ᠵᠦᠪ ᠡᠷᠬᠢᠭᠰᠡᠨ ᠮᠢᠨᠤ ᠨᠤᠳᠤᠭ ᠤᠨ ᠴᠡᠩᠭᠡᠷ ᠰᠠᠯᠬᠢ | ᠵᠦᠪ ᠵᠦᠬᠡᠯᠡᠬᠡᠨ ᠦᠯᠢᠶᠡᠬᠦ ᠨᠢ ᠨᠢᠬᠡ ᠯᠡ ᠤᠴᠢᠷᠳᠠᠢ | ᠵᠦᠭ ᠤᠨ ᠰᠠᠶᠢᠨ ᠳᠤ ᠮᠦᠷ ᠢᠶᠠᠨ ᠭᠠᠷᠭᠠᠵᠤ ᠪᠠᠶᠢᠭᠰᠠᠨ | ᠵᠦᠩ ᠪᠢᠯᠢᠭ ᠤᠨ ᠲᠤᠯᠤᠭᠠᠳ ᠮᠢᠨᠢ ᠨᠠᠮ᠎ᠠ ᠶᠢ ᠬᠠᠷᠠᠭᠠᠳ ᠮᠢᠰᠢᠶᠡᠬᠦ ᠰᠢᠭ | ᠵᠦᠬᠡᠷ ᠯᠠ ᠨᠠᠳᠠ ᠳᠠᠭᠠᠨ ᠡᠷᠬᠢᠬᠡᠳ ᠢᠷ᠎ᠡ ᠬᠦᠦ ᠮᠢᠨᠢ ᠭᠡᠳ | ᠵᠦᠰᠡᠷ ᠵᠦᠰᠡᠷ ᠬᠤᠷ᠎ᠠ ᠨᠢ ᠨᠢᠯᠪᠤᠰᠦ ᠰᠢᠭ᠋ ᠰᠣᠪᠣᠳᠣᠷᠠᠬᠤ ᠨᠢ ᠨᠢᠬᠡ ᠯᠠ ᠭᠤᠨᠢᠭᠳᠢ | ᠨᠤᠳᠤᠭ ᠤᠨ ᠴᠡᠩᠬᠡᠷ ᠰᠠᠯᠬᠢ ᠮᠢᠨᠤ ᠠᠷᠠᠨᠰᠢᠨ ᠪᠠᠶᠢᠭᠰᠠᠨ ᠶᠤᠮ | ᠨᠤᠭᠤᠨ ᠦᠷ᠎ᠡ ᠶᠢᠨ ᠬᠢᠨᠢ ᠪᠤᠳᠤᠯ ᠤᠨ ᠬᠦᠨ ᠳᠤ ᠰᠤᠶᠤᠭᠠᠯᠠᠭᠰᠠᠨ | ᠨᠦᠮᠵᠦᠭ ᠬᠦᠰᠡᠯ ᠢ ᠠᠶᠠᠰ ᠠᠶᠠᠰᠬᠠᠨ ᠬᠦᠪᠦᠷᠢᠳᠦᠬᠦ ᠵᠠᠶᠠᠭᠠᠨ ᠤ ᠤᠴᠢᠷᠯᠠᠯ ᠪᠠᠶᠢᠭᠰᠠᠨ ᠶᠤᠮ | ᠨᠠᠭᠤᠷ ᠤᠨ ᠰᠢᠪᠠᠭᠤᠳ ᠵᠡᠯᠡᠯᠡᠨ ᠲᠡᠭᠷᠢ ᠶᠢᠨ ᠮᠠᠨᠳᠠᠯ ᠦᠢᠳᠬᠠᠷᠯᠠᠭᠰᠠᠨ | ᠨᠢᠭᠤᠴᠠᠬᠠᠢ ᠭᠤᠨᠢᠭ ᠢ ᠬᠦᠨᠳᠡᠭᠰᠡᠨ ᠮᠦᠷᠦᠬᠡᠳᠦᠯ ᠤᠨ ᠰᠠᠶᠢᠬᠠᠨ ᠪᠠᠭ᠎ᠠ ᠨᠠᠰᠦ ᠮᠢᠨᠢ ᠪᠠᠶᠢᠭᠰᠠᠨ ᠶᠤᠮ | ᠮᠢᠨᠤ ᠠᠷᠠᠨᠰᠢᠨ ᠨᠤᠳᠤᠭ ᠤᠨ ᠴᠡᠩᠬᠡᠷ ᠰᠠᠯᠬᠢ ᠪᠠᠶᠢᠭᠰᠠᠨ ᠶᠤᠮ | ᠨᠤᠳᠤᠭ ᠤᠨ ᠴᠡᠩᠭᠡᠷ ᠰᠠᠯᠬᠢ ᠠᠪᠤ ᠶᠢᠨ ᠮᠢᠨᠢ ᠤᠬᠠᠭᠠᠨ ᠪᠠᠶᠢᠭᠰᠠᠨ ᠶᠤᠮ | ᠨᠢᠷᠤᠭᠤ ᠨᠢ ᠪᠦᠭᠳᠦ᠋ᠢᠬᠦ ᠲᠤᠰᠤᠮ ᠢᠶᠠᠨ ᠬᠠᠷᠠᠴᠠ ᠨᠢ ᠲᠦᠯᠬᠡᠨ ᠪᠤᠯᠤᠭᠰᠠᠨ | ᠦᠰᠦ ᠨᠢ ᠪᠤᠭᠤᠷᠤᠯᠳᠤᠬᠤ ᠲᠤᠰᠤᠮ ᠢᠶᠠᠨ ᠦᠬᠡ ᠨᠢ ᠤᠴᠢᠷ ᠲᠠᠢ ᠪᠤᠳᠤᠭᠳᠠᠭᠰᠠᠨ | ᠠᠮᠢᠳᠤᠷᠠᠯ ᠤᠨ ᠬᠤᠪᠢ ᠵᠤᠬᠢᠶᠠᠯ ᠢ ᠨᠠᠳᠠ ᠳᠤ ᠲᠡᠪᠡᠷᠢ ᠲᠦᠯᠡᠭᠡ ᠰᠢᠬ ᠦᠭᠭᠦᠭᠰᠡᠨ | ᠠᠮᠢᠳᠤᠷᠠᠬᠤ ᠶᠢᠨ ᠬᠤᠯᠠ ᠤᠬᠠᠭᠠᠨ ᠢ ᠲᠡᠩ ᠠᠴᠢᠶ᠎ᠡ ᠰᠢᠬ ᠬᠦᠨᠳᠦ ᠬᠠᠶᠢᠷᠠᠯᠠᠭᠰᠠᠨ | ᠠᠪᠤ ᠶᠢᠨ ᠮᠢᠨᠢ ᠤᠬᠠᠭᠠᠨ ᠨᠤᠳᠤᠭ ᠤᠨ ᠴᠡᠩᠭᠡᠷ ᠰᠠᠯᠬᠢ ᠪᠠᠶᠢᠭᠰᠠᠨ ᠶᠤᠮ | ᠨᠤᠳᠤᠭ ᠤᠨ ᠴᠡᠩᠭᠡᠷ ᠰᠠᠯᠬᠢ ᠡᠵᠢ ᠶᠢᠨ ᠮᠢᠨᠢ ᠬᠠᠯᠠᠭᠤᠨ ᠭᠠᠷ ᠪᠠᠶᠢᠭᠰᠠᠨ ᠶᠤᠮ | ᠰᠦᠨ ᠤ ᠦᠨᠦᠷ ᠲᠠᠢ ᠲᠡᠪᠡᠯ ᠤᠨ ᠬᠢᠨᠢ ᠬᠤᠷᠮᠤᠢ ᠨᠠᠮᠦᠷ ᠤᠨ ᠵᠢᠪᠠᠷ ᠲᠤ ᠨᠠᠮᠢᠯᠵᠠᠬᠤ ᠳᠤ | ᠰᠡᠳᠬᠢᠯ ᠳᠤ ᠰᠦᠮᠪᠦᠷᠯᠡᠬᠦ ᠮᠦᠰᠢᠶᠡᠯ ᠨᠢ ᠲᠤᠷᠤᠨ᠎ᠠ ᠶᠢᠨ ᠨᠠᠷᠠᠨ ᠰᠢᠭ᠋ ᠬᠡᠷᠡᠯᠳᠦᠭᠰᠡᠨ | ᠴᠠᠭ ᠤᠨ ᠦᠩᠭᠡᠨ ᠳᠤ ᠪᠤᠭᠤᠷᠤᠯᠳᠤᠭᠰᠠᠨ ᠰᠠᠨᠴᠢᠭ ᠤᠨ ᠬᠢᠨᠢ ᠦᠰᠦ ᠨᠢ ᠰᠢᠩᠬᠡᠷᠡᠬᠦ ᠳᠤ | ᠴᠠᠭᠯᠠᠰᠢ ᠦᠬᠡᠢ ᠦᠨᠡᠨᠴᠢ ᠬᠠᠶᠢᠷ᠎ᠠ ᠪᠠᠷ ᠢᠶᠠᠨ ᠡᠬᠦᠷᠢᠳᠡ ᠨᠠᠮᠠᠢᠢ ᠡ᠊ᠩᠬᠦᠷᠡᠶᠢᠯᠡᠭᠰᠡᠨ | ᠡᠵᠢ ᠶᠢᠨ ᠮᠢᠨᠢ ᠬᠠᠯᠠᠭᠤᠨ ᠭᠠᠷ ᠨᠤᠳᠤᠭ ᠤᠨ ᠴᠡᠩᠭᠡᠷ ᠰᠠᠯᠬᠢ ᠪᠠᠶᠢᠭᠰᠠᠨ ᠶᠤᠮ | ᠨᠤᠳᠤᠭ ᠤᠨ ᠴᠡᠩᠭᠡᠷ ᠰᠠᠯᠬᠢ ᠡᠪᠦᠭᠡ ᠶᠢᠨ ᠮᠢᠨᠢ ᠶᠠᠷᠢᠭᠰᠠᠨ ᠦᠯᠢᠭᠡᠷ ᠪᠠᠶᠢᠭᠰᠠᠨ ᠶᠤᠮ | ᠦᠨᠤᠴᠢᠨ ᠢᠨᠵᠠᠭ᠎ᠠ ᠶᠢ ᠦᠷᠦᠪᠳᠡᠵᠤ ᠶᠠᠪᠤᠭᠰᠠᠨ ᠠᠩᠴᠢᠨ ᠬᠦᠮᠦᠨ ᠤ ᠰᠡᠳᠬᠢᠯ ᠰᠢᠭ | ᠦᠯᠦᠭᠴᠢᠨ ᠴᠢᠨ᠋ᠸ᠎ᠠ ᠶᠢᠨ ᠦᠷ ᠢᠶᠠᠷ ᠱᠤᠭᠰᠢᠭᠰᠠᠨ ᠪᠤᠷᠤ ᠮᠦᠷ ᠤᠨ ᠤᠷᠤᠮ ᠰᠢᠭ᠋ | ᠦᠨᠳᠦᠷ ᠠᠭᠤᠯᠠ ᠶᠢᠨ ᠤᠷᠬᠢᠯ ᠳᠤ ᠬᠠᠯᠢᠬᠤ ᠬᠦᠷᠡᠩ ᠪᠦᠷᠭᠦᠳ ᠤᠨ ᠬᠠᠷᠠᠴᠠ ᠰᠢᠭ᠋ | ᠦᠭᠰᠦᠬᠦ ᠤᠷᠤᠭᠤᠳᠠᠬᠤ ᠨᠢ ᠬᠤᠤᠰᠯᠠᠭᠰᠠᠨ ᠬᠤᠷᠸ᠎ᠠ ᠶᠢᠨ ᠬᠠᠳᠠᠭᠤ ᠬᠠᠤᠯᠢ ᠰᠢᠭ᠋ | ᠡᠪᠦᠭᠡ ᠶᠢᠨ ᠮᠢᠨᠢ ᠶᠠᠷᠢᠭᠰᠠᠨ ᠦᠯᠢᠭᠡᠷ ᠨᠤᠳᠤᠭ ᠤᠨ ᠴᠡᠩᠭᠡᠷ ᠰᠠᠯᠬᠢ ᠪᠠᠶᠢᠭᠰᠠᠨ ᠶᠤᠮ | ᠨᠤᠳᠤᠭ ᠤᠨ ᠴᠡᠩᠬᠡᠷ ᠰᠠᠯᠬᠢ ᠠᠷᠠᠳ ᠤᠨ ᠲᠠᠭᠤᠤ ᠶᠢᠨ ᠮᠢᠨᠢ ᠰᠢᠷᠤᠩᠬᠠᠢ ᠪᠠᠶᠢᠭᠰᠠᠨ ᠶᠤᠮ | ᠨᠤᠶᠠᠨ ᠰᠠᠷᠢᠳᠠᠭ ᠤᠨ ᠤᠷᠤᠢ ᠶᠢᠨ ᠴᠠᠰᠦ ᠬᠠᠶᠢᠯᠳᠠᠯᠠ ᠢᠰᠭᠡᠷᠦᠭᠰᠡᠨ | ᠨᠤᠷᠪᠦᠪᠠᠨᠽᠠᠳ ᠤᠨ ︽ᠤᠶᠠᠬᠠᠨ ᠽᠠᠮᠪᠤᠳᠢᠪ ᠤᠨ ᠨᠠᠷᠠᠨ︾ ᠪᠠᠶᠢᠭᠰᠠᠨ ᠶᠤᠮ | ᠦᠪᠦᠷ ᠲᠦᠮᠡᠨ ᠤ ᠪᠠᠨ ᠤᠶᠠᠩᠭ᠎ᠠ ᠶᠢᠨ ᠳᠣᠮᠤᠭᠳᠦ ᠯᠾᠠᠵᠠᠪ ᠤᠨ | ᠦᠨᠳᠡᠬᠡᠨ ᠲᠤᠯᠤᠭᠠᠨ ᠭᠠᠯᠠᠭᠤ ᠲᠠᠢ ︽ᠡᠪᠦᠭᠡᠨ ᠰᠢᠪᠠᠭᠤ︾ ᠪᠠᠶᠢᠭᠰᠠᠨ ᠶᠤᠮ | ᠠᠷᠠᠳ ᠶᠢᠨ ᠲᠠᠭᠤᠤ ᠶᠢᠨ ᠮᠢᠨᠢ ᠰᠢᠷᠤᠩᠬᠠᠢ ᠨᠤᠳᠤᠭ ᠤᠨ ᠴᠡᠩᠬᠡᠷ ᠰᠠᠯᠬᠢ ᠪᠠᠶᠢᠭᠰᠠᠨ ᠶᠤᠮ | ᠨᠤᠳᠤᠭ ᠤᠨ ᠴᠡᠩᠬᠡᠷ ᠰᠠᠯᠬᠢ ᠢᠷᠠᠭᠤ ᠨᠠᠶᠢᠷᠠᠭ ᠤᠨ ᠮᠢᠨᠢ ᠤᠩᠭᠤᠳ ᠪᠠᠶᠢᠭᠰᠠᠨ ᠶᠤᠮ | ᠪᠢᠯᠢᠭ ᠤᠨ ᠤᠩᠭᠤᠨ ᠲᠡᠭᠷᠢ ᠳᠤ ᠤᠶᠤᠨ ᠤ ᠬᠡᠬᠡ ᠴᠠᠬᠢᠯᠵᠤ | ᠪᠢᠴᠢᠭᠳᠦ ᠲᠡᠭᠡᠳᠦᠰ ᠤᠨ ᠰᠤᠳᠤᠷ ᠵᠡᠬᠦᠳᠦᠨ ᠲᠤᠮᠳᠠᠭᠤᠷ ᠰᠡᠬᠦᠭᠳᠡᠬᠦ ᠨᠢ | ᠪᠡᠶ᠎ᠡ ᠰᠡᠳᠬᠢᠯ ᠬᠤᠶᠠᠷ ᠢᠶᠠᠨ ᠰᠠᠷᠠᠨ ᠤ ᠬᠡᠷᠡᠯ ᠢᠶᠠᠷ ᠰᠦᠯᠡᠵᠤ | ᠪᠢᠴᠢᠬᠠᠨ ᠵᠢᠷᠦᠬᠡᠨ ᠤ ᠮᠢᠨᠢ ᠲᠤᠯᠳᠤᠨ ᠳᠤ ᠢᠷᠠᠭᠤ ᠱᠠᠳ ᠤᠷᠭᠤᠬᠤ ᠨᠢ | ᠢᠷᠠᠭᠤ ᠨᠠᠶᠢᠷᠠᠭ ᠤᠨ ᠮᠢᠨᠢ ᠤᠩᠭᠤᠳ ᠨᠤᠳᠤᠭ ᠤᠨ ᠴᠡᠩᠬᠡᠷ ᠰᠠᠯᠬᠢ ᠪᠠᠶᠢᠭᠰᠠᠨ ᠶᠤᠮ | ᠨᠤᠳᠤᠭ ᠤᠨ ᠴᠡᠩᠬᠡᠷ ᠰᠠᠯᠬᠢ ᠠᠷᠠᠳ ᠲᠦᠮᠡᠨ ᠤ ᠮᠢᠨᠢ ᠤᠤᠬᠠᠢ ᠪᠠᠶᠢᠭᠰᠠᠨ ᠶᠤᠮ | ᠶᠡᠭᠡ ᠭᠤᠪᠢ ᠶᠢᠨ ᠡᠯᠢᠭᠡᠨ ᠳᠤ ᠰᠤᠯᠤᠩᠭ᠎ᠠ ᠲᠠᠳᠠᠬᠤ ᠰᠢᠭ᠋ ᠢᠨᠢᠶᠡᠮᠰᠦᠭᠯᠡᠯ ᠲᠠᠢ | ᠢᠳᠡᠭᠡᠯ ᠤᠨ ᠲᠠᠮᠢᠷ᠂ ᠡᠷᠳᠡᠨᠢ ᠶᠢᠨ ᠰᠤᠷᠭᠠᠯ ᠢᠶᠠᠨ ᠬᠦᠢᠴᠡᠬᠡᠵᠤ ᠬᠡᠯᠡᠳᠡᠭ | ᠠᠯᠳᠠᠬᠤ ᠳᠤ ᠳᠦᠩᠰᠦ᠋ᠢᠵᠤ᠂ ᠤᠨᠤᠬᠤ ᠳᠤ ᠱᠠᠭᠰᠢᠬᠤ ᠨᠢ ᠴᠠᠭᠠᠨ᠎ᠠ ᠪᠠᠨ ᠤᠨᠳᠤᠤ | ᠠᠶ᠎ᠠ ᠪᠠᠷ ᠮᠢᠨᠢ ᠪᠢᠰᠢ᠂ ᠶᠤᠰᠦ ᠪᠠᠷ ᠶᠠᠪᠤᠬᠤ ᠳᠤ ᠦᠨᠡᠨ ᠢᠶᠠᠷ ᠲᠡᠳᠬᠦᠭᠰᠡᠨ | ᠠᠷᠠᠳ ᠲᠦᠮᠡᠨ ᠤ ᠮᠢᠨᠢ ᠤᠤᠬᠠᠢ ᠨᠤᠳᠤᠭ ᠤᠨ ᠴᠡᠩᠬᠡᠷ ᠰᠠᠯᠬᠢ ᠪᠠᠶᠢᠭᠰᠠᠨ ᠶᠤᠮ᠃ | ︵ᠵᠣᠬᠢᠶᠠᠭᠴᠢ᠄ ᠲᠡᠭᠦᠰᠵᠢᠪᠬᠤᠯᠠᠩ︶ |