ᠡᠵᠢ ᠳᠡᠭᠡᠨ ᠤᠴᠢᠬᠤ ᠵᠦᠭ ᠠᠴᠠ ᠤᠷᠴᠢᠯᠠᠩ ᠭᠡᠷᠡᠯᠳᠦᠳᠡᠭ
ᠨᠡᠶᠢᠲᠡᠯᠡᠭᠰᠡᠨ ᠴᠠᠭ᠄
2020/11/24
ᠦᠷᠦᠬᠦᠨ ᠪᠤᠯᠭᠠᠨ ᠤ ᠨᠠᠷᠠ ᠶᠢ ᠡᠵᠢ ᠶᠢᠨ ᠢᠶᠠᠨ ᠡᠷᠬᠦᠭᠰᠡᠨ ᠰᠠᠴᠤᠯᠢ ᠶᠢᠨ ᠭᠡᠭᠡ ᠪᠠᠷ ᠬᠠᠷᠠᠵᠤᠦᠬᠦᠯ ᠭᠡᠳᠡᠭ ᠬᠠᠷᠠᠩᠭᠤᠢ ᠶᠢ ᠮᠠᠷᠳᠠᠨ ᠰᠦᠨ ᠵᠠᠮ ᠢᠶᠠᠷ ᠴᠠᠭ ᠬᠤᠭᠤᠴᠠᠭ᠎ᠠ ᠲᠠᠢ ᠵᠤᠯᠭᠠᠨᠦᠨᠲᠤᠰᠤ ᠪᠠᠷ ᠢᠶᠠᠨ ᠭᠠᠵᠠᠷ ᠤᠨ ᠬᠦᠬᠦ ᠰᠢᠮᠡᠵᠤ ᠦᠨᠳᠡᠶᠢᠭᠰᠡᠨ ᠮᠤᠳᠤᠳ ᠤᠨᠦᠳᠭᠡᠨ ᠰᠢᠷᠭᠠᠯ ᠨᠠᠪᠴᠢᠰ ᠵᠤᠯᠭᠠᠷᠠᠬᠤ ᠮᠦᠴᠡ ᠪᠦᠷᠢ ᠪᠠᠷ ᠨᠠᠰᠤ ᠪᠠᠨ ᠲᠤᠭᠠᠯᠠᠨᠡᠪᠡᠰᠦᠨ ᠤ ᠪᠤᠷ᠎ᠠ ᠬᠤᠭᠤᠷᠠᠬᠤ ᠶᠢᠨ ᠭᠱᠠᠨ ᠳᠤᠡᠮᠵᠡᠭᠯᠡᠬᠦ ᠶᠢᠨ ᠰᠢᠨᠠᠯᠤᠯ ᠵᠢᠷᠦᠬᠡᠨ ᠳᠤ ᠮᠡᠳᠡᠷᠡᠭᠳᠡᠵᠤᠤᠰᠤᠨ ᠤ ᠤᠷᠤᠰᠬᠠᠯ ᠴᠢᠯᠠᠭᠤ ᠢᠷᠯᠡᠵᠤ ᠮᠡᠯᠮᠡᠷᠡᠬᠦ ᠳᠤᠤᠬᠠᠭᠠᠨ ᠴᠡᠯᠮᠡᠵᠦ ᠬᠠᠷᠠᠭ᠎ᠠ ᠲᠡᠯᠡᠭᠰᠡᠨᠤᠢ ᠲᠠᠶᠢᠭ᠎ᠠ ᠪᠤᠶᠤ ᠡᠯᠡᠰᠦ ᠮᠠᠩᠬᠠᠨ ᠤ ᠬᠦᠨ ᠳᠤ ᠨᠡᠪᠴᠢᠨ ᠪᠤᠴᠠᠮᠠᠷᠦᠳᠡᠰᠢ ᠪᠤᠯᠭᠠᠨ ᠤ ᠰᠠᠷᠠ ᠡᠵᠢ ᠶᠢᠨ ᠮᠢᠨᠢ ᠢᠮᠡᠷᠳᠡᠭ ᠮᠠᠨᠢ ᠶᠢᠨ ᠡᠷᠢᠬᠡᠨ ᠳᠤ ᠬᠡᠷᠡᠯᠳᠦᠵᠦᠨᠢᠬᠦᠯ ᠬᠡᠳᠡᠭ ᠬᠠᠷᠠᠩᠭᠤᠢ ᠦᠷᠬᠦᠨ ᠲᠠᠪᠤᠨ ᠮᠦᠰᠦᠨ ᠤ ᠰᠤᠷᠭᠠᠯ ᠨᠦᠮᠦᠷᠢᠨᠰᠢᠬᠦᠳᠡᠷᠢ ᠶᠢᠨ ᠪᠤᠯᠤᠷ ᠮᠦᠬᠦᠯᠢᠭ ᠡᠪᠡᠰᠦᠨ ᠲᠤᠯᠤᠭᠠᠢ ᠠᠴᠠ ᠰᠢᠯᠦᠭ ᠭᠡᠯᠬᠢᠨ ᠲᠠᠰᠤᠷᠠᠬᠤ ᠳᠤᠰᠦᠨᠢᠵᠢᠨ ᠰᠢᠪᠡᠷᠡᠭᠰᠡᠨ ᠪᠤᠷᠤᠭᠠᠨ ᠨᠠᠮᠳᠠᠵᠤ ᠰᠤᠯᠤᠩᠭ᠎ᠠ ᠨᠦᠮᠦᠷᠢᠨ ᠦᠷ ᠭᠡᠭᠡᠷᠡᠵᠦᠤᠷᠭᠤᠬᠤ ᠨᠤᠭᠤᠭᠠᠨ ᠤ ᠠᠨᠢᠷ ᠵᠡᠬᠦᠳᠦ ᠰᠡᠷᠡᠭᠡᠨ ᠬᠦᠭᠵᠢᠮᠳᠡᠵᠦᠠᠭᠤᠯᠠᠰ ᠤᠨ ᠤᠩᠭᠤᠨ ᠤᠷᠬᠢᠯ ᠳᠤ ᠤᠳᠤᠳ ᠪᠡᠯᠴᠢᠨ ᠵᠤᠰᠠᠳᠠᠭᠪᠦᠪᠡᠢ ᠶᠢᠨ ᠤᠶᠠᠬᠠᠨ ᠠᠶᠠᠯᠭᠤ ᠠᠴᠠ ᠬᠠᠶᠢᠷ᠎ᠠ ᠶᠢᠨ ᠭᠡᠷᠡᠯ ᠰᠠᠴᠤᠷᠠᠵᠤᠪᠤᠷᠬᠠᠨ ᠴᠤ ᠰᠦᠬᠦᠷᠡᠳᠡᠭ ᠲᠡᠷᠡ ᠯᠡ ᠠᠭᠤᠤ ᠵᠦᠭ ᠠᠴᠠᠪᠦᠰᠡᠬᠦᠢ ᠬᠦᠮᠦᠨ ᠤ ᠬᠦᠬᠡ ᠲᠡᠭᠷᠢ ᠲᠤᠯᠭᠠᠨ ᠤ ᠲᠡᠷᠭᠡᠲᠡ ᠠᠴᠠ ᠬᠠᠶᠠᠭᠠᠷᠠᠳᠠᠭ ᠶᠤᠮᠪᠤᠷᠤᠭᠠᠨ ᠪᠤᠯᠭᠠᠨ ᠤ ᠲᠤᠰᠤᠯ ᠳᠤ ᠡᠵᠢ ᠶᠢᠨ ᠮᠢᠨᠢ ᠵᠠᠯᠪᠠᠷᠢᠯ ᠪᠠᠭᠲᠠᠳᠠᠭ ᠠᠴᠠᠪᠤᠷᠤᠭᠤ ᠦᠢᠯᠡ ᠶᠢᠨ ᠰᠢᠯᠲᠠᠭ ᠤᠶᠢᠷᠠᠲᠤᠳᠠᠭ ᠦᠭᠡᠢᠪᠤᠭᠤᠷᠤᠯ ᠪᠤᠯᠲᠠᠯ᠎ᠠ ᠪᠠᠨ ᠭᠤᠯᠤᠮᠲᠠ ᠶᠢᠨ ᠢᠶᠠᠨ ᠭᠠᠯ ᠳᠠᠭᠠᠨ ᠰᠠᠭᠠᠭᠰᠠᠨ ᠰᠥ ᠪᠠᠨ ᠡᠷᠭᠦᠵᠦᠪᠤᠷᠤᠬᠠᠨ ᠭᠤᠪᠢ ᠶᠢᠨ ᠲᠡᠭᠷᠢ ᠳᠤ ᠡᠬᠡ ᠵᠢᠷᠭᠤᠭᠠᠨ ᠵᠦᠢᠯ ᠢ ᠲᠠᠭᠠᠳᠬᠠᠳᠠᠭ ᠠᠴᠠᠪᠤᠴᠠᠬᠤ ᠭᠠᠯᠠᠭᠤᠳ ᠤᠨ ᠴᠤᠪᠤᠭ᠎ᠠ ᠡᠷᠦᠭᠡᠨ ᠤ ᠤᠭᠤᠰᠤᠷ ᠰᠢᠭ᠋ ᠡᠷᠬᠢᠯᠳᠤᠵᠤᠪᠤᠷᠠᠬᠨ ᠬᠠᠯᠳᠤᠨ ᠤ ᠵᠥᠭ ᠠᠴᠠ ᠤᠷᠢᠨ ᠤᠷᠤᠨ ᠢ ᠵᠤᠷᠢᠨ ᠭᠠᠲᠤᠯᠬᠤᠲᠡᠯᠭᠡᠭᠰᠡᠨ ᠠᠷᠭᠠᠮᠵᠢᠶ᠎ᠠ ᠰᠢᠭ᠋ ᠵᠡᠯᠡᠯᠡᠭᠰᠡᠨ ᠰᠤᠮᠤᠨ ᠬᠤᠰᠢᠭᠤᠲᠡᠯᠡᠬᠡᠢ ᠶᠢᠨ ᠬᠤᠶᠠᠷ ᠲᠦᠢᠯ ᠢ ᠬᠤᠯᠪᠤᠵᠤ ᠨᠡᠬᠦᠬᠦ ᠳᠤᠲᠡᠪᠡᠯ ᠢᠶᠠᠨ ᠨᠦᠮᠦᠷᠢᠭᠰᠡᠨ ᠡᠵᠢ ᠶᠢᠨ ᠮᠢᠨᠢ ᠪᠠᠷ᠎ᠠ ᠬᠤᠨ ᠤ ᠨᠢᠳᠦᠨ ᠳᠤ ᠬᠡᠷᠡᠯ ᠬᠤᠪᠢᠯᠵᠤ ᠮᠦᠩᠭᠡᠷᠡᠳᠡᠭᠴᠠᠰᠤ ᠪᠤᠯᠭᠠᠨ ᠤ ᠰᠢᠷᠭᠡᠭ ᠡᠵᠢ ᠶᠢᠨ ᠮᠢᠨᠢ ᠰᠠᠨᠴᠢᠭ ᠲᠤ ᠡᠷᠬᠡᠯᠡᠨ ᠨᠢᠯᠬᠠᠷᠠᠳᠠᠭ ᠪᠤᠯᠬᠤᠷᠴᠠᠭᠠᠨ ᠬᠡᠷᠡᠯ ᠢᠶᠠᠷ ᠤᠷᠴᠢᠯᠠᠩ ᠰᠦᠯᠡᠭᠳᠡᠵᠤ ᠽᠠᠨᠳᠠᠨ ᠨᠠᠰᠤᠨ ᠤ ᠬᠢᠨᠢ ᠮᠦᠰᠢᠶᠡᠳᠦ ᠪᠠᠷ ᠲᠤᠶᠠᠭᠠᠷᠠᠳᠠᠭᠪᠤᠷᠠᠨᠲᠠᠭ ᠲᠠᠮᠤᠵᠤ ᠬᠦᠯᠥᠷᠡᠭᠰᠡᠨ ᠠᠯᠠᠭᠠᠨ ᠤ ᠭᠡ ᠲᠠᠭᠤᠷᠢᠶᠠᠵᠤᠪᠤᠯᠠᠭᠠᠨ ᠬᠦᠷᠡᠩ ᠴᠤᠬᠢᠶᠠᠳ ᠡ᠊ᠩᠬᠡᠷ ᠠᠴᠠ ᠪᠠᠨ ᠬᠠᠯᠠᠭᠤᠴᠠᠵᠦ ᠡᠪᠦᠯᠵᠢᠬᠦ ᠪᠠᠷᠪᠤᠲᠤᠭᠤᠨ ᠤ ᠲᠠᠭᠠᠬᠢᠨ ᠳᠤ ᠬᠤᠶᠢᠯᠠᠷᠠᠵᠤ ᠶᠢᠰᠤ ᠶᠢᠨ ᠬᠦᠢᠲᠡᠨ ᠨᠠᠮᠬᠠᠷᠠᠳᠠᠭᠪᠠᠭᠤᠷᠢ ᠡᠯᠡᠬᠡᠭᠰᠡᠨ ᠤᠨ ᠲᠤᠭᠠᠯᠠᠯ ᠠᠲᠠᠨ ᠲᠡᠮᠡᠭᠡᠨ ᠤ ᠲᠠᠪᠠᠭ ᠲᠤ ᠡᠯᠡᠭᠳᠡᠵᠦᠪᠤᠳᠤᠯ ᠠᠷᠭᠠᠮᠵᠢᠭᠰᠠᠨ ᠨᠤᠲᠤᠭ ᠤᠨ ᠰᠢᠷᠭᠠᠯ ᠰᠢᠷᠤᠢᠪᠤᠶᠢᠲᠤᠭ ᠤᠨ ᠮᠦᠷ᠂ ᠬᠡᠦᠬᠡᠳ ᠨᠠᠰᠤ ᠶᠢ ᠮᠢᠨᠢ ᠮᠠᠨᠴᠦ᠋ᠢᠯᠠᠵᠤᠪᠤᠷᠬᠠᠨᠯᠢᠭ ᠤᠬᠠᠭᠠᠨ ᠤ ᠭᠡᠭᠡ ᠡᠵᠢ ᠠᠴᠠ ᠮᠢᠨᠢ ᠨᠠᠰᠢ ᠦᠷᠬᠦᠯᠵᠢᠯᠡᠳᠡᠭᠤᠯᠠᠷᠢᠯ ᠪᠤᠯᠭᠠᠨ ᠤ ᠦᠩᠭᠡ ᠡᠵᠢ ᠶᠢᠨ ᠮᠢᠨᠢ ᠠᠷᠠᠨᠰᠢᠨ ᠢ ᠦᠪᠯᠡᠳᠡᠭ ᠪᠤᠯᠬᠤᠷᠤᠪᠤᠭᠠᠨ ᠳᠤ ᠨᠡᠮᠡᠭᠳᠡᠬᠦ ᠴᠢᠯᠠᠭᠤᠳ ᠨᠢ ᠪᠤᠷᠬᠠᠨ ᠤ ᠮᠡᠯᠮᠡᠢ ᠪᠠᠷ ᠭᠡᠷᠡᠯᠲᠦᠳᠡᠭᠠᠭᠤᠯᠠ ᠶᠢᠨ ᠬᠦᠭᠡ ᠰᠠᠯᠬᠢ ᠠᠳᠤᠭᠤ ᠢᠰᠭᠡᠷᠴᠦ ᠱᠤᠤᠬᠢᠬᠤ ᠳᠤᠠᠯᠤᠰ ᠤᠨ ᠨᠢᠳᠦᠨ ᠱᠠᠩᠳᠠ ᠠᠴᠠ ᠬᠦᠷᠦᠭᠡᠰᠦ ᠤᠮᠳᠠᠯᠠᠵᠤ ᠪᠤᠴᠠᠳᠠᠭᠤᠨᠠᠭᠠᠨ ᠤ ᠵᠥ᠋ ᠰᠢᠭ᠋ ᠰᠢᠯᠢ ᠨᠢᠷᠤᠭᠤᠳ ᠤᠨᠢᠶᠠᠷ ᠢᠶᠠᠨ ᠰᠢᠯᠭᠡᠭᠡᠵᠦ ᠴᠡᠩᠬᠡᠷᠯᠡᠬᠦ ᠳᠤᠤᠷᠭ᠎ᠠ ᠶᠢᠨ ᠭᠤᠭᠴᠤᠭᠠᠨ ᠳᠤ ᠨᠠᠷᠠ ᠬᠦᠯᠦᠷᠡᠨ ᠦᠳᠡᠯᠡᠵᠦ ᠲᠤᠭᠤᠷᠭ᠎ᠠ ᠵᠦᠪ ᠡᠷᠭᠢᠨ ᠵᠢᠷᠭᠠᠳᠠᠭᠤᠷᠤᠢ ᠦᠭᠡᠢ ᠮᠦᠩᠭᠡ ᠲᠡᠭᠷᠢ ᠶᠢᠨ ᠬᠦᠴᠦᠨ ᠠᠴᠠ ᠬᠤᠲᠤᠭ ᠭᠤᠶᠤᠵᠤᠡᠭᠡᠰᠢᠭ ᠲᠤᠯᠤᠭᠠᠨ ᠦᠰᠦᠭ ᠤᠨ ᠡᠷᠳᠡᠨᠢ ᠶᠢᠨ ᠠᠪᠢᠶ᠎ᠠ ᠪᠠᠷ ᠢᠷᠦᠬᠡᠯ ᠡᠷᠭᠦᠨᠡᠵᠢ ᠳᠡᠭᠡᠨ ᠤᠴᠢᠬᠤ ᠵᠦᠭ ᠢ ᠪᠤᠷᠬᠠᠨ ᠤ ᠵᠦᠭ ᠭᠡᠳᠡᠭ ᠶᠤᠮ᠃           ︵ᠵᠣᠬᠢᠶᠠᠭᠴᠢ᠄ ᠬᠤᠶᠢᠳ ᠨᠠᠶᠠᠨᠲᠠᠢ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号