ᠪᠦᠬᠡ ᠱᠠᠯᠪᠢᠩ ︵ᠬᠤᠶᠠᠷ︶
ᠨᠡᠶᠢᠲᠡᠯᠡᠭᠰᠡᠨ ᠴᠠᠭ᠄
2021/5/24
           ᠠᠯᠠᠱᠠ ᠬᠤᠱᠤᠳ ᠴᠢᠨ ᠸᠠᠩ ᠠᠴᠠ ᠱᠠᠯᠪᠢᠩ ᠳᠤ ᠸᠠᠩ ᠤᠨ ᠴᠤᠯᠠ ᠡᠷᠭᠦᠮᠵᠢᠯᠡᠭᠰᠡᠨ      ᠪᠦᠬᠡ ᠱᠠᠯᠪᠢᠩ ᠪᠤᠯᠪᠠᠰᠦ ᠨᠢᠭᠡᠨ ᠦᠶ᠎ᠡ ᠶᠢᠨ ᠪᠠᠭᠠᠲᠤᠷ ᠬᠦᠮᠦᠨ ᠪᠣᠯᠬᠤ ᠪᠠᠷ ᠪᠠᠷᠠᠬᠤ ᠦᠭᠡᠢ᠂ ᠮᠦᠨ ᠴᠤ ᠮᠤᠩᠭᠤᠯ ᠦᠨᠳᠦᠰᠦᠲᠡᠨ ᠤ ᠪᠦᠬᠡ ᠶᠢᠨ ᠰᠤᠶᠤᠯ ᠤᠨ ᠥᠪ ᠢ ᠬᠦᠭᠵᠢᠭᠡᠨ ᠪᠠᠳᠠᠷᠠᠭᠤᠯᠤᠭᠰᠠᠨ ᠲᠦᠯᠦᠭᠡᠯᠡᠭᠴᠢ ᠬᠦᠮᠦᠨ ᠤ ᠨᠢᠭᠡ ᠨᠢ ᠪᠣᠯᠬᠤ ᠶᠤᠮ᠃      ᠠᠯᠠᠱᠠ ᠬᠤᠱᠤᠳ ᠬᠤᠰᠢᠭᠤᠨ  ᠤ ᠬᠤᠶᠠᠳᠤᠭᠠᠷ ᠦᠶ᠎ᠠ ᠎ ᠶᠢᠨ ᠴᠢᠨ ᠸᠠᠩ ᠠᠪᠤᠤ ᠨᠤᠶᠠᠨ ᠨᠠᠰᠦ ᠪᠠᠷᠠᠭᠰᠠᠨ ᠎ ᠤ ᠳᠠᠷᠠᠭ᠎ᠠ᠂ 1766 ᠣᠨ  ᠳᠤ ᠠᠯᠠᠱᠠ ᠶᠢᠨ ᠭᠤᠷᠪᠠᠳᠤᠭᠠᠷ ᠦᠶ᠎ᠡ ᠶᠢᠨ ᠵᠠᠰᠠᠭ ᠨᠤᠶᠠᠨ ᠯᠤᠪᠰᠠᠩᠳᠤᠷᠵᠢ ᠴᠢᠨ ᠸᠠᠩ  ᠤᠨ ᠰᠠᠭᠤᠷᠢᠨ ᠎ ᠢ ᠵᠠᠯᠭᠠᠮᠵᠢᠯᠠᠵᠦ᠂ ᠴᠢᠩ ᠤᠯᠤᠰ  ᠤᠨ ᠲᠡᠭᠷᠢ ᠲᠡᠳᠬᠦᠭᠴᠢ ᠬᠠᠭᠠᠨ ᠤ ᠭᠡᠭᠡ  ᠎ ᠲᠠᠢ ᠭᠡᠷᠯᠡᠵᠦ ᠲᠥᠷᠥ ᠶᠢᠨ ᠡᠹᠦ᠋ ᠪᠤᠯᠤᠭᠰᠠᠨ  ᠤ ᠶᠡᠭᠡ ᠪᠠᠶᠠᠷ  ᠪᠠ ᠪᠡᠭᠡᠵᠢᠩ ᠬᠤᠲᠠ ᠳᠤ ᠯᠦᠸᠧ ᠸᠠᠩ ᠤᠨ ᠳᠤᠮᠤ ᠶᠡᠭᠡ ᠤᠷᠳᠤᠨ ᠪᠠᠶᠢᠭᠤᠯᠤᠭᠳᠠᠭᠰᠠᠨ ᠵᠡᠷᠭᠡ ᠲᠤᠮᠤ ᠤᠴᠢᠷ ᠢ ᠳᠤᠷᠠᠰᠠᠬᠨ ᠠᠯᠠᠱᠠ ᠳᠤ  ᠨᠦᠯᠦᠭᠡ ᠶᠡᠬᠡᠳᠡᠢ᠂ ᠤᠷᠢᠳ ᠬᠤᠵᠢᠳ ᠭᠠᠷᠤᠭᠠᠳᠤᠢ ᠦᠷᠡᠰ ᠤᠨ ︵ᠤᠯᠠᠭᠠᠨ ᠨᠤᠬᠠᠢ ᠵᠢᠯ ᠤᠨ ᠦᠷᠡᠰ︶ ᠶᠡᠭᠡ ᠨᠠᠶᠢᠷ ᠢ ᠶᠡᠭᠡ ᠪᠠᠷ ᠡᠷᠬᠢᠯᠡᠭᠰᠡᠨ ᠪᠠᠶᠢᠨ᠎ᠠ᠃      ᠲᠡᠷᠡ ᠦᠶ᠎ᠡ ᠳᠤ᠂ ᠡᠷ᠎ᠡ ᠶᠢᠨ ᠭᠤᠷᠪᠠᠨ ᠨᠠᠭᠠᠳᠤᠮ ᠵᠡᠷᠭᠡ ᠳᠡᠯᠭᠡᠷ ᠶᠡᠭᠡ ᠨᠠᠶᠢᠷ ᠨᠠᠭᠠᠳᠤᠮ ᠳᠤ ᠪᠦᠬᠡ ᠱᠠᠯᠪᠢᠩ ᠤᠯᠠᠨ ᠠᠴᠠ ᠤᠨᠴᠠᠭᠠᠢ ᠤᠷ᠎ᠠ ᠮᠡᠷᠭᠡᠰᠢᠯ ᠲᠠᠢ᠂ ᠵᠦᠢᠷᠯᠡᠰᠢ ᠦᠭᠡᠢ ᠮᠤᠨᠳᠠᠭ ᠴᠢᠳᠠᠯ ᠳᠡᠩᠬᠡᠬᠡ ᠲᠠᠢ᠂ ᠪᠦᠬᠡ ᠪᠠᠷᠢᠯᠳᠤᠬᠤ ᠳᠤ ᠠᠪᠢᠶᠠᠰ ᠪᠡᠯᠭᠡᠳᠡᠢ ᠪᠤᠯᠬᠤᠷ ᠱᠠᠯᠪᠤᠷ ᠪᠦᠬᠡ ᠳᠤ ᠰᠤᠩᠭᠤᠭᠳᠠᠨ ᠦᠷᠡᠰ ᠤᠨ ᠶᠡᠭᠡ ᠨᠠᠶᠢᠷ ᠲᠤ ᠢᠷᠡᠵᠦ᠂ ᠱᠠᠯᠪᠤᠷ ᠪᠦᠬᠡ ᠶᠢᠨ ᠪᠠᠷᠢᠯᠳᠤᠭᠠᠨ ᠳᠤ ᠤᠷᠤᠯᠴᠠᠵᠡᠢ᠃ ᠪᠦᠬᠡ ᠪᠠᠷᠢᠯᠳᠤᠭᠰᠠᠨ ᠳᠤ ᠶᠠᠮᠠᠷ ᠴᠤ ᠬᠦᠮᠦᠨ ᠭᠡᠰᠡᠨ ᠲᠡᠭᠦᠨ ᠢ ᠳᠡᠶᠢᠯᠦᠭᠰᠡᠨ ᠦᠭᠡᠢ᠂ ᠤᠯᠠᠨ ᠤ ᠳᠤᠮᠳᠠ ᠠᠴᠠ ᠤᠷᠤᠶᠢᠯᠠᠨ ᠲᠦᠮᠡᠨ ᠤ ᠳᠤᠮᠳᠠ ᠠᠴᠠ ᠲᠡᠷᠢᠭᠦᠯᠡᠨ ᠪᠦᠬᠡ ᠶᠢᠨ ᠮᠠᠩᠯᠠᠢ ᠳᠤ ᠰᠢᠯᠭᠠᠷᠠᠨ ᠭᠠᠷᠴᠦ᠂ ᠴᠢᠨ ᠸᠠᠩ ᠯᠤᠪᠰᠠᠩᠳᠤᠷᠵᠢ ᠠᠴᠠ ᠱᠠᠯᠪᠢᠩ ᠳᠤ        ︽ᠸᠠᠩ ᠤᠨ ᠪᠦᠬᠡ︾ ᠭᠡᠮᠡᠨ ᠴᠤᠯᠠ ᠡᠷᠭᠦᠮᠵᠢᠯᠡᠭᠡᠳ ᠲᠡᠷᠢᠭᠦᠨ ᠵᠡᠷᠭᠡ ᠶᠢᠨ ᠬᠠᠶᠢᠷ᠎ᠠ ᠱᠠᠩᠨᠠᠯ ᠢ ᠬᠦᠷᠲᠡᠭᠡᠵᠡᠢ᠃ ᠡᠶᠢᠮᠦ ᠠᠴᠠ ᠠᠯᠠᠱᠠ ᠳᠤ ᠪᠦᠬᠡ ᠱᠠᠯᠪᠢᠩ ᠤᠨ ᠠᠯᠳᠠᠷ ᠨᠡᠷ᠎ᠡ ᠤᠯᠠᠨ ᠤ ᠳᠤᠮᠳᠠ ᠶᠡᠬᠡᠪᠡᠷ ᠠᠯᠳᠠᠷᠰᠢᠵᠦ᠂ ᠨᠢᠭᠡᠨ ᠦᠶ᠎ᠡ ᠶᠢᠨ ᠪᠠᠭᠠᠲᠤᠷᠯᠢᠭ ᠬᠦᠮᠦᠨ ᠭᠡᠮᠡᠨ ᠨᠡᠷᠡᠰᠢᠭᠰᠡᠨ ᠲᠡᠦᠬᠡ ᠲᠠᠢ ᠪᠢᠯᠡ᠃ ᠡᠭᠦᠨ ᠢ ᠠᠯᠠᠱᠠ ᠶᠢᠨ ᠬᠠᠮᠢᠶ᠎ᠠ ᠪᠦᠬᠦᠢ ᠲᠡᠦᠬᠡ ᠮᠠᠲ᠋ᠧᠷᠢᠶᠠᠯ ᠳᠤ ᠴᠤ ᠳᠡᠮᠳᠡᠭᠯᠡᠵᠦ ᠪᠠᠶᠢᠬᠤ ᠶᠤᠮ᠃      ᠳᠡᠭᠡᠷᠡᠬᠢ ᠳᠡᠮᠳᠡᠭᠯᠡᠯ ᠢᠶᠠᠷ ᠦᠨᠳᠦᠰᠦ ᠪᠠᠷᠢᠮᠳᠠ ᠪᠤᠯᠭᠠᠨ ᠦᠵᠡᠬᠦ ᠳᠤ᠂ ᠪᠦᠬᠡ ᠱᠠᠯᠪᠢᠩ ᠪᠣᠯ ᠠᠯᠱᠠ ᠬᠤᠱᠤᠳ ᠬᠤᠰᠢᠭᠤᠨ ᠤ ᠪᠦᠬᠡ ᠶᠢᠨ ᠢᠵᠠᠭᠤᠷ ᠰᠤᠶᠤᠯ ᠤᠨ ᠦᠪ ᠢ ᠤᠯᠠᠮᠵᠢᠯᠠᠨ ᠬᠦᠭᠵᠢᠭᠡᠵᠦ ᠪᠠᠳᠠᠷᠠᠭᠤᠯᠤᠭᠰᠠᠨ ᠨᠢᠭᠡᠨ ᠦᠶ᠎ᠡ  ᠶᠢᠨ ᠲᠡᠦᠬᠡᠲᠦ ᠬᠦᠮᠦᠨ ᠪᠣᠯᠬᠤ ᠨᠢ ᠭᠠᠷᠴᠠᠭ᠎ᠠ ᠦᠭᠡᠢ ᠶᠤᠮ᠃ ᠨᠡᠩ ᠢᠯᠠᠩᠭᠤᠶ᠎ᠠ ᠦᠷᠭᠡᠨ ᠣᠯᠠᠨ ᠮᠣᠩᠭᠤᠯᠴᠤᠳ ᠤᠨ ᠳᠤᠮᠳᠠ ᠶᠡᠭᠡ ᠢᠲᠡᠭᠡᠯ ᠪᠢᠰᠢᠷᠡᠯ ᠲᠠᠢ᠂ ᠶᠡᠭᠡ ᠪᠠᠷ ᠬᠦᠨᠳᠦᠯᠡᠭᠳᠡᠳᠡᠭ ᠬᠦᠮᠦᠨ ᠪᠠᠶᠢᠭᠰᠠᠨ ᠨᠢ ᠳᠤᠳᠤᠷᠬᠠᠢ ᠪᠠᠶᠢᠵᠦ ᠪᠢᠯᠡ᠃      ᠲᠡᠭᠦᠨ ᠤ ᠲᠤᠬᠠᠢ ᠦᠯᠢᠭᠡᠷ᠂ ᠳᠤᠮᠤᠭ ᠨᠠᠮᠲᠠᠷ ᠶᠠᠷᠢᠶ᠎ᠠ ᠨᠤᠭᠤᠳ ᠨᠢ ᠠᠷᠠᠳ ᠲᠦᠮᠡᠨ ᠤ ᠳᠤᠮᠳᠠ ᠣᠳᠣ ᠪᠤᠯᠲᠠᠯ᠎ᠠ ᠤᠯᠠᠨ ᠶᠠᠩᠵᠦ ᠪᠠᠷ ᠤᠯᠠᠮᠵᠢᠯᠠᠭᠳᠠᠨ ᠳᠡᠯᠭᠡᠷᠡᠵᠦ᠂ ᠬᠦᠮᠦᠰ ᠤᠨ ᠤᠶᠤᠨ ᠰᠠᠨᠠᠭᠠᠨ ᠤ ᠦᠪ ᠬᠦᠷᠦᠩᠭᠡ ᠪᠤᠯᠤᠨ ᠳᠡᠭᠡᠵᠢᠯᠡᠭᠳᠡᠨ ᠡᠳᠦᠭᠡ ᠪᠤᠯᠲᠠᠯ᠎ᠠ ᠶᠠᠷᠢᠭᠳᠠᠭᠰᠠᠭᠠᠷ ᠢᠷᠡᠵᠡᠢ᠃      ᠱᠠᠯᠪᠢᠩ ᠤᠨ ᠲᠤᠬᠠᠢ ᠳᠤᠮᠤᠭ ᠶᠠᠷᠢᠶ᠎ᠠ ᠨᠤᠭᠤᠳ ᠠᠴᠠ ᠦᠵᠡᠪᠡᠯ ᠲᠡᠷᠡ ᠦᠶ᠎ᠡ ᠳᠤ ᠪᠢᠴᠢᠭ ᠰᠤᠶᠤᠯ ᠤᠨ ᠬᠢᠵᠠᠭᠠᠷ ᠠᠴᠠ ᠪᠤᠯᠵᠦ ᠦᠯᠢᠭᠡᠷ ᠳᠤᠮᠤᠭ ᠤᠨ ᠲᠡᠳᠦᠢ ᠪᠠᠶᠢᠬᠤ ᠠᠴᠠ ᠪᠢᠰᠢ ᠨᠠᠷᠢᠨ ᠲᠤᠳᠤᠷᠬᠠᠢ ᠲᠡᠦᠬᠡ ᠶᠢᠨ ᠲᠡᠮᠳᠡᠭᠯᠡᠯ ᠪᠠᠶᠢᠬᠤ ᠦᠭᠡᠢ ᠪᠤᠯᠪᠠᠴᠦ ᠬᠠᠷᠢᠨ ᠣᠨ ᠵᠢᠯ ᠤᠨ ᠤᠳᠠᠭᠠᠨ ᠳᠤ ᠦᠯᠡᠳᠡᠵᠦ ᠢᠷᠡᠭᠰᠡᠨ ᠲᠠᠰᠤᠭ ᠪᠤᠰᠤᠭ ᠦᠯᠢᠭᠡᠷᠴᠢᠯᠡᠭᠰᠡᠨ ᠳᠤᠮᠤᠭ ᠶᠠᠷᠢᠶ᠎ᠠ ᠪᠠ ᠠᠮᠠᠨ ᠶᠠᠷᠢᠶ᠎ᠠ ᠠᠷᠪᠢᠨ ᠪᠠᠶᠢᠬᠤ ᠶᠤᠮ᠃  ᠪᠦᠬᠡ ᠱᠠᠯᠪᠢᠩ ᠤᠨ ᠲᠤᠬᠠᠢ ᠨᠠᠮᠲᠠᠷ ᠳᠤᠮᠤᠭ ᠶᠠᠷᠢᠶ᠎ᠠ ᠨᠤᠭᠤᠳ ᠴᠦ ᠤᠯᠠᠨ ᠬᠡᠯᠪᠡᠷᠢ ᠪᠠᠷ ᠪᠢᠴᠢᠭᠳᠡᠵᠦ ᠢᠷᠡᠵᠡᠢ᠃ ᠵᠢᠱᠢᠶᠡᠯᠡᠪᠡᠯ ᠰᠠᠬᠠᠯᠲᠤ ᠰᠠᠷᠮᠤᠳ᠂ ᠰᠠᠭᠠᠳᠠᠭ ᠰᠠᠷᠮᠤᠳ ᠭᠡᠬᠦ ᠪᠤᠶᠤ᠂ ᠨᠡᠷ᠎ᠡ ᠨᠢ ᠬᠦᠷᠲᠡᠯ᠎ᠡ ᠱᠠᠯᠪᠢᠩ᠂ ᠱᠠᠯᠪᠢᠨ᠂ ᠱᠠᠯᠪᠠᠢ ᠭᠡᠬᠦ ᠮᠡᠲᠦ ᠪᠠᠷ ᠶᠠᠷᠢᠭᠳᠠᠬᠤ ᠪᠤᠶᠤ ᠪᠢᠴᠢᠭᠳᠡᠵᠦ ᠢᠷᠡᠵᠡᠢ᠃              ᠪᠦᠬᠡ ᠱᠠᠯᠪᠢᠩ ᠤᠨ ᠪᠠᠭ᠎ᠠ ᠨᠠᠰᠤᠨ ᠤ ᠲᠤᠬᠠᠢ ᠳᠤᠮᠤᠭ      ᠡᠷ᠎ᠡ ᠬᠦᠮᠦᠨ ᠪᠤᠯᠵᠦ ᠲᠦᠷᠦᠭᠰᠡᠨ ᠤ ᠬᠤᠪᠢ ᠳᠤ ᠡᠷᠳᠡᠮ ᠰᠤᠷᠪᠠᠯ ᠪᠡᠶ᠎ᠠ ᠳᠤ ᠬᠡᠷᠡᠭᠳᠡᠢ ᠭᠡᠵᠦ ᠪᠤᠳᠤᠵᠦ ᠶᠠᠪᠤᠭᠰᠠᠨ ᠱᠠᠯᠪᠢᠩ ᠬᠡᠳᠦᠢ ᠪᠠᠷ ᠠᠷᠪᠠ ᠬᠦᠷᠦᠭᠡᠳᠦᠢ ᠪᠤᠯᠪᠠᠴᠦ ᠬᠤᠨᠢ ᠪᠠᠨ ᠬᠠᠷᠢᠭᠤᠯᠤᠨ ᠶᠠᠪᠤᠬᠤ ᠳᠤ ᠲᠡᠰᠭᠡᠯ ᠦᠭᠡᠢ ᠪᠦᠬᠡ ᠪᠠᠷᠢᠯᠳᠤᠵᠦ ᠰᠤᠷᠪᠠᠯ ᠬᠡᠳᠦᠢ ᠰᠠᠶᠢᠬᠠᠨ ᠪᠣᠯ ᠭᠡᠵᠦ ᠪᠤᠳᠤᠨ ᠬᠦᠳᠡᠭᠡ ᠬᠤᠨᠢᠨ ᠤ ᠪᠠᠨ ᠳᠡᠷᠭᠡᠳᠡ ᠴᠢᠯᠠᠭᠤ ᠲᠡᠪᠡᠷᠢᠨ ᠬᠠᠶᠠᠯᠠᠬᠤ ᠪᠤᠶᠤ ᠡᠭᠦᠷᠴᠦ ᠦᠩᠬᠦᠷᠢᠬᠦᠯᠦᠨ ᠨᠠᠭᠠᠳᠴᠦ ᠶᠠᠪᠤᠳᠠᠭ ᠪᠠᠶᠢᠵᠡᠢ᠃ ᠨᠢᠭᠡ ᠡᠳᠦᠷ᠂ ᠡᠵᠢ ᠨᠢ ᠮᠢᠬ᠎ᠠ ᠱᠦᠯᠦ ᠤᠤᠭᠤᠭᠰᠠᠨ ᠦᠭᠡᠢ ᠤᠳᠠᠯ᠎ᠠ᠂ ᠢᠮᠠᠭ᠎ᠠ ᠪᠠᠨ ᠭᠠᠷᠭᠠᠵᠦ ᠱᠦᠯᠦᠯᠯᠡᠬᠦ ᠶᠤᠮᠰᠠᠨ ᠭᠡᠵᠦ ᠬᠦᠦ ᠳᠡᠭᠡᠨ ᠬᠡᠯᠡᠭᠰᠡᠨ ᠳᠤ᠂ ᠢᠮᠠᠭ᠎ᠠ ᠭᠠᠷᠭᠠᠵᠦ ᠱᠦᠯᠦ ᠤᠤᠭᠤᠳᠠᠭ ᠪᠤᠯ ᠠᠷᠠᠰᠦ ᠪᠠᠷ ᠨᠢ ᠪᠢ ᠪᠦᠬᠡ ᠶᠢᠨ ᠳᠠᠰᠬᠠᠭᠤᠯ ᠬᠢᠨ᠎ᠡ ᠭᠡᠵᠡᠢ᠃      — ᠵᠠ ᠲᠡᠭᠡᠪᠡᠯ ᠲᠡᠭᠡ ᠳ᠋ᠡ᠃      — ᠶᠠᠮᠠᠷ ᠢᠮᠠᠭ᠎ᠠ ᠭᠠᠷᠭᠠᠬᠤ ᠪᠤᠢ ᠤᠤ︖      — ᠲᠡᠷᠡ ᠪᠦᠳᠦᠭᠦᠨ ᠤᠯᠠᠭᠠᠨ ᠰᠡᠷᠬᠡ ᠮᠢᠬᠠᠯᠢᠭ ᠪᠤᠢ᠃      — ᠬᠡᠵᠢᠶ᠎ᠡ ᠨᠢᠳᠤᠯᠠᠬᠤ ᠪᠤᠢ︖      — ᠮᠠᠩᠭᠠᠳᠤᠷ ︵ᠮᠠᠷᠭᠠᠰᠢ︶ ᠮᠠᠯ ᠪᠡᠯᠴᠢᠬᠦ ᠳᠤ ᠭᠠᠷᠭᠠᠶ᠎ᠠ᠃      ᠵᠠ᠂ ᠪᠢ ᠡᠨᠡ ᠡᠳᠦᠷ ᠮᠠᠯ ᠢᠶᠠᠨ ᠪᠡᠯᠴᠢᠭᠡᠭᠡᠳ ᠶᠠᠪᠤᠯ᠎ᠠ ᠭᠡᠳ ᠱᠠᠯᠪᠢᠩ ᠮᠠᠯ ᠢᠶᠠᠨ ᠪᠡᠯᠴᠢᠭᠡᠵᠦ ᠪᠠᠶᠢᠷᠢᠨ ᠳᠤ ᠬᠠᠷᠢᠭᠤᠯᠤᠭᠠᠳ ᠶᠠᠪᠤᠵᠦ ᠭᠡᠨ᠎ᠡ᠃ ᠲᠠᠯ᠎ᠠ ᠳᠤ ᠪᠡᠯᠴᠢᠭᠡᠷᠯᠡᠭᠰᠡᠨ ᠮᠠᠯ ᠨᠢ ᠡᠪᠡᠰᠦᠨ ᠤ ᠰᠤᠷᠭᠤᠭ ᠲᠤ ᠢᠳᠡᠰᠢᠯᠡᠭᠡᠳ ᠴᠠᠳᠤᠭᠰᠠᠨ ᠪᠤᠯᠤᠯᠲᠠᠢ ᠲᠤᠯᠤᠭᠠᠢ ᠪᠦᠭᠡᠷᠡᠭ ᠤᠳ ᠲᠤ ᠨᠠᠮᠤᠭᠤᠬᠠᠨ ᠢᠶᠠᠷ ᠬᠡᠪᠲᠡᠯᠡᠨ ᠢᠳᠡᠰᠢᠯᠡᠵᠦ ᠪᠠᠶᠢᠭ᠎ᠠ ᠶᠢ ᠦᠵᠡᠭᠡᠳ ᠡᠵᠢ ᠶᠢᠨ ᠬᠢᠨᠢ ᠬᠡᠯᠡᠭᠰᠡᠨ ᠲᠡᠷᠡ ᠤᠯᠠᠭᠠᠨ ᠰᠡᠷᠬᠡ ᠶᠢ ᠠᠮᠵᠢᠨ ᠪᠠᠷᠢᠵᠦ ᠲᠡᠪᠡᠷᠢᠬᠦᠯ᠎ᠡ ᠲᠡᠷᠡ ᠡᠳᠦᠷ ᠲᠡᠪᠡᠷᠢᠨ ᠨᠠᠭᠠᠳᠴᠦ ᠪᠠᠶᠢᠭᠰᠠᠨ ᠪᠦᠳᠦᠭᠦᠨ ᠴᠢᠯᠠᠭᠤᠨ ᠠᠴᠠ ᠬᠦᠨᠳᠦ ᠪᠠᠶᠢᠬᠤ ᠪᠤᠯᠤᠯᠲᠠᠢ᠃ ᠤᠷᠤᠢ ᠮᠠᠯ ᠢᠶᠠᠨ ᠬᠤᠲᠠᠯᠠᠭᠠᠳ ᠢᠷᠡᠳᠡᠯ᠎ᠡ ᠡᠵᠢ ᠨᠢ ᠴᠠᠢ ᠪᠤᠳᠠᠭ᠎ᠠ ᠴᠢᠨᠠᠭᠠᠳ ᠪᠡᠶᠢᠵᠡᠢ᠃      — ᠬᠦᠦ ᠮᠢᠨᠢ ᠬᠠᠰᠢᠶᠠᠨ ᠤ ᠡᠭᠦᠳᠡ ᠪᠠᠨ ᠬᠠᠭᠠᠴᠢᠬᠠᠭᠠᠳ ᠢᠷᠡᠵᠦ ᠪᠤᠳᠠᠭ᠎ᠠ ᠬᠤᠭᠤᠯᠠ ᠪᠠᠨ ᠢᠳᠡ᠃      — ᠡᠵᠢ ᠡ᠂ ᠪᠢ ᠲᠡᠷᠡ ᠤᠯᠠᠭᠠᠨ ᠰᠡᠷᠬᠡ ᠶᠢ ᠬᠦᠳᠡᠭᠡ ᠮᠠᠯ ᠤᠨ ᠵᠠᠬ᠎ᠠ ᠳᠤ ᠬᠡᠪᠲᠡᠵᠦ ᠪᠠᠶᠢᠬᠤ ᠳᠤ ᠪᠠᠷᠢᠵᠦ ᠠᠪᠤᠯ᠎ᠠ᠂ ᠮᠢᠨᠤ ᠲᠡᠷᠡ ᠡᠳᠦᠷ ᠤᠨ ᠲᠡᠪᠡᠷᠢᠨ ᠨᠠᠭᠠᠳᠤᠭᠰᠠᠨ ᠴᠢᠯᠠᠭᠤᠨ ᠠᠴᠠ ᠬᠦᠨᠳᠦ ᠪᠠᠶᠢᠨ᠎ᠠ᠂ ᠮᠢᠬᠠᠯᠢᠭ ᠪᠠᠶᠢᠬᠤ ᠶᠠᠩᠵᠤᠳᠠᠢ᠃      — ᠲᠡᠷᠡ ᠢᠮᠠᠭ᠎ᠠ ᠴᠢᠨᠢ ᠰᠡᠷᠬᠡ ᠶᠢᠨ ᠳᠤᠳᠤᠷ᠎ᠠ ᠬᠠᠮᠤᠭ ᠪᠦᠳᠦᠭᠦᠨ ᠨᠢ ᠪᠠᠶᠢᠨ᠎ᠠ ᠰᠢᠦ᠂ ᠴᠢ ᠲᠡᠷᠡ ᠢᠮᠠᠭᠠᠨ ᠬᠢᠷᠢ ᠲᠠᠢ ᠴᠢᠯᠠᠭᠤ ᠶᠢ ᠶᠠᠭᠠᠬᠢᠵᠦ ᠳᠠᠭᠠᠭᠠᠭᠰᠠᠨ ᠪᠣᠯ ᠳ᠋ᠠ᠃      — ᠪᠢ ᠪᠤᠳᠤᠵᠦ ᠤᠯᠤᠯ᠎ᠠ᠂ ᠡᠵᠢ ᠡ᠂ ᠢᠮᠠᠭ᠎ᠠ ᠪᠠᠨ ᠭᠠᠷᠭᠠᠴᠢᠬᠠᠭᠠᠳ ᠠᠷᠠᠰᠦ ᠶᠢ ᠨᠢ ᠲᠤᠯᠤᠮ ᠪᠤᠯᠭᠠᠵᠦ ᠪᠦᠲᠦᠨ ᠢᠶᠠᠷ ᠠᠪᠴᠦ ᠳᠤᠳᠤᠷ᠎ᠠ ᠨᠢ ᠡᠯᠡᠰᠦ ᠬᠢᠵᠦ ᠪᠦᠬᠡ ᠪᠤᠯᠪᠠᠰᠤᠷᠠᠨ᠎ᠠ᠂ ᠪᠣᠯᠬᠤ ᠤᠤ︖      — ᠬᠦᠦ ᠮᠢᠨᠢ ᠡ᠂ ᠲᠤᠯᠤᠮ ᠢ ᠢᠳᠡᠭᠡᠯᠡᠵᠦ ᠪᠤᠯᠭᠠᠬᠤ ᠦᠭᠡᠢ ᠪᠤᠯ ᠡᠳ᠋ᠯᠡᠵᠦ ᠪᠤᠯᠳᠠᠭ ᠦᠭᠡᠢ᠂ ᠡᠵᠢ ᠨᠢ ᠢᠳᠡᠭᠡᠯᠡᠭᠡᠳ ᠦᠭᠭᠦᠶ᠎ᠡ᠃      — ᠦᠨᠦᠳᠦᠷ ᠢᠳᠡᠭᠡᠯᠡᠭᠡᠳ ᠥᠭᠬᠦ ᠤᠤ︖      — ᠬᠤᠶᠠᠷ ᠭᠤᠷᠪᠠᠨ ᠡᠳᠦᠷ ᠪᠣᠯᠪᠠᠯ ᠰᠠᠶ᠋ᠢ ᠢᠳᠡᠭᠡ ᠣᠷᠤᠬᠤ ᠶᠤᠮ᠃ ᠮᠠᠩᠭᠠᠳᠤᠷ ᠦᠷᠦᠭᠦᠨ ︵ᠡᠷᠲᠡ︶ ᠢᠮᠠᠭ᠎ᠠ ᠪᠠᠨ ᠭᠠᠷᠭᠠᠶ᠎ᠠ᠃      ᠮᠠᠷᠭᠠᠰᠢ ᠦᠷᠯᠤᠭᠡ ᠨᠢ ᠱᠠᠯᠪᠢᠩ ᠳᠡᠭᠡᠰᠦ ᠴᠤ ᠠᠪᠤᠭᠰᠠᠨ ᠦᠭᠡᠢ᠂ ᠢᠮᠠᠭ᠎ᠠ ᠪᠠᠨ ᠨᠢᠭᠡ ᠰᠤᠭᠤᠨ ᠳᠠᠭᠠᠨ ᠲᠡᠪᠡᠷᠢᠭᠡᠳ ᠢᠷᠡᠯ᠎ᠡ᠂ ᠢᠮᠠᠭ᠎ᠠ ᠭᠠᠷᠭᠠᠬᠤ ᠠᠶᠢᠯ ᠤᠨ ᠬᠦᠮᠦᠨ ᠡᠨᠡ ᠬᠦᠦ ᠴᠢᠨᠢ ᠦᠨᠡᠭᠡᠷ ᠴᠢᠳᠠᠯ ᠲᠠᠢ ᠡᠷ᠎ᠡ ᠪᠣᠯᠬᠤ ᠶᠤᠮ ᠪᠠᠶᠢᠨ᠎ᠠ᠂ ᠪᠢ ᠲᠡᠷᠡ ᠢᠮᠠᠭ᠎ᠠ ᠶᠢ ᠲᠡᠪᠡᠷᠢᠵᠦ ᠳᠠᠭᠠᠭᠠᠬᠤ ᠦᠭᠡᠢ ᠪᠠᠶᠢᠬᠤ ᠳᠤ ᠬᠦᠦ ᠴᠢᠨᠢ ᠬᠠᠷᠢᠨ ᠨᠢᠭᠡ ᠰᠤᠭᠤᠨ ᠳᠠᠭᠠᠨ ᠲᠡᠪᠡᠷᠢᠭᠡᠳ ᠢᠷᠡᠯ᠎ᠡ ᠰᠢᠤ︕ ᠭᠡᠵᠦ ᠭᠠᠶᠢᠬᠠᠨ ᠦᠭᠦᠯᠡᠨ᠎ᠡ᠃      ᠡᠵᠢ ᠨᠢ ᠲᠡᠷᠡ ᠢᠮᠠᠭ᠎ᠠ ᠭᠠᠷᠭᠠᠭᠰᠠᠨ ᠬᠦᠮᠦᠨ ᠳᠤ ︽ᠠᠷᠠᠰᠦ ᠶᠢ ᠨᠢ ᠢᠷᠠᠬᠤ ᠦᠭᠡᠢ ᠪᠠᠷ ᠪᠦᠬᠦᠯᠢ ᠪᠠᠷ ᠲᠤᠯᠤᠮᠯᠠᠨ ᠠᠪᠬᠤ ᠶᠤᠮ ᠰᠢᠦ︾ ᠭᠡᠵᠦ ᠵᠠᠬᠢᠪᠠ᠃      — ᠲᠤᠯᠤᠮᠯᠠᠵᠦ ᠠᠪᠤᠭᠠᠳ ᠭᠤᠯᠢᠷ ᠪᠤᠳᠠᠭᠠᠨ ᠤ ᠲᠤᠯᠤᠮ ᠬᠢᠬᠦ ᠤᠤ︖      — ᠦᠭᠡᠢ᠂ ᠮᠢᠨᠦ ᠬᠦᠦ ᠪᠦᠬᠡ ᠪᠠᠷᠢᠯᠳᠤᠬᠤ ᠳᠤᠷᠠᠳᠠᠢ᠂ ᠡᠯᠡᠰᠦ ᠬᠢᠵᠦ ᠲᠤᠯᠤᠮ ᠢᠶᠠᠷ ᠨᠢ ᠪᠦᠬᠡ ᠶᠢᠨ ᠳᠠᠰᠬᠠᠭᠤᠯ ᠬᠢᠬᠦ ᠭᠡᠵᠦ ᠪᠠᠶᠢᠨ᠎ᠠ᠃      — ᠮᠢᠨᠦ ᠮᠡᠳᠡᠬᠦ ᠪᠠᠷ ᠮᠠᠨ ᠤ ᠠᠯᠠᠱᠠ ᠳᠤ ᠰᠢᠷᠠᠪᠽᠠᠩᠪᠤ ᠭᠡᠭᠴᠢ ᠶᠡᠭᠡ ᠴᠢᠳᠠᠯ ᠲᠡᠩᠬᠡᠬᠡ ᠲᠠᠢ᠂ ᠪᠦᠬᠡ ᠪᠠᠷᠢᠯᠳᠤᠬᠤ ᠡᠪ ᠳᠡᠮ ᠲᠠᠢ ᠬᠦᠮᠦᠨ ᠪᠤᠢ᠂ ᠬᠦᠦ ᠴᠢᠨᠢ ᠪᠦᠬᠡ ᠰᠤᠷᠤᠭᠠᠳ ᠪᠦᠭᠡᠴᠢᠨ ᠪᠤᠯᠳᠠᠭ ᠪᠤᠯ ᠨᠢᠭᠡᠨ ᠵᠠᠯᠠᠭᠤ ᠥᠶ᠎ᠡ ᠶᠢᠨ ᠪᠦᠬᠡᠴᠢᠨ ᠭᠠᠷᠴᠦ ᠢᠷᠡᠬᠦ ᠨᠢ ᠪᠢᠵᠠ ᠭᠡᠳ ᠴᠤᠭᠲᠤ ᠱᠠᠯᠪᠢᠩ ᠬᠤᠶᠠᠭᠤᠯᠠ ᠢᠮᠠᠭ᠎ᠠ ᠶᠢ ᠲᠤᠯᠤᠮᠯᠠᠨ ᠦᠪᠴᠢᠵᠦ᠂ ᠲᠠᠭᠠᠳᠠᠢ ᠪᠦᠳᠦᠭᠦᠨ ᠲᠤᠯᠤᠮ ᠬᠢᠯ᠎ᠡ᠃      ᠱᠠᠯᠪᠢᠩ ᠲᠤᠯᠤᠮ ᠢᠶᠠᠨ ᠠᠪᠤᠭᠠᠳ ᠬᠤᠨᠢ ᠪᠠᠨ ᠬᠠᠷᠢᠭᠤᠯᠬᠤ ᠳᠠᠭᠠᠨ ᠤᠯᠠᠭᠠᠨ ᠡᠯᠡᠰᠦ ᠶᠢ ᠲᠤᠯᠤᠮ ᠳᠤ ᠬᠢᠵᠦ ᠡᠳᠦᠷ ᠲᠡᠭᠡᠨ ᠥᠨᠥ ᠲᠤᠯᠤᠮ ᠲᠠᠢ ᠪᠠᠨ ᠬᠦᠴᠦ ᠭᠠᠷᠭᠠᠵᠦ ᠨᠤᠴᠤᠯᠳᠤᠳᠠᠭ ᠪᠠᠶᠢᠵᠡᠢ  ᠃ᠤᠯᠠᠨ ᠡᠳᠦᠷ ᠬᠤᠨᠤᠭ ᠢ ᠦᠩᠭᠡᠷᠡᠭᠡᠵᠦ ᠪᠠᠶᠢᠳᠠᠯ᠎ᠠ ᠨᠢᠭᠡ ᠡᠳᠦᠷ ᠡᠵᠢ ᠳᠡᠭᠡᠨ᠄      — ᠡᠵᠢ ᠡ᠂ ᠪᠢ ᠲᠤᠯᠤᠮ ᠲᠠᠢ ᠨᠤᠴᠤᠯᠳᠤᠵᠦ ᠪᠠᠶᠢᠭᠠᠳ ᠨᠡᠯᠢᠶᠡᠳ ᠪᠤᠯᠪᠠᠰᠤᠷᠠᠯ᠎ᠠ᠂ ᠲᠤᠯᠤᠮ ᠴᠦ ᠬᠠᠭᠠᠷᠠᠵᠦ ᠮᠠᠭᠤᠳᠠᠯ᠎ᠠ᠂ ᠣᠳᠣ ᠨᠢᠭᠡ ᠦᠬᠡᠷ ᠤᠨ ᠲᠤᠯᠤᠮ ᠤᠯᠵᠦ ᠳᠠᠰᠬᠠᠭᠤᠯ ᠬᠢᠬᠦ ᠶᠤᠮ ᠰᠠᠨ᠃      — ᠦᠬᠡᠷ ᠤᠨ ᠲᠤᠯᠤᠮ ᠬᠠᠮᠢᠭ᠎ᠠ ᠠᠴᠠ ᠣᠯᠳᠠᠭ ᠪᠤᠢ︖      — ᠠᠶᠢᠯ  ᠠᠴᠠ ᠢᠮᠠᠭ᠎ᠠ  ᠎ ᠪᠠᠷ ᠎ ᠢᠶᠠᠨ ᠦᠬᠡᠷ ᠰᠤᠯᠢᠵᠦ ᠠᠪᠤᠭᠠᠳ ᠠᠷᠠᠰᠦ  ᠎ ᠪᠠᠷ  ᠎ ᠨᠢ ᠲᠤᠯᠤᠮ ᠬᠢᠵᠦ ᠠᠪᠤᠶ᠎ᠠ᠃      — ᠴᠢᠨᠦ ᠬᠡᠯᠡᠵᠦ ᠪᠠᠶᠢᠬᠤ ᠠᠷᠭ᠎ᠠ ᠴᠢᠨᠢ ᠪᠤᠯᠵᠦ ᠪᠠᠶᠢᠨ᠎ᠠ᠃ ᠤᠶᠢᠷᠠᠯᠴᠠᠭ᠎ᠠ ᠠᠶᠢᠯ ᠠᠴᠠ ᠦᠬᠡᠷ ᠤᠯᠵᠦ ᠦᠵᠡᠶ᠎ᠡ᠃      — ᠬᠤᠶᠢᠲᠦ ᠠᠶᠢᠯ ᠦᠬᠡᠷ ᠲᠠᠢ ᠰᠢᠦ᠂ ᠡᠵᠢ ᠲᠠ ᠠᠰᠠᠭᠤᠵᠦ ᠦᠵᠡᠬᠦ ᠦᠭᠡᠢ ᠤᠤ᠃      — ᠲᠡᠭᠡᠪᠡᠯ ᠲᠡᠭᠡᠵᠦ ᠦᠵᠡᠶ᠎ᠡ ᠭᠡᠳ ᠡᠵᠢ ᠨᠢ ᠬᠤᠶᠢᠲᠦ ᠠᠶᠢᠯ ᠠᠴᠠ ᠦᠬᠡᠷ ᠤᠯᠬᠤ ᠪᠠᠷ ᠶᠠᠪᠤᠵᠡᠢ᠃      ᠬᠤᠶᠢᠲᠦ ᠠᠶᠢᠯ ᠤᠨ ᠬᠢᠨᠢ ᠦᠬᠡᠷ ᠲᠠᠢ ᠪᠤᠯᠪᠠᠴᠦ ᠪᠢᠷᠠᠭᠤ ᠲᠤᠭᠤᠯ ᠨᠢ ᠤᠯᠠᠨ᠂ ᠪᠦᠳᠦᠬᠦᠨ ᠦᠬᠡᠷ ᠢᠶᠠᠷ ᠴᠦᠭᠡᠭᠡᠨ ᠠᠵᠡᠢ᠃      ᠨᠢᠭᠡ ᠠᠯᠠᠭ ᠪᠢᠷᠠᠭᠤ ᠪᠠᠶᠢᠬᠤ ᠶᠤᠮ᠃ ᠲᠠ ᠬᠦᠦ ᠪᠠᠨ ᠪᠦᠬᠡ ᠶᠢᠨ ᠡᠷᠳᠡᠮ ᠰᠤᠷᠭᠠᠬᠤ ᠭᠡᠵᠦ ᠪᠠᠶᠢᠬᠤ ᠪᠤᠯᠬᠤᠷ ᠲᠡᠭᠦᠨ ᠢ ᠦᠭᠬᠦᠶ᠎ᠡ ᠭᠡᠵᠡᠢ᠃ ᠢᠩᠬᠢᠭᠡᠳ ᠲᠡᠷᠡ ᠪᠢᠷᠠᠭᠤ ᠶᠢ ᠨᠢ ᠠᠪᠬᠤ ᠪᠠᠷ ᠪᠤᠯᠵᠦ ᠮᠢᠬ᠎ᠠ ᠶᠢ ᠨᠢ ᠬᠤᠶᠠᠷ ᠠᠶᠢᠯ ᠢᠶᠠᠷ ᠢᠶᠠᠨ ᠬᠤᠪᠢᠶᠠᠯᠴᠠᠨ ᠢᠳᠡᠬᠦ ᠪᠠᠷ ᠪᠤᠯᠵᠡᠢ᠃      ᠨᠢᠭᠡ ᠡᠳᠦᠷ ᠡᠵᠢ ᠨᠢ ᠱᠠᠯᠪᠢᠩ ᠬᠦᠦ ᠪᠠᠨ ᠳᠠᠭᠠᠭᠤᠯᠤᠨ ᠠᠶᠢᠯ ᠤᠨ ᠵᠢᠭᠠᠵᠦ ᠦᠭᠭᠦᠭᠰᠡᠨ ᠠᠯᠠᠭ ᠪᠢᠷᠠᠭᠤ ᠶᠢ ᠲᠤᠭᠤᠵᠦ ᠭᠡᠷ ᠲᠡᠭᠡᠨ ᠬᠠᠷᠢᠵᠦ ᠢᠷᠡᠬᠦ ᠳᠤ ᠰᠢᠷᠠᠪᠽᠠᠩᠪᠤ ᠲᠠᠭᠠᠷᠠᠯᠳᠤᠨ ᠢᠷᠡᠵᠡᠢ᠃      — ᠲᠠ ᠠᠮᠤᠷᠬᠠᠨ ᠰᠠᠶᠢᠨ ᠪᠠᠶᠢᠨᠠᠤ︖ ᠲᠠᠨ ᠤ ᠪᠡᠶ᠎ᠡ ᠯᠠᠭᠰᠠᠨ ᠰᠠᠶᠢᠨ ᠤᠤ  ︖      — ᠰᠠᠶᠢᠨ᠂ ᠲᠠ  ᠨᠠᠷ ᠭᠡᠷ ᠨᠡᠶᠢᠲᠡ  ᠎ ᠪᠠᠷ ᠎ ᠢᠶᠠᠨ ᠰᠠᠶᠢᠨ ᠪᠠᠶᠢᠨᠠᠤ︖ ᠲᠠᠨ  ᠤ ᠪᠡᠶ᠎ᠡ ᠯᠡᠭᠱᠠᠨ ᠰᠠᠶᠢᠨ ᠤᠤ︖      — ᠲᠠ ᠬᠠᠮᠢᠭ᠎ᠠ ᠠᠴᠠ ᠢᠷᠡᠪᠡ︖      — ᠪᠢ ᠭᠡᠷ ᠠᠴᠠ ᠪᠠᠨ ᠶᠠᠪᠤᠵᠦ ᠠᠶᠢᠯᠴᠢᠯᠡᠵᠦ ᠪᠠᠶᠢᠨ᠎ᠠ      — ᠪᠢ ᠰᠤᠨᠤᠰᠬᠤ ᠳᠤ ᠲᠠᠨ ᠤ ᠬᠦᠦ ᠴᠢᠨᠢ ᠢᠮᠠᠭᠠᠨ ᠲᠤᠯᠤᠮ ᠢᠶᠠᠷ ᠪᠦᠬᠡ ᠶᠢᠨ ᠳᠠᠰᠬᠠᠭᠤᠯ ᠬᠢᠵᠦ ᠪᠠᠶᠢᠨ᠎ᠠ ᠭᠡᠨ᠎ᠡ ᠤᠤ︖      — ᠲᠡᠶᠢᠮᠦ ᠡ᠂ ᠮᠢᠨᠦ ᠬᠦᠦ ᠬᠠᠷᠢᠨ ᠪᠦᠬᠡ ᠳᠤ ᠳᠤᠷ᠎ᠠ ᠪᠠᠭ᠋ᠠᠲᠠᠢ᠂ ᠡᠳᠦᠷ ᠲᠡᠭᠡᠨ ᠨᠢᠭᠡ ᠮᠠᠭᠤ ᠢᠮᠠᠭᠠᠨ ᠲᠤᠯᠤᠮ ᠲᠠᠢ ᠨᠤᠴᠤᠯᠳᠤᠭᠠᠳ ᠵᠠᠷᠢᠮ ᠳᠠᠭᠠᠨ ᠪᠤᠳᠠᠭ᠎ᠠ ᠴᠠᠢ ᠪᠠᠨ ᠴᠦ ᠢᠳᠡᠵᠦ ᠤᠤᠭᠤᠬᠤ ᠪᠠᠨ ᠮᠠᠷᠲᠠᠴᠢᠬᠠᠨ᠎ᠠ᠃ ᠲᠠ ᠴᠦ ᠪᠠᠰᠠ ᠪᠦᠬᠡᠴᠢᠨ ᠬᠦᠮᠦᠨ ᠭᠡᠵᠦ ᠬᠦᠮᠦᠰ ᠬᠡᠯᠡᠯᠴᠡᠳᠡᠭ᠂  ᠮᠢᠨᠦ ᠬᠦᠦ ᠳᠤ ᠪᠦᠬᠡ ᠪᠠᠷᠢᠯᠳᠤᠬᠤ ᠶᠢᠨ ᠠᠷᠭ᠎ᠠ ᠨᠠᠮᠪᠠ ᠶᠢ ᠵᠢᠭᠠᠵᠦ ᠥᠭᠬᠦ ᠦᠭᠡᠢ ᠤᠤ  ᠂ ᠲᠠᠨ ᠢᠶᠠᠷ ᠪᠠᠭᠰᠢ ᠰᠢᠲᠤᠶ᠎ᠡ᠂ ᠶᠠᠮᠠᠷ ᠪᠤᠢ  ︖      — ᠡᠷᠬᠡ ᠶᠢ ᠰᠤᠷᠬᠤ ᠪᠠᠷ ᠪᠡᠷᠬᠡ ᠶᠢ ᠰᠤᠷ᠂ ᠡᠷᠳᠡᠮ ᠰᠤᠷᠬᠤ ᠳᠤ ᠬᠠᠲᠠᠭᠤ ᠵᠤᠷᠢᠭ ᠪᠠᠶᠢᠬᠤ ᠬᠡᠷᠡᠭᠳᠡᠢ ᠭᠡᠳᠡᠭ᠂ ᠬᠦᠪᠡᠭᠦᠨ ᠴᠢᠨᠢ ᠨᠠᠰᠦ ᠪᠠᠭ᠎ᠠ᠂ ᠰᠠᠶ᠋ᠢ ᠠᠷᠪᠠᠨ ᠨᠠᠰᠦ ᠭᠠᠷᠤᠢ᠂ ᠶᠠᠭ ᠪᠦᠬᠡ ᠰᠤᠷᠬᠤ ᠨᠠᠰᠤ ᠴᠦ ᠮᠦᠨ᠂ ᠭᠡᠪᠡᠴᠦ ᠪᠠᠭ᠎ᠠ ᠠᠴᠠ ᠬᠦᠴᠦ ᠲᠡᠩᠬᠡᠬᠡ ᠪᠠᠨ ᠳᠠᠩᠴᠦ ᠶᠡᠭᠡ ᠭᠠᠷᠭᠠᠵᠦ ᠪᠣᠯᠬᠤ ᠦᠭᠡᠢ᠂ ᠠᠯᠬᠤᠮ ᠠᠯᠬᠤᠮ ᠢᠶᠠᠷ ᠠᠭᠠᠵᠢᠭᠤ ᠳᠠᠰᠬᠠᠭᠤᠯ ᠪᠤᠯᠪᠠᠰᠤᠷᠠᠯ ᠬᠢᠵᠦ ᠰᠠᠶ᠋ᠢ ᠪᠦᠬᠡ ᠶᠢᠨ ᠮᠦᠷ ᠲᠤ ᠣᠷᠤᠬᠤ ᠶᠤᠮ ᠭᠡᠵᠡᠢ᠃ᠲᠡᠭᠡᠭᠡᠳ ᠪᠦᠬᠡ ᠶᠢᠨ ᠪᠠᠭᠰᠢ ᠲᠠᠢ ᠪᠤᠯᠤᠭᠰᠠᠨ ᠳᠠᠭᠠᠨ ᠪᠠᠶᠠᠷᠯᠠᠭᠰᠠᠨ ᠱᠠᠯᠪᠢᠩ ᠪᠦᠬᠡ ᠪᠠᠷᠢᠯᠳᠤᠬᠤ ᠶᠢᠨ ᠰᠦᠷ ᠵᠢᠪᠬᠤᠯᠠᠩ᠂ ᠠᠷᠭ᠎ᠠ ᠨᠠᠮᠪᠠ᠂ ᠵᠦᠢ ᠶᠤᠰᠤ᠂ ᠪᠦᠬᠡ ᠶᠢᠨ ᠪᠤᠤᠷ᠎ᠠ ᠶᠢᠨ ᠰᠢᠯᠢᠳᠡᠯᠭᠡ᠂ ᠪᠤᠬ᠎ᠠ ᠶᠢᠨ ᠰᠠᠵᠢᠯᠲᠠ᠂ ᠰᠤᠭᠰᠤᠷᠠᠵᠤ ᠰᠦᠬᠦᠭᠡᠷᠡᠬᠦ᠂ ᠰᠤᠭᠤᠯᠵᠦ ᠲᠤᠩᠭᠤᠷᠠᠭᠤᠯᠬᠤ᠂ ᠲᠠᠰᠢᠶ᠎ᠠ ᠡᠭᠦᠷᠦᠯᠦᠭᠡ᠂ ᠡᠭᠡᠮ ᠮᠦᠯᠲᠦᠯᠭᠡ᠂ ᠡᠭᠦᠷᠬᠦ᠂ ᠬᠠᠪᠢᠷᠠᠭᠠᠯᠠᠬᠤ᠂ ᠰᠡᠭᠰᠦᠷᠬᠦ᠂ ᠳᠤᠭᠲᠤᠷᠬᠤ᠂ ᠡᠭᠦᠷᠴᠦ ᠠᠪᠤᠭᠠᠳ ᠭᠠᠵᠠᠷ ᠲᠠᠯᠪᠢᠬᠤ᠂ ᠤᠷᠠᠨ ᠳᠤᠬᠢᠶ᠎ᠠ᠂ ᠤᠶᠠᠨ ᠭᠤᠶ᠎ᠠ᠂ ᠦᠰᠦᠭᠡᠢ ᠴᠠᠪᠴᠢᠯᠲᠠ᠂ ᠬᠤᠯᠠᠭᠠᠢ ᠲᠠᠰᠢᠯᠲᠠ᠂ ᠭᠠᠩᠭᠠᠩ ᠮᠡᠭᠡ ᠵᠡᠷᠭᠡ ᠠᠷᠪᠠᠨ ᠬᠤᠶᠠᠷ ᠪᠠᠷᠢᠯᠳᠤᠯᠭ᠎ᠠ ᠶᠢ ᠬᠡᠳᠦᠨ ᠰᠠᠷ᠎ᠠ ᠵᠢᠭᠠᠵᠦ ᠦᠭᠴᠡᠢ᠃ ᠡᠭᠦᠨ ᠤ ᠬᠠᠮᠲᠤ ᠪᠦᠬᠡ ᠶᠢᠨ ᠶᠤᠰᠤ ᠵᠢᠷᠤᠮ ᠶᠠᠭᠤ ᠪᠣᠯᠬᠤ ᠶᠢ ᠬᠦᠷᠲᠡᠯ᠎ᠡ ᠵᠢᠭᠠᠵᠦ ᠦᠭᠴᠡᠢ᠃      ᠪᠦᠬᠡ ᠶᠢᠨ ᠳᠠᠰᠬᠠᠭᠤᠯ ᠪᠤᠯᠪᠠᠰᠤᠷᠠᠯ ᠢ ᠤᠳᠠᠭᠠᠨ ᠬᠢᠵᠦ ᠪᠦᠬᠡ ᠶᠢᠨ ᠡᠷᠳᠡᠮ ᠳᠤ ᠨᠡᠯᠢᠶᠡᠳ ᠰᠢᠯᠭᠠᠷᠠᠵᠦ᠂ ᠨᠠᠶᠢᠷ ᠨᠠᠭᠠᠳᠤᠮ ᠪᠠᠶᠠᠷ ᠴᠡᠩᠭᠡᠯ ᠤᠨ ᠭᠠᠵᠠᠷ᠂ ᠣᠪᠣᠭᠠᠨ ᠲᠠᠬᠢᠯᠭ᠎ᠠ ᠶᠢᠨ ᠨᠠᠶᠢᠷ ᠵᠡᠷᠭᠡ ᠭᠠᠵᠠᠷ ᠢᠶᠠᠷ ᠪᠦᠬᠡ ᠪᠠᠷᠢᠯᠳᠤᠨ ᠮᠠᠩᠯᠠᠢ ᠪᠦᠬᠡ ᠳᠤ ᠰᠢᠯᠭᠠᠷᠠᠨ ᠲᠡᠮᠡᠭᠡ ᠮᠠᠯ᠂ ᠡᠳ᠋ ᠪᠤᠳᠠᠰ ᠤᠨ ᠱᠠᠩᠨᠠᠯ ᠢᠶᠠᠷ ᠱᠠᠩᠨᠠᠭᠳᠠᠵᠤ ᠶᠠᠪᠤᠵᠡᠢ᠃      ᠳᠤᠮᠤᠭ ᠶᠠᠷᠢᠶᠠᠨ ᠳᠤ᠂ ᠪᠦᠬᠡ ᠮᠤᠬᠤᠯᠠᠢ ᠶᠢᠨ ᠡᠴᠢᠭᠡ ᠰᠢᠷᠠᠪᠽᠠᠩᠪᠤ ᠭᠡᠭᠴᠢ ᠬᠦᠮᠦᠨ ᠪᠦᠬᠡ ᠱᠠᠯᠪᠢᠩ ᠤᠨ ᠡᠵᠢ ᠮᠢᠭᠳᠡᠷᠢ ᠶᠢᠨ ᠬᠡᠬᠦᠷ ᠢ ᠲᠦᠰᠢᠭᠰᠡᠨ ᠠᠴᠠ᠂ ᠳᠠᠷᠠᠭ᠎ᠠ ᠲᠦᠷᠦᠯ ᠳᠤᠨᠢ ᠪᠦᠬᠡ ᠮᠤᠬᠤᠯᠠᠢ ᠭᠡᠭᠴᠢ ᠪᠦᠬᠡᠴᠢᠨ ᠠᠯᠠᠱᠠ ᠳᠤ ᠮᠡᠨᠳᠦᠯᠡᠭᠰᠡᠨ ᠭᠡᠳᠡᠭ᠃ ᠤᠴᠢᠷ ᠨᠢ ᠱᠠᠯᠪᠢᠩ ᠪᠡᠶ᠎ᠡ ᠠᠴᠠ ᠪᠠᠨ ᠬᠡᠳᠦᠶᠢᠳᠦᠭᠰᠡᠨ ᠴᠢᠳᠠᠯ ᠲᠠᠢ᠂ ᠬᠦᠦ ᠎ ᠨᠢ ᠬᠤᠵᠢᠮ ᠨᠢ ᠯᠠᠪᠲᠠᠢ ᠪᠦᠬᠡᠴᠢᠨ ᠪᠣᠯᠬᠤ ᠨᠢ ᠭᠠᠷᠴᠠᠭ᠎ᠠ ᠦᠭᠡᠢ᠂ ᠪᠡᠶ᠎ᠠ ᠲᠠᠢ ᠪᠠᠨ ᠠᠳᠠᠯᠢ ᠲᠡᠰᠪᠦᠷᠢᠯᠡᠵᠦ ᠳᠡᠶᠢᠯᠦᠰᠢ ᠦᠭᠡᠢ ᠵᠤᠪᠠᠯᠠᠩ ᠠᠮᠰᠠᠨ᠎ᠠ ᠭᠡᠵᠦ ᠪᠤᠳᠤᠭᠠᠳ ᠠᠮᠢ ᠢ ᠨᠢ ᠬᠤᠷᠤᠭᠠᠭᠰᠠᠨ ᠠᠴᠠ ᠠᠯᠠᠱᠠ ᠳᠤ ᠪᠦᠬᠡ ᠶᠢᠨ ᠤᠳᠤᠮ ᠲᠠᠰᠤᠷᠠᠭᠰᠠᠨ ᠭᠡᠵᠦ ᠳᠤᠮᠤᠭᠴᠢᠯᠠᠨ ᠬᠡᠯᠡᠯᠴᠡᠳᠡᠭ ᠪᠡᠶᠢᠵᠡᠢ᠃ ︵ᠦᠷᠭᠦᠯᠵᠢᠯᠡᠯ᠄ ᠲᠡᠭᠷᠢ ᠲᠡᠳᠭᠦᠭᠴᠢ ᠬᠠᠭᠠᠨ ᠤ ᠵᠠᠷᠯᠢᠭ ᠢᠶᠠᠷ ᠱᠠᠯᠪᠢᠩ ᠪᠡᠭᠡᠵᠢᠩ ᠳᠤ ᠮᠤᠷᠳᠠᠪᠠ︶
 
ᠢᠷᠡᠯᠲᠡ᠄ ᠠᠯᠠᠱᠠ ᠪᠦᠬᠡ ᠱᠠᠯᠪᠢᠩ ᠤᠨ ᠨᠠᠮᠳᠠᠷ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号