ᠳᠠᠯ ᠬᠠᠷ᠎ᠠ ᠶᠢᠨ ᠬᠦᠳᠡᠭᠡ
ᠨᠡᠶᠢᠲᠡᠯᠡᠭᠰᠡᠨ ᠴᠠᠭ᠄
2021/2/1
      ᠳᠡᠯ ᠬᠠᠷ᠎ᠠ ᠶᠢᠨ ᠬᠦᠳᠡᠭᠡ ᠨᠢ ᠠᠯᠠᠱᠠ ᠵᠡᠬᠦᠨ ᠬᠤᠰᠢᠭᠤᠨ ᠤ ᠤᠨᠳᠤᠷᠤᠯᠳᠤ ᠪᠠᠯᠭᠠᠰᠤᠨ ᠤ ᠬᠢᠵᠠᠭᠠᠷ ᠲᠤ ᠪᠠᠶᠢᠳᠠᠬ ᠪᠦᠬᠡᠳ ᠪᠡᠯᠭᠠᠰᠤᠨ ᠤ ᠪᠠᠷᠠᠭᠤᠨ ᠡᠮᠦᠨ᠎ᠠ ᠵᠦᠭ ᠲᠤ ᠪᠠᠶᠢᠷᠢᠰᠢᠵᠤ᠂ ᠪᠠᠯᠭᠠᠰᠤᠨ ᠲᠦᠪ ᠴᠢᠯᠠᠭᠤᠨ ᠤᠩᠭᠤᠴᠠᠳᠡᠢ ︵ᠶᠢᠩ ᠫᠠᠨ ᠱᠦᠢ︶ ᠠᠴᠠ 35 ᠺᠢᠯᠣᠮᠧᠲᠷ ᠵᠠᠶᠢᠳᠡᠢ᠃ ᠬᠤᠶᠢᠳᠤ ᠳᠠᠯ᠎ᠠ ᠪᠠᠷ ᠢᠶᠠᠨ ᠳᠡᠭᠷᠢ ᠡᠯᠡᠰᠤᠨ ᠴᠦᠯ ᠳᠤ ᠳᠤᠯᠵᠤ᠂ ᠵᠡᠬᠦᠨ ᠳᠠᠯ᠎ᠠ ᠪᠠᠷ ᠢᠶᠠᠨ ᠬᠠᠷ᠎ᠠ ᠠᠭᠤᠯᠠ ᠶᠢ ᠲᠦᠰᠢᠨ᠂ ᠪᠠᠷᠠᠭᠤᠨ ᠤᠷᠢᠳᠤᠭᠤᠷ ᠢᠶᠠᠨ ᠭᠠᠨᠰᠤ ᠮᠤᠵᠢ ᠶᠢᠨ ᠵᠢᠩ ᠲᠠᠢ ᠰᠢᠶᠠᠨ ᠲᠠᠢ ᠵᠠᠯᠭᠠᠯᠳᠤᠬᠰᠠᠨ ᠠᠭᠤᠯᠠᠨ ᠦᠶᠡᠷ ᠤᠨ ᠳᠤᠨᠤᠮᠠᠯ ᠳᠠᠯ᠎ᠠ ᠭᠠᠵᠠᠷ ᠪᠤᠯᠬᠤ ᠶᠤᠮ᠃ ᠬᠢᠳᠠᠳ ᠢᠶᠠᠷ ᠮᠠᠨ ᠱᠦᠢ ᠳᠠᠨ ᠬᠡᠵᠤ ᠨᠡᠷᠡᠯᠡᠳᠡᠭ᠃       ᠳᠡᠯ ᠬᠠᠷ᠎ᠠ ᠶᠢᠨ ᠬᠦᠳᠡᠬᠡᠨ ᠤ ᠤᠰᠤᠯᠠᠯᠳᠠ ᠶᠢᠨ ᠤᠷᠤᠨ ᠪᠤᠯ ᠬᠠᠳᠤᠨ ᠭᠤᠤᠯ ᠤᠨ ᠤᠰᠤ ᠶᠢ ᠵᠠᠯᠠᠵᠤ ᠤᠰᠤᠯᠠᠯᠳᠠ ᠬᠢᠵᠤ ᠪᠠᠶᠢᠬᠰᠠᠨ ᠤᠤᠯ ᠤᠨ ᠠᠯᠠᠱᠠ ᠵᠡᠬᠦᠨ ᠬᠤᠰᠢᠭᠤᠨ ᠤ ᠳᠡᠯ ᠬᠠᠷ᠎ᠠ ᠶᠢᠨ ᠬᠦᠳᠡᠬᠡᠨ ᠤ ᠳᠠᠷᠢᠶᠠᠯᠠᠩ ᠤᠨ ᠳᠠᠯᠠᠪᠡᠢ ᠪᠤᠯᠬᠤ ᠶᠤᠮ᠃ 1998 ᠤᠨ ᠳᠤ ᠦᠬᠡᠷᠡᠴᠢᠯᠡᠬᠡᠳ ᠳᠡᠯ ᠤᠯᠠᠭᠠᠨ᠂ ᠰᠠᠶᠢᠬᠠᠨᠳᠠᠯ᠎ᠠ ᠬᠤᠶᠠᠷ ᠭᠠᠴᠠᠭ᠎ᠠ ᠶᠢ ᠪᠠᠶᠢᠭᠤᠯᠵᠤ᠂ ᠳᠠᠬᠢᠨ ᠳᠠᠪᠤᠨᠬᠤᠳᠳᠤᠬ ᠭᠠᠴᠠᠭ᠎ᠠ ᠶᠢ ᠠᠳᠠ ᠰᠢᠯᠵᠢᠬᠦᠯᠦᠨ ᠰᠠᠭᠤᠷᠢᠰᠢᠭᠤᠯᠵᠤ᠂ ᠳᠡᠯ ᠬᠠᠷ᠎ᠠ ᠶᠢᠨ ᠬᠦᠳᠡᠬᠡᠨ ᠤ ᠤᠰᠤᠯᠠᠯᠳᠠ ᠶᠢᠨ ᠤᠷᠤᠨ ᠤ ᠭᠤᠷᠪᠠᠳᠡᠬᠢ ᠬᠤᠭᠤᠴᠠᠭᠠᠨ ᠤ ᠨᠡᠬᠡᠬᠡᠯᠳᠠ ᠶᠢ ᠬᠢᠭᠰᠡᠨ ᠠᠴᠠ ᠡᠳᠦᠬᠡ ᠨᠡᠶᠢᠳᠠ ᠭᠤᠷᠪᠠᠨ ᠭᠠᠴᠠᠭ᠎ᠠ ᠳᠠᠷᠢᠶᠠᠯᠠᠩ ᠡᠷᠬᠢᠯᠡᠵᠤ ᠪᠤᠢ᠃ ᠳᠤᠰ ᠭᠠᠵᠠᠷ ᠤᠨ ᠬᠦᠷᠦᠰᠤ ᠰᠢᠷᠤᠢ ᠨᠢ ᠦᠩ ᠰᠢᠮᠡᠯᠢᠭ᠂ ᠬᠠᠳᠤᠨ ᠭᠤᠤᠯ ᠤᠨ ᠤᠰᠤ ᠶᠢ ᠳᠠᠳᠠᠵᠤ ᠤᠷᠤᠭᠤᠯᠤᠬᠰᠠᠨ ᠪᠤᠯᠬᠤᠷ ᠤᠰᠤᠯᠠᠯᠳᠠ ᠨᠢ ᠬᠠᠩᠭᠠᠮᠵᠢᠳᠡᠢ᠂ ᠡᠳᠦᠬᠡ ᠨᠢᠬᠡᠨᠳᠠ 18000 ᠭᠠᠷᠤᠢ ᠮᠣ᠋ ᠳᠠᠷᠢᠮᠠᠯ ᠤᠨ ᠳᠠᠯᠠᠪᠡᠢ ᠲᠠᠢ ᠪᠤᠯᠵᠤ᠂ ᠪᠤᠭᠤᠳᠡᠢ᠂ ᠡᠷᠳᠡᠨᠢ ᠰᠢᠰᠢ᠂ ᠨᠠᠷᠢᠮᠤ ᠵᠡᠷᠬᠡ ᠬᠦᠨᠡᠰᠤ ᠪᠤᠷᠳᠤᠭᠠᠨ ᠤ ᠳᠠᠷᠢᠮᠠᠯ ᠵᠢᠴᠢ ᠳᠤᠰᠤᠯᠢᠭ ᠨᠠᠷᠠᠨ ᠬᠤᠸᠡᠷ᠂ ᠦᠷ᠎ᠠ ᠶᠢᠨ ᠳᠠᠷᠪᠤᠰ ᠵᠡᠷᠬᠡ ᠪᠣᠰᠣᠳ ᠲᠦᠷᠦᠯ ᠤᠨ ᠠᠵᠤ ᠠᠬᠤᠢ ᠶᠢᠨ ᠳᠠᠷᠢᠮᠠᠯ ᠢᠶᠠᠷ ᠭᠤᠤᠯᠯᠠᠵᠤ ᠪᠤᠢ᠃                                                      ︵ᠵᠣᠬᠢᠶᠠᠭᠴᠢ᠄  ᠮᠠᠣ ᠳᠦᠮᠡᠨ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号