ᠴᠠᠰᠣᠲᠤ ᠶᠢᠨ ᠰᠢᠷ᠎ᠠ ᠲᠠᠯ᠎ᠠ
ᠨᠡᠶᠢᠲᠡᠯᠡᠭᠰᠡᠨ ᠴᠠᠭ᠄
2020/8/19
      ᠰᠢᠷ᠎ᠠ ᠲᠠᠯ᠎ᠠ ᠶᠢᠨ ᠳᠤᠮᠤᠭᠰᠢᠷ᠎ᠠ ᠲᠠᠯ᠎ᠠ ᠶᠢᠨ ᠴᠠᠰᠤᠨᠠᠪᠴᠢᠨ ᠤ ᠬᠡ ᠲᠠᠢᠨᠠᠷᠠᠨ ᠤ ᠤᠭᠤᠷᠠᠭ ᠢᠶᠠᠷ ᠰᠢᠩᠬᠤᠳᠠᠭᠰᠠᠨᠨᠠᠶᠢᠷᠠᠭ ᠤᠨ ᠤᠩᠭᠤᠳ ᠪᠦᠵᠢᠵᠦ ᠪᠠᠭᠤᠭᠰᠠᠨ ᠨᠢ ᠲᠡᠷᠡ ᠶᠤᠮ ᠪᠢᠵᠠᠰᠢᠷ᠎ᠠ ᠲᠠᠯ᠎ᠠ ᠶᠢᠨ ᠤᠰᠤᠨᠢᠯᠪᠤᠰᠤᠨ ᠤ ᠠᠮᠲᠠ ᠲᠠᠢᠨᠡᠭᠦᠳᠡᠯ ᠤᠨ ᠬᠦᠯ ᠠᠴᠠ ᠬᠠᠷᠠᠩᠭᠤᠰᠴᠤ ᠬᠤᠴᠤᠷᠤᠭᠰᠠᠨᠨᠢᠯᠬ᠎ᠠ ᠬᠤᠷᠠᠭ᠎ᠠ ᠶᠢᠨ ᠭᠠᠰᠢᠭᠤᠨ ᠮᠠᠶᠢᠯᠠᠭ᠎ᠠ ᠨᠢ ᠲᠡᠷᠡ ᠶᠤᠮ ᠪᠢᠵᠠᠰᠢᠷ᠎ᠠ ᠲᠠᠯ᠎ᠠ ᠶᠢᠨ ᠵᠡᠷᠭᠡᠯᠭᠡᠲᠡᠭᠷᠢ ᠶᠢᠨ ᠦᠩᠭᠡ ᠲᠠᠢᠲᠡᠯᠠᠮᠡᠨ ᠵᠢᠷᠤᠭ᠎ᠠ ᠮᠤᠷᠢᠳ ᠤᠨ ᠶᠦᠷᠭᠡᠭᠡᠨ ᠳᠤᠲᠠᠯ᠎ᠠ ᠪᠠᠨ ᠲᠡᠯᠡᠵᠦ ᠬᠤᠯᠠ ᠳᠠᠪᠭᠢᠭᠰᠠᠨ ᠤ ᠬᠢ ᠲᠡᠷᠡ ᠶᠤᠮ ᠪᠢᠵᠠᠰᠢᠷ᠎ᠠ ᠲᠠᠯ᠎ᠠ ᠶᠢᠨ ᠴᠡᠴᠡᠭᠡᠰᠬᠠᠶᠢᠷ᠎ᠠ ᠶᠢᠨ ᠮᠢᠰᠢᠶᠡᠯ ᠲᠠᠢᠬᠦᠯᠢᠶᠡᠯᠲᠡ ᠪᠠᠷ ᠴᠤᠭᠰᠢᠭᠰᠠᠨ ᠤᠲᠤᠷ ᠤᠨ ᠭᠠᠯᠬᠠᠷᠠᠴᠠ ᠨᠡᠪᠲᠡ ᠤᠶᠢᠵᠤ ᠬᠤᠨᠤᠳᠠᠭ ᠪᠤᠯᠤᠭᠰᠠᠨ ᠤ ᠬᠢ ᠲᠡᠷᠡ ᠶᠤᠮ ᠪᠢᠵᠠᠰᠢᠷ᠎ᠠ ᠲᠠᠯ᠎ᠠ ᠶᠢᠨ ᠴᠢᠯᠠᠭᠤᠳᠲᠤᠮᠤᠭ ᠤᠨ ᠬᠡᠯᠡ ᠲᠠᠢᠳᠡᠯᠡᠬᠡᠢ ᠪᠦᠰᠡᠯᠡᠭᠰᠡᠨ ᠶᠡᠭᠡ ᠴᠤᠪᠤᠭᠠᠨ ᠤ ᠲᠠᠰᠤᠷᠬᠠᠢᠳᠠᠭᠤᠤ ᠪᠠᠨ ᠡᠭᠰᠢᠭᠡᠵᠦ ᠦᠯᠡᠳᠡᠭᠡᠭᠰᠡᠨ ᠤ ᠬᠢ ᠲᠡᠷᠡ ᠶᠤᠮ ᠪᠢᠵᠠ᠃       ᠰᠢᠷ᠎ᠠ ᠲᠠᠯ᠎ᠠ ᠶᠢᠨ ᠬᠠᠷᠠᠭᠤᠰᠤᠯᠳᠦᠷᠦᠭᠡᠨ ᠳᠠᠭᠤᠨ ᠳᠤ ᠲᠠᠳᠠᠭᠳᠠᠬᠤ ᠮᠡᠲᠦᠲᠤᠯᠭ᠎ᠠ ᠶᠢᠨ ᠭᠤᠷᠪᠠᠨ ᠴᠢᠯᠠᠭᠤ ᠦᠨᠳᠡᠯᠵᠡᠨ᠎ᠡᠲᠦᠭᠡ ᠬᠦᠷᠬᠦ ᠦᠭᠡᠢ ᠴᠤᠴᠠᠯᠢ ᠶᠢᠨ ᠮᠤᠳᠤᠳᠲᠦᠯᠡᠭᠳᠡᠭᠰᠡᠨ ᠲᠤᠭ ᠤᠨ ᠡᠰᠢ ᠰᠢᠭ ᠪᠤᠲᠠᠷᠠᠵᠠᠢᠲᠦᠷᠪᠡᠭᠡᠨ ᠬᠦᠷᠪᠡᠭᠡᠨ ᠳᠤ ᠲᠦᠢᠯᠳᠠᠭᠰᠠᠨᠳᠦᠷᠦᠭᠦᠴᠢ ᠶᠢᠨ ᠤᠨ ᠵᠢᠯ ᠤᠳ ᠨᠠᠮ ᠲᠤᠭᠵᠢᠷᠠᠵᠠᠢ᠃ᠢᠵᠢᠯᠢ ᠪᠠᠨ ᠦᠭᠡᠶᠢᠯᠡᠬᠦ ᠮᠡᠲᠦᠤᠨᠠᠭᠠᠨ ᠵᠢᠷᠤᠭ᠎ᠠ ᠮᠤᠷᠢᠳ ᠨᠢ ᠦᠦᠷᠰᠡᠨ᠎ᠡᠤᠷᠤᠯᠳᠤᠭᠠᠨ ᠳᠤ ᠤᠳᠤ ᠲᠠᠢ ᠬᠤᠶᠢᠴᠢᠰ ᠨᠢᠠᠳᠤᠭᠤ ᠪᠠᠨ ᠮᠠᠨᠠᠨ ᠬᠡᠬᠡᠷ᠎ᠡ ᠬᠤᠨᠤᠵᠠᠢᠡᠵᠡᠨ ᠮᠢᠨᠢ ᠡᠷᠭᠢᠵᠦ ᠢᠷᠡᠨ᠎ᠡ ᠬᠡᠮᠡᠨᠨᠤᠲᠤᠭ ᠢᠶᠠᠨ ᠰᠠᠬᠢᠵᠤ ᠡ᠊ᠠᠳᠡ ᠤᠳᠠᠵᠠᠢ᠃ᠪᠤᠷᠪᠢ ᠪᠠᠷ ᠢᠶᠠᠨ ᠬᠤᠭᠤᠷᠠᠵᠤ ᠤᠶᠢᠴᠢᠭᠰᠠᠨ ᠮᠡᠲᠦᠪᠠᠭᠤᠳᠠᠯ ᠰᠠᠭᠤᠳᠠᠯ ᠤᠨ ᠲᠤᠷᠤ ᠭᠦᠭᠯᠡᠷᠡᠨ᠎ᠡᠠᠳᠤᠭᠤᠨ ᠤ ᠵᠡᠯ᠎ᠡ ᠳᠠᠭᠠᠭᠤᠯᠵᠤᠠᠨᠵᠢᠰᠤᠨ ᠬᠤᠰᠢᠭᠤ ᠭᠠᠵᠠᠷ ᠲᠤ ᠰᠢᠭᠢᠳᠴᠡᠢ᠃ᠢᠷᠠᠭᠳᠠᠭᠰᠠᠨ ᠬᠦᠷᠦᠰᠦᠨ ᠤ ᠬᠢᠨᠢ ᠳᠤᠤᠷ᠎ᠠᠠᠷᠭᠠᠯ ᠤᠨ ᠬᠦᠭᠡ ᠦᠨᠡᠰᠦ ᠯᠡ ᠲᠠᠭᠰᠢᠷᠠᠵᠠᠢ᠃ᠰᠤᠳᠤᠷ ᠠᠴᠠ ᠪᠠᠨ ᠰᠠᠯᠤᠭᠰᠠᠨ ᠪᠠᠷᠢᠨᠲᠠᠭ ᠰᠢᠭ᠋ᠨᠠᠪᠲᠠᠷᠬᠠᠢ ᠲᠡᠦᠬᠡ ᠶᠢᠨ ᠮᠠᠨᠠᠨ ᠬᠦᠪᠦᠨ᠎ᠡᠰᠤᠷᠠᠭ ᠠᠴᠠ ᠪᠠᠨ ᠠᠯᠳᠠᠷᠠᠭᠰᠠᠨ ᠵᠤᠯᠪᠢᠡᠭ ᠦᠭᠡᠰᠴᠤᠭᠤᠷᠤᠬᠠᠢ ᠤᠷᠴᠢᠯᠠᠩ ᠳᠤ ᠳᠤᠷ᠎ᠠ ᠪᠠᠷ ᠲᠡᠨᠦᠵᠡᠢᠠᠭᠤᠯᠠᠰ ᠢᠶᠠᠨ ᠳᠠᠪᠠᠵᠤ ᠡᠭᠦᠯᠡᠰ ᠨᠢ ᠨᠡᠭᠦᠬᠦ ᠳᠤᠤᠬᠠᠭᠠᠨ ᠢᠶᠠᠨ ᠲᠤᠯᠵᠤ ᠪᠤᠳᠤᠯ ᠮᠢᠨᠢ ᠬᠤᠴᠤᠷᠴᠠᠢ᠃        ᠴᠠᠰᠣᠲᠤ ᠶᠢᠨ ᠰᠢᠷ᠎ᠠ ᠲᠠᠯ᠎ᠠᠴᠠᠰᠤᠲᠤ ᠶᠢᠨ ᠮᠦᠰᠦᠨ ᠤᠷᠭᠢᠯ ᠤᠳ ᠦᠨᠳᠦᠷ ᠢᠶᠠᠨ ᠮᠦᠷᠦ᠋ᠢᠴᠡᠨ ᠰᠦᠮᠪᠦᠷᠯᠡᠵᠦᠴᠠᠪᠴᠢᠶᠠᠯ ᠬᠠᠳᠠᠨ ᠤ ᠡ᠊ᠩᠭᠡᠷ ᠲᠤ ᠶᠠᠩᠭᠢᠷ ᠳᠡᠭᠦᠯᠢᠵᠦ ᠨᠠᠭᠠᠳᠤᠨ᠎ᠠᠴᠠᠭᠠᠨ ᠰᠦᠨ ᠤ ᠣᠨᠳᠣᠷᠣᠯ ᠮᠡᠲᠦ ᠴᠠᠰᠤᠨ ᠤ ᠮᠦᠩᠭᠦᠨ ᠬᠠᠯᠢᠶ᠎ᠠ ᠬᠡᠯᠬᠢᠶᠡᠷᠡᠨᠴᠡᠴᠡᠭᠡᠰ ᠢᠶᠠᠨ ᠪᠦᠪᠠᠶᠢᠯᠡᠵᠦ ᠨᠢᠯᠬᠠᠷᠠᠭᠰᠠᠨ ᠰᠢᠷ᠎ᠠ ᠲᠠᠯ᠎ᠠ ᠨᠠᠯᠠᠶᠢᠨ᠎ᠠᠠᠶᠠᠨ ᠤ ᠵᠠᠮ ᠳᠤ ᠤᠴᠠᠷᠠᠭᠰᠠᠨ ᠰᠠᠶᠢᠬᠠᠨ ᠪᠦᠰᠡᠭᠦᠢ ᠶᠢᠨ ᠵᠢᠰᠦᠨ ᠳᠤᠨᠠᠰᠤᠨ ᠤ ᠨᠠᠮᠪᠠ ᠪᠠᠨ ᠮᠠᠷᠲᠠᠨ ᠡᠮᠨᠢᠭ ᠳᠤᠷᠠᠯᠠᠯ ᠴᠤᠪᠬᠤᠴᠢᠨ᠎ᠠᠨᠠᠷᠠᠨ ᠤ ᠠᠯᠲᠠᠨ ᠬᠡᠯᠲᠡᠷᠬᠡᠢ ᠪᠤᠯᠠᠭ ᠤᠨ ᠲᠤᠬᠤᠢ ᠳᠤ ᠡᠷᠬᠡᠯᠡᠭᠡᠳᠤᠰᠤᠨ ᠤ ᠴᠡᠩᠭᠡᠷ ᠠᠶᠠᠯᠭᠤ ᠴᠡᠭᠡᠵᠢᠨ ᠲᠦᠰᠢᠶ᠎ᠡ ᠡᠭᠡᠰᠢᠭᠯᠡᠨ᠎ᠡᠬᠠᠷᠠᠭ᠎ᠠ ᠭᠦᠢᠴᠡᠬᠦ ᠦᠭᠡᠢ ᠨᠤᠲᠤᠭ ᠤᠨ ᠦᠷᠭᠡᠨ ᠴᠢᠯᠦᠭᠡ ᠳᠦᠭᠦᠷᠭᠡᠵᠦᠬᠠᠭᠠᠨ ᠦᠷᠭᠦᠭᠡ ᠮᠡᠲᠦ ᠭᠠᠨᠳᠠᠷᠢᠰᠤᠨ ᠵᠡᠷᠭᠡᠯᠭᠡ ᠪᠤᠰᠤᠨ᠎ᠠᠬᠠᠲᠠᠷᠢᠭᠤᠯᠵᠤ ᠭᠠᠲᠤᠯᠬᠤ ᠦᠭᠡᠢ ᠲᠠᠯ᠎ᠠ ᠶᠢᠨ ᠨᠠᠮ ᠵᠢᠮ ᠢ ᠡᠪᠳᠡᠵᠦᠬᠠᠵᠠᠭᠤ ᠶᠢᠨ ᠭᠦᠪᠡᠭᠡᠨ ᠤ ᠴᠠᠭᠠᠨ᠎ᠠ ᠲᠠᠷᠪᠠᠭ᠎ᠠ ᠬᠤᠰᠭᠢᠷᠴᠤ ᠴᠤᠮᠴᠦ᠋ᠢᠨ᠎ᠠᠬᠤᠷᠤᠭᠤ ᠪᠠᠭᠲᠠᠮ᠎ᠠ ᠵᠠᠢ ᠦᠭᠡᠢ ᠬᠤᠷᠠᠭᠰᠢᠭᠰᠠᠨ ᠡᠪᠡᠰᠦ ᠴᠢᠬᠢᠴᠢᠭᠡᠭᠡᠳᠬᠤᠨᠢᠨ ᠤ ᠴᠤᠪᠤᠭ᠎ᠠ ᠳᠠᠭᠠᠵᠤ ᠨᠡᠭᠦᠳᠡᠯ ᠤᠨ ᠰᠢᠪᠠᠭᠤᠳ ᠶᠠᠪᠠᠭᠠᠯᠠᠨ᠎ᠠᠬᠤᠯᠠ ᠠᠴᠠ ᠲᠠᠲᠠᠭᠰᠠᠨ ᠤᠨᠢᠶᠠᠷ ᠬᠤᠷᠮᠤᠢ ᠲᠠᠢ ᠵᠢᠭᠤᠷᠠᠯᠳᠤᠨ ᠲᠤᠭᠯᠠᠭᠠᠳᠬᠤᠨᠤᠭᠠᠳ ᠪᠤᠴᠠᠬᠤ ᠶᠢᠨ ᠬᠤᠭᠤᠷᠤᠨᠳᠤ ᠬᠤᠩᠭᠤᠷ ᠰᠡᠳᠭᠢᠯ ᠤᠶᠠᠭᠳᠠᠨ᠎ᠠᠡᠪᠦᠭᠡᠨ ᠪᠦᠷᠭᠦᠳ ᠤᠨ ᠰᠡᠭᠦᠳᠡᠷ ᠭᠠᠵᠠᠷ ᠠᠷᠴᠢᠨ ᠪᠤᠴᠠᠬᠤ ᠳᠤᠠᠭᠤᠯᠠ ᠶᠢᠨ ᠬᠦᠦᠰᠢ ᠠᠴᠠ ᠤᠷᠢᠳᠠᠵᠤ ᠪᠤᠷᠤᠭᠠᠨ ᠭᠦᠯᠯᠡᠵᠦ ᠭᠠᠲᠤᠯᠤᠨ᠎ᠠᠡᠷᠭᠢ ᠪᠠᠨ ᠳᠠᠪᠠᠨ ᠬᠠᠯᠬᠢᠯᠠᠬᠤ ᠦᠶᠡᠷ ᠤᠨ ᠲᠤᠭᠰᠢᠨ ᠰᠦᠷ ᠲᠤᠡᠷᠭᠢᠵᠦ ᠢᠷᠡᠬᠦ ᠦᠭᠡᠢ ᠳᠤᠷᠠᠳᠬᠠᠯ ᠢᠶᠠᠨ ᠰᠢᠪᠠᠨᠡᠵᠦ ᠪᠠᠰᠠ ᠠᠮᠵᠢᠨ᠎ᠠ᠃ᠳᠤᠯᠤᠭᠠᠨ ᠦᠩᠭᠡ ᠶᠢᠨ ᠰᠤᠯᠤᠩᠭ᠎ᠠ ᠠᠶᠤᠩᠭ᠎ᠠ ᠶᠢᠨ ᠳᠠᠭᠤᠨ ᠢ ᠴᠠᠯᠮᠠᠳᠠᠵᠤᠡᠯᠢᠭᠡᠨ ᠬᠦᠷᠡᠩ ᠬᠠᠳᠠᠳ ᠤᠨ ᠢᠯᠴᠢ ᠨᠢ ᠨᠠᠰᠢ ᠪᠠᠨ ᠤᠶᠢᠨ᠎ᠡᠲᠡᠷᠲᠡᠭᠡ ᠳᠡᠨᠵᠢ ᠶᠢᠨ ᠮᠦᠨᠳᠦᠷ ᠪᠦᠮᠪᠦᠷᠴᠡᠭ ᠤᠨ ᠰᠤᠳᠠᠰᠤ ᠤᠷᠤᠭᠤ ᠵᠤᠯᠠᠷᠠᠨᠡᠨᠡᠲᠡᠭᠡ ᠭᠤᠤᠯ ᠤᠨ ᠬᠡᠪᠡᠯᠢ ᠶᠢ ᠤᠳᠠ ᠲᠡᠲᠠᠨ ᠴᠢᠳᠬᠤᠯᠠᠬᠤ ᠶᠤᠮ︽ᠳᠦᠮᠦᠩ ᠳᠦᠮᠦᠩ ᠬᠡᠬᠡᠷ︾ ᠤᠨ ᠠᠯᠬᠤᠭ᠎ᠠ ᠭᠢᠰᠭᠢᠭᠡ ᠠᠶᠢᠵᠠᠮᠯᠠᠵᠤᠳᠦᠷᠪᠡ ᠪᠠᠷ ᠬᠤᠤᠰᠯᠠᠭᠰᠠᠨ ᠭᠠᠨᠵᠤᠭ᠎ᠠ ᠰᠤᠭᠰᠤᠷᠠᠭ᠎ᠠ ᠳᠤᠮᠳᠠ ᠪᠠᠨ ᠴᠢᠩᠭᠠᠷᠠᠨ᠎ᠠᠳᠦᠷᠦᠭᠡ ᠬᠠᠷᠰᠢᠭᠤᠯᠤᠨ ᠳᠤᠪᠲᠤᠯᠬᠤ ᠨᠠᠶᠢᠵᠠ ᠶᠢᠨ ᠨᠠᠷᠭᠢᠶ᠎ᠠ ᠳᠤ ᠰᠤᠭᠲᠤᠭᠤᠷᠠᠨᠳᠦᠷᠪᠡᠨ ᠴᠠᠭ ᠤᠨ ᠦᠩᠭᠡ ᠶᠢ ᠠᠵᠢᠵᠦ ᠵᠠᠪᠳᠤᠯ ᠦᠭᠡᠢ ᠲᠤᠭᠤᠯᠤᠭᠰᠠᠨ ᠪᠠᠶᠢᠬᠤ ᠶᠤᠮᠬᠦᠯᠦᠭ ᠤᠨ ᠲᠤᠭᠤᠷᠠᠢ ᠳᠤ ᠠᠰᠠᠭᠰᠠᠨ ᠴᠡᠴᠡᠭᠡᠰ ᠤᠨ ᠰᠠᠯᠬᠢᠨ ᠬᠡᠶᠢᠷᠬᠡᠵᠦᠬᠡ ᠦᠭᠡᠢ ᠵᠤᠭᠤᠭ ᠦᠷᠨᠢᠨ ᠦᠶᠡᠷᠬᠡᠯ ᠤᠨ ᠰᠢᠯᠲᠠᠭ ᠨᠡᠮᠡᠭᠳᠡᠨ᠎ᠡᠬᠡᠬᠡᠷ᠎ᠡ ᠶᠢᠨ ᠲᠦᠭᠦᠯ ᠠᠴᠠ ᠲᠡᠭᠦᠭᠰᠡᠨ ᠨᠠᠶᠢᠷᠠᠭ ᠤᠨ ᠵᠢᠮᠢᠰ ᠰᠢᠭ ᠬᠦᠭᠡᠷᠦᠬᠦᠨᠬᠡᠭᠡᠮᠰᠦᠭ ᠪᠦᠰᠡᠭᠦᠢ ᠶᠢ ᠦᠨᠦᠰᠬᠦ ᠳᠤ ᠦᠭᠡᠨ ᠤ ᠤᠴᠢᠭ ᠳᠤᠲᠠᠭᠤᠳᠠᠨ᠎ᠠᠲᠤᠭᠤᠨᠤᠨ ᠳᠡᠭᠡᠷ᠎ᠡ ᠪᠤᠲᠠᠷᠠᠬᠤ ᠤᠳᠤᠳ ᠤᠨ ᠭᠡᠭᠡ ᠠᠰᠬᠠᠷᠠᠵᠤᠲᠤᠯᠭ᠎ᠠ ᠶᠢᠨ ᠭᠠᠯ ᠤᠨ ᠲᠡᠷᠭᠡᠳᠡ ᠠᠴᠠ ᠳᠠᠭᠤᠨ ᠤ ᠠᠶᠠᠯᠭᠤ ᠰᠢᠷᠤᠩᠬᠠᠶᠢᠯᠠᠨ᠎ᠠᠲᠠᠯ᠎ᠠ ᠰᠠᠷᠠᠨ ᠪᠦᠲᠦᠨ ᠪᠤᠯᠵᠤ ᠬᠤᠨᠤᠭᠠᠳ ᠭᠠᠲᠤᠯᠳᠠᠭᠲᠡᠭᠷᠢᠯᠢᠭ ᠴᠠᠰᠤᠲᠤ ᠶᠢᠨ ᠰᠢᠷ᠎ᠠ ᠲᠠᠯ᠎ᠠ ᠦᠷ ᠵᠦᠭ ᠢᠶᠠᠨ ᠨᠡᠭᠦᠨ᠎ᠡ᠃                                                   ︵ᠵᠣᠬᠢᠶᠠᠭᠴᠢ᠄ ᠮᠦᠩᠬᠡᠵᠢᠷᠭᠠᠯ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号