ᠲᠡᠶᠢᠮᠦ ᠡ᠂ ︽ᠪᠦᠬᠦ ᠶᠠᠭᠤᠮ᠎ᠠ ᠰᠠᠶᠢᠬᠠᠠ ᠪᠤᠯᠤᠨ᠎ᠠ︾᠃ | ︽ᠠᠮᠠᠠ ᠤ ᠪᠡᠯᠭᠡ ᠪᠠᠷ ᠠᠰᠢᠳᠠ ᠶᠢᠨ ᠪᠡᠯᠭᠡ︾ ᠭᠡᠭᠴᠢ ᠪᠠᠷ ᠲᠦᠬᠦᠮ ᠠᠪᠰᠠᠷᠬᠠᠠ ᠪᠤᠯᠪᠠᠴᠦ ᠡᠨᠡ ᠦᠭᠡ | ᠶᠢ ᠶᠢᠷᠳᠢᠨᠴᠦ ᠶᠢᠨ ᠬᠦᠮᠦᠨ ᠪᠤᠯᠭᠠᠠ ᠳᠤ ᠬᠡᠯᠡᠭᠡᠳ ᠯᠠ ᠶᠠᠪᠤᠮᠠᠷ ᠪᠠᠶᠢᠨ᠎ᠠ᠃ | ᠠᠮᠢᠳᠦᠷᠠᠯ ᠤᠨ ᠵᠠᠮ ᠳᠠᠭᠠᠨ ᠬᠠᠵᠠᠭᠠᠢ ᠬᠡᠯᠳᠡᠬᠡᠢ ᠭᠢᠰᠭᠢᠭᠡᠳ ᠭᠤᠳᠤᠷᠠᠵᠦ ᠭᠤᠨᠢᠵᠦ ᠰᠠᠭᠤᠭ᠎ᠠ ᠬᠦᠮᠦᠨ ᠳᠤ | — — | ᠠᠷᠠᠯᠵᠢᠶ᠎ᠡ ᠮᠠᠶᠢᠮᠠᠢ ᠪᠠᠷ ᠶᠠᠭᠤ ᠴᠦ ᠦᠭᠡᠢ ᠰᠢᠳᠠᠭᠠᠳ ᠠᠮᠢ ᠪᠠᠨ ᠬᠤᠤᠷᠯᠠᠬᠤ ᠨᠢ ᠴᠦ ᠪᠠᠭᠠᠳᠠᠵᠦ ᠪᠠᠶᠢᠭ᠎ᠠ | ᠬᠦᠮᠦᠨ ᠳᠤ — | ᠠᠮᠠᠷᠠᠭ ᠬᠤᠩᠭᠤᠷ ᠲᠠᠭᠠᠨ ᠬᠠᠶᠠᠭᠳᠠᠭᠠᠳ ᠠᠮᠢᠳᠤᠷᠠᠯ ᠶᠠᠮᠠᠷ ᠴᠦ ᠤᠳᠬ᠎ᠠ ᠦᠭᠡᠢ ᠶᠤᠮ ᠰᠢᠭ ᠰᠠᠨᠠᠭᠳᠠᠵᠦ | ᠪᠠᠶᠢᠭ᠎ᠠ ᠬᠦᠮᠦᠨ ᠳᠤ — — | ︽ᠠᠮᠢ ᠨᠠᠭᠠᠨ᠎ᠠ ᠲᠠᠮᠤ ᠴᠠᠭᠠᠨ᠎ᠠ︾ ᠡᠪᠡᠳᠴᠢᠨ ᠤ ᠤᠷᠤᠨ ᠲᠡᠭᠡᠷ᠎ᠡ ᠲᠡᠯᠴᠢᠯᠡᠵᠦ ᠪᠠᠶᠢᠭ᠎ᠠ ᠡᠪᠡᠳᠴᠢᠳᠡᠡ | ᠳᠤ — — | ᠰᠠᠳᠤᠨ ᠲᠦᠷᠦᠯ ᠠᠴᠠ ᠪᠠᠨ ᠬᠠᠭᠠᠴᠠᠭᠠᠳ ᠵᠤᠪᠠᠯᠠᠩ ᠰᠢᠨᠠᠯᠣᠯ ᠳᠤ ᠵᠢᠪᠦᠵᠦ᠂ ᠲᠤᠳᠤᠷ᠎ᠡ ᠠᠴᠠ ᠪᠠᠨ | ︽ᠰᠦᠢᠷᠡᠵᠦ︾ ᠪᠠᠶᠢᠭ᠎ᠠ ᠬᠦᠮᠦᠨ ᠳᠤ — | ᠢᠯᠠᠭᠳᠠᠯ ᠤᠨ ᠴᠢᠯᠠᠭᠤᠨ ᠳᠤ ᠪᠠᠶᠢᠨ ᠲᠠᠬᠢᠨ ᠪᠦᠳᠦᠷᠢᠭᠡᠳ᠂ ᠢᠷᠡᠭᠡᠳᠦᠢ ᠳᠡᠭᠡᠨ ᠢᠳᠡᠬᠡᠯ ᠠᠯᠳᠠᠷᠠᠭᠰᠠᠠ | ᠵᠠᠯᠠᠭᠤ ᠳᠤ — — | ᠰᠢᠯᠭᠠᠯᠳᠠ ᠪᠠᠨ ᠮᠠᠭᠤ ᠬᠢᠴᠢᠬᠡᠬᠡᠳ ᠰᠡᠳᠬᠢᠯ ᠢᠶᠠᠷ ᠤᠨᠠᠵᠦ᠂ ᠤᠷᠮ᠎ᠠ ᠪᠠᠷ ᠰᠦᠬᠦᠷᠡᠵᠦ ᠪᠠᠶᠢᠭ᠎ᠠ | ᠰᠤᠷᠤᠭᠴᠢᠳ ᠲᠤ — — | ︽ᠵᠠ ᠵᠦᠭᠡᠷ ᠡ᠂ ᠬᠠᠷᠠᠩᠭᠤᠢ ᠰᠦᠨᠢ ᠪᠠᠶᠢᠬᠤ ᠳᠤ ᠭᠡᠭᠡᠡ ᠡᠳᠦᠷ ᠭᠡᠵᠤ ᠪᠠᠶᠢᠳᠠᠭ᠂ ᠵᠤᠪᠠᠯᠠᠩ ᠤᠨ | ᠰᠢᠯᠳᠠᠭᠠᠠ ᠪᠠᠶᠢᠬᠤ ᠳᠤ ᠵᠢᠷᠭᠠᠯᠠᠩ ᠤᠨ ᠦᠷ᠎ᠡ ᠳ᠋ᠦᠩ ᠭᠡᠵᠤ ᠪᠠᠶᠢᠳᠠᠭ᠃ ᠪᠦᠬᠦ ᠶᠠᠭᠤᠮ᠎ᠠ ᠰᠠᠶᠢᠬᠠᠠ ᠪᠤᠯᠤᠨ᠎ᠠ ᠡ︾ | ᠭᠡᠵᠤ ᠲᠡᠳᠡᠨᠡᠷ ᠲᠤ ᠴᠢᠩ ᠦᠨᠡᠡ ᠠᠴᠠ ᠪᠠᠨ ᠬᠡᠯᠡᠭᠡᠷᠡᠢ᠃ ᠡᠨᠡ ᠪᠣᠯ ᠬᠠᠮᠤᠭ ᠤᠨ ᠨᠠᠨᠳᠢᠨ ᠰᠡᠳᠬᠢᠯ ᠤᠨ ᠳᠡᠮ | ᠪᠤᠶᠦ ᠪᠡᠯᠡᠭ ᠰᠢᠦ ᠳ᠋ᠡ᠃ ᠦᠨᠡᠡ ᠦᠭᠡᠡ ᠠᠴᠠ ᠢᠯᠡᠬᠦᠦ ᠦᠨᠡᠳᠡᠢ ᠪᠡᠯᠡᠭ ᠭᠡᠵᠤ ᠬᠠᠮᠢᠭ᠎ᠠ ᠪᠠᠶᠢᠬᠤ ᠪᠢᠯᠡ᠃ | ᠡᠨᠡ ᠶᠠᠯᠢᠮ ᠦᠭᠡᠢ ᠬᠡᠳᠦᠬᠡᠡ ᠦᠭᠡ ᠬᠦᠮᠦᠰ ᠤᠨ ᠰᠡᠳᠬᠢᠯ ᠳᠤ ᠦᠷ ᠴᠠᠶᠢᠯᠭᠠᠵᠦ᠂ ᠪᠦᠳᠦᠷᠢᠭᠰᠡᠡ ᠭᠠᠵᠠᠷ | ᠠᠴᠠ ᠪᠠᠨ ᠲᠠᠬᠢᠨ ᠰᠢᠷᠦᠢ ᠠᠳᠬᠤᠨ ᠪᠤᠰᠴᠦ ᠵᠤᠭᠰᠤᠬᠤ ᠳᠤ ᠡᠮ ᠳᠤᠮ ᠤᠨ ᠴᠢᠳᠠᠯ᠂ ᠡᠷᠴᠢᠮ ᠬᠦᠴᠦᠨ ᠤ | ᠦᠢᠯᠡᠳᠦᠯ ᠭᠠᠷᠭᠠᠵᠦ ᠮᠠᠳᠡᠨ᠎ᠡ᠃ ᠰᠡᠳᠬᠢᠯ ᠵᠦᠭᠡᠯᠡᠯᠡᠭᠰᠡᠡ ᠰᠠᠶᠢᠬᠠᠠ ᠦᠭᠡᠡ ᠤ ᠬᠦᠴᠦᠨ ᠳᠤ ᠵᠢᠷᠦᠬᠡᠡ ᠠᠴᠠ | ᠲᠡᠭᠦᠵᠢᠯᠡᠭᠳᠡᠭᠰᠡᠡ ᠬᠠᠷ᠎ᠠ ᠴᠢᠯᠠᠭᠤ ᠲᠠᠰᠦᠷᠠᠠ ᠤᠨᠠᠳᠠᠭ ᠤᠳᠠᠭ᠎ᠠ ᠪᠤᠢ᠃ | ᠵᠦᠭᠡᠷ ᠭᠤᠳᠤᠷᠠᠵᠦ ᠭᠤᠨᠢᠭᠰᠠᠠ ᠨᠢᠭᠡ ᠶᠢᠨ ᠢᠶᠠᠨ ᠰᠡᠳᠬᠢᠯ ᠢ ᠵᠠᠰᠠᠬᠤ ᠭᠡᠵᠤ ᠠᠷᠢᠬᠢᠨ ᠮᠤᠬᠤᠯᠠᠭ ᠤᠷᠤᠭᠤ | ᠲᠠᠭᠠᠭᠤᠯᠵᠦ ᠤᠴᠢᠭᠠᠳ ᠠᠷᠢᠬᠢ ᠲᠠᠷᠠᠰᠦ ᠪᠠᠷ ᠱᠠᠯᠠᠠ ᠮᠢᠨᠴᠦᠭᠦᠷᠡᠭᠦᠯᠵᠦ᠂ ᠲᠠᠭᠤᠯᠠᠵᠦ ᠬᠤᠭᠤᠷᠳᠠᠵᠦ᠂ | ᠬᠠᠭᠤᠷᠤᠯᠭ᠎ᠠ ᠬᠠᠭᠠᠷᠢᠯᠭ᠎ᠠ ᠬᠤᠭᠤᠯᠠ ᠪᠤᠳᠠᠭ᠎ᠠ ᠰᠢᠬᠠᠵᠦ ᠪᠠᠶᠢᠵᠦ ᠲᠠᠶᠢᠳᠬᠤᠷᠠᠭᠤᠯᠤᠭᠰᠠᠠ ᠠᠴᠠ ︽ᠬᠠᠮᠢᠶ᠎ᠠ ᠦᠭᠡᠢ | ᠡ᠂ ᠪᠦᠬᠦ ᠶᠠᠭᠤᠮ᠎ᠠ ᠰᠠᠶᠢᠬᠠᠠ ᠪᠤᠯᠤᠨ᠎ᠠ᠃ ᠨᠠᠶᠢᠵᠠ ᠮᠢᠨᠢ︾ ᠭᠡᠰᠡᠡ ᠦᠭᠡ ᠪᠠᠷ ᠱᠠᠩᠨᠠᠪᠠᠯ ᠬᠠᠷᠢᠨ ᠬᠤᠯᠠ | ᠢᠯᠡᠬᠦᠦ ᠤᠳᠬ᠎ᠠ ᠤᠴᠢᠷ ᠲᠠᠢ᠂ ᠦᠷ᠎ᠡ ᠳ᠋ᠦᠩ ᠰᠠᠶᠢᠳᠠᠢ ᠪᠠᠶᠢᠬᠤ ᠪᠤᠯᠤᠨ᠎ᠠ᠃ ᠵᠤᠪᠠᠭ᠋ᠤ ᠶᠢᠨ ᠴᠠᠭ ᠲᠤ ᠨᠢᠳᠦ | ᠪᠠᠨ ᠤᠯᠤᠭᠰᠠᠠ ᠤᠬᠠᠭᠠᠯᠢᠭ ᠦᠭᠡ ᠶᠠᠭᠤᠨ ᠠᠴᠠ ᠴᠦ ᠬᠦᠴᠦᠳᠡᠢ᠂ ᠶᠠᠭᠤᠨ ᠠᠴᠠ ᠨᠠᠨᠳᠢᠨ ᠪᠠᠶᠢᠳᠠᠭ ᠪᠢᠯᠡ᠃ | ᠬᠦᠮᠦᠨ ᠭᠡᠳᠡᠭ ᠰᠡᠳᠬᠢᠯ ᠢᠶᠠᠷ ᠠᠮᠢᠳᠤᠷᠠᠳᠠᠭ ᠠᠮᠢᠳᠠᠠ ᠰᠢᠦ ᠳ᠋ᠠ᠃ ᠡᠶᠢᠮᠦ ᠶᠢᠨ ᠲᠤᠯᠠᠳᠠ ᠮᠤᠩᠭᠤᠯ ᠤᠨ ᠨᠡᠷᠡᠳᠤ | ᠢᠷᠠᠭᠤ ᠨᠠᠶᠢᠷᠠᠭᠴᠢ ᠸᠴᠢᠷᠪᠠᠳᠤ ᠶᠢᠨ ᠳᠠᠰᠢᠪᠠᠯᠪᠠᠷ ︽ᠭᠠᠭᠴᠠ ᠰᠠᠶᠢᠬᠠᠠ ᠦᠭᠡ ᠪᠠᠷ ᠲᠤᠳᠠᠵᠦ ᠶᠠᠪᠤᠭ᠎ᠠ ᠬᠦᠮᠦᠨ | ᠳᠤ ᠭᠠᠷᠴᠠᠭ᠎ᠠ ᠦᠭᠡᠢ ᠲᠡᠬᠦᠨ ᠢ ᠨᠢ ᠤᠯᠵᠦ ᠬᠡᠯᠡ︾ ᠬᠡᠮᠡᠡ ᠰᠤᠷᠭᠠᠮᠵᠢᠯᠠᠭᠰᠠᠠ ᠪᠢᠵᠡ᠃ | ᠬᠦᠮᠦᠨ ᠡᠳᠦᠷ ᠪᠦᠷᠢ ᠲᠠᠩᠳᠠ ᠰᠠᠶᠢᠬᠠᠠ ᠤᠴᠢᠷ ᠲᠤᠬᠢᠶᠠᠯᠳᠣᠭᠠᠳ ᠪᠠᠶᠢᠬᠤ ᠦᠭᠡᠢ ᠨᠢ ᠮᠡᠳᠡᠭᠡᠵᠢ᠃ | ᠲᠡᠶᠢᠮᠦ ᠠᠴᠠ ᠰᠠᠨᠠᠭ᠎ᠠ ᠪᠤᠳᠤᠯ ᠳᠤ ᠲᠠᠭ᠎ᠠ ᠥᠭᠡᠢ ᠬᠡᠷᠡᠭ ᠤᠴᠢᠷ ᠲᠤᠬᠢᠶᠠᠯᠳᠤᠬᠤ ᠪᠦᠷᠢ ᠦᠪᠡᠷ ᠲᠡᠭᠡᠨ ᠴᠦ | ᠭᠡᠰᠡᠡ ︽ᠵᠦᠭᠡᠷ ᠡ᠂ ᠪᠦᠬᠦ ᠶᠠᠭᠤᠮ᠎ᠠ ᠰᠠᠶᠢᠬᠠᠠ ᠪᠤᠯᠤᠨ᠎ᠠ︾ ᠭᠡᠵᠤ ᠪᠠᠶᠢᠩᠭᠤ ᠬᠡᠯᠡᠵᠦ ᠪᠠᠶᠢᠭᠠᠷᠠᠢ︕ ᠲᠡᠭᠦᠨ | ᠠᠴᠠ ᠠᠭᠤᠵᠢᠷᠠᠯ ᠲᠠᠶᠢᠳᠬᠤᠷᠠᠯ ᠤᠨ ᠤᠯᠠᠭᠠᠠ ᠲᠤᠶᠠᠭ᠎ᠠ ᠶᠢ ᠤᠯᠵᠦ ᠬᠠᠷᠠᠬᠤ ᠪᠦᠭᠡᠳ ᠴᠢᠮᠠᠢᠢ | ᠲᠦᠭᠡᠷᠢᠭᠳᠡᠭᠦᠯᠦᠭᠰᠡᠡ ᠤᠬᠠᠭᠠᠠ ᠤ ᠮᠠᠨᠠᠠ ᠠᠴᠠ ᠰᠢᠪᠳᠦᠯᠦᠨ ᠭᠠᠷᠬᠤ ᠰᠡᠳᠬᠢᠯ ᠤᠨ ᠲᠡᠩᠬᠡᠬᠡ ᠪᠠᠨ ᠴᠦ ᠰᠡᠯᠪᠢᠵᠦ | ᠠᠪᠴᠤ ᠴᠢᠳᠠᠨ᠎ᠠ᠃ | ︽ᠪᠤᠷᠠᠮ ᠢᠶᠠᠷ ᠱᠠᠩᠨᠠᠬᠤ ᠪᠠᠷ ᠤᠷᠮ᠎ᠠ ᠪᠠᠷ ᠱᠠᠩᠨᠠ︾ ᠭᠡᠰᠡᠡ ᠤᠴᠢᠷᠳᠠᠢ ᠦᠭᠡ ᠪᠠᠶᠢᠳᠠᠭ ᠰᠠᠨ᠃ ᠳᠡᠯᠡᠬᠡᠢ | ᠳᠤ ᠶᠠᠮᠠᠷ ᠴᠦ ᠬᠦᠮᠦᠨ ᠮᠠᠭᠤ ᠬᠦᠮᠦᠨ ᠲᠠᠢ ᠠᠭᠤᠯᠵᠠᠵᠦ᠂ ᠮᠠᠭᠤᠬᠠᠢ ᠦᠭᠡ ᠰᠤᠨᠤᠰᠬᠤ ᠶᠢ ᠬᠦᠰᠡᠳᠡᠭ ᠦᠭᠡᠢ | ᠪᠢᠯᠡ᠃ ᠪᠦᠭᠦᠳᠡ ᠯᠡ ᠰᠠᠶᠢᠠ ᠰᠠᠶᠢᠬᠠᠠ ᠢ ᠬᠦᠰᠡᠡ ᠬᠦᠯᠢᠶᠡᠳᠡᠭ ᠰᠢᠦ ᠳ᠋ᠡ᠃ ᠲᠡᠭᠡᠪᠡᠯ ᠰᠡᠳᠬᠢᠯ ᠲᠦᠭᠦᠷᠡᠩ | ᠢᠳᠡᠭᠡᠯ ᠲᠦᠭᠦᠷᠡᠩ ᠠᠮᠢᠳᠣᠷᠠᠬᠤ ᠬᠠᠮᠤᠭ ᠤᠨ ᠡᠩ ᠤᠨ ᠵᠦᠢᠯ ᠤᠨ ᠨᠢᠭᠡ ᠨᠢ ᠪᠤᠰᠤᠳ ᠠᠴᠠ ᠰᠡᠳᠬᠢᠯ ᠳᠤ | ᠬᠦᠷᠦᠭᠰᠡᠡ ᠰᠠᠶᠢᠬᠠᠠ ᠦᠭᠡ ᠰᠤᠨᠤᠰᠬᠤ᠃ ᠡᠮᠨᠡᠯᠭᠡ ᠶᠢᠨ ᠤᠷᠤᠨ ᠲᠡᠭᠡᠷ᠎ᠡ ᠬᠦᠨᠳᠦ ᠡᠪᠡᠳᠴᠢᠯᠡᠡ ᠬᠡᠪᠳᠡᠵᠦ ᠪᠠᠶᠢᠭ᠎ᠠ | ᠬᠦᠮᠦᠨ ᠳᠤ ︽ᠲᠠᠠ ᠤ ᠴᠢᠷᠠᠢ ᠡᠳᠦᠷ ᠠᠴᠠ ᠡᠳᠦᠷ ᠰᠠᠶᠢᠬᠠᠠ ᠪᠤᠯᠵᠦ ᠪᠠᠶᠢᠨ᠎ᠠ᠃ ᠵᠦᠭᠡᠷ ᠡ᠂ ᠲᠠ ᠤᠳᠠᠬᠤ | ᠦᠭᠡᠢ ᠡᠮᠨᠡᠯᠭᠡ ᠠᠴᠠ ᠭᠠᠷᠬᠤ ᠨᠢ︾ ᠭᠡᠳ ᠬᠡᠯᠡᠬᠦ ᠳᠤ ᠲᠡᠷᠡ ᠬᠦᠮᠦᠨ ᠤ ᠴᠢᠷᠠᠢ ᠨᠢ ᠭᠡᠷᠡᠯᠳᠦᠵᠦ᠂ ᠰᠡᠳᠬᠢᠯ ᠨᠢ | ᠰᠡᠷᠭᠦᠭᠡᠳ ᠡᠪᠡᠳᠴᠢᠨ ᠨᠢ ᠬᠦᠩᠭᠡᠷᠡᠭᠦ ᠰᠢᠭ ᠪᠤᠯᠬᠤ ᠪᠠᠶᠢᠬ᠎ᠠ᠃ ᠲᠡᠶᠢᠮᠦ ᠪᠤᠯᠬᠤᠷ ᠠᠮᠢᠳᠣᠷᠠᠯ ᠲᠤᠮᠳᠠ | ᠰᠡᠳᠬᠢᠯ ᠢᠶᠠᠷ ᠬᠢᠮᠤᠷᠠᠭᠰᠠᠠ ᠨᠢᠭᠡᠡ ᠳᠡᠭᠡᠨ ︽ᠪᠦᠬᠦ ᠶᠠᠭᠤᠮ᠎ᠠ ᠰᠠᠶᠢᠬᠠᠠ ᠪᠤᠯᠤᠨ᠎ᠠ᠂ ᠭᠡᠮ ᠦᠭᠡᠢ︾ ᠬᠡᠮᠡᠭᠰᠡᠡ | ᠬᠠᠯᠠᠭᠤᠨ ᠪᠦᠯᠢᠶᠡᠡ ᠠᠭᠠᠳ ᠰᠠᠷᠠᠭᠤᠯ ᠭᠡᠭᠡᠡ ᠦᠭᠡ ᠪᠠᠷ ᠬᠠᠷᠠᠮ ᠦᠭᠡᠢ ᠲᠡᠳᠬᠦᠵᠦ ᠲᠠᠶᠢᠪᠤᠰᠢᠷᠠᠭᠤᠯᠵᠦ | ᠶᠠᠪᠤᠭᠠᠰᠠᠢ ᠪᠢᠯᠡ᠃ ᠦᠨᠡᠡ ᠴᠠᠭᠠᠠ ᠦᠭᠡᠡ ᠳᠤ ᠪᠤᠷᠬᠠᠠ ᠤ ᠴᠢᠨᠡᠷ ᠨᠢᠭᠤᠭᠳᠠᠵᠦ ᠪᠤᠢ ᠪᠦᠯᠦᠭᠡ᠃ | ᠨᠠᠶᠢᠵᠠ ᠨᠤᠭᠤᠳ ᠡ᠂ ︽ᠵᠦᠭᠡᠷ ᠡ᠂ ᠪᠦᠬᠦ ᠶᠠᠭᠤᠮ᠎ᠠ ᠰᠠᠶᠢᠬᠠᠠ ᠪᠤᠯᠤᠨ᠎ᠠ︾᠃ | ︵ᠵᠣᠬᠢᠶᠠᠭᠴᠢ᠄ ᠪᠣᠶᠠᠨᠪᠠᠳᠣ︶ |