ᠦᠷ᠎ᠡ ᠳᠡᠭᠡᠨ ᠱᠠᠩᠨᠠᠬᠤ ᠠᠯᠲᠠᠨ ᠴᠠᠭ ᠤᠨ ᠪᠤᠳᠤᠷᠤᠤᠯ
ᠨᠡᠶᠢᠲᠡᠯᠡᠭᠰᠡᠨ ᠴᠠᠭ᠄
2021/3/8
ᠠᠯᠠᠭᠠᠨ ᠳᠡᠭᠡᠷ᠎ᠡ ᠠᠴᠠ ᠴᠢᠨᠢᠨᠠᠷᠠ ᠮᠠᠨᠳᠤᠯ᠎ᠠ ᠭᠡᠵᠤ ᠵᠡᠭᠦᠳᠦᠯᠡᠯ᠎ᠡᠠᠪᠤ ᠨᠢ ᠵᠡᠭᠦᠳᠦᠨ ᠳᠡᠭᠡᠨᠪᠠᠯᠴᠢᠷᠬᠠᠨ ᠦᠷ᠎ᠡ ᠪᠠᠨ ᠦᠨᠦᠰᠦᠭᠰᠡᠨ ᠶᠤᠮ ᠪᠠᠶᠢᠵᠡᠢᠠᠯᠳᠠᠷᠠᠶᠢᠬᠠᠨ ᠦᠷ᠎ᠡ ᠮᠢᠨᠢ ᠠᠪᠤ ᠳᠠᠭᠠᠨ ᠯᠡ ᠬᠦᠷᠦᠭᠡᠳ ᠢᠷ᠎ᠡᠠᠵᠠ ᠵᠠᠶᠠᠭᠠᠨ ᠤ ᠴᠢᠨᠢ ᠬᠠᠷᠭᠤᠢ ᠳᠤ ᠰᠤᠯᠤᠩᠭ᠎ᠠᠲᠠᠲᠠᠴᠢᠬᠠᠭᠰᠠᠨ ᠶᠤᠮ ᠪᠠᠶᠢᠨ᠎ᠠᠲᠡᠨᠳᠡ ᠪᠢ ᠡᠵᠢ ᠲᠠᠢ ᠴᠢᠨᠢ ᠴᠤᠭ ᠮᠥᠩᠭᠦᠨ ᠰᠠᠷᠠᠨ ᠢᠲᠡᠷᠭᠡᠯᠰᠢᠲᠡᠯ᠎ᠡ ᠪᠠᠨ ᠬᠦᠯᠢᠶᠡᠵᠤᠮᠥᠷᠦᠭᠡᠳᠦᠯᠲᠦ ᠲᠡᠷᠡ ᠤᠨ ᠴᠠᠭ ᠠᠴᠠ ᠴᠡᠴᠡᠭ ᠲᠡᠭᠦᠵᠤᠭᠡᠵᠢᠭᠡᠨ ᠤ ᠴᠢᠨᠢ ᠳᠠᠷᠤᠪᠴᠢ ᠶᠢ ᠤᠷᠠᠯᠠᠬᠤ ᠭᠡᠵᠤᠰᠠᠷᠠᠨ ᠤ ᠴᠠᠭᠠᠨ ᠲᠠᠤᠯᠠᠢ ᠠᠴᠠ ᠨᠢ ᠬᠦᠷᠲᠡᠯ᠎ᠡ ᠬᠠᠷᠠᠮᠨᠠᠵᠤᠨᠢᠳᠦᠨ ᠳᠡᠭᠡᠨ ᠨᠢᠭᠤᠴᠢᠬᠠᠭᠠᠳᠰᠠᠷᠠᠭᠤᠯᠬᠠᠨ ᠰᠥᠨᠢ ᠶᠢᠨ ᠭᠦᠨ ᠳᠤ ᠰᠢᠯᠦᠭ ᠲᠡᠷᠯᠡᠬᠦ‍ ᠰᠢᠭᠲᠡᠶᠢᠮᠤ ᠭᠡᠭᠡᠯᠢᠭ ᠭᠱᠠᠨ᠎ᠠᠰᠠᠶᠢᠬᠠᠨ ᠪᠠᠶᠢᠭᠠᠯᠢ ᠶᠢᠨ ᠵᠢᠷᠤᠭᠰᠠᠨ ᠪᠦᠬᠦᠨ ᠢ ᠴᠢᠮᠠᠳᠠᠭᠠᠨ ᠪᠡᠯᠡᠭᠯᠡᠭᠰᠡᠨ ᠡᠦᠷ᠎ᠡ ᠮᠢᠨᠢ︕ᠪᠤᠷᠤ ᠭᠦᠷᠦᠭᠡᠰᠦᠨ ᠤ ᠨᠢᠳᠦ ᠮᠡᠯᠮᠡᠷᠡᠵᠤ ᠬᠠᠷᠠᠭᠳᠠᠬᠤ ᠰᠢᠭ᠋ᠤᠳᠤᠨ ᠠᠴᠠ ᠴᠠᠰᠣ ᠬᠢᠯᠮᠠᠭᠠᠯᠠᠨ᠎ᠠ ᠭᠡᠵᠤ ᠵᠡᠭᠦᠳᠦᠯᠡᠯ᠎ᠡᠠᠪᠤ ᠨᠢ ᠵᠡᠭᠦᠳᠦᠨ ᠳᠡᠭᠡᠨᠶᠠᠩᠵᠢᠯᠾᠠᠮᠤ ᠶᠢᠨ ᠬᠤᠭᠤᠷ ᠤᠨ ᠴᠢᠪᠬᠠᠳᠠᠰᠤᠨ ᠠᠴᠠᠴᠢᠨᠤᠬᠢ ᠪᠠᠨ ᠪᠠᠯᠴᠢᠷᠬᠠᠨ ᠳᠠᠭᠤᠤ ᠶᠢ ᠴᠢᠩᠨᠠᠭᠰᠠᠨ ᠶᠤᠮ ᠪᠠᠶᠢᠵᠡᠢᠮᠥᠩᠭᠦᠨ ᠮᠤᠳᠤᠨ ᠤ ᠮᠥᠴᠢᠷ ᠠᠴᠠ ᠰᠢᠭᠦᠳᠡᠷᠢ ᠳᠣᠰᠣᠯᠠᠬᠤ ᠰᠢᠭ᠋ᠡᠵᠢ ᠶᠢᠨ ᠴᠢᠨᠢ ᠬᠦᠬᠦᠨ ᠠᠴᠠ ᠰᠦ ᠢᠪᠢᠯᠬᠦ ᠶᠢᠨ ᠲᠡᠷᠡᠬᠡᠨ ᠬᠤᠷᠤᠮᠬᠠᠨ᠎ᠠᠴᠠᠰᠤᠨ ᠠᠴᠠ ᠢᠷᠭᠤᠢ ᠨᠢᠳᠦᠯᠡᠴᠢᠬᠡᠭᠰᠡᠨ ᠮᠡᠲᠦᠴᠠᠭᠠᠰᠤᠨ᠎ᠠ ᠪᠢᠴᠢᠬᠦ ᠰᠢᠯᠦᠭ ᠤᠨ ᠦᠭᠡᠰᠴᠢᠨᠤ ᠬᠦᠭᠡᠷᠦᠬᠦᠨ ᠳᠦᠷᠬᠦ ᠪᠠᠷ ᠬᠤᠪᠢᠯᠴᠢᠬᠠᠭᠰᠠᠨ ᠰᠢᠭ᠋ᠡᠶᠢᠮᠤ ᠯᠡ ᠳᠦᠰᠦᠭᠡᠯᠡᠯ ᠠᠴᠠ ᠠᠪᠤ ᠨᠢᠥᠬᠢᠨ ᠵᠠᠶᠠᠭ᠎ᠠ ᠶᠢ ᠴᠢᠨᠢ ᠵᠥᠩᠨᠡᠵᠤ ᠡᠨᠡ ᠡᠪᠤᠯ ᠤᠨ ᠴᠡᠴᠡᠭᠡᠨ ᠳᠤᠨᠤᠮ ᠤᠨ ᠨᠡᠷ᠎ᠡ ᠬᠠᠶᠢᠷᠠᠯᠠᠭᠰᠠᠨ ᠶᠤᠮᠢᠷᠡᠭᠡᠳᠦᠢ ᠳᠤ ᠠᠨᠢᠷᠲᠠᠬᠤ ᠰᠢᠯᠦᠭ ᠲᠡᠷᠯᠡᠵᠤᠡᠬᠡ ᠤᠷᠤᠨ ᠳᠤ ᠴᠢᠨᠢ ᠴᠢᠮᠠᠢᠢ ᠵᠤᠯᠭᠠᠭᠤᠯᠤᠭᠰᠠᠨ ᠶᠤᠮ ᠡᠴᠠᠭᠠᠨ ᠱᠤᠩᠬᠤᠷ ᠰᠢᠪᠠᠭᠤ ᠨᠠᠷᠠ ᠰᠠᠷᠠᠨ ᠢ ᠵᠠᠭᠤᠵᠤᠠᠯᠠᠭᠠᠨ ᠳᠡᠭᠡᠷ᠎ᠡ ᠮᠢᠨᠢ ᠲᠠᠯᠪᠢᠨ᠎ᠠ ᠭᠡᠵᠤ ᠵᠡᠭᠦᠳᠦᠯᠡᠯ᠎ᠡᠠᠪᠤ ᠨᠢ ᠵᠡᠭᠦᠳᠦᠨ ᠳᠡᠭᠡᠨᠨᠠᠶᠢᠷᠠᠭᠴᠢ ᠬᠦᠮᠦᠨ ᠤ ᠮᠥᠷᠦᠭᠡᠳᠦᠭᠰᠡᠨᠭᠡᠭᠡᠨ ᠬᠦᠰᠡᠯ ᠢᠶᠠᠨ ᠥᠬᠢᠨ ᠴᠢᠮᠠᠳᠠᠭᠠᠨ ᠰᠢᠪᠡᠨᠡᠭᠰᠡᠨ ᠶᠤᠮ ᠪᠠᠶᠢᠵᠡᠢᠦᠷ ᠤᠨ ᠴᠤᠯᠮᠤᠨ ᠬᠠᠷᠠᠩᠭᠤᠢ ᠶᠢ ᠰᠦᠯᠡᠬᠦ‍ ᠰᠢᠭᠦᠰᠦᠭ ᠨᠢᠳᠦᠯᠡᠵᠤ ᠪᠤᠢ ᠬᠡᠤᠬᠡᠳ ᠬᠡᠴᠢᠨᠡᠨ ᠬᠥᠭᠡᠷᠦᠬᠦᠨ ᠬᠠᠷᠠᠭᠳᠠᠳᠠᠭ ᠢᠠᠪᠤ ᠨᠢ ᠵᠦᠢᠷᠯᠡᠬᠦ ᠭᠡᠵᠤᠭᠡᠨᠡᠨ ᠴᠠᠭᠠᠬᠠᠨ ᠠᠭᠠᠯᠢᠨ ᠳᠤ ᠴᠢᠨᠢ ᠥᠪᠡᠷ ᠢ ᠪᠠᠨ ᠠᠭᠤᠰᠬᠠᠭᠰᠠᠨᠡᠵᠢ ᠴᠢᠨᠢ ᠥᠬᠦᠭᠡᠷᠳᠡᠬᠦ ᠭᠡᠵᠤᠡᠨᠡᠬᠡᠨ ᠨᠠᠰᠤᠨ ᠤ ᠴᠢᠨᠢ ᠭᠡᠷᠡᠯᠲᠦ ᠰᠤᠳᠤᠷ ᠪᠤᠯᠤᠨ ᠳᠡᠯᠭᠡᠭᠳᠡᠭᠰᠡᠨᠡᠬᠡ ᠤᠷᠤᠨ ᠴᠢᠨᠢ ᠲᠤᠰᠬᠤ ᠭᠡᠵᠤᠡᠷᠳᠡᠮᠲᠦ ᠬᠦᠮᠦᠨ ᠤ ᠤᠲᠤᠭ᠎ᠠ ᠲᠠᠢ ᠰᠢᠷ᠎ᠠ ᠰᠤᠳᠤᠷ ᠤᠨᠤᠳᠬ᠎ᠠ ᠶᠢᠨ ᠭᠡᠷᠡᠯ ᠱᠠᠩᠨᠠᠬᠤ ᠪᠤᠯᠤᠨ᠎ᠠ ᠡᠦᠷ᠎ᠡ ᠮᠢᠨᠢ︕                                                      ︵ᠵᠣᠬᠢᠶᠠᠭᠴᠢ᠄ ᠡᠷᠳᠡᠨᠢᠬᠡᠰᠢᠭ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号