ᠴᠤᠭᠤᠷᠤᠬᠠᠢ
ᠨᠡᠶᠢᠲᠡᠯᠡᠭᠰᠡᠨ ᠴᠠᠭ᠄
2020/6/17
    ᠬᠠᠯᠳᠠᠷ ᠬᠦᠨᠳᠦ ᠡᠪᠡᠳᠴᠢᠯᠡᠬᠡᠳ ᠤᠬᠠᠭ᠎ᠠ ᠨᠢ ᠤᠷᠤᠵᠤ ᠭᠠᠷᠤᠭᠰᠠᠨ ᠠᠮᠢᠳᠠᠨ ᠡᠮᠨᠡᠯᠬᠡ ᠳᠤ ᠬᠡᠪᠳᠠᠵᠤ ᠪᠠᠶᠢᠨ᠎ᠠ ᠬᠡᠰᠡᠨ ᠰᠤᠷᠠᠭ ᠪᠤᠰᠤᠳ ᠲᠤ ᠲᠤᠭᠤᠯᠳᠠᠭᠠᠳ ᠲᠤᠯᠤᠭ᠎ᠠ ᠬᠤᠨᠤᠵᠡᠢ᠃ ᠬᠠᠯᠳᠠᠷ ᠤᠨ ᠪᠦᠬᠦ ᠪᠡᠶ᠎ᠡ ᠠᠴᠠ ᠨᠢ ᠦᠶ᠎ᠡ ᠦᠶ᠎ᠡ ᠬᠦᠢᠳᠡᠨ ᠬᠠᠷ᠎ᠠ ᠬᠦᠯᠦᠰᠦ ᠲᠠᠭᠠᠭᠠᠪᠤᠷᠢᠯᠠᠬᠤ ᠶᠢ ᠡᠮᠴᠢᠯᠡᠬᠡᠨ ᠤ ᠦᠷᠦᠬᠡᠨ ᠳᠤ ᠲᠡᠬᠦᠨ ᠲᠠᠢ ᠬᠠᠮᠳᠤ ᠤᠷᠤᠵᠤ ᠢᠷᠡᠭᠰᠡᠨ ᠭᠠᠭᠴᠠ ᠬᠠᠷ᠎ᠠ ᠢᠯᠠᠭ᠎ᠠ ᠯᠡ ᠦᠨᠦᠷ ᠢᠶᠠᠷ ᠨᠢ ᠮᠡᠳᠡᠨ᠎ᠡ᠃ ᠡᠮᠴᠢ ᠰᠤᠪᠢᠯᠠᠭᠴᠢ ᠤᠷᠤᠨ ᠤ ᠬᠢᠨᠢ ᠲᠤᠯᠤᠭᠠᠢ ᠳᠤ ᠬᠦᠷᠴᠤ ᠤᠴᠢᠳᠠᠭ ᠴᠤ ᠲᠡᠳᠡᠨ ᠳᠤ ᠲᠤᠯᠤᠭᠠᠢ ᠰᠡᠭᠰᠦᠷᠬᠦ ᠠᠴᠠ ᠢᠯᠡᠬᠦᠦ ᠦᠬᠡᠷ᠎ᠡ ᠲᠤᠬᠢᠶ᠎ᠠ ᠬᠦᠳᠡᠯᠬᠡᠬᠡᠨ ᠪᠠᠶᠢᠳᠠᠭ ᠦᠬᠡᠢ᠃     ᠦᠨᠦᠳᠦᠷ ᠠᠷᠭ᠎ᠠ ᠮᠤᠬᠤᠷᠳᠠᠬᠤ ᠳᠠᠭᠠᠨ ᠨᠢᠬᠡᠨ ᠲᠦᠯᠬᠡᠴᠢ ᠵᠠᠯᠠᠵᠤ ᠠᠪᠴᠢᠷᠠᠵᠡᠢ᠃ ᠨᠦᠬᠦᠬᠡ ᠲᠦᠯᠬᠡᠴᠢ ᠬᠠᠷ᠎ᠠ ᠴᠢᠪᠠᠭᠠᠨᠴᠠ ᠡᠪᠡᠳᠴᠢᠳᠡᠨ ᠢ ᠦᠵᠡᠬᠡᠳ᠄ ︽ᠪᠡᠶ᠎ᠡ ᠨᠢ ᠪᠢᠰᠢ᠂ ᠰᠡᠳᠬᠢᠯ ᠨᠢ ᠮᠠᠰᠢ ᠶᠡᠭᠡ ᠡᠮᠵᠡᠭᠯᠡᠯ ᠲᠠᠢ ᠪᠠᠶᠢᠬᠤ ᠰᠢᠭ᠋ ᠪᠠᠶᠢᠨ᠎ᠠ᠃ ᠡᠬᠦᠨ ᠢ ᠵᠠᠰᠠᠬᠤ ᠴᠤᠷᠢ ᠶᠢᠨ ᠭᠠᠭᠴᠠ ᠠᠷᠭ᠎ᠠ ᠪᠤᠯ ᠲᠡᠬᠦᠨ ᠤ ᠠᠮᠠᠨ ᠳᠠᠭᠠᠨ ᠦᠬᠦᠯᠡᠬᠡᠳ ᠪᠠᠶᠢᠳᠠᠭ ︿ᠴᠤᠭᠤᠷᠤᠬᠠᠢ﹀ ᠶᠢᠨ ᠴᠠᠭᠠᠨᠠᠬᠢ ᠤᠴᠢᠷ ᠲᠤ ᠲᠤᠮ ᠵᠠᠰᠠᠯ ᠬᠢᠬᠦ ᠶᠠᠪᠤᠳᠠᠯ ᠪᠠᠶᠢᠵᠤ ᠮᠡᠳᠡᠨ᠎ᠡ᠃ ᠲᠡᠷᠡ ︿ᠴᠤᠭᠤᠷᠬᠠᠢ﹀ ᠶᠢᠨ ᠨᠢᠭᠤᠴᠠ ᠶᠢ ᠲᠡᠷᠬᠡᠳᠡ ᠨᠢ ᠪᠠᠶᠢᠭ᠎ᠠ ᠲᠠ ᠨᠠᠷ ᠲᠠᠶᠢᠯᠵᠤ ᠴᠢᠳᠠᠪᠠᠯ ᠡᠪᠡᠳᠴᠢᠨ ᠨᠢ ᠠᠶᠠᠨᠳᠠᠭᠠᠨ ᠵᠠᠰᠠᠷᠠᠵᠤ ᠮᠡᠳᠡᠨ᠎ᠡ︾ ᠬᠡᠳ ᠭᠠᠷᠴᠤ ᠶᠠᠪᠤᠪᠠ᠃     ᠬᠠᠯᠳᠠᠷ ᠦᠨᠡᠬᠡᠷ ᠴᠢᠪᠠᠭᠠᠨᠴᠠ ᠶᠢᠨ ᠬᠡᠯᠡᠳᠡᠭ ᠰᠢᠭ ᠡᠪᠡᠳᠦᠭᠰᠡᠨ ᠠᠴᠠ ᠨᠠᠰᠢ ᠮᠢᠨᠤ ︽ᠴᠤᠭᠤᠷᠤᠬᠠᠢ︾ ᠬᠡᠰᠡᠨ ᠭᠠᠭᠴᠠᠬᠠᠨ ᠦᠬᠡ ᠲᠠᠢ ᠬᠦᠮᠦᠨ ᠪᠤᠯᠵᠤ ᠬᠤᠪᠢᠷᠠᠵᠡᠢ᠃     ᠁     ᠬᠠᠯᠳᠠᠷ ᠡᠬᠡ ᠠᠴᠠ ᠠᠬ᠎ᠠ ᠲᠡᠬᠦᠦ ᠲᠤᠯᠤᠭᠤᠯᠠ᠃ ᠡᠬᠡᠯ ᠪᠤᠷᠤ ᠠᠮᠢᠳᠤᠷᠠᠯ ᠲᠠᠢ ᠮᠠᠯᠴᠢᠨ ᠤ ᠬᠦᠦ᠃ ᠲᠡᠷᠡ ᠠᠶᠢᠯ ᠤᠨ ᠤᠳᠬᠤᠨ ᠨᠢ ᠪᠤᠯᠬᠤᠷ ᠬᠠᠶᠢᠷᠠᠳᠠᠢ ᠡᠮᠡᠭᠡ ᠶᠢᠨ ᠢᠶᠠᠨ ᠭᠠᠷ ᠲᠡᠬᠡᠷ᠎ᠡ ᠦᠰᠦᠭᠰᠡᠨ ᠪᠠᠶᠢᠯ᠎ᠠ᠃ ᠲᠡᠬᠦᠨ ᠢ ᠲᠤᠯᠤᠭᠠᠳᠠᠢ ᠳᠤᠨᠢ ᠡᠮᠡᠭᠡ ᠨᠢ ᠬᠤᠷᠸ᠎ᠠ ᠠᠴᠠ ᠬᠠᠯᠢᠵᠡᠢ᠃ ᠡᠮᠡᠭᠡ ᠨᠢ ᠨᠠᠰᠤᠯᠠᠭᠰᠠᠨ ᠠᠴᠠ ᠬᠤᠶᠢᠰᠢ ᠬᠠᠯᠳᠠᠷ ᠦᠬᠡ ᠲᠠᠭᠤ ᠴᠦᠬᠡᠨ ᠲᠠᠢ ᠵᠢᠭᠠᠯ ᠬᠦᠦ ᠪᠤᠯᠤᠨ ᠬᠤᠪᠢᠷᠠᠵᠤ ᠡᠮᠡᠭᠡ ᠶᠢᠨ ᠬᠢᠨᠢ ᠨᠢᠳᠤ ᠠᠨᠢᠬᠤ ᠳᠠᠭᠠᠨ ᠶᠠᠷᠢᠭᠰᠠᠨ᠄      ︽ᠬᠦᠦ ᠮᠢᠨᠢ ᠪᠢᠴᠢᠭ ᠨᠤᠮ ᠰᠤᠷᠴᠤ ᠶᠡᠭᠡ ᠡᠷᠳᠡᠮ ᠲᠠᠢ ᠲᠤᠮᠤ ᠡᠷ᠎ᠡ ᠪᠤᠯᠤᠭᠠᠳ ᠢᠷᠡᠪᠡᠯ ᠡᠮᠡᠭᠡ ᠨᠢ ᠴᠢᠮ᠎ᠡ ᠶᠢ ᠡᠷᠬᠢᠵᠤ ᠦᠵᠡᠬᠦ ᠪᠠᠷ ᠢᠷᠡᠨ᠎ᠡ ᠰᠢᠤ︾ ᠬᠡᠰᠡᠨ ᠦᠬᠡ ᠯᠡ ᠲᠡᠬᠦᠨ ᠤ ᠬᠤᠵᠢᠮ ᠤᠨ ᠪᠦᠬᠦ᠋ᠢᠯᠡ ᠪᠦᠳᠦᠨ ᠠᠮᠢᠳᠤᠷᠠᠯ ᠤᠨ ᠬᠦᠰᠡᠯ ᠲᠡᠮᠡᠦᠯᠥᠯ ᠪᠤᠯᠵᠡᠢ᠃ ᠲᠡᠷᠡ ᠬᠠᠷ᠎ᠠ ᠪᠠᠭ᠎ᠠ ᠠᠴᠠ ᠪᠠᠨ ᠤᠬᠠᠭᠠᠨ ᠰᠡᠷᠬᠦᠯᠡᠩ ᠤᠨ ᠤᠴᠢᠷ ᠪᠢᠴᠢᠭ ᠨᠤᠮ ᠳᠠᠭᠠᠨ ᠰᠢᠮᠳᠠᠭᠰᠠᠭᠠᠷ ᠪᠠᠶᠢᠭᠠᠳ ᠤᠯᠤᠰ ᠠᠴᠠ ᠴᠠᠯᠢᠩ ᠠᠪᠳᠠᠭ ᠠᠯᠪᠠᠳᠠᠨ ᠪᠤᠯᠵᠤ᠂ ᠠᠯᠤᠰ ᠬᠤᠰᠢᠭᠤᠨ ᠤ ᠨᠢᠬᠡᠨ ᠵᠢᠵᠢᠭᠬᠡᠨ ᠪᠤᠷᠤ ᠪᠠᠯᠭᠠᠰᠤᠨ ᠳᠤ ᠠᠮᠢ ᠵᠢᠭᠤᠵᠤ ᠠᠮᠢᠳᠤᠷᠠᠯ ᠢᠶᠠᠨ ᠪᠤᠰᠬᠠᠭᠰᠠᠭᠠᠷ ᠦᠨᠦ ᠪᠤᠯᠵᠤ ᠪᠠᠶᠢᠭ᠎ᠠ ᠶᠤᠮ᠃     ᠠᠶᠢᠯ ᠪᠤᠯᠬᠤ ᠳᠤ ᠠᠪᠤ ᠨᠢ ᠲᠡᠬᠦᠨ ᠳᠤ ᠰᠠᠪᠰᠠᠯᠵᠠᠭᠤᠷ ᠬᠡᠳᠡᠭ ᠰᠢᠷ᠎ᠠ ᠠᠳᠠᠨ ᠤ ᠪᠠᠨ ᠲᠤᠭᠤᠢ ᠬᠡ ᠲᠠᠢ ᠲᠤᠬᠤᠮ ᠢ᠂ ᠡᠵᠢ ᠨᠢ ᠦᠶ᠎ᠡ ᠲᠠᠮᠵᠢᠭᠤᠯᠤᠨ ᠴᠠᠢ ᠪᠠᠨ ᠰᠠᠮᠤᠷᠤᠭᠰᠠᠭᠠᠷ ᠢᠷᠡᠭᠰᠡᠨ ᠭᠠᠤᠯᠢᠨ ᠰᠢᠨᠠᠭ᠎ᠠ ᠪᠠᠨ ᠪᠠᠷᠢ ᠳᠡᠭᠡᠨ ᠦᠪᠯᠡᠬᠦᠯᠵᠤ ᠦᠭᠬᠦᠭᠰᠡᠨ ᠪᠠᠶᠢᠯ᠎ᠠ᠃ ᠲᠡᠷᠡ ᠭᠠᠤᠯᠢᠨ ᠰᠢᠨᠠᠭ᠎ᠠ ᠶᠢ ᠬᠠᠯᠳᠠᠷ ᠤᠨ ᠡᠵᠢ᠂ ᠠᠪᠤ ᠶᠢᠨ ᠬᠢᠨᠢ ᠭᠤᠯᠤᠮᠳᠠ ᠳᠤ ᠪᠡᠷᠢ ᠪᠤᠯᠵᠤ ᠢᠷᠡᠭᠰᠡᠨ ᠲᠡᠷᠡ ᠡᠳᠦᠷ ᠠᠴᠠ ᠯᠡ ᠡᠬᠢᠯᠡᠨ ᠪᠠᠷᠢᠵᠤ ᠦᠷᠯᠦᠬᠡ ᠪᠤᠯᠭᠠᠨ ᠴᠠᠢ  ᠶᠢᠨ ᠢᠶᠠᠨ ᠲᠡᠬᠡᠵᠢ ᠶᠢ ᠬᠠᠨ ᠬᠤᠷᠮᠤᠰᠳᠠ᠂ ᠬᠠᠮᠤᠭ ᠲᠡᠯᠡᠬᠡᠢ ᠳᠤ ᠡᠷᠬᠦᠭᠰᠡᠬᠡᠷ ᠢᠷᠡᠵᠡᠢ᠃ ᠡᠬᠡᠨᠡᠷ ᠨᠢ ᠴᠤ ᠡᠨᠡ ᠭᠠᠤᠯᠢᠨ ᠰᠢᠨᠠᠭ᠎ᠠ ᠪᠠᠷ ᠴᠠᠢ ᠪᠠᠨ ᠰᠠᠮᠤᠷᠤᠭᠰᠠᠭᠠᠷ ᠬᠤᠷᠢᠭᠠᠳ ᠵᠢᠯ ᠢ ᠦᠩᠬᠡ ᠲᠠᠢ ᠦᠬᠡᠳᠡ ᠲᠠᠢ ᠦᠩᠬᠡᠷᠡᠬᠡᠵᠤ ᠢᠷᠡᠪᠡ᠃      ᠤᠳᠤ ᠠᠴᠠ ᠰᠠᠷ᠎ᠠ ᠶᠢᠨ ᠡᠮᠦᠨ᠎ᠡ ᠨᠢᠬᠡᠨ ᠦᠷᠯᠦᠬᠡ ᠡᠬᠡᠨᠡᠷ ᠨᠢ ᠬᠡᠨᠡᠳᠳᠡ ᠭᠠᠯ ᠲᠤᠭᠤᠭᠠᠨ ᠤ ᠦᠷᠦᠬᠡᠨ ᠠᠴᠠ᠄ ︽ᠬᠦᠶ᠋ᠢ᠂ ᠬᠠᠯᠳᠠᠷ ᠡ᠂ ᠴᠢ ᠬᠠᠷᠠᠭᠠᠴᠢ᠂ ᠡᠵᠢ ᠶᠢᠨ ᠦᠭᠬᠦᠭᠰᠡᠨ ᠭᠠᠤᠯᠢᠨ ᠰᠢᠨᠠᠭ᠎ᠠ ᠴᠤᠭᠤᠷᠤᠴᠢᠬᠠᠵᠡᠢ᠂ ᠶᠠᠭᠠᠬᠢᠳᠠᠭ ᠪᠢᠯᠡ︖︾ ᠬᠡᠭᠰᠡᠬᠡᠷ ᠬᠠᠯᠳᠠᠷ ᠲᠤ ᠠᠪᠴᠢᠷᠠᠵᠤ ᠦᠵᠡᠬᠦᠯᠦᠯ᠎ᠡ᠃ ᠬᠠᠯᠳᠠᠷ ᠤᠨ ᠴᠡᠬᠡᠵᠢᠨ ᠳᠤ ᠲᠡᠷᠡ ᠲᠤᠤᠷ᠎ᠠ ᠪᠠᠨ ᠡᠬᠡᠨᠡᠷ ᠢᠶᠠᠨ ᠵᠢᠮᠡᠯᠡᠬᠦ ᠭᠠᠯ ᠮᠠᠨᠠᠯᠵᠠᠭᠰᠠᠨ ᠪᠤᠯᠪᠠᠴᠤ ᠶᠠᠮᠠᠷ ᠨᠢᠬᠡᠨ ᠲᠠᠯᠳᠠ ᠶᠢᠨ ᠰᠤᠪᠢᠩ ᠳᠤ ᠵᠠᠬᠢᠷᠤᠭᠳᠠᠬᠤ ᠰᠢᠭ᠋ ᠪᠤᠯᠤᠨ ᠠᠭᠤᠷ ᠢᠶᠠᠨ ᠲᠠᠷᠤᠵᠤ᠄ ︽ᠭᠤᠷᠪᠠᠨ ᠦᠶ᠎ᠡ ᠶᠢᠨ ᠭᠠᠤᠯᠢᠨ ᠪᠤᠷᠬᠠᠨ ᠴᠤ ᠬᠠᠭᠤᠴᠢᠷᠠᠳᠠᠭ ᠶᠤᠮ ᠴᠢᠨᠢ ᠨᠢᠮᠬᠡᠨ ᠲᠤᠬᠤ ᠲᠠᠢ ᠭᠠᠤᠯᠢᠨ ᠰᠢᠨᠠᠭ᠎ᠠ ᠴᠤ ᠡᠯᠡᠬᠦ ᠨᠢ ᠵᠦᠪ ᠪᠢᠵᠡ︖︾ ᠬᠡᠵᠤ ᠪᠦᠰᠡᠬᠦᠢ ᠪᠠᠨ ᠡᠪᠳᠡᠶᠢᠬᠡᠨ ᠠᠷᠭᠠᠳᠠᠭᠠᠳ ᠭᠠᠤᠯᠢᠨ ᠰᠢᠨᠠᠭ᠎ᠠ ᠪᠠᠨ ᠪᠠᠷᠢᠨ ᠴᠤᠩᠬᠤᠨ ᠤ ᠲᠤᠰᠢᠶ᠎ᠠ ᠤᠴᠢᠵᠤ ᠬᠡᠷᠡᠯ ᠦᠬᠡᠳᠡ ᠬᠠᠷᠠᠭᠤᠯᠳᠠᠯ᠎ᠠ ᠶᠠᠭᠤ ᠪᠤᠯᠤᠭᠰᠠᠨ ᠬᠡᠵᠤ ᠰᠠᠨᠠᠨ᠎ᠠ⁈ ᠨᠦᠬᠦᠬᠡ ᠰᠢᠨᠠᠭᠠᠨ ᠴᠤᠭᠤᠷᠤᠬᠠᠢ ᠪᠠᠷ ᠪᠤᠷᠬᠠᠨ ᠪᠤᠯᠤᠭᠠᠳ ᠲᠦᠴᠢᠬᠡᠳ ᠵᠢᠯ ᠪᠤᠯᠤᠭᠰᠠᠨ ᠡᠮᠡᠭᠡ ᠨᠢ ᠢᠨᠢᠶᠡᠮᠰᠦᠭᠯᠡᠵᠤ ᠪᠠᠶᠢᠬᠤ ᠰᠢᠭ᠋ ᠬᠠᠷᠠᠭᠳᠠᠪᠠ᠃ ᠲᠡᠷᠡ ᠭᠱᠠᠨ ᠳᠤ ᠬᠠᠯᠳᠠᠷ ᠤᠨ ᠪᠦᠬᠦ ᠪᠠᠶ᠎ᠠ ᠶᠢ ᠶᠠᠮᠠᠷ ᠨᠢᠬᠡ ᠲᠦᠰᠦᠬᠡᠯᠡᠬᠦ ᠳᠤ ᠪᠡᠷᠬᠡ ᠬᠦᠴᠦᠳᠡᠢ ᠲᠤᠯᠭᠢᠶ᠎ᠠ ᠡᠵᠡᠮᠳᠡᠨ᠂ ᠪᠤᠳᠤᠭᠰᠠᠨ ᠰᠠᠨᠠᠭᠰᠠᠨ ᠨᠢ ᠴᠠᠭᠠᠨ ᠠᠶᠠᠯᠭᠤ ᠪᠤᠯᠵᠤ ᠲᠡᠬᠦᠨ ᠤ ᠵᠢᠷᠦᠬᠡᠨ ᠠᠴᠠ ᠡᠮᠡᠭᠡ ᠶᠢᠨ ᠬᠢᠨᠢ ᠵᠢᠷᠦᠬᠡ ᠤᠷᠤᠭᠤ ᠲᠤᠯᠬᠢᠶᠠᠯᠠᠵᠤ ᠡᠬᠢᠯᠡᠪᠡ᠃ ᠲᠡᠷᠳᠡᠭᠡ ᠲᠦᠴᠢᠬᠡᠳ ᠵᠢᠯ ᠤᠨ ᠡᠮᠦᠨ᠎ᠡ ᠡᠮᠡᠭᠡ ᠶᠢᠨ ᠬᠢᠨᠢ ᠶᠠᠷᠢᠭᠰᠠᠨ ︽᠁ ᠴᠢᠮ᠎ᠠ ᠶᠢ ᠡᠷᠬᠢᠵᠤ ᠦᠵᠡᠬᠦ ᠪᠠᠷ ᠢᠷᠡᠨ᠎ᠡ︾ ᠬᠡᠰᠡᠨ ᠦᠬᠡ ᠰᠠᠨᠠᠭᠠᠨ ᠳᠤᠨᠢ ᠡᠷᠬᠡ ᠦᠬᠡᠢ ᠪᠠᠭᠤᠵᠤ᠂ ᠭᠠᠶᠢᠬᠠᠵᠤ ᠪᠠᠶᠠᠷᠯᠠᠬᠤ ᠬᠤᠤᠰᠯᠠᠨ᠂ ᠡᠨᠡ ᠪᠤᠯᠵᠤ ᠪᠠᠶᠢᠭ᠎ᠠ ᠪᠦᠬᠦᠨ ᠳᠤ ᠲᠡᠷᠡ ᠢᠳᠡᠬᠡᠬᠦ ᠦᠬᠡᠢ ᠪᠠᠶᠢᠬᠤ ᠶᠢᠨ ᠠᠷᠭ᠎ᠠ ᠦᠬᠡᠢ ᠪᠠᠶᠢᠯ᠎ᠠ᠃ ᠬᠠᠯᠳᠠᠷ ᠲᠦᠴᠢᠨ ᠵᠢᠯ ᠬᠦᠯᠢᠶᠡᠭᠰᠡᠨ ᠬᠠᠶᠢᠷᠠᠳᠠᠢ ᠡᠮᠡᠭᠡ ᠲᠠᠢ ᠪᠠᠨ ᠡᠶᠢᠨᠬᠦ ᠲᠠᠬᠢᠨ ᠠᠭᠤᠯᠵᠡᠵᠡᠢ᠃      ᠢᠩᠬᠢᠬᠡᠳ ᠡᠳᠦᠷ ᠪᠤᠯᠭᠠᠨ ᠬᠠᠯᠳᠠᠷ ᠰᠢᠨᠠᠭᠠᠨ ᠴᠤᠭᠤᠷᠤᠬᠠᠢ ᠪᠠᠷ ᠡᠮᠡᠭᠡ ᠶᠢᠨ ᠢᠶᠠᠨ ᠢᠨᠢᠶᠡᠮᠰᠦᠭᠯᠡᠯ ᠢ ᠤᠯᠵᠤ ᠬᠠᠷᠠᠳᠠᠭ ᠪᠤᠯᠤᠯ᠎ᠠ᠃ ᠡᠮᠡᠭᠡ ᠨᠢ ᠲᠦᠷᠦᠯᠬᠢ ᠬᠤᠵᠢᠬᠢᠷ ᠲᠤᠯᠠ ᠲᠤᠯᠤᠭᠠᠢ ᠠᠴᠠ ᠪᠠᠨ ᠠᠯᠴᠢᠭᠤᠷ ᠰᠠᠯᠭᠠᠳᠠᠭ ᠦᠬᠡᠢ ᠪᠠᠶᠢᠪᠠ᠃ ᠲᠡᠷᠡ ᠪᠠᠷ ᠲᠤᠯᠤᠭᠠᠢ ᠪᠠᠨ ᠴᠠᠭᠠᠨ ᠠᠯᠴᠢᠭᠤᠷ ᠢᠶᠠᠷ ᠤᠷᠢᠶᠠᠵᠤ᠂ ᠬᠠᠭᠤᠴᠢᠨ ᠬᠦᠪᠦᠩ ᠲᠠᠢ ᠲᠡᠷᠯᠢᠭ ᠢᠶᠠᠷ ᠢᠶᠠᠨ ᠪᠠᠶᠢᠬᠤ ᠠᠵᠢ᠃ ᠨᠢᠬᠡ ᠡᠳᠦᠷ ᠲᠡᠷᠡ ᠰᠠᠶᠢᠨ ᠯᠠᠪᠯᠠᠵᠤ ᠬᠠᠷᠠᠪᠠᠯ ᠠᠯᠴᠢᠭᠤᠷ ᠨᠢ ᠪᠦᠷ ᠤᠩᠭᠠᠵᠤ ᠬᠠᠭᠤᠴᠢᠷᠠᠭᠠᠳ ᠴᠤᠬᠤᠮ ᠶᠠᠮᠠᠷ ᠬᠡ ᠲᠠᠢ ᠪᠠᠶᠢᠭᠰᠠᠨ ᠨᠢ ᠮᠡᠳᠡᠭᠳᠡᠬᠦ ᠪᠠᠨ ᠪᠤᠯᠢᠵᠡᠢ᠃ ᠮᠠᠷᠭᠠᠰᠢ ᠨᠢ ᠬᠠᠯᠳᠠᠷ ᠡᠬᠡᠨᠡᠷ ᠲᠡᠭᠡᠨ᠄ ︽ᠪᠢ ᠡᠮᠡᠭᠡ ᠳᠡᠭᠡᠨ ᠨᠢᠬᠡ ᠲᠤᠯᠤᠭᠠᠢ ᠶᠢᠨ ᠠᠯᠴᠢᠭᠤᠷ ᠪᠡᠯᠡᠳᠦᠮᠡᠷ ᠪᠠᠶᠢᠨ᠎ᠠ᠃ ᠬᠤᠶᠠᠭᠤᠯᠠ ᠪᠠᠨ ᠠᠵᠢᠯ ᠠᠴᠠ ᠪᠠᠨ ᠪᠠᠭᠤᠴᠢᠬᠠᠭᠠᠳ ᠲᠡᠯᠬᠡᠬᠦᠷ ᠢᠶᠠᠷ ᠤᠷᠤᠶ᠎ᠠ︾ ᠬᠡᠬᠦ ᠳᠤ ᠡᠬᠡᠨᠡᠷ ᠨᠢ ᠲᠡᠬᠦᠨ ᠤᠷᠤᠭᠤ ᠨᠡᠯᠢᠶᠡᠳ ᠭᠠᠶᠢᠬᠠᠰᠢᠷᠠᠭᠰᠠᠨ ᠮᠠᠶ᠋ᠢᠭ ᠲᠠᠢ ᠬᠠᠷᠠᠭᠠᠳ᠄ ︽ᠡᠨᠡ ᠠᠯᠴᠢᠭᠤᠷ ᠢ ᠡᠳ᠋ᠯᠡᠳᠡᠭ ᠨᠢ ᠠᠯᠢ ᠬᠡᠳᠦ᠋ᠢᠨ ᠲᠠᠯᠶᠢᠭᠴᠢ ᠪᠤᠯᠤᠭᠰᠠᠨ ᠡᠮᠡᠭᠡ ᠴᠢᠨᠢ ᠪᠠᠶᠢᠳᠠᠭ ᠬᠡ︾ ᠬᠡᠬᠦ ᠳᠤᠨᠢ ᠲᠡᠷᠡ ᠲᠤᠭᠤᠢ ᠢᠨᠢᠶᠠᠮᠰᠦᠭᠯᠡᠬᠡᠳ ᠯᠡ ᠦᠩᠬᠡᠷᠡᠵᠡᠢ᠃ ᠲᠡᠷᠡ ᠡᠳᠦᠷ ᠲᠡᠳᠡ ᠬᠤᠶᠠᠭᠤᠯᠠ ᠨᠡᠯᠢᠶᠡᠳ ᠬᠡᠳᠦᠨ ᠲᠡᠯᠬᠡᠬᠦᠷ ᠬᠡᠰᠦᠵᠤ ᠪᠠᠶᠢᠭᠠᠳ ᠰᠠᠨᠠᠭᠠᠨ ᠳᠠᠭᠠᠨ ᠲᠠᠭᠠᠷᠠᠭᠰᠠᠨ ᠨᠢᠬᠡ ᠶᠢ ᠨᠢ ᠰᠤᠩᠭᠤᠨ ᠠᠪᠤᠭᠰᠠᠨ ᠪᠢᠯᠡ᠃ ᠮᠠᠷᠭᠠᠰᠢ ᠨᠢ ᠬᠠᠯᠳᠠᠷ ᠨᠦᠬᠦᠬᠡ ᠠᠯᠴᠢᠭᠤᠷ ᠢᠶᠠᠨ ᠰᠢᠨᠠᠭᠠᠨ ᠴᠤᠭᠤᠷᠤᠬᠠᠢ ᠪᠠᠷ ᠡᠮᠡᠭᠡ ᠳᠡᠭᠡᠨ ᠦᠵᠡᠬᠦᠯᠦᠭᠰᠡᠨ ᠳᠤ ᠡᠮᠡᠭᠡ ᠨᠢ ᠮᠠᠰᠢ ᠪᠠᠶᠠᠷᠯᠠᠵᠤ ᠰᠢᠳᠥ ᠥᠭᠡᠢ ᠪᠤᠶᠢᠯᠡ ᠪᠠᠨ ᠭᠠᠷᠭᠠᠨ ᠢᠨᠢᠶᠡᠵᠤ ᠪᠠᠶᠢᠬᠤ ᠮᠡᠳᠦ ᠦᠵᠡᠭᠳᠡᠵᠡᠢ᠃      ᠲᠡᠬᠡᠬᠡᠳ ᠬᠠᠯᠳᠠᠷ ᠡᠳᠦᠷ ᠪᠤᠯᠭᠠᠨ ᠲᠡᠷᠡ ᠰᠢᠨᠠᠭᠠᠨ ᠴᠤᠭᠤᠷᠤᠬᠠᠢ ᠪᠠᠷ ᠡᠮᠡᠭᠡ ᠶᠢᠨ ᠢᠶᠠᠨ ᠴᠢᠷᠠᠢ ᠵᠢᠰᠦ ᠶᠢ ᠤᠯᠵᠤ ᠬᠠᠷᠠᠬᠤ᠂ ᠲᠡᠷᠡᠴᠢᠯᠡᠨ ᠠᠮᠢᠳᠤ ᠳᠤᠨᠢ ᠬᠠᠷᠢᠭᠤᠯᠵᠤ ᠴᠢᠳᠠᠭ᠎ᠠ ᠦᠬᠡᠢ ᠠᠴᠢ ᠶᠢ ᠨᠢ ᠬᠠᠷᠢᠭᠤᠯᠬᠤ ᠠᠷᠭ᠎ᠠ ᠤᠬᠠᠭᠠᠨ ᠪᠤᠳᠤᠳᠠᠭ ᠪᠤᠯᠵᠡᠢ᠃ ᠡᠮᠡᠭᠡ ᠨᠢ ᠲᠠᠪᠤᠰᠤ ᠰᠤᠯᠠ ᠲᠠᠢ ᠠᠮᠳᠠᠯᠢᠭ ᠬᠤᠭᠤᠯᠠᠨ ᠳᠤ ᠲᠤᠷ᠎ᠠ ᠲᠠᠢ ᠲᠤᠯᠠ ᠡᠷᠡᠨ ᠪᠤᠯᠭᠠᠨ ᠤ ᠬᠤᠭᠤᠯᠠ ᠪᠠᠨ ᠶᠠᠭ ᠡᠮᠡᠭᠡ ᠶᠢᠨ ᠢᠶᠠᠨ ᠲᠤᠷᠠᠰᠢᠯ ᠳᠤ ᠵᠤᠬᠢᠴᠠᠭᠤᠯᠤᠨ ᠪᠡᠯᠡᠳᠳᠡᠭ ᠪᠤᠯᠤᠯ᠎ᠠ᠃ ᠡᠷᠳᠡ ᠲᠡᠬᠡᠷ᠎ᠡ ᠦᠶ᠎ᠡ ᠳᠤ ᠪᠠᠶᠢᠵᠡᠢ᠃ ᠡᠮᠡᠭᠡ ᠶᠢᠨ ᠬᠢᠨᠢ ᠬᠡᠷ ᠢᠶᠠᠷ ᠢᠶᠠᠨ ᠭᠤᠷᠪᠠ ᠶᠢᠰᠦ ᠶᠢᠨ ᠶᠡᠭᠡ ᠴᠠᠰᠤ ᠲᠠᠢ ᠬᠦᠢᠳᠡᠨ ᠡᠳᠦᠷ ᠪᠠᠶᠠᠨ ᠠᠶᠢᠯ ᠤᠨ ᠪᠠᠶᠢᠰᠢᠩ ᠠᠴᠠ ᠬᠦᠬᠡᠬᠡᠭᠳᠡᠵᠤ ᠭᠠᠷᠤᠭᠰᠠᠨ ᠠᠴᠠ ᠪᠤᠯᠵᠤ ᠬᠦᠢᠳᠡᠨ ᠴᠠᠰᠤ ᠶᠢ ᠢᠷᠡᠵᠤ ᠬᠠᠭᠤᠴᠢᠨ ᠮᠠᠭᠤ ᠶᠠᠶᠢᠵᠢᠬᠡᠷ ᠴᠡᠬᠡᠵᠢᠨ ᠬᠡᠷ ᠢᠶᠠᠨ ᠪᠠᠷᠢᠵᠤ ᠬᠦᠭᠰᠢᠨ ᠨᠢᠯᠬ᠎ᠠ ᠬᠡᠳᠦᠬᠦᠯᠡ ᠲᠦᠩᠬᠡᠨ ᠳᠠᠩᠭᠠᠨ ᠲᠡᠷᠡ ᠴᠠᠭᠠᠨ ᠵᠤᠳ ᠲᠠᠢ ᠡᠪᠦᠯ ᠢ ᠲᠤᠭᠤᠯᠤᠭᠰᠠᠨ ᠶᠤᠮ᠃ ᠲᠡᠬᠦᠨ ᠠᠴᠠ ᠬᠤᠶᠢᠰᠢ ᠡᠮᠡᠭᠡ ᠳᠤᠨᠢ ᠡᠳᠡᠬᠡᠷᠡᠰᠢ ᠦᠬᠡᠢ ᠦᠶ᠎ᠡ ᠬᠡᠰᠢᠬᠦᠨ ᠤ ᠠᠷᠬᠠᠭ ᠰᠠᠭᠤᠵᠤ᠂ ᠰᠡᠬᠦᠯ ᠳᠡᠭᠡᠨ ᠪᠦᠷ ᠬᠦᠨᠳᠦᠷᠡᠬᠡᠳ ᠬᠠᠪᠤᠩ ᠢᠶᠠᠷ ᠨᠠᠰᠤ ᠪᠠᠷᠠᠭᠰᠠᠨ ᠪᠠᠶᠢᠯ᠎ᠠ᠃ ᠡᠶᠢᠮᠤ ᠠᠴᠠ ᠡᠨᠡ ᠬᠡᠳᠦᠨ ᠬᠤᠨᠤᠭ ᠬᠠᠯᠳᠠᠷ ᠨᠤᠳᠤᠭ ᠤᠨ ᠢᠶᠠᠨ ᠰᠠᠶᠢᠨ ᠤᠳᠠᠴᠢ ᠮᠠᠮᠪᠠ ᠶᠢᠨ ᠬᠢ ᠪᠠᠷ ᠬᠦᠷᠴᠤ ᠦᠶ᠎ᠡ ᠬᠡᠰᠢᠬᠦᠨ ᠤ ᠠᠷᠬᠠᠭ ᠵᠠᠰᠠᠳᠠᠭ ᠡᠮ ᠲᠠᠩ ᠨᠡᠯᠢᠶᠡᠳ ᠢ ᠵᠠᠯᠠᠵᠤ ᠠᠪᠴᠢᠷᠠᠵᠡᠢ᠃      ᠬᠠᠯᠳᠠᠷ ᠢ ᠬᠤᠶᠠᠷ ᠨᠠᠰᠤ ᠲᠠᠢ ᠪᠠᠶᠢᠬᠤ ᠳᠤ ᠨᠢᠬᠡ ᠤᠳᠠᠭ᠎ᠠ ᠡᠵᠢ ᠨᠢ ᠤᠷᠤᠢ ᠬᠤᠨᠢᠨ ᠠᠴᠠ ᠪᠠᠨ ᠬᠠᠷᠢᠵᠤ ᠢᠷᠡᠬᠦ ᠳᠤ ᠡᠮᠡᠭᠡ ᠨᠢ ᠬᠡᠷ ᠤᠨ ᠢᠶᠠᠨ ᠴᠦᠬᠡᠨ ᠬᠡᠳᠦᠨ ᠡᠳ᠋ᠯᠡᠯ ᠲᠠᠪᠢᠯᠠᠭ᠎ᠠ ᠶᠢᠨ ᠨᠢᠬᠡ ᠪᠤᠯᠬᠤ ᠵᠢᠵᠢᠭᠬᠡᠨ ᠤᠯᠠᠭᠠᠨ ᠰᠢᠷᠡᠭᠡ ᠶᠢ ᠲᠦᠷᠪᠡᠨ ᠬᠦᠯ ᠢ ᠨᠢ ᠲᠠᠬᠡᠭᠰᠢ ᠬᠠᠨᠳᠤᠭᠤᠯᠤᠨ ᠬᠠᠯᠳᠠᠷ ᠢ ᠭᠤᠤᠯ ᠳᠤᠨᠢ ᠰᠠᠭᠤᠯᠭᠠᠭᠠᠳ ᠪᠤᠷᠠᠨᠳᠠᠭ ᠢᠶᠠᠷ ᠰᠢᠷᠡᠭᠡ ᠪᠠᠨ ᠤᠭᠤᠰᠤᠷᠯᠠᠨ᠂ ᠱᠤᠩ ᠪᠤᠯᠤᠨ ᠬᠠᠰᠢᠶᠠᠨ ᠤ ᠬᠤᠭᠤᠷᠤᠨᠳᠤ ᠲᠡᠷᠬᠡᠨᠴᠢᠷ ᠪᠤᠯᠭᠠᠨ ᠴᠢᠷᠦᠬᠡᠳ ᠶᠠᠪᠤᠵᠤ ᠪᠠᠶᠢᠵᠤ ᠬᠡᠨ᠎ᠡ᠂ ᠨᠦᠬᠦᠬᠡ ᠰᠢᠷᠡᠬᠡᠨ ᠤ ᠨᠢᠭᠤᠷ ᠬᠡᠭᠴᠢ ᠠᠪᠬᠤ ᠶᠢᠨ ᠲᠠᠮᠳᠤᠭ ᠦᠬᠡᠢ ᠪᠤᠯᠤᠭᠰᠠᠨ ᠪᠠᠶᠢᠯ᠎ᠠ᠃ ᠦᠨᠦᠳᠦᠷ ᠬᠠᠯᠳᠠᠷ ᠡᠨᠡ ᠵᠢᠵᠢᠭᠬᠡᠨ ᠪᠤᠷᠤ ᠪᠠᠯᠭᠠᠰᠤᠨ ᠤ ᠮᠤᠳᠤᠴᠢᠨ ᠲᠡᠬᠡᠷ᠎ᠡ ᠬᠦᠷᠴᠤ᠂ ᠲᠡᠬᠡᠷ᠎ᠡ ᠨᠢ ᠡᠷᠳᠡᠨᠢ ᠪᠠᠷ ᠪᠦᠬᠡᠯᠵᠢᠭᠰᠡᠨ ᠬᠤᠯᠤᠭᠠᠨ᠎ᠠ ᠵᠢᠷᠤᠭᠰᠠᠨ ᠦᠨᠳᠦᠷ ᠬᠦᠯ ᠲᠠᠢ ᠤᠯᠠᠭᠠᠨ ᠰᠢᠷᠡᠭᠡ ᠬᠢᠯᠬᠡᠵᠡᠢ᠃      ᠬᠠᠯᠳᠠᠷ ᠤᠨ ᠠᠮᠢᠳᠤᠷᠠᠯ ᠡᠨᠡ ᠮᠡᠳᠦ ᠪᠠᠷ ᠦᠷᠬᠦᠯᠵᠢᠯᠡᠭᠰᠬᠡᠷ ᠁ ᠨᠦᠬᠦᠬᠡ ᠴᠤᠭᠤᠷᠤᠬᠠᠢ ᠪᠠᠷ ᠡᠳᠦᠷ ᠪᠤᠯᠭᠠᠨ ᠡᠮᠡᠭᠡ ᠶᠢᠨ ᠢᠶᠠᠨ ᠢᠨᠢᠶᠡᠮᠰᠦᠭᠯᠡᠯ ᠢ ᠤᠯᠵᠤ ᠬᠠᠷᠠᠭᠰᠠᠭᠠᠷ ᠁ ᠡᠮᠡᠭᠡ ᠶᠢᠨ ᠢᠶᠠᠨ ᠲᠤᠬᠠᠢ ᠳᠤ ᠬᠢᠬᠦ ᠶᠤᠰᠤ ᠲᠠᠢ ᠵᠦᠢᠯ ᠢᠶᠠᠨ ᠬᠢᠭᠰᠡᠬᠡᠷ ᠁ ᠨᠢᠬᠡ ᠯᠡ ᠮᠡᠳᠡᠬᠦ ᠳᠤ ᠤᠷᠤᠨ ᠬᠡᠷ ᠲᠤᠨᠢ ᠡᠮᠡᠭᠡ ᠨᠢ ᠠᠮᠢᠳᠤᠷᠠᠵᠤ ᠪᠠᠶᠢᠭ᠎ᠠ ᠰᠢᠭ᠋ ᠪᠤᠯᠤᠭᠠᠳ ᠶᠠᠪᠤᠴᠢᠬᠠᠯ᠎ᠠ᠃ ᠡᠬᠦᠨ ᠠᠴᠠ ᠪᠤᠯᠵᠤ ᠬᠠᠯᠳᠠᠷ ᠴᠤ ᠨᠦᠬᠦᠬᠡ ᠰᠢᠨᠠᠭᠠᠨ ᠴᠤᠭᠤᠷᠤᠬᠠᠢ ᠳᠠᠭᠠᠨ ᠤᠬᠠᠭᠠᠨ ᠦᠬᠡᠢ ᠬᠠᠶᠢᠷᠠᠳᠠᠢ ᠪᠤᠯᠤᠭᠰᠠᠨ ᠪᠠᠶᠢᠯ᠎ᠠ᠃      ᠭᠠᠤᠯᠢᠨ ᠰᠢᠨᠠᠭ᠎ᠠ ᠴᠤᠭᠤᠷᠤᠭᠰᠠᠨ ᠤ ᠶᠢᠰᠦᠳᠡᠬᠢ ᠡᠳᠦᠷ ᠤᠨ ᠦᠷᠯᠦᠬᠡ ᠬᠠᠯᠳᠠᠷ ᠵᠤᠷᠰᠢᠯ ᠶᠤᠰᠤᠭᠠᠷ ᠬᠠᠶᠢᠷᠠᠳᠠᠢ ᠰᠢᠨᠠᠭᠠᠨ ᠴᠤᠭᠤᠷᠤᠬᠠᠢ ᠪᠠᠷ ᠢᠶᠠᠨ ᠱᠠᠭᠠᠶᠢᠭᠰᠠᠨ ᠴᠢᠨᠢ ᠡᠮᠡᠭᠡ ᠨᠢ ᠲᠡᠬᠦᠨ ᠲᠠᠢ ᠦᠬᠡ ᠰᠤᠯᠢᠯᠴᠠᠵᠤ ᠡᠬᠢᠯᠡᠵᠡᠢ᠃ ᠡᠮᠡᠭᠡ ᠶᠢᠨ ᠢᠶᠠᠨ ᠠᠮᠢᠳᠤ ᠳᠠᠭᠠᠨ ᠪᠡᠶᠡᠯᠡᠬᠦᠯᠵᠤ ᠴᠢᠳᠠᠭ᠎ᠠ ᠦᠬᠡᠢ ᠵᠦᠢᠯ ᠢ ᠰᠡᠳᠬᠢᠯ ᠭᠠᠷᠭᠠᠨ ᠬᠦᠢᠴᠡᠬᠡᠵᠤ ᠯᠡ ᠪᠠᠶᠢᠪᠠᠯ ᠡᠷᠳᠡ ᠤᠷᠤᠢ ᠦᠬᠡᠢ ᠡᠶᠢᠮᠤ ᠨᠢᠬᠡᠨ ᠡᠳᠦᠷ ᠢᠷᠡᠨ᠎ᠡ ᠬᠡᠳᠡᠭ ᠲᠤ ᠬᠠᠯᠳᠠᠷ ᠰᠢᠨᠠᠭ᠎ᠠ ᠴᠤᠭᠤᠷᠤᠭᠰᠠᠨ ᠲᠡᠷᠡ ᠡᠳᠦᠷ ᠠᠴᠠ ᠯᠡ ᠮᠠᠰᠢ ᠢᠳᠡᠬᠡᠯ ᠲᠠᠢ ᠪᠠᠶᠢᠭᠰᠠᠨ ᠨᠢ ᠮᠡᠳᠡᠬᠡᠵᠢ᠃ ᠲᠡᠷᠡ ᠡᠮᠡᠭᠡ ᠶᠢᠨ ᠢᠶᠠᠨ ᠲᠡᠬᠦᠨ ᠲᠠᠢ ᠦᠬᠡ ᠶᠠᠷᠢᠯᠴᠠᠵᠤ ᠡᠬᠢᠯᠡᠭᠰᠡᠨ ᠶᠠᠪᠤᠳᠠᠯ ᠳᠤ ᠵᠢᠭᠠᠬᠠᠨ ᠴᠤ ᠭᠠᠶᠢᠬᠠᠵᠤ ᠰᠤᠴᠢᠭᠰᠠᠨ ᠦᠬᠡᠢ ᠲᠤᠩ ᠲᠠᠶᠢᠪᠤᠭᠤᠬᠠᠨ ᠢᠶᠠᠷ ᠶᠠᠭ ᠯᠡ ᠪᠠᠭ᠎ᠠ ᠳᠠᠭᠠᠨ ᠡᠮᠡᠭᠡ ᠲᠠᠢ ᠪᠠᠨ ᠶᠠᠭᠠᠬᠢᠵᠤ ᠬᠠᠷᠢᠴᠠᠵᠤ ᠪᠠᠶᠢᠭᠰᠠᠨ ᠪᠤᠯ ᠲᠡᠬᠡᠵᠤ ᠯᠡ ᠶᠠᠷᠢᠯᠴᠠᠭᠰᠠᠭᠠᠷ ᠪᠠᠶᠢᠪᠠ᠃ ᠡᠮᠡᠭᠡ ᠨᠢ ᠲᠡᠬᠦᠨ ᠠᠴᠠ᠄ ︽ᠲᠤᠮᠳᠠ ᠶᠢᠨ ᠲᠤᠪᠤᠩ ᠮᠢᠨᠢ ᠤᠳᠤ ᠶᠠᠭᠠᠬᠢᠵᠤ ᠪᠠᠶᠢᠳᠠᠭ ᠪᠤᠯ ᠳ᠋ᠠ︖ ᠬᠦᠦ ᠮᠢᠨᠢ ᠤᠷᠴᠢᠮ ᠤᠴᠢᠵᠤ ᠦᠵᠡᠭᠰᠡᠨ ᠤᠤ︖︾ ᠬᠡᠬᠦ ᠲᠠᠢ ᠵᠡᠷᠬᠡ ᠬᠠᠯᠳᠠᠷ ᠶᠠᠭᠤ ᠬᠡᠵᠤ ᠬᠠᠷᠢᠭᠤᠯᠬᠤ ᠪᠠᠨ ᠤᠯᠵᠤ ᠶᠠᠳᠠᠨ᠂ ᠲᠤᠮᠳᠠ ᠶᠢᠨ ᠲᠤᠪᠤᠩ ᠬᠡᠳᠡᠭ ᠡᠨᠡ ᠦᠬᠡ ᠶᠢ ᠰᠤᠨᠤᠰᠤᠭ᠎ᠠ ᠦᠬᠡᠢ ᠪᠠᠷᠤᠭ ᠬᠤᠷᠢᠨ ᠵᠢᠯ ᠪᠤᠯᠤᠭᠰᠠᠨ ᠢᠶᠠᠨ ᠤᠬᠠᠭᠠᠷᠠᠬᠤ ᠳᠤ ᠬᠠᠷᠠᠭᠤᠰᠠᠯ ᠬᠠᠷᠠᠮᠰᠠᠯ ᠤᠨ ᠡᠬᠦᠯᠡ ᠬᠠᠷᠠᠭ᠎ᠠ ᠶᠢ ᠨᠢ ᠪᠦᠷᠬᠦᠬᠡᠳ ᠡᠮᠡᠭᠡ ᠶᠢᠨ ᠬᠢᠨᠢ ᠲᠦᠷᠢ ᠢᠳᠡᠭ ᠢᠳᠡᠭ ᠢᠶᠠᠷ ᠪᠦᠳᠡᠬᠢᠷᠡᠬᠡᠳ ᠴᠠᠰᠢ ᠪᠠᠨ ᠠᠯᠠᠭ᠎ᠠ ᠪᠤᠯᠪᠠ᠃ ᠬᠠᠯᠳᠠᠷ ᠡᠮᠡᠭᠡ ᠶᠢᠨ ᠬᠢᠨᠢ ᠬᠡᠯᠡᠳᠡᠭ ᠲᠡᠷᠡ ᠲᠤᠮᠳᠠ ᠶᠢᠨ ᠲᠤᠪᠤᠩ ᠬᠡᠳᠡᠭ ᠬᠦᠷᠡᠩ ᠠᠭᠤᠯᠠ ᠶᠢᠨ ᠪᠠᠯ ᠳᠤ ᠲᠦᠷᠦᠵᠤ᠂ ᠡᠮᠡᠭᠡ ᠶᠢᠨ ᠢᠶᠠᠨ ᠭᠠᠷ ᠠᠴᠠ ᠵᠡᠬᠦᠭᠳᠡᠨ ᠬᠦᠯ ᠳᠤ ᠤᠷᠤᠵᠤ᠂ ᠲᠡᠷᠡ ᠯᠡ ᠴᠡᠩᠬᠡᠷᠳᠥᠨ ᠬᠠᠷᠠᠭᠳᠠᠬᠤ ᠠᠭᠤᠯᠠᠰ ᠤᠨ ᠨᠡᠷ᠎ᠡ ᠴᠡᠬᠡᠵᠢᠯᠡᠨ ᠤᠬᠠᠭ᠎ᠠ ᠰᠠᠭᠤᠵᠤ ᠬᠦᠮᠦᠨ ᠪᠤᠯᠤᠭᠰᠠᠨ ᠶᠤᠮ᠃ ᠲᠡᠬᠡᠬᠦ ᠳᠡᠭᠡᠨ ᠬᠤᠷᠢᠠᠭᠠᠳ ᠵᠢᠯ ᠤᠨ ᠡᠮᠦᠨ᠎ᠡ ᠠᠶᠢᠯ ᠪᠤᠯᠵᠤ ᠠᠪᠠᠯᠢ ᠬᠡᠷᠬᠡᠢ ᠪᠠᠨ ᠪᠤᠯᠭᠠᠬᠤ ᠬᠡᠦᠬᠡᠨ ᠢ ᠲᠠᠭᠠᠭᠤᠯᠵᠤ ᠲᠤᠮᠳᠠ ᠶᠢᠨ ᠲᠤᠪᠤᠩ ᠳᠠᠭᠠᠨ ᠨᠢᠬᠡ ᠤᠴᠢᠭᠰᠠᠨ ᠠᠴᠠ ᠨᠠᠰᠢ ᠲᠠᠬᠢᠵᠤ ᠶᠡᠷᠦ ᠨᠢ ᠬᠦᠯ ᠲᠠᠯᠪᠢᠭ᠎ᠠ ᠦᠬᠡᠢ ᠦᠨᠦ ᠪᠤᠯᠵᠡᠢ᠃ ᠲᠡᠷᠡ ᠪᠠᠷ ᠡᠨᠡ ᠭᠱᠠᠨ ᠳᠤ ᠡᠷᠬᠢᠨ ᠲᠤᠭᠤᠷᠢᠨ ᠢᠶᠠᠨ ᠡᠴᠡᠳᠡᠯ᠎ᠡ ᠨᠡᠩᠵᠢᠭᠰᠡᠨ ᠴᠤ ᠲᠤᠮᠳᠠ ᠶᠢᠨ ᠲᠤᠪᠤᠩ ᠤᠨ ᠲᠤᠬᠠᠢ ᠵᠢᠭᠠᠬᠠᠨ ᠴᠤ ᠬᠡᠰᠡᠨ ᠲᠤᠷᠠᠰᠤᠮᠵᠢ ᠪᠤᠯᠤᠮᠠᠷ ᠵᠦᠢᠯ ᠢ ᠡᠷᠢᠵᠤ ᠤᠯᠤᠭᠰᠠᠨ ᠦᠬᠡᠢ᠃      ᠲᠡᠷᠡ ᠰᠦᠨᠢ ᠬᠠᠯᠳᠠᠷ ᠤᠨ ᠨᠦᠢᠷ ᠢ ᠨᠤᠬᠠᠢ ᠲᠤᠯᠢᠶᠡᠵᠡᠢ᠃ ᠮᠠᠷᠭᠠᠰᠢ ᠨᠢ ᠬᠠᠷ᠎ᠠ ᠦᠷ ᠢᠶᠠᠷ ᠪᠤᠰᠴᠤ ᠭᠠᠭᠴᠠᠭᠠᠷ ᠢᠶᠠᠨ ᠨᠤᠳᠤᠭ ᠤᠨ ᠵᠦᠭ ᠵᠢᠯᠤᠭᠤ ᠵᠠᠯᠠᠯ᠎ᠠ᠃ ᠬᠠᠯᠳᠠᠷ ᠲᠡᠷᠡ ᠡᠳᠦᠷ ᠭᠠᠵᠠᠷ ᠤᠨ ᠪᠠᠶᠢᠴᠠ ᠶᠢ ᠪᠠᠷᠤᠭᠯᠠᠨ ᠨᠤᠳᠤᠭ ᠤᠨ ᠢᠶᠠᠨ ᠵᠠᠬ᠎ᠠ ᠳᠤ ᠬᠦᠷᠦᠭᠰᠡᠨ ᠪᠤᠯᠪᠠᠴᠤ ᠲᠤᠮᠳᠠ ᠶᠢᠨ ᠲᠤᠪᠤᠩ ᠨᠢ ᠲᠠᠭ ᠲᠠᠨᠢᠭᠳᠠᠬᠤ ᠪᠠᠨ ᠪᠤᠯᠢᠵᠡᠢ᠃ ᠠᠷᠭᠠᠯᠢ ᠶᠠᠩᠬᠢᠷ ᠴᠠᠬᠢᠯᠦᠨ᠂ ᠠᠬᠢ ᠭᠠᠩᠭ᠎ᠠ ᠬᠠᠩᠬᠤ ᠲᠤᠰᠳᠠᠭ ᠪᠠᠶᠢᠭᠰᠠᠨ ᠲᠤᠮᠳᠠ ᠶᠢᠨ ᠲᠤᠪᠤᠩ ᠤᠨ ᠬᠦᠷᠡᠩ ᠲᠤᠯᠤᠭᠠᠳ ᠵᠠᠪᠡᠬᠡᠢ ᠴᠠᠭᠠᠨ ᠤᠨᠢᠶᠠᠷ ᠲᠤ ᠲᠠᠷᠤᠭᠳᠠᠨ᠂ ᠬᠠᠮᠢᠭ᠎ᠠ ᠰᠠᠢ ᠦᠬᠡᠢ ᠬᠠᠶᠢᠷᠬᠠᠭ ᠴᠢᠯᠠᠭᠤ ᠠᠴᠢᠭᠰᠠᠨ ᠠᠴᠢᠶᠠᠨ ᠤ ᠮᠠᠰᠢᠨ ᠴᠤᠪᠤᠷᠠᠯᠳᠤᠨ᠂ ᠠᠭᠤᠯᠠ ᠴᠤᠭᠤᠯᠬᠤ ᠴᠠᠬᠢᠯᠭᠠᠨ ᠦᠷᠦᠮᠳᠡᠬᠦᠷ ᠤᠨ ᠲᠠᠭᠤ ᠬᠤᠯᠠ ᠠᠴᠠ ᠲᠦᠷᠴᠢᠬᠢᠨᠡᠬᠡᠳ ᠲᠤᠯᠤᠭᠠᠳ ᠪᠤᠯᠭᠠᠨ ᠤ ᠡ᠊ᠩᠬᠡᠷ ᠬᠤᠷᠮᠤᠢ ᠳᠤ ᠠᠭᠤᠷᠬᠠᠶᠢᠴᠢᠳ ᠤᠨ ᠤᠬᠤᠭᠰᠠᠨ ᠨᠦᠬᠡ ᠤᠬᠤᠷᠬᠠᠢ ᠳᠠᠭᠠᠨ ᠰᠢᠷᠬᠢᠭᠰᠡᠨ ᠨᠢᠳᠤ ᠰᠢᠭ ᠬᠠᠷᠠᠯᠠᠨ ᠦᠯᠡᠳᠡᠵᠡᠢ᠃ ᠬᠠᠯᠳᠠᠷ᠂ ᠨᠢᠬᠡᠨ ᠨᠠᠮᠬᠠᠨ ᠲᠤᠯᠤᠭᠠᠳ ᠲᠡᠬᠡᠷ᠎ᠡ ᠭᠠᠷᠴᠤ ᠲᠠᠮᠠᠬᠢ ᠪᠠᠨ ᠠᠰᠠᠭᠠᠶ᠎ᠠ ᠬᠡᠬᠦ ᠳᠤ ᠭᠠᠷ ᠨᠢ ᠲᠡᠬᠦᠨ ᠳᠤ ᠦᠯᠦ ᠵᠠᠬᠢᠷᠤᠭᠳᠠᠨ ᠡᠪᠯᠡᠵᠤ ᠶᠠᠳᠠᠨ᠎ᠠ᠃      ᠬᠠᠯᠳᠠᠷ ᠲᠡᠨᠳᠡ ᠤᠳᠠᠵᠤ ᠴᠢᠳᠠᠭᠰᠠᠨ ᠦᠬᠡᠢ᠃ ︽ᠡᠮᠡᠭᠡ ᠮᠢᠨᠢ ᠲᠡᠷᠡ ᠬᠤᠯᠠ ᠳ᠋ᠧᠪᠠᠵᠠᠨ ᠤ ᠤᠷᠤᠨ ᠠᠴᠠ ᠪᠤᠴᠠᠵᠤ ᠢᠷᠡᠬᠡᠳ ᠨᠠᠳᠠ ᠠᠴᠠ ᠬᠠᠮᠤᠭ ᠤᠨ ᠲᠡᠷᠢᠬᠦᠨ ᠳᠤ ᠲᠤᠮᠳᠠ ᠶᠢᠨ ᠲᠤᠪᠤᠩ ᠢᠶᠠᠨ ᠠᠰᠠᠭᠤᠳᠠᠭ ᠨᠢ ᠴᠤ ᠤᠴᠢᠷ ᠲᠠᠢ ᠪᠠᠶᠢᠵᠡᠢ᠃ ᠡᠮᠡᠭᠡ ᠶᠢᠨ ᠠᠰᠠᠭᠤᠯᠳᠠ ᠪᠦᠷᠢᠨ ᠪᠠᠶᠢᠬᠤ ᠳᠤ ᠬᠠᠷᠢᠨ ᠮᠢᠨᠤ ᠬᠠᠷᠢᠭᠤᠯᠳᠠ ︿ᠴᠤᠭᠤᠷᠤᠬᠠᠢ﹀ ᠪᠠᠶᠢᠭ᠎ᠠ ᠨᠢ ᠶᠠᠭᠤ ᠬᠡᠬᠦ ᠪᠢᠯᠡ︖ ᠠᠮᠢᠳᠤᠷᠠᠯ ᠶᠡᠷᠦ ᠨᠢ ︿ᠴᠤᠭᠤᠷᠤᠬᠤ﹀᠂ ︿ᠡᠰᠡ ᠴᠤᠭᠤᠷᠤᠬᠤ﹀ ᠶᠢᠨ ᠲᠤᠭᠯᠠᠭᠠᠮ ᠴᠤ ᠶᠤᠮ ᠤᠤ︖ ᠲᠤᠮᠳᠠ ᠶᠢᠨ ᠲᠤᠪᠤᠩ ᠢᠶᠠᠨ ᠪᠢ ᠪᠤᠳᠤᠯ ᠤᠨ ᠢᠶᠠᠨ ᠴᠤᠭᠤᠷᠤᠬᠠᠢ ᠪᠠᠷ ᠬᠡᠬᠡᠴᠢᠬᠡᠭᠰᠡᠨ ᠨᠢ ᠡᠨᠡ ᠤᠤ︖︾ ᠬᠡᠰᠡᠨ ᠤᠯᠠᠨ ᠪᠤᠳᠤᠯ ᠳᠤ ᠲᠠᠷᠤᠭᠳᠠᠨ ᠲᠤᠯᠤᠭᠠᠢ ᠪᠠᠨ ᠭᠠᠨᠵᠤᠭᠠᠯᠠᠨ ᠬᠡᠷ ᠲᠡᠭᠡᠨ ᠬᠠᠷᠢᠵᠡᠢ᠃      ᠬᠡᠳᠡᠯ᠎ᠡ ᠶᠠᠭ ᠯᠡ ᠲᠡᠷᠡ ᠡᠳᠦᠷ ᠬᠠᠯᠳᠠᠷ ᠤᠨ ᠠᠪᠠᠭᠠᠢ ᠨᠢ ᠨᠦᠬᠦᠬᠡ ᠰᠢᠨᠠᠭ᠎ᠠ ᠶᠢ ᠲᠡᠮᠤᠷ ᠤᠨ ᠲᠠᠷᠬᠠᠨ ᠳᠤ ᠠᠪᠠᠴᠢᠵᠤ ᠴᠤᠭᠤᠷᠤᠬᠠᠢ ᠶᠢ ᠨᠢ ᠬᠠᠳᠠᠭᠤᠯᠤᠭᠰᠠᠨ ᠪᠠᠶᠢᠵᠡᠢ᠃ ᠲᠡᠷᠡ᠂ ︽ᠦᠨᠡᠬᠡᠷ ᠠᠷᠭ᠎ᠠ ᠪᠠᠨ ᠪᠠᠷᠠᠭᠰᠠᠨ ᠠᠮᠢᠳᠠᠨ ᠳ᠋ᠠ︾ ᠬᠡᠵᠤ ᠠᠪᠠᠭᠠᠢ ᠪᠠᠨ ᠨᠠᠮᠵᠢᠷᠳᠠᠬᠤ ᠬᠡᠰᠡᠨ ᠢᠶᠠᠨ ᠪᠤᠯᠢᠵᠤ ᠦᠪᠡᠷ ᠢᠶᠠᠨ ᠬᠠᠷᠢᠨ ᠤᠨᠢᠰᠤ ᠲᠠᠢ ᠬᠠᠷ᠎ᠠ ᠠᠪᠳᠠᠷ᠎ᠠ ᠰᠢᠭ᠋ ᠲᠤᠭᠤᠢ ᠪᠤᠯᠤᠭᠰᠠᠨ ᠪᠤᠯᠪᠠ᠃ ᠲᠤᠤᠭᠠᠷᠬᠤ ᠶᠢᠨ ᠴᠤ ᠬᠡᠷᠡᠭ ᠠᠯᠠᠭ᠎ᠠ ᠬᠡᠵᠤ ᠪᠤᠳᠤᠭᠰᠠᠨ ᠴᠤ ᠪᠠᠶᠢᠵᠤ ᠮᠡᠳᠡᠨ᠎ᠡ᠃ ᠭᠠᠤᠯᠢᠨ ᠰᠢᠨᠠᠭᠠᠨ ᠤ ᠴᠤᠭᠤᠷᠤᠬᠠᠢ ᠬᠠᠯᠠᠭᠳᠠᠭᠰᠠᠨ ᠠᠴᠠ ᠪᠤᠯᠵᠤ ᠲᠡᠷᠡ ᠡᠬᠦᠨ ᠠᠴᠠ ᠬᠤᠶᠢᠰᠢ ᠦᠨᠢᠳᠡ ᠡᠮᠡᠭᠡ ᠲᠠᠢ ᠪᠠᠨ ᠠᠭᠤᠯᠵᠠᠵᠤ ᠴᠢᠳᠠᠬᠤ ᠦᠬᠡᠢ ᠪᠠᠨ ᠮᠡᠳᠡᠵᠤ ᠪᠠᠶᠢᠯ᠎ᠠ᠃ ᠬᠡᠷᠪᠡ ᠲᠡᠬᠦᠨ ᠤ ᠦᠯᠡᠳᠡᠭᠰᠡᠨ ᠠᠮᠢᠳᠤᠷᠠᠯ ᠳᠤ ᠡᠮᠡᠭᠡ ᠲᠠᠢ ᠨᠢ ᠠᠭᠤᠯᠵᠠᠭᠤᠯᠳᠠᠭ ᠴᠤᠭᠤᠷᠤᠬᠠᠢ ᠲᠠᠬᠢᠨ ᠭᠠᠷᠴᠤ ᠢᠷᠡᠬᠦ ᠳᠤ ᠬᠦᠷᠪᠡᠯ ᠲᠡᠷᠡ ᠨᠢ ᠶᠡᠮᠡᠷ ᠶᠠᠭᠤᠮᠠᠨ ᠤ ᠴᠤᠭᠤᠷᠤᠬᠠᠢ ᠪᠠᠶᠢᠵᠤ ᠲᠠᠭᠠᠷᠠᠨ᠎ᠠ︖ ᠬᠡᠵᠢᠶ᠎ᠡ ᠢᠯᠡᠷᠡᠬᠦ ᠪᠤᠯ ᠳ᠋ᠠ︖ ᠠᠯᠢ ᠡᠰᠡᠬᠦᠯ᠎ᠡ ᠲᠡᠷᠡ ᠴᠤᠭᠤᠷᠤᠬᠠᠢ ᠨᠢᠬᠡᠨᠳᠡ ᠢᠯᠡᠷᠡᠴᠢᠬᠡᠭᠰᠡᠨ ᠪᠠᠶᠢᠬᠤ ᠳᠤ ᠪᠢ ᠬᠠᠷᠠᠬᠠᠨ ᠮᠡᠳᠡᠭᠡ ᠦᠬᠡᠢ ᠯᠡ ᠶᠠᠪᠤᠵᠤ ᠪᠠᠶᠢᠭ᠎ᠠ ᠴᠤ ᠶᠤᠮ ᠤᠤ︖ ᠬᠡᠵᠤ ᠲᠡᠷᠡ ᠲᠦᠰᠦᠬᠡᠯᠡᠨ ᠪᠤᠳᠤᠭᠰᠠᠨ ᠴᠤ ᠡᠳᠡᠬᠡᠷ ᠪᠤᠳᠤᠯ ᠠᠴᠠ ᠪᠠᠨ ᠦᠪᠡᠷ ᠢᠶᠠᠨ ᠡᠷᠬᠡ ᠦᠬᠡᠢ ᠡᠮᠢᠶᠡᠨ ᠲᠠᠶᠢᠵᠢᠵᠤ ᠡᠬᠢᠯᠡᠵᠡᠢ᠃     ᠲᠡᠬᠡᠬᠡᠳ ᠯᠡ ᠬᠠᠯᠳᠠᠷ ᠤᠤᠭᠠᠯ ᠨᠤᠳᠤᠭ ᠠᠴᠠ ᠪᠠᠨ ᠬᠠᠷᠢᠵᠤ ᠢᠷᠡᠭᠰᠡᠨ ᠤ ᠮᠠᠷᠭᠠᠰᠢ᠂ ᠦᠬᠡᠷ᠎ᠡ ᠪᠠᠷ ᠬᠡᠯᠡᠪᠡᠯ ᠭᠠᠤᠯᠢᠨ ᠰᠢᠨᠠᠭᠠᠨ ᠤ ᠴᠤᠭᠤᠷᠤᠬᠠᠢ ᠬᠠᠯᠠᠭᠳᠠᠭᠰᠠᠨ ᠤ ᠮᠠᠷᠭᠠᠰᠢ ᠠᠴᠠ ᠨᠢ ᠪᠠᠶ᠎ᠡ ᠨᠢ ᠮᠠᠭᠤᠵᠢᠷᠠᠨ ᠬᠦᠨᠳᠦ ᠡᠪᠡᠳᠴᠢᠨ ᠳᠤ ᠨᠡᠷᠪᠡᠭᠳᠡᠭᠰᠡᠨ ᠶᠤᠮ᠃     ᠲᠦᠷᠦᠯ ᠲᠦᠷᠦᠭᠰᠡᠳ᠂ ᠨᠠᠶᠢᠵᠠ ᠨᠦᠬᠦᠳ ᠠᠴᠠ ᠡᠬᠢᠯᠡᠬᠡᠳ ᠨᠦᠬᠦᠬᠡ ᠴᠢᠪᠠᠭᠠᠨᠴᠠ ᠡᠮᠡᠬᠡᠨ ᠤ ᠬᠡᠯᠡᠭᠰᠡᠨ ᠶᠤᠰᠤ ᠪᠠᠷ ︽ᠴᠤᠭᠤᠷᠤᠬᠠᠢ︾ ᠶᠢᠨ ᠨᠢᠭᠤᠴᠠ ᠶᠢ ᠡᠷᠢᠵᠤ ᠶᠠᠭᠠᠷᠠᠵᠠᠭᠠᠯ᠎ᠠ᠃     ᠭᠤᠷᠪᠠᠨ ᠲᠤᠯᠤᠭᠠᠨ ᠬᠤᠨᠤᠭ ᠦᠩᠬᠡᠷᠡᠯ᠎ᠡ᠃ ᠨᠦᠬᠦᠬᠡ ︽ᠴᠤᠭᠤᠷᠤᠬᠠᠢ︾ ᠶᠢᠨ ᠨᠢᠭᠤᠴᠠ ᠮᠦᠨ ᠯᠡ ᠨᠢᠭᠤᠴᠠ ᠪᠠᠷ ᠢᠶᠠᠨ ᠪᠠᠶᠢᠭᠰᠠᠭᠠᠷ᠃     ︽ᠠᠷᠠᠰᠦ ᠨᠢ ᠤᠨᠵᠢᠭᠰᠠᠨ ᠬᠠᠴᠠᠷ᠂ ᠬᠠᠳᠠᠭᠰᠠᠨ ᠨᠠᠪᠴᠢ ᠰᠢᠭ᠋ ᠤᠷᠤᠭᠤᠯ᠂ ᠬᠦᠨ ᠦᠷᠴᠢᠯᠡᠬᠡᠰᠦ ᠲᠠᠢ ᠵᠤᠪᠬᠢ︾ ᠡᠨᠡ ᠪᠤᠯ ᠬᠠᠯᠳᠠᠷ ᠤᠨ ᠠᠮᠢᠳᠤᠷᠠᠯ ᠤᠨ ᠬᠢᠨᠢ ᠰᠡᠬᠦᠯᠴᠢ ᠶᠢᠨ ᠡᠳᠦᠷ ᠤᠳ ᠤᠨ ᠲᠦᠷᠬᠦ᠃ ᠪᠦᠷ ᠰᠡᠬᠦᠯ ᠳᠡᠭᠡᠨ ᠬᠦᠮᠦᠨ ᠪᠤᠯᠭᠠᠨ ᠠᠴᠠ ᠲᠡᠷᠡ ᠪᠠᠷ᠄ ︽ᠮᠢᠨᠤ ᠵᠢᠷᠦᠬᠡ ᠶᠢ ᠬᠡᠨ ᠬᠤᠯᠠᠭᠠᠶᠢᠯᠠᠪᠠ︖ ᠲᠡ ᠨᠠᠷ ᠬᠠᠷᠠᠭᠠᠴᠢ︕ ᠮᠢᠨᠤ ᠴᠡᠬᠡᠵᠢ ᠵᠦᠬᠡᠷ ᠯᠡ ᠨᠢᠬᠡ ᠬᠦᠨᠳᠡᠢ ᠬᠤᠭᠤᠰᠤᠨ᠂ ᠬᠤᠭᠤᠰᠤᠨ ᠠᠴᠠ ᠬᠤᠭᠤᠰᠤᠨ ᠪᠠᠶᠢᠨ᠎ᠠ᠃ ᠮᠢᠨᠤ ᠵᠢᠷᠦᠬᠡ ᠶᠢ ᠪᠤᠴᠠᠭᠠᠵᠤ ᠦᠭᠬᠦᠬᠡᠴᠢ︕ ᠴᠤᠭᠤᠷᠤᠬᠠᠢ ᠴᠤ ᠮᠢᠨᠤ ᠵᠢᠷᠦᠬᠡ ᠰᠢᠦ︾ ᠬᠡᠮᠡᠨ ᠦᠬᠡᠷᠡᠭ ᠰᠦᠬᠡᠷᠡᠭ ᠶᠠᠭᠤᠮ᠎ᠠ ᠶᠠᠷᠢᠨ ᠤᠯᠠᠶᠢᠷᠠᠨ ᠬᠠᠰᠬᠢᠷᠬᠤ ᠪᠤᠯᠵᠡᠢ᠃ ᠲᠡᠬᠦᠨ ᠢ ᠬᠦᠮᠦᠰ ᠢᠩᠬᠢᠵᠤ ᠯᠡ ᠭᠠᠯᠵᠠᠭᠤ ᠰᠤᠯᠢᠶ᠎ᠠ ᠪᠠᠷ ᠶᠠᠪᠤᠬᠤ ᠠᠮᠢᠳᠠᠨ ᠪᠠᠶᠢᠵᠡᠢ ᠬᠡᠵᠤ ᠦᠷᠦᠪᠳᠦᠨ ᠡᠴᠦᠰ ᠤᠨ ᠵᠠᠮ ᠳᠤᠨᠢ ᠦᠳᠡᠭᠰᠡᠨ ᠪᠠᠶᠢᠯ᠎ᠠ᠃     ᠦᠨᠡᠬᠡᠷ ᠬᠠᠯᠳᠠᠷ ᠲᠡᠮᠡᠢ ᠬᠡᠳᠦ ᠬᠤᠨᠤᠯ ᠦᠬᠡᠢ ᠡᠮᠡᠭᠡ ᠶᠢᠨ ᠢᠶᠠᠨ ᠬᠤᠶᠢᠨ᠎ᠠ ᠠᠴᠠ ᠪᠤᠷᠬᠠᠨ ᠤ ᠤᠷᠤᠨ ᠳᠤ ᠶᠠᠪᠤᠵᠡᠢ᠃ ᠲᠦᠷᠦᠯ ᠰᠠᠳᠦᠨ ᠨᠢ ᠲᠡᠬᠦᠨ ᠢ ᠤᠷᠤᠰᠢᠭᠤᠯᠬᠤ ᠪᠠᠷ ᠠᠪᠴᠤ ᠶᠠᠪᠤᠬᠤ ᠳᠤ ᠱᠠᠷᠢᠯ ᠨᠢ ᠨᠢᠬᠡᠨᠳᠡ ᠰᠢᠪᠠᠭᠤᠨ ᠤ ᠦᠳᠦ ᠰᠢᠭ ᠬᠦᠩᠬᠡᠨ ᠪᠤᠯᠵᠤ᠂ ᠪᠠᠷᠠᠭᠤᠨ ᠭᠠᠷ ᠲᠠᠭᠠᠨ ᠵᠢᠷᠦᠬᠡᠨ ᠬᠡᠯᠪᠡᠷᠢ ᠲᠠᠢ ᠵᠢᠵᠢᠭᠬᠡᠨ ᠬᠦᠷᠡᠩ ᠴᠢᠯᠠᠭᠤ ᠠᠤᠬᠠᠤᠭᠰᠠᠨ ᠪᠠᠶᠢᠯ᠎ᠠ᠃ ᠡᠨᠡ ᠨᠢ ᠬᠠᠯᠳᠠᠷ ᠢ ᠦᠬᠡᠳᠡᠰᠦᠨ ᠴᠢᠨᠡᠭᠡ ᠪᠠᠶᠢᠬᠤ ᠳᠤᠨᠢ ᠡᠮᠡᠭᠡ ᠨᠢ ᠲᠡᠬᠦᠨ ᠤ ᠲᠤᠭᠤᠳᠤᠩ ᠪᠠᠷᠢᠪᠴᠢ ᠶᠢᠨ ᠬᠢᠨᠢ ᠪᠤᠷᠤᠭᠤ ᠡ᠊ᠩᠬᠡᠷ ᠲᠤᠨᠢ ᠤᠯᠠᠭᠠᠨ ᠤᠳᠠᠰᠤ ᠪᠠᠷ ᠪᠦᠬᠡᠯᠡᠨ ᠤᠶᠤᠵᠤ ᠦᠭᠬᠦᠭᠰᠡᠨ ᠬᠦᠢ ᠶᠢ ᠨᠢ ᠲᠠᠰᠤᠯᠤᠭᠰᠠᠨ ᠲᠡᠷᠡ ᠢᠪᠡᠬᠡᠯ ᠴᠢᠯᠠᠭᠤ ᠮᠦᠨ᠃ ᠬᠡᠳᠡᠯ᠎ᠡ ᠡᠨᠡ ᠬᠦᠷᠡᠩ ᠴᠢᠯᠠᠭᠤ ᠴᠤᠬᠤᠮ ᠬᠡᠵᠢᠶ᠎ᠡ ᠭᠤᠤᠯ ᠳᠠᠭᠠᠨ ᠴᠤᠭᠤᠷᠤᠬᠠᠢ ᠲᠠᠢ ᠪᠤᠯᠤᠭᠰᠠᠨ ᠢ ᠬᠠᠯᠳᠠᠷ ᠠᠴᠠ ᠦᠬᠡᠷ᠎ᠡ ᠬᠡᠨ ᠴᠤ ᠮᠡᠳᠡᠬᠦ ᠦᠬᠡᠢ᠃ ᠦᠬᠦᠯ ᠪᠤᠯ ᠶᠡᠷᠦ ᠳᠡᠭᠡᠨ ᠯᠡ ᠬᠡᠷᠡᠯ ᠬᠡᠬᠡ ᠰᠤᠪᠤᠭᠤᠯᠤᠭᠰᠠᠨ ︽ᠴᠤᠭᠤᠷᠤᠬᠠᠢ︾ ᠠᠵᠢ᠃      2020 ᠤᠨ ᠤ 5 ᠰᠠᠷ᠎ᠠ ᠶᠢᠨ 26 ᠤ ᠡᠳᠤᠷ ᠵᠤᠬᠢᠶᠠᠨ ᠪᠦᠳᠦᠬᠡᠬᠦ ᠦᠷᠦᠬᠡᠨ ᠳᠡᠭᠡᠨ                                              ︵ᠵᠣᠬᠢᠶᠠᠭᠴᠢ᠄ ᠲᠠᠭᠤᠳᠠᠭᠠᠴᠢ ᠡ᠊ᠩᠬᠡᠬᠠᠳᠠ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号