ᠬᠤᠳᠤᠢ ᠶᠢᠨ ᠨᠠᠭᠤᠷ ᠪᠤᠯ ᠠᠯᠠᠱᠠ ᠵᠡᠬᠦᠨ ᠬᠤᠰᠢᠭᠤᠨ ᠤ ᠬᠢᠵᠠᠭᠠᠷ ᠲᠠᠬᠢ ᠨᠢᠬᠡᠨ ᠳᠠᠪᠤᠰᠤᠨ ᠨᠠᠭᠤᠷ | ᠪᠤᠯᠤᠨ᠎ᠠ᠃ ᠪᠠᠶᠠᠨᠨᠢᠷᠤᠭᠤᠨ ᠰᠤᠮᠤᠨ ︵ᠤᠤᠯ ᠤᠨ ᠬᠤᠤᠰᠪᠦ᠋ᠷᠢᠳᠤ ᠰᠤᠮᠤ︶ ᠤ ᠵᠡᠬᠦᠨ ᠡᠮᠦᠨ᠎ᠡ ᠬᠡᠰᠡᠭ ᠲᠤ | ᠪᠠᠶᠢᠷᠢᠰᠢᠵᠤ᠂ ᠵᠢᠷᠡᠳᠡᠢ ᠪᠠᠯᠭᠠᠰᠤ ᠲᠠᠢ ᠵᠠᠬ᠎ᠠ ᠨᠡᠶᠢᠯᠡᠨ᠂ ᠤᠤᠯ ᠤᠨ ᠬᠤᠤᠰᠪᠦ᠋ᠷᠢᠳᠤ ᠰᠤᠮᠤᠨ ᠤ ᠰᠠᠭᠤᠭ᠎ᠠ ᠭᠠᠵᠠᠷ | ᠠᠷᠤᠬᠤᠳᠳᠤᠬ ᠠᠴᠠ ᠵᠡᠬᠦᠨ ᠡᠮᠦᠨᠡᠰᠢ ᠪᠠᠨ 36 ᠺᠢᠯᠣᠮᠧᠲᠷ ᠵᠠᠶᠢᠳᠡᠢ ᠪᠠᠶᠢᠳᠠᠬ᠃ | ᠳᠠᠪᠤᠰᠤᠨ ᠨᠠᠭᠤᠷ ᠤᠨ ᠳᠠᠯᠠᠪᠡᠢ ᠨᠢ 8 ᠳᠡᠭᠰᠢ ᠲᠦᠷᠪᠡᠯᠵᠢᠨ ᠺᠢᠯᠣᠮᠧᠲᠷ ᠲᠤ ᠬᠦᠷᠴᠤ᠂ ᠳᠠᠪᠤᠰᠤᠨ ᠤ | ᠠᠭᠤᠯᠤᠬᠳᠠᠴᠠ ᠲᠠᠢ ᠬᠡᠰᠡᠭ ᠨᠢ 7 ᠳᠡᠭᠰᠢ ᠲᠦᠷᠪᠡᠯᠵᠢᠨ ᠺᠢᠯᠣᠮᠧᠲᠷ ᠪᠠᠶᠢᠵᠤ᠂ ᠳᠠᠪᠤᠰᠤᠨ ᠳᠠᠪᠬᠤᠷᠭ᠎ᠠ ᠨᠢ 1.5 | ᠮᠧᠲᠷ ᠲᠤ ᠬᠦᠷᠴᠤ᠂ ᠶᠡᠷᠦᠩᠬᠡᠢ ᠬᠠᠳᠠᠭᠠᠯᠠᠬᠳᠠᠴᠠ ᠨᠢ 1044 ᠲᠦᠮᠡᠨ ᠳᠤᠨ ᠳᠤ ᠬᠦᠷᠦᠭᠰᠡᠨ ᠠᠴᠠ ᠠᠯᠠᠱᠠ | ᠵᠡᠬᠦᠨ ᠬᠤᠰᠢᠭᠤᠨ ᠤ ᠭᠤᠷᠪᠠᠳᠤᠭᠠᠷ ᠳᠤᠮᠤ ᠳᠠᠪᠤᠰᠤᠨ ᠭᠠᠷᠤᠯᠳᠠᠳᠤ ᠨᠠᠭᠤᠷ ᠪᠤᠯᠵᠡᠢ᠃ ᠳᠠᠪᠤᠰᠤᠨ ᠭᠠᠷᠤᠯᠳᠠ ᠨᠢ | ᠮᠦᠬᠦᠯᠢᠭᠳᠦ ᠳᠠᠪᠤᠰᠤᠨ ᠳᠠᠪᠬᠤᠷᠭ᠎ᠠ ᠪᠠᠷ ᠪᠦᠷᠢᠯᠳᠤᠵᠤ᠂ ᠳᠠᠪᠤᠰᠤᠨ ᠳᠠᠪᠬᠤᠷᠭ᠎ᠠ ᠶᠢᠨ ᠳᠤᠤᠷ᠎ᠠ ᠨᠢ ᠪᠠᠰᠠ | ᠮᠠᠩᠰᠢᠶᠤᠤ ᠳᠠᠪᠬᠤᠷᠭ᠎ᠠ ᠳᠠᠷᠬᠠᠵᠤ ᠪᠠᠶᠢᠳᠠᠬ᠃ ᠬᠤᠳᠤᠢ ᠶᠢᠨ ᠨᠠᠭᠤᠷ ᠤᠨ ᠳᠠᠪᠤᠰᠤᠨ ᠳᠠᠬᠢ ᠠᠭᠤᠯᠤᠬᠳᠠᠬᠰᠠᠨ | ᠾᠯᠤᠷᠳᠤ ᠨᠠᠲᠷᠢ ᠶᠢᠨ ᠳᠡᠭᠰᠢᠳᠬᠡᠭᠰᠡᠨ ᠬᠡᠮᠵᠢᠶ᠎ᠠ ᠨᠢ 76.28% ᠳᠤ ᠬᠦᠷᠴᠤ᠂ ᠬᠠᠮᠤᠬ ᠤᠨ ᠦᠨᠳᠤᠷ ᠲᠡᠭᠡᠨ | 92.69% ᠳᠤ ᠬᠦᠷᠦᠭᠰᠡᠨ ᠪᠠᠶᠢᠨ᠎ᠠ᠃ᠡᠨᠡᠬᠦ ᠳᠠᠪᠤᠰᠤᠨ ᠨᠠᠭᠤᠷ ᠢ ᠠᠯᠠᠱᠠ ᠬᠤᠱᠤᠳ ᠬᠤᠰᠢᠭᠤᠨ ᠤ ᠦᠶ᠎ᠠ ᠳᠤ | ᠳᠠᠷᠤᠢ ᠮᠠᠯᠳᠠᠵᠤ ᠠᠰᠢᠬᠯᠠᠵᠤ ᠪᠠᠶᠢᠬᠰᠠᠨ ᠪᠦᠬᠡᠳ 1908 ᠤᠨ ᠠᠴᠠ ᠡᠬᠢᠯᠡᠨ ᠭᠠᠨᠰᠤ ᠮᠤᠵᠢ ᠶᠢᠨ ᠨᠢᠬᠡᠳᠦᠯᠳᠡᠢ | ᠳᠠᠳᠠᠪᠦᠷᠢᠯᠠᠬᠤ ᠶᠡᠷᠦᠩᠬᠡᠢ ᠳᠤᠪᠴᠢᠶᠠᠨ ᠳᠤ ᠲᠦᠷᠢᠶᠡᠰᠦᠯᠡᠨ ᠦᠭᠴᠡᠢ᠃ 1970 ᠤᠨ ᠳᠤ᠂ ᠠᠯᠠᠱᠠ ᠵᠡᠬᠦᠨ | ᠬᠤᠰᠢᠭᠤᠨ ᠠᠴᠠ ᠳᠠᠪᠤᠰᠤᠨ ᠨᠠᠭᠤᠷ ᠢ ᠳᠠᠬᠢᠨ ᠰᠡᠷᠬᠦᠬᠡᠨ ᠮᠠᠯᠳᠠᠬᠰᠠᠨ ᠪᠦᠬᠡᠳ ᠬᠤᠳᠤᠢ ᠶᠢᠨ ᠨᠠᠭᠤᠷ ᠤᠨ | ᠳᠠᠪᠤᠰᠤᠨ ᠳᠠᠯᠠᠪᠡᠢ ᠶᠢ ᠪᠠᠶᠢᠭᠤᠯᠤᠭᠠᠳ ᠡᠳᠦᠬᠡ ᠬᠦᠷᠳᠡᠯ᠎ᠠ ᠨᠡᠬᠡᠬᠡᠨ ᠠᠰᠢᠬᠯᠠᠵᠤ ᠪᠤᠢ᠃ | ︵ᠵᠣᠬᠢᠶᠠᠭᠴᠢ᠄ ᠮᠠᠤ ᠲᠦᠮᠡᠨ ︶ |