨᠠᠶᠢᠷ ᠲᠤ ᠢᠷᠡᠵᠦ ᠪᠦᠬᠡ | ᠪᠠᠷᠢᠯᠳᠤᠵᠦ ᠪᠠᠶᠢᠭᠠᠳ ᠬᠡᠦᠬᠡᠨ ᠢ ᠮᠢᠨᠢ ᠠᠯᠠᠴᠢᠬᠠᠭᠰᠠᠨ ᠰᠤᠷᠠᠭ ᠲᠠᠢ ᠭᠡᠵᠦ ᠬᠡᠯᠡᠵᠡᠢ᠃ ᠱᠠᠯᠪᠢᠩ ᠰᠤᠨᠤᠰᠤᠭᠠᠳ᠄ | ︽ᠮᠢᠨᠤ ᠠᠯᠠᠳᠠᠭ ᠶᠠᠩᠵᠢᠩᠳᠤᠯᠮᠠ ᠴᠢᠨᠢ ᠡᠨᠡ ᠠᠶᠢᠯ ᠤᠨ ᠦᠬᠢᠨ ᠪᠠᠶᠢᠵᠦ ᠰᠢᠦ︾ ᠭᠡᠵᠦ ᠪᠣᠳᠤᠲᠠᠯᠠ ᠡᠪᠦᠭᠡᠨ | ᠱᠠᠯᠪᠢᠩ ᠢ ᠵᠢᠭᠠᠵᠦ᠄ | — ᠡᠨᠡ ᠠᠮᠢᠲᠠᠨ ᠦᠬᠡᠷ ᠤᠨ ᠴᠢᠮᠦᠭᠡ ᠶᠢ ᠢᠮᠡᠷᠴᠦ ᠪᠠᠯᠪᠠᠯᠠᠭᠠᠳ ᠰᠤᠷᠤᠵᠦ ᠪᠠᠶᠢᠭᠰᠠᠨ ᠶᠤᠮ᠃ | ᠠᠯᠠᠱᠠ ᠶᠢᠨ ᠪᠦᠬᠡᠴᠢᠨ ᠭᠡᠰᠡᠨ ᠴᠢᠨᠢ ᠡᠨᠡ ᠬᠦᠮᠦᠨ ᠪᠢᠰᠢ ᠪᠠ︖ ᠭᠡᠵᠦ ᠬᠡᠯᠡᠬᠦ ᠳᠤ ᠭᠡᠷ ᠤᠨ ᠢᠶᠠᠨ ᠡᠭᠦᠳᠡ ᠶᠢ | ᠳᠠᠷᠤᠭᠠᠳ ᠠᠪᠤᠪᠠ᠃ ᠱᠠᠯᠪᠢᠩ᠄ ︽ᠣᠳᠣ ᠴᠦ ᠬᠡᠷᠡᠭ ᠪᠢᠰᠢᠳᠡᠯᠡ︾ ᠭᠡᠵᠦ ︽ ᠶᠤᠬᠤ︾ ᠭᠡᠳᠡᠯ᠎ᠡ ᠪᠤᠰᠴᠦ ᠨᠢᠭᠡ | ᠭᠠᠷ ᠢᠶᠠᠷ ᠢᠶᠠᠨ ᠠᠶᠢᠯ ᠤᠨ ᠭᠡᠷ ᠤᠨ ᠳᠡᠷᠡᠮᠡ ︵ᠬᠠᠨ᠎ᠠ︶ ᠠᠴᠠ ᠨᠢ ᠡᠷᠬᠦᠵᠦ ᠬᠠᠶᠠᠴᠢᠬᠠᠭᠠᠳ ᠲᠤᠳᠠᠭᠠᠨ ᠶᠠᠪᠤᠪᠠ᠃ | | | |