ᠠᠯᠠᠱᠠ ᠬᠤᠱᠤᠤᠨ ᠮᠤᠩᠭᠤᠯᠴᠤᠤᠨ ᠬᠦᠭᠡᠨᠠᠭᠤᠷ ᠲᠤ ᠰᠠᠭᠤᠵᠤ ᠦᠡᠭᠭᠡᠷᠡᠭᠰᠠᠨ ᠲᠦᠢᠮᠤ ︵ᠲᠤᠤᠷᠠᠳᠦ︶
ᠨᠡᠶᠢᠲᠡᠯᠡᠭᠰᠡᠨ ᠴᠠᠭ᠄
2020/5/7
    ᠬᠤᠶᠠᠷ᠂ ᠬᠤᠱᠤᠳ ᠮᠤᠩᠭᠤᠯᠴᠤᠳ ᠲᠠᠬᠢᠨ ᠠᠯᠠᠱᠠ ᠨᠤᠳᠤᠬ ᠲᠠᠭᠠᠨ ᠪᠤᠴᠠᠨ ᠢᠷᠠᠵᠤ ᠨᠤᠳᠤᠬᠰᠢᠨ ᠰᠠᠭᠤᠷᠢᠰᠢᠬᠰᠠᠨ ᠨᠢ     ᠠᠪᠤᠤ ᠨᠤᠶᠠᠨ ᠭᠡᠳᠦ᠋ᠢᠪᠡᠷ ᠵᠤᠷᠢᠯᠭ᠎ᠠ ᠳᠠᠭᠠᠨ ᠬᠥᠷᠴᠤ ᠡᠴᠢᠭᠡ ᠶᠢᠨ ᠢᠶᠠᠨ ᠬᠥᠰᠡᠯ ᠢ ᠪᠡᠶᠡᠯᠡᠬᠦᠯᠥᠨ ᠬᠥᠭᠡᠨᠠᠭᠤᠷ ᠲᠤ ᠨᠡᠬᠦᠳᠡᠯᠯᠡᠨ ᠰᠠᠭᠤᠷᠢᠰᠢᠬᠰᠠᠨ ᠪᠤᠯᠪᠠᠴᠤ ᠰᠠᠨᠠᠭᠠᠨ ᠳᠤᠨᠢ ᠲᠡᠶᠢᠮᠤ ᠬᠠᠨᠤᠮᠵᠢᠳᠠᠢ ᠪᠢᠰᠢ ᠪᠠᠶᠢᠯ᠎ᠠ᠃ ᠤᠴᠢᠷ ᠨᠢ ᠲᠡᠷᠡ᠂ ᠬᠥᠭᠡᠨᠠᠭᠤᠷ ᠲᠤ ᠭᠡᠰᠡᠭ ᠰᠠᠭᠤᠬᠰᠠᠨ ᠤ ᠲᠠᠷᠠᠭ᠎ᠠ᠂ ᠴᠢᠩ ᠤᠯᠤᠰ ᠠᠴᠠ ᠲᠡᠳᠡ ᠨᠠᠷ ᠲᠤ ᠵᠢᠷᠤᠬᠯᠠᠨ ᠥᠭᠬᠦᠭᠰᠡᠨ ᠪᠠᠶᠢᠷᠢ ᠪᠡᠯᠴᠢᠭᠡᠷ ᠨᠢ ᠠᠷᠠᠢ ᠪᠠᠭ᠎ᠠ ᠮᠥᠷᠳᠡᠭᠡᠨ ᠨᠠᠷᠢᠨ ᠬᠠᠪᠴᠢᠭᠠᠢ᠂ ᠡᠪᠡᠰᠤ ᠮᠤᠳᠤᠨ ᠤ ᠤᠷᠭᠤᠴᠠ ᠨᠢ ᠴᠤ ᠲᠡᠶᠢᠮᠤ ᠰᠠᠶᠢᠨ ᠪᠢᠰᠢ ᠪᠠᠶᠢᠬᠤ ᠶᠢ ᠤᠯᠵᠤ ᠮᠡᠳᠡᠵᠡᠢ᠃     ᠡᠬᠦᠨ ᠠᠴᠠ ᠭᠠᠳᠠᠨ᠎ᠠ᠂ ᠬᠥᠭᠡᠨᠠᠭᠤᠷ ᠪᠤᠯ ᠥᠨᠳᠦᠷᠯᠢᠭ ᠭᠠᠵᠠᠷ ᠠᠴᠠ ᠲᠡᠬᠦᠨ ᠤ ᠤᠷᠴᠢᠨ ᠲᠤᠭᠤᠷᠢᠨ᠂ ᠠᠭᠤᠷ ᠠᠮᠢᠰᠬᠤᠯ᠂ ᠰᠥᠷ ᠪᠠᠷᠴᠢᠳ ᠵᠡᠷᠭᠡ ᠤᠯᠠᠨ ᠲᠠᠯ᠎ᠠ ᠶᠢᠨ ᠨᠥᠬᠦᠴᠡᠯ ᠨᠢ ᠪᠥᠷ ᠠᠯᠠᠱᠠ ᠨᠤᠳᠤᠬ ᠢ ᠬᠥᠷᠬᠦ ᠥᠭᠡᠢ ᠪᠠᠶᠢᠵᠡᠢ᠃     ᠨᠡᠩ ᠠᠶᠤᠮᠰᠢᠬᠳᠠᠢ ᠨᠢᠭᠡ ᠲᠠᠯ᠎ᠠ ᠨᠢ᠂ ᠬᠥᠭᠡᠨᠠᠭᠤᠷ ᠤᠨ ᠮᠤᠩᠭᠤᠯᠴᠤᠳ ᠰᠠᠶ᠋ᠢᠬᠠᠨ ᠴᠢᠩ ᠤᠯᠤᠰ ᠲᠤ ᠲᠠᠷᠤᠩᠭᠤᠢᠢᠯᠠᠬᠳᠠᠵᠤ ᠥᠡᠭᠭᠡᠷᠡᠭᠰᠡᠨ ᠤᠴᠢᠷ ᠠᠴᠠ ᠴᠢᠩ ᠤᠯᠤᠰ ᠤᠨ ᠲᠥᠷᠤ ᠳᠤ ᠲᠠᠶᠢᠰᠤᠩᠨᠠᠬᠤ ᠰᠡᠳᠬᠢᠯ ᠨᠢ ᠢᠯᠡᠷᠭᠡᠢ ᠪᠠᠶᠢᠵᠤ ᠪᠢᠯᠡ᠃ ᠲᠡᠳᠡ ᠨᠠᠷ ᠨᠢᠭᠤᠷ ᠲᠡᠭᠡᠷ᠎ᠠ ᠪᠠᠨ ᠠᠪᠤᠤ ᠶᠢᠨ ᠵᠠᠬᠢᠷᠤᠯ ᠢ ᠬᠥᠯᠢᠶᠡᠵᠤ᠂ ᠥᠭᠡ ᠶᠢ ᠨᠢ ᠰᠤᠨᠤᠰᠬᠤ ᠪᠤᠯᠪᠠᠴᠤ ᠨᠢᠳᠡᠷ ᠲᠡᠭᠡᠨ ᠲᠡᠬᠦᠨ ᠲᠠᠢ ᠲᠡᠷᠰᠯᠡᠵᠤ᠂ ᠵᠠᠷᠢᠮ ᠳᠠᠭᠠᠨ ᠲᠡᠬᠦᠨ ᠲᠠᠢ ᠨᠢᠭᠤᠷ ᠤᠯᠠᠶᠢᠯᠴᠠᠬᠤ ᠭᠡᠷᠡᠭ ᠴᠤ ᠬᠠᠶᠠ ᠭᠠᠷᠴᠤ ᠪᠠᠶᠢᠵᠡᠢ᠃ ᠡᠳᠡᠭᠡᠷ ᠥᠵᠡᠭᠳᠡᠯ ᠠᠪᠤᠤ ᠳᠤ ᠬᠥᠨ ᠰᠡᠷᠡᠮᠵᠢ ᠥᠭᠴᠤ᠂ ︽ᠭᠡᠷᠪᠡ ᠠᠯᠢ ᠨᠢᠭᠡ ᠡᠳᠤᠷ ᠡᠳᠡᠭᠡᠷ ᠬᠥᠮᠤᠰ ᠨᠠᠳᠠ ᠶᠢ ᠡᠰᠡ ᠲᠠᠭᠠᠨ ᠭᠡᠷᠡᠭ ᠡᠬᠦᠰᠭᠡᠵᠤ ᠶᠠᠷᠰᠢᠬ ᠲᠠᠳᠠᠪᠠᠯ᠂ ᠪᠢ ᠴᠤ ᠯᠤᠪᠰᠠᠩᠳᠠᠨᠵᠢᠨ ᠤ ᠠᠷᠤ ᠠᠴᠠ ᠤᠷᠤᠬᠤ ᠭᠡᠷᠡᠭ ᠪᠤᠯᠤᠨ᠎ᠠ︾ ᠭᠡᠵᠤ ᠪᠤᠳᠤᠭᠠᠳ᠂ ︽ᠡᠷᠳᠡᠭᠡᠨ ᠨᠢᠭᠡ ᠡᠳᠤᠷ ᠬᠥᠭᠡᠨᠠᠭᠤᠷ ᠠᠴᠠ ᠰᠠᠯᠵᠤ᠂ ᠠᠯᠠᠱᠠ ᠨᠤᠳᠤᠬ ᠲᠠᠭᠠᠨ ᠬᠠᠷᠢᠵᠦ ᠰᠠᠭᠤᠬᠰᠠᠨ ᠨᠢ ᠲᠡᠭᠡᠷ᠎ᠠ ᠪᠠᠶᠢᠬ᠎ᠠ︾ ᠭᠡᠵᠤ ᠵᠤᠷᠢᠬ ᠰᠢᠭᠤᠳᠴᠡᠢ᠃     1. ᠠᠪᠤᠤ ᠨᠤᠶᠠᠨ ᠲᠤᠷᠭᠠᠬᠳᠠᠵᠤ ᠵᠢᠶᠦ᠋ᠨ ᠸᠠᠩ ᠭᠡᠷᠭᠡᠮ ᠠᠴᠠ ᠪᠠᠨ ᠪᠠᠶᠢᠯᠠ ᠭᠡᠷᠭᠡᠮ ᠳᠤ ᠤᠷᠤᠵᠤ᠂ ᠠᠯᠪᠠᠳᠤ ᠠᠷᠠᠳ ᠢᠶᠠᠨ ᠠᠪᠴᠤ ᠠᠯᠠᠱᠠ ᠨᠤᠳᠤᠬ ᠲᠠᠭᠠᠨ ᠪᠤᠴᠠᠵᠤ ᠢᠷᠡᠵᠤ ᠰᠠᠭᠤᠬᠰᠠᠨ ᠨᠢᠬᠥᠭᠡᠨᠠᠭᠤᠷ ᠲᠤ ᠨᠡᠬᠦᠳᠡᠯᠯᠡᠨ ᠰᠠᠭᠤᠬᠰᠠᠨ ᠤ ᠰᠠᠬᠦᠯᠠᠷ ᠠᠪᠤᠤ ᠨᠤᠶᠠᠨ ᠨᠤᠳᠤᠬ ᠢᠶᠠᠨ ᠰᠠᠨᠠᠬᠤ ᠪᠠᠷ ᠪᠠᠷᠠᠬᠤ ᠥᠭᠡᠢ᠂ ᠠᠯᠪᠠᠳᠤ ᠠᠷᠠᠳ ᠨᠢ ᠴᠤ ᠡᠳᠤᠷᠵᠢᠨ ᠰᠥᠨᠢᠵᠢᠨ ᠠᠯᠠᠱᠠ ᠨᠤᠳᠤᠬ ᠢᠶᠠᠨ ᠮᠥᠷᠤᠭᠡᠳᠤᠨ ᠰᠠᠨᠠᠳᠠᠭ ᠪᠠᠶᠢᠵᠡᠢ᠃ ᠲᠡᠳᠡ ᠰᠠᠭᠤᠵᠤ ᠲᠤᠭᠳᠠᠬᠤ ᠪᠠᠨ ᠪᠤᠯᠢᠭᠰᠠᠨ ᠢᠶᠠᠷ ᠪᠠᠷᠠᠬᠤ ᠥᠭᠡᠢ᠂ ᠵᠠᠷᠢᠮ ᠨᠢ ᠨᠢᠭᠡᠨᠳᠡ ᠬᠤᠯᠠᠭᠠᠢ ᠪᠠᠷ ᠨᠡᠬᠦᠳᠡᠯᠯᠡᠵᠤ ᠡᠵᠡᠨ᠎ᠠ ᠭᠤᠤᠯ ᠵᠡᠷᠭᠡ ᠠᠯᠠᠱᠠ ᠨᠤᠳᠤᠬ ᠲᠤ ᠬᠥᠷᠴᠤ ᠮᠠᠯᠵᠢᠨ ᠰᠠᠭᠤᠵᠠᠭᠠᠵᠡᠢ᠃ ᠡᠨᠡ ᠭᠡᠷᠡᠭ ᠨᠢ ᠤᠳᠠᠯ ᠥᠭᠡᠢ ᠴᠢᠩ ᠤᠯᠤᠰ ᠲᠤ ᠮᠡᠳᠡᠭᠳᠡᠵᠤ᠂ ᠠᠪᠤᠤ ᠨᠤᠶᠠᠨ᠂ ᠴᠢᠩ ᠤᠯᠤᠰ ᠤᠨ ︽ᠶᠠᠮᠠᠷᠪᠠ ᠸᠠᠩ ᠨᠤᠶᠠᠨ ᠲᠤᠷ᠎ᠠ ᠲᠠᠪᠠ ᠪᠠᠷ ᠢᠶᠠᠨ ᠨᠡᠬᠦᠳᠡᠯᠯᠡᠬᠦ ᠪᠤᠶᠤ ᠮᠠᠯ ᠰᠥᠷᠥᠭ ᠢᠶᠠᠨ ᠶᠡᠭᠡ ᠵᠣᠷᠭᠠᠨ ᠤ ᠵᠢᠭᠠᠨ ᠲᠤᠬᠢᠷᠠᠭᠤᠯᠤᠬᠰᠠᠨ ᠭᠠᠵᠠᠷ ᠤᠷᠤᠨ ᠠᠴᠠ ᠭᠠᠳᠠᠨ᠎ᠠ ᠭᠠᠷᠴᠤ ᠮᠠᠯᠵᠢᠵᠤ ᠪᠤᠯᠬᠤ ᠥᠭᠡᠢ︾ ᠭᠡᠰᠡᠨ ᠬᠠᠤᠯᠢ ᠲᠥᠷᠢᠮ ᠢ ᠵᠥᠷᠢᠴᠡᠭᠰᠡᠨ ᠠᠴᠠ ᠠᠪᠤᠤ ᠨᠤᠶᠠᠨ ᠢ ᠬᠠᠤᠯᠢ ᠶᠤᠰᠤ ᠪᠠᠷ ᠰᠢᠳᠭᠡᠬᠦ ᠪᠤᠯᠵᠤ᠂ ᠶᠠᠯ᠎ᠠ ᠭᠡᠯᠡᠯᠴᠡᠨ ᠵᠢᠶᠦ᠋ᠨ ᠸᠠᠩ ᠤᠨ ᠭᠡᠷᠭᠡᠮ ᠢ ᠨᠢ ᠤᠬᠴᠠᠷᠠᠭᠤᠯᠵᠤ᠂ ᠠᠯᠠᠱᠠ ᠨᠤᠳᠤᠬ ᠲᠤᠨᠢ ᠪᠤᠴᠠᠭᠤᠯᠵᠤ᠂ ᠲᠠᠬᠢᠵᠤ ᠬᠥᠭᠡᠨᠠᠭᠤᠷ ᠲᠤ ᠨᠤᠳᠤᠬᠯᠠᠭᠤᠯᠬᠤ ᠶᠢ ᠪᠠᠶᠢᠯᠭᠠᠪᠠ᠃     1725 ᠤᠨ ︵ᠨᠠᠶᠢᠷᠠᠯᠳᠤ ᠲᠥᠪ ᠤᠨ ᠭᠤᠷᠪᠠᠳᠤᠭᠠᠷ ᠤᠨ︶ ᠠᠴᠠ ᠡᠬᠢᠯᠡᠵᠤ᠂ ᠠᠪᠤᠤ ᠨᠤᠶᠠᠨ᠂ ᠬᠥᠭᠡᠨᠠᠭᠤᠷ ᠠᠴᠠ ᠪᠥᠬᠦ ᠠᠯᠪᠠᠳᠤ ᠠᠷᠠᠳ ᠢᠶᠠᠨ ᠠᠪᠴᠤ᠂ ᠠᠯᠠᠱᠠ ᠨᠤᠳᠤᠬ ᠲᠠᠭᠠᠨ ᠨᠡᠬᠦᠵᠤ ᠡᠬᠢᠯᠡᠪᠡ᠃1733 ᠤᠨ ︵ᠨᠠᠶᠢᠷᠠᠯᠳᠤ ᠲᠥᠪ ᠤᠨ ᠠᠷᠪᠠᠳᠤᠭᠠᠷ ᠤᠨ︶ ᠪᠤᠯᠬᠤ ᠳᠤ ᠶᠡᠭᠡᠭᠡᠨ ᠠᠯᠪᠠᠳᠤ ᠠᠷᠠᠳ ᠢᠶᠠᠨ ᠥᠨᠳᠤᠰᠤᠨ ᠳᠡᠭᠡᠨ ᠨᠡᠬᠦᠯᠭᠡᠵᠤ ᠲᠠᠭᠤᠰᠬᠠᠵᠡᠢ᠃     2. ᠵᠢᠶᠦ᠋ᠨ ᠸᠠᠩ ᠭᠡᠷᠭᠡᠮ ᠢ ᠨᠢ ᠲᠠᠬᠢᠨ ᠰᠡᠷᠬᠦᠭᠡᠵᠤ᠂ ᠬᠤᠯᠠᠳᠠᠬᠢᠨ ᠢ ᠲᠤᠬᠳᠠᠭᠠᠬᠴᠢ ᠬᠤᠷᠢᠶ᠎ᠠ ᠶᠢ ᠱᠠᠩᠨᠠᠵᠤ ᠥᠭᠬᠦᠭᠰᠡᠨ ᠨᠢ     1730 ᠤᠨ ︵ᠨᠠᠶᠢᠷᠠᠯᠳᠤ ᠲᠥᠪ ᠤᠨ ᠨᠠᠢᠮᠠᠳᠤᠭᠠᠷ ᠤᠨ︶ ᠳᠤ᠂ ᠠᠪᠤᠤ ᠨᠤᠶᠠᠨ ᠠᠯᠪᠠᠳᠤ ᠠᠷᠠᠳ ᠢᠶᠠᠨ ᠠᠪᠴᠤ ᠬᠥᠭᠡᠨᠠᠭᠤᠷ ᠠᠴᠠ ᠲᠠᠬᠢᠨ ᠠᠯᠠᠱᠠ ᠨᠤᠳᠤᠬ ᠲᠠᠭᠠᠨ ᠪᠤᠴᠠᠵᠤ ᠢᠷᠡᠬᠦ ᠥᠶ᠎ᠠ ᠳᠤ᠂ ᠬᠤᠯᠠᠳᠠᠬᠢᠨ ᠢ ᠲᠤᠬᠳᠠᠭᠠᠬᠴᠢ ᠬᠤᠷᠢᠶ᠎ᠠ ᠶᠢ ᠥᠨᠳᠤᠰᠤᠨ ᠳᠡᠭᠡᠨ ᠪᠠᠷᠢᠭᠠᠳ ᠲᠠᠭᠤᠰᠬᠠᠵᠡᠢ᠃ ᠴᠢᠩ ᠤᠯᠤᠰ ᠤᠨ ᠵᠠᠰᠠᠬ ᠠᠴᠠ ᠬᠤᠯᠠᠳᠠᠬᠢᠨ ᠢ ᠲᠤᠬᠳᠠᠭᠠᠬᠴᠢ ᠬᠤᠷᠢᠶ᠎ᠠ ᠶᠢ ᠠᠪᠣᠣ ᠨᠤᠶᠠᠨ ᠳᠤ ᠱᠠᠩᠨᠠᠨ ᠥᠭᠴᠤ᠂ ᠲᠡᠭᠡᠷ᠎ᠠ ᠠᠴᠠ ᠨᠢ ᠪᠠᠰᠠ 2000 ᠯᠠᠩ ᠮᠥᠡᠭᠬᠦ ᠱᠠᠩᠨᠠᠨ ᠥᠭᠬᠦᠭᠰᠡᠨ ᠪᠠᠶᠢᠨ᠎ᠠ᠃ ᠡᠶᠢᠮᠤ ᠠᠴᠠ ᠠᠯᠠᠱᠠ ᠬᠤᠱᠤᠳ ᠮᠤᠩᠭᠤᠯᠴᠤᠳ ᠵᠥᠪᠭᠡᠨ ᠠᠯᠠᠱᠠ ᠨᠤᠳᠤᠬ ᠲᠤ ᠮᠠᠯᠵᠢᠨ ᠰᠠᠭᠤᠬᠤ ᠪᠠᠷ ᠪᠠᠷᠠᠬᠤ ᠥᠭᠡᠢ ᠪᠠᠰᠠ ᠤᠯᠤᠰ ᠤᠨ ᠬᠢᠯᠢ ᠬᠢᠵᠠᠭᠠᠷ ᠤᠷᠤᠨ ᠢ ᠰᠠᠬᠢᠨ ᠬᠠᠮᠠᠭᠠᠯᠠᠬᠤ ᠡᠬᠦᠷᠭᠡ ᠲᠠᠢ ᠪᠤᠯᠤᠬᠰᠠᠨ ᠪᠢᠯᠡ᠃     1731 ᠤᠨ ︵ᠨᠠᠶᠢᠷᠠᠯᠳᠤ ᠲᠥᠪ ᠤᠨ ᠶᠢᠰᠤᠳᠤᠭᠡᠷ ᠤᠨ︶ ᠤ ᠭᠤᠷᠪᠠᠨ ᠰᠠᠷ᠎ᠠ ᠶᠢᠨ ᠠᠷᠪᠠᠨ ᠨᠠᠢᠮᠠᠨ ᠤ ᠡᠳᠤᠷ ᠲᠤ᠂ ᠠᠪᠤᠤ ᠨᠤᠶᠠᠨ ᠴᠢᠩ ᠤᠯᠤᠰ ᠤᠨ ᠶᠠᠮᠤᠨ ᠤ ᠲᠡᠬᠦᠨ ᠤ ᠶᠠᠳᠠᠭᠤ ᠵᠥᠳᠡᠬᠦᠤ ᠤᠴᠢᠷ ᠠᠴᠠ ᠪᠤᠯᠵᠤ ᠬᠥᠭᠡᠨᠠᠭᠤᠷ ᠲᠤ ᠥᠯᠡᠳᠡᠨ ᠬᠤᠴᠤᠷᠤᠬᠰᠠᠨ ᠠᠯᠪᠠᠳᠤ ᠠᠷᠠᠳ ᠢ ᠨᠢ ᠲᠡᠳᠬᠦᠨ ᠲᠤᠰᠠᠯᠠᠵᠤ᠂ ᠲᠡᠮᠵᠢᠨ ᠨᠡᠬᠦᠯᠭᠡᠵᠤ ᠠᠯᠠᠱᠠ ᠳᠤ ᠠᠪᠴᠢᠷᠠᠬᠤ ᠵᠠᠷᠯᠢᠬ ᠢ ᠬᠥᠯᠢᠶᠡᠨ ᠠᠪᠴᠤ᠂ ᠬᠠᠮᠤᠬ ᠤᠨ ᠰᠡᠬᠦᠯᠴᠢ ᠶᠢᠨ ᠠᠯᠪᠠᠳᠤ ᠠᠷᠠᠳ ᠢᠶᠠᠨ ᠪᠥᠬᠦᠨ ᠢ ᠨᠢ ᠠᠯᠠᠱᠠ ᠳᠠᠭᠠᠨ ᠨᠡᠬᠦᠯᠭᠡᠨ ᠠᠪᠴᠢᠷᠠᠵᠡᠢ᠃ ᠡᠶᠢᠮᠤ ᠠᠴᠠ ᠠᠪᠤᠤ ᠨᠤᠶᠠᠨ ᠤ ᠬᠥᠭᠡᠨᠠᠭᠤᠷ ᠠᠴᠠ ᠠᠯᠠᠱᠠ ᠳᠤ ᠨᠡᠬᠦᠬᠦ ᠠᠵᠢᠯ ᠪᠥᠷᠢᠮᠤᠰᠤᠨ ᠲᠠᠭᠤᠰᠴᠡᠢ᠃     ᠤᠳᠠᠯ ᠥᠭᠡᠢ᠂ ᠴᠢᠩ ᠤᠯᠤᠰ ᠤᠨ ᠶᠠᠮᠤᠨ ᠠᠴᠠ ᠪᠤᠴᠠᠵᠤ ᠨᠡᠬᠦᠵᠤ ᠢᠷᠡᠭᠰᠡᠨ ᠠᠯᠠᠱᠠ ᠬᠤᠱᠤᠳ ᠮᠤᠩᠭᠤᠯᠴᠤᠳ ᠲᠤ ᠮᠠᠯᠵᠢᠨ ᠰᠠᠭᠤᠬᠤ ᠨᠤᠳᠤᠬ ᠪᠡᠯᠴᠢᠭᠡᠷ ᠢ ᠨᠢ ᠲᠠᠬᠢᠨ ᠵᠢᠷᠤᠬᠯᠠᠨ ᠥᠭᠴᠡᠢ᠃ ᠭᠡᠪᠴᠢᠶ᠎ᠠ ᠨᠢ᠄     ᠵᠡᠬᠦᠨ ᠵᠠᠬ᠎ᠠ ᠨᠢ ᠬᠠᠳᠤᠨ ᠭᠤᠤᠯ ᠠᠴᠠ ᠡᠬᠢᠯᠡᠨ᠂ ᠭᠤᠤᠯ ᠤᠨ ᠬᠥᠪᠡᠭᠡ ᠶᠢ ᠪᠠᠷᠢᠨ ᠶᠠᠪᠤᠭᠠᠳ ᠢᠷᠭᠠᠢ ᠶᠢᠨ ᠬᠢᠯᠢ ᠲᠠᠢ ᠵᠠᠯᠭᠠᠯᠳᠤᠵᠤ︔ ᠡᠮᠤᠨ᠎ᠠ ᠵᠠᠬ᠎ᠠ ᠨᠢ ᠴᠠᠭᠠᠨ ᠭᠡᠷᠡᠮ ᠤᠨ ᠬᠥᠪᠡᠭᠡ ᠶᠢ ᠪᠠᠷᠢᠨ ᠶᠠᠪᠤᠭᠠᠳ ᠢᠷᠭᠠᠢ ᠶᠢᠨ ᠲᠡᠷᠡᠰᠤᠨ ᠬᠤᠳᠠ ︵ᠵᠥᠡᠭ ᠸᠧᠢ︶ ᠶᠢᠨ ᠬᠢᠯᠢ ᠲᠠᠢ ᠵᠠᠯᠭᠠᠯᠳᠤᠨ᠎ᠠ︔ ᠪᠠᠷᠠᠭᠤᠨ ᠵᠠᠬ᠎ᠠ ᠨᠢ ᠡᠵᠡᠨ᠎ᠠ ᠬᠠᠭᠤᠴᠢᠨ ᠲᠤᠷᠭᠤᠳ ᠬᠤᠰᠢᠭᠤ ᠲᠠᠢ ᠬᠢᠯᠢ ᠬᠤᠯᠪᠤᠵᠤ᠂ ᠬᠤᠶᠢᠳᠤ ᠵᠠᠬ᠎ᠠ ᠨᠢ ᠬᠠᠯᠬ᠎ᠠ ᠮᠤᠩᠭᠤᠯ ᠲᠠᠢ ᠬᠢᠯᠢ ᠨᠡᠶᠢᠯᠡᠬᠦ ᠪᠤᠯᠤᠨ᠎ᠠ᠃ ᠡᠨᠡ ᠭᠡᠪᠴᠢᠶ᠎ᠠ ᠰᠢᠨ᠎ᠠ ᠲᠤᠮᠳᠠᠳᠤ ᠤᠯᠤᠰ ᠪᠠᠶᠢᠭᠤᠯᠤᠬᠳᠠᠳᠠᠯ᠎ᠠ ᠶᠤᠰᠤ ᠪᠠᠷ ᠢᠶᠠᠨ ᠪᠠᠶᠢᠵᠡᠢ᠃     ᠠᠪᠤᠤ ᠨᠤᠶᠠᠨ ᠤ ᠲᠥᠪᠡᠳ ᠤᠨ ᡀᠠᠰᠠ ᠪᠤᠯᠤᠨ ᠬᠥᠭᠡᠨᠠᠭᠤᠷ ᠲᠠᠬᠢ ᠠᠯᠢᠪᠠ ᠠᠵᠢᠯᠯᠠᠭ᠎ᠠ ᠪᠤᠯᠤᠨ ᠢᠯᠡᠷᠡᠯ ᠨᠢ ᠴᠢᠩ ᠤᠯᠤᠰ ᠤᠨ ᠰᠠᠶᠢᠰᠢᠶᠠᠯ ᠢ ᠤᠯᠵᠤ ᠶᠡᠭᠡᠪᠡᠷ ᠲᠤᠭᠤᠬᠳᠠᠵᠡᠢ᠃ ᠢᠯᠠᠩᠭᠤᠶ᠎ᠠ ᠨᠠᠶᠢᠷᠠᠯᠳᠤ ᠲᠥᠪ ᠬᠠᠭᠠᠨ ᠠᠪᠤᠤ ᠶᠢᠨ ᠤᠢᠢᠯᠡ ᠶᠠᠪᠤᠳᠠᠯ ᠳᠤ ᠥᠨᠳᠤᠷ ᠥᠨᠡᠯᠡᠯᠳᠡ ᠥᠭᠴᠤ᠂ ᠬᠠᠶᠢᠷ᠎ᠠ ᠬᠥᠷᠳᠡᠭᠡᠨ᠂ ᠲᠡᠬᠦᠨ ᠤ ᠵᠢᠶᠦ᠋ᠨ ᠸᠠᠩ ᠭᠡᠷᠭᠡᠮ ᠢ ᠨᠢ ᠲᠠᠬᠢᠨ ᠰᠡᠷᠬᠦᠭᠡᠨ ᠥᠭᠴᠡᠢ᠃ ᠬᠠᠭᠠᠨ ᠤ ᠡᠨᠠᠬᠦ ᠵᠠᠷᠯᠢᠬ ᠤᠨ ᠪᠢᠴᠢᠭ ᠢ ᠠᠪᠤᠤ ᠨᠤᠶᠠᠨ ᠲᠤᠰ ᠵᠢᠯ ᠤᠨ ᠲᠤᠯᠤᠭᠠᠨ ᠰᠠᠷ᠎ᠠ ᠳᠤ ᠵᠢᠩᠬᠢᠨᠢ ᠪᠠᠷ ᠬᠥᠯᠢᠶᠡᠨ ᠠᠪᠤᠬᠰᠠᠨ ᠪᠠᠶᠢᠨ᠎ᠠ᠃ ᠬᠠᠭᠠᠨ ᠵᠠᠷᠯᠢᠬ ᠤᠨ ᠪᠢᠴᠢᠭ ᠲᠡᠭᠡᠨ ᠲᠡᠬᠦᠨ ᠢ ᠥᠨᠡᠯᠡᠨ ᠭᠡᠯᠡᠬᠦ ᠳᠡᠭᠡᠨ᠄     ᠠᠯᠠᠱᠠ ᠵᠢᠶᠦ᠋ᠨ ᠸᠠᠩ ᠠᠪᠤᠤ᠂ ᠬᠠᠭᠠᠨ ᠤ ᠵᠠᠷᠯᠢᠬ ᠢ ᠤᠳᠠᠭᠠᠨ ᠵᠢᠯ ᠥᠨᠡᠨᠴᠢ ᠰᠢᠳᠤᠷᠭᠤ ᠪᠠᠷ ᠬᠥᠰᠡᠷᠳᠡᠬᠦᠯᠥᠯ ᠥᠭᠡᠢ ᠪᠠᠷ ᠪᠥᠷᠢᠨ ᠬᠥᠢᠴᠡᠳᠭᠡᠨ ᠢᠷᠡᠵᠡᠢ᠃ ᠲᠡᠷᠡ ᠪᠠᠷᠬᠦ᠋ᠯ ᠵᠡᠷᠭᠡ ᠭᠠᠵᠠᠷ ᠲᠤ ᠰᠡᠷᠭᠡᠶᠢᠯᠡᠨ ᠰᠠᠭᠤᠵᠤ᠂ ᠯᠤᠪᠰᠠᠩᠳᠠᠨᠵᠢᠨ ᠤ ᠭᠡᠷᠡᠭ ᠢ ᠲᠥᠪᠰᠢᠳᠭᠡᠬᠦ ᠲᠠᠶᠢᠨ ᠳᠤ ᠴᠢᠷᠮᠠᠶᠢᠨ ᠵᠢᠳᠬᠦᠵᠤ᠂ ᠤᠯᠤᠰ ᠤᠨ ᠶᠡᠭᠡ ᠴᠡᠷᠢᠭ ᠲᠤ ᠲᠤᠰᠠᠯᠠᠨ ᠵᠡᠬᠦᠨᠭᠠᠷ ᠬᠠᠭᠠᠨᠳᠤ ᠤᠯᠤᠰ ᠤᠨ ᠴᠡᠷᠢᠭ ᠢ ᠲᠥᠪᠡᠳ ᠠᠴᠠ ᠬᠥᠭᠡᠭᠡᠨ ᠭᠠᠷᠭᠠᠵᠤ᠂ ᠶᠡᠭᠡ ᠠᠮᠵᠢᠯᠳᠠ ᠲᠠᠢ ᠪᠠᠷ ᠲᠤᠯᠤᠳᠤᠭᠠᠷ ᠲᠥᠷᠢ ᠶᠢᠨ ᠲᠠᠯᠠᠢ ᠯᠠᠮᠠ ᠶᠢ ᠬᠠᠮᠠᠭᠠᠯᠠᠨ ᡀᠠᠰᠠ ᠳᠤ ᠬᠥᠷᠭᠡᠵᠤ ᠰᠢᠷᠡᠭᠡᠨ ᠳᠤᠨᠢ ᠵᠠᠯᠠᠷᠠᠨ ᠰᠠᠭᠤᠯᠭᠠᠵᠤ᠂ ᠲᠥᠪᠡᠳ ᠤᠨ ᠨᠡᠶᠢᠭᠡᠮ ᠤᠨ ᠠᠮᠤᠷ ᠲᠥᠪᠰᠢᠨ ᠪᠠ ᠲᠤᠬᠳᠠᠭᠤᠨ ᠪᠠᠶᠢᠳᠠᠯ ᠢ ᠪᠠᠳᠣᠯᠠᠬᠤ ᠵᠡᠷᠭᠡ ᠠᠵᠢᠯ ᠳᠤ ᠲᠦᠢᠯ ᠤᠨ ᠶᠡᠭᠡ ᠬᠤᠪᠢ ᠨᠡᠮᠡᠷᠢ ᠪᠠᠨ ᠥᠵᠡᠬᠦᠯᠵᠤ ᠭᠠᠪᠢᠶ᠎ᠠ ᠪᠠᠶᠢᠭᠤᠯᠵᠡᠢ᠃ ᠡᠶᠢᠮᠤ ᠠᠴᠠ ᠣᠨᠴᠠ ᠬᠠᠶᠢᠷ᠎ᠠ ᠬᠥᠷᠳᠡᠭᠡᠨ᠂ ᠵᠢᠶᠦ᠋ᠨ ᠸᠠᠩ ᠭᠡᠷᠭᠡᠮ ᠢ ᠨᠢ ᠲᠠᠬᠢᠨ ᠰᠡᠷᠬᠦᠭᠡᠨ᠂ ᠠᠯᠢ ᠭᠠᠵᠠᠷ ᠲᠤ ᠴᠤ ᠨᠢᠭᠡᠨ ᠠᠳᠠᠯᠢ ᠪᠠᠷ ᠡᠬᠦᠷᠢᠳᠡ ᠡᠷᠬᠢᠮ ᠬᠥᠨᠳᠤᠳᠤ ᠪᠠᠷ ᠶᠠᠪᠤᠳᠤᠭᠠᠢ ᠭᠡᠵᠤ ᠵᠠᠷᠯᠢᠬᠳᠠᠵᠡᠢ᠃     1731 ᠤᠨ ︵ᠨᠠᠶᠢᠷᠠᠯᠳᠤ ᠲᠥᠪ ᠤᠨ ᠶᠢᠰᠤᠳᠤᠭᠡᠷ ᠤᠨ︶ ᠤ ᠶᠢᠰᠤᠨ ᠰᠠᠷ᠎ᠠ ᠶᠢᠨ ᠲᠠᠪᠤᠨ ᠤ ᠡᠳᠤᠷ᠂ ᠠᠪᠤᠤ ᠨᠤᠶᠠᠨ ᠪᠤᠯᠤᠨ ᠬᠠᠳᠤᠨ ᠲᠤᠬᠰᠢᠨ ᠬᠥᠡᠭᠵᠤ ᠬᠤᠶᠠᠷ ᠪᠥᠬᠦ ᠲᠥᠰᠢᠮᠡᠳ ᠴᠡᠷᠢᠭ ᠪᠤᠯᠤᠨ ᠠᠯᠪᠠᠳᠤ ᠠᠷᠠᠳ ᠢᠶᠠᠨ ᠲᠠᠭᠠᠭᠤᠯᠤᠨ ᠰᠢᠷᠠᠪᠦ᠋ᠷᠢᠳᠤ ᠶᠢᠨ ᠬᠠᠨᠠᠮᠠᠨᠳᠠᠯ ᠶᠠᠮᠤᠨ ᠠᠴᠠ ᠪᠠᠨ ᠬᠤᠯᠠᠳᠠᠬᠢᠨ ᠢ ᠲᠤᠬᠳᠠᠭᠠᠬᠴᠢ ᠬᠤᠷᠢᠶ᠎ᠠ ᠳᠤ ᠨᠡᠬᠦᠨ ᠤᠷᠤᠵᠤ ᠰᠠᠭᠤᠵᠠᠭᠠᠪᠠ᠃     ᠠᠯᠠᠱᠠ᠂ ᠬᠤᠰᠢᠭᠤ ᠶᠠᠮᠤᠨ ᠢᠶᠠᠨ ᠬᠤᠯᠠᠳᠠᠬᠢᠨ ᠢ ᠲᠤᠬᠳᠠᠭᠠᠬᠴᠢ ᠬᠤᠷᠢᠶ᠎ᠠ ᠳᠤ ᠪᠠᠶᠢᠭᠤᠯᠤᠬᠰᠠᠨ ᠤ ᠬᠤᠶᠢᠨ᠎ᠠ᠂ ᠠᠪᠤᠤ ᠨᠤᠶᠠᠨ ᠬᠤᠰᠢᠭᠤ ᠶᠠᠮᠤᠨ ᠤ ᠪᠠᠨ ᠨᠡᠷ᠎ᠠ ᠶᠢ ︽ᠲᠡᠯᠭᠡᠷ ᠪᠢᠯᠢᠭᠳᠦ ᠶᠡᠭᠡ ᠶᠠᠮᠤᠨ︾ ᠭᠡᠮᠡᠨ ᠬᠠᠯᠠᠭᠠᠳ᠂ ᠬᠤᠰᠢᠭᠤᠨ ᠤ ᠭᠤᠤᠯ ᠲᠥᠰᠢᠮᠡᠳ ᠲᠠᠭᠠᠭᠠᠮᠠᠯᠴᠤᠳ ᠢᠶᠠᠨ ᠴᠤ ᠲᠠᠬᠢᠨ ᠲᠤᠮᠢᠯᠠᠨ ᠲᠤᠬᠢᠷᠠᠭᠤᠯᠤᠬᠰᠠᠨ ᠪᠠᠶᠢᠨ᠎ᠠ᠃ ᠲᠡᠳᠡ ᠨᠠᠷ ᠨᠢ᠄     ᠤᠯᠤᠰ ᠤᠨ ᠲᠥᠰᠢᠶ᠎ᠠ ᠬᠥᠡᠭ᠄ ᠳ᠋ᠠᠨᠵᠢᠨ᠂ ᠶᠥᠮᠴᠤᠮ︔ ᠬᠤᠰᠢᠭᠤ ᠲᠤᠰᠠᠯᠠᠬᠴᠢ᠄ ᠳ᠋ᠠᠨᠵᠢᠨᠰᠤᠳᠨᠠᠮ︔ ᠬᠤᠰᠢᠭᠤ ᠶᠢ ᠵᠠᠬᠢᠷᠤᠬᠴᠢ ᠵᠠᠩᠬᠢ᠄ ᠯᠤᠪᠰᠠᠩᠭᠤᠮᠪᠤ ᠵᠡᠷᠭᠡ ᠬᠥᠮᠤᠨ ᠪᠠᠶᠢᠵᠡᠢ᠃                                                      ︵ᠵᠣᠬᠢᠶᠠᠭᠴᠢ᠄ ᠤᠤᠭᠠᠬᠠᠬ᠎ᠠ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号