ᠠᠯᠠᠱᠠ ᠬᠤᠱᠤᠳ ᠤᠨ ᠭᠡᠷ ᠤᠨ ᠡᠳ᠋ᠯᠡᠯ ᠬᠡᠷᠡᠭᠰᠡᠯ ᠮᠤᠩᠭᠤᠯ ᠰᠤᠶᠤᠯ ᠤᠨ ᠦᠨᠡᠳᠦ ᠦᠪ ᠬᠦᠷᠦᠩᠭᠡ
ᠨᠡᠶᠢᠲᠡᠯᠡᠭᠰᠡᠨ ᠴᠠᠭ᠄
2020/10/21
                ᠮᠤᠩᠭᠤᠯᠴᠤᠤᠠ ᠡᠳ᠋ᠯᠠᠯ ᠭᠡᠷᠡᠭᠰᠠᠯ ᠢᠶᠠᠨ ᠮᠤᠩᠭᠤᠯ ᠭᠡᠷ ᠲᠤ ᠵᠤᠭᠢᠴᠠᠭᠤᠯᠤᠠ ᠥᠢᠯᠠᠤᠠᠴᠠᠢ
                                                   ᠠᠪᠳᠠᠷ᠎ᠠ ᠬᠤᠷᠭᠤ
                                                       ᠰᠢᠷᠡᠭᠡ ᠰᠠᠠᠳᠠᠯᠢ
                                        ᠠᠷᠠᠰᠤ ᠪᠠᠷ ᠭᠠᠳᠠᠷᠯᠡᠭᠰᠠᠠ ᠠᠪᠳᠠᠷ᠎ᠠ
                                  ᠭᠠᠷᠤᠳᠢ ᠰᠠᠶᠢᠯᠥᠭᠰᠠᠠ ᠡᠪᠠᠰᠤᠠ ᠭᠡ ᠲᠠᠢ ᠠᠪᠳᠠᠷ᠎ᠠ       ᠶᠡᠷᠤᠨᠢ ᠮᠤᠩᠭᠤᠯᠴᠤᠳ ᠤᠨ ᠭᠡᠷ ᠤᠨ ᠮᠤᠳᠤᠨ ᠡᠳ᠋ᠯᠡᠯ ᠬᠡᠷᠡᠭᠰᠡᠯ ᠨᠢ ᠱᠠᠰᠢᠨ ᠤ ᠰᠤᠶᠤᠯ᠂ ᠨᠡᠬᠦᠳᠡᠯ ᠰᠤᠶᠤᠯ᠂ ᠲᠠᠷᠢᠶᠠᠯᠠᠩ ᠤᠨ ᠰᠤᠶᠤᠯ ᠤᠨ ᠨᠢᠭᠡᠳᠦᠮᠡᠯ ᠴᠤᠬᠴᠠ ᠪᠤᠯᠤᠨ ᠪᠦᠷᠢᠯᠳᠦᠵᠦ᠂ ᠦᠨᠳᠦᠰᠦᠳᠡᠨ ᠤ ᠰᠤᠶᠤᠯ ᠪᠠ ᠭᠡᠷ ᠤᠨ ᠡᠳ᠋ᠯᠡᠯ ᠬᠡᠷᠡᠭᠰᠡᠯ ᠤᠨ ᠰᠤᠶᠤᠯ ᠤᠨ ᠬᠠᠷᠢᠯᠴᠠᠨ ᠠᠭᠤᠰᠤᠯᠴᠠᠯ ᠲᠤᠮᠳᠠ ᠬᠡᠷᠡᠭᠯᠡᠭᠡᠨ ᠤ ᠦᠷᠳᠡᠭ ᠠᠴᠠ  ᠪᠠᠨ ᠠᠭᠠᠵᠢᠮ ᠢᠶᠠᠷ ᠰᠤᠳᠤᠯᠭᠠᠨ᠂ ᠦᠵᠡᠮᠦᠷᠢ ᠶᠢᠨ ᠦᠷᠳᠡᠭ ᠲᠡᠰᠢ ᠰᠢᠯᠵᠢᠨ ᠬᠤᠪᠢᠷᠠᠵᠦ᠂ ᠲᠡᠬᠦᠨ ᠤ ᠬᠦᠨ ᠵᠤᠵᠠᠭᠠᠨ ᠰᠤᠶᠤᠯ ᠤᠨ ᠠᠭᠤᠯᠤᠬᠳᠠᠬᠤᠨ ᠨᠢ ᠮᠤᠩᠭᠤᠯᠴᠤᠳ ᠤᠨ ᠲᠡᠤᠬᠡ ᠰᠤᠶᠤᠯ ᠢ ᠢᠯᠡᠷᠡᠬᠦᠯᠦᠨ ᠭᠡᠷᠡᠴᠢᠯᠡᠳᠡᠭ ᠠᠵᠢ᠃ ᠠᠯᠠᠱᠠ ᠬᠤᠱᠤᠳ ᠤᠨ ᠭᠡᠷ ᠤᠨ ᠮᠤᠳᠤᠨ ᠡᠳ᠋ᠯᠡᠯ ᠬᠡᠷᠡᠭᠰᠡᠯ ᠤᠨ ᠤᠨᠴᠠᠯᠢᠬ ᠨᠢ ᠨᠡᠶᠢᠳᠡ ᠮᠤᠩᠭᠤᠯᠴᠤᠳ ᠤᠨ ᠭᠡᠷ ᠤᠨ ᠮᠤᠳᠤᠨ ᠡᠳ᠋ᠯᠡᠯ ᠬᠡᠷᠡᠭᠰᠡᠯ ᠤᠨ ᠤᠨᠴᠠᠯᠢᠬ ᠢ ᠬᠠᠳᠠᠭᠠᠯᠠᠵᠦ ᠪᠠᠶᠢᠬᠤ ᠪᠠᠷ ᠪᠠᠷᠠᠬᠤ ᠦᠭᠡᠢ ᠪᠠᠰᠠ ᠭᠠᠵᠠᠷ ᠤᠷᠤᠨ ᠤ ᠦᠪᠡᠷᠮᠢᠴᠡ ᠤᠨᠴᠠᠯᠢᠬ ᠲᠠᠢ ᠪᠠᠶᠢᠳᠠᠬ ᠪᠦᠭᠡᠳ ᠲᠡᠷᠡ ᠨᠢ ᠬᠡᠯᠪᠡᠷᠢ ᠲᠦᠷᠰᠦ᠂ ᠰᠢᠷ ᠪᠤᠳᠤᠬ᠂ ᠬᠡ ᠤᠭᠠᠯᠵᠠ ᠵᠡᠷᠭᠡ ᠲᠠᠯ᠎ᠠ ᠲᠡᠭᠡᠷ᠎ᠠ ᠢᠯᠡᠷᠡᠳᠡᠭ ᠠᠵᠢ᠃       ᠠᠯᠠᠱᠠ ᠬᠤᠱᠤᠳ ᠤᠨ ᠭᠡᠷ ᠤᠨ ᠮᠤᠳᠤᠨ ᠡᠳ᠋ᠯᠡᠯ ᠬᠡᠷᠡᠭᠰᠡᠯ ᠨᠢ ᠬᠦᠷᠡᠩ ᠤᠯᠠᠭᠠᠨ᠂ ᠬᠦᠬᠡ ᠴᠡᠩᠭᠡᠷ᠂ ᠰᠢᠷ᠎ᠠ ᠦᠡᠭᠭᠡ ᠪᠠᠷ ᠭᠤᠤᠯᠳᠠᠵᠦ᠂ ᠡᠨᠡ ᠨᠢ ᠡᠷᠬᠢᠮ ᠲᠡᠭᠡᠳᠦ᠂ ᠡᠭᠡᠯ ᠬᠠᠷᠠᠴᠤ ᠶᠢᠨ ᠢᠯᠭᠠᠭ᠎ᠠ ᠲᠠᠢ ᠪᠠᠷ ᠪᠠᠷᠠᠬᠤ ᠦᠭᠡᠢ ᠪᠠᠰᠠ ᠮᠤᠩᠭᠤᠯᠴᠤᠳ ᠤᠨ ᠱᠠᠰᠢᠨ ᠰᠢᠳᠦᠯᠭᠡ᠂ ᠡᠬᠡ ᠪᠠᠶᠢᠭᠠᠯᠢ ᠪᠠᠨ ᠬᠠᠶᠢᠷᠠᠯᠠᠬᠤ ᠰᠠᠨᠠᠭ᠎ᠠ ᠲᠦᠷᠬᠦ ᠶᠢ ᠢᠯᠡᠷᠡᠬᠦᠯᠦᠨ ᠵᠢᠷᠤᠬ ᠲᠦᠷᠰᠦ ᠲᠠᠢ ᠪᠠᠨ ᠵᠤᠬᠢᠴᠠᠨ ᠰᠠᠨᠠᠭ᠎ᠠ ᠠᠬᠤᠢ ᠨᠡᠩ ᠬᠦᠨ ᠬᠦᠨᠵᠡᠭᠡᠢ ᠪᠤᠯᠳᠠᠬ ᠪᠠᠶᠢᠨ᠎ᠠ᠃ ᠬᠡᠯᠪᠡᠷᠢ ᠲᠦᠷᠰᠦ ᠶᠢᠨ ᠲᠠᠯ᠎ᠠ ᠪᠠᠷ ᠨᠡᠬᠦᠳᠡᠯ ᠮᠠᠯᠵᠢᠯ ᠦᠢᠯᠡᠳᠪᠦᠷᠢᠯᠡᠯ ᠪᠠ ᠮᠤᠩᠭᠤᠯ ᠭᠡᠷ ᠤᠨ ᠤᠨᠴᠠᠯᠢᠬ ᠲᠤ ᠵᠤᠬᠢᠴᠠᠭᠤᠯᠵᠦ᠂ ᠨᠡᠬᠦᠳᠡᠯᠯᠡᠵᠦ ᠠᠴᠢᠶᠠᠯᠠᠬᠤ ᠳᠤ ᠲᠦᠭᠦᠮ᠂ ᠰᠠᠯᠭᠠᠵᠦ ᠤᠬᠰᠠᠷᠠᠬᠤ ᠳᠤ ᠠᠮᠠᠷᠬᠠᠨ ᠪᠤᠶᠤ ᠪᠠᠭ᠎ᠠ ᠬᠡᠯᠪᠡᠷᠢ ᠶᠢᠨ ᠭᠡᠷ ᠤᠨ ᠬᠡᠷᠡᠭᠰᠡᠯ ᠤᠯᠠᠩᠬᠢ ᠶᠢ ᠡᠵᠡᠯᠡᠵᠦ᠂ ᠪᠠᠰᠠ ᠵᠠᠷᠢᠮ ᠨᠢ ᠵᠦᠭᠡᠭᠡᠵᠦ ᠰᠢᠯᠵᠢᠬᠦᠯᠬᠦ ᠳᠤ ᠪᠠᠯᠪᠠᠷᠠᠬᠤ  ᠠᠴᠠ ᠰᠡᠷᠭᠡᠶᠢᠯᠡᠵᠦ ᠠᠷᠠᠰᠤ ᠰᠢᠷᠢ ᠪᠠᠷ ᠭᠠᠳᠠᠷᠯᠠᠬᠤ ᠪᠤᠶᠤ ᠦᠳᠡᠭᠰᠡᠨ ᠪᠠᠶᠢᠳᠠᠬ᠃ ᠵᠢᠷᠤᠬ ᠲᠦᠷᠰᠦ ᠶᠢᠨ ᠲᠠᠯ᠎ᠠ  ᠪᠠᠷ ᠢᠮᠠᠭ᠎ᠠ ᠬᠤᠨᠢ᠂ ᠠᠳᠤᠭᠤ ᠦᠭᠡᠷ ᠵᠡᠷᠭᠡ ᠲᠠᠪᠤᠨ ᠬᠤᠰᠢᠭᠤ ᠮᠠᠯ ᠵᠢᠴᠢ ᠪᠤᠭᠤ᠂ ᠯᠤᠤ᠂ ᠭᠠᠷᠤᠳᠢ᠂ ᠵᠠᠭᠠᠨ᠂ ᠲᠤᠭᠤᠷᠤᠤ ᠵᠡᠷᠭᠡ ᠮᠤᠩᠭᠤᠯᠴᠤᠳ ᠤᠨ ᠠᠮᠢᠳᠤᠷᠠᠯ ᠦᠢᠯᠡᠳᠪᠦᠷᠢᠯᠡᠯ ᠪᠠ ᠱᠠᠰᠢᠨ ᠰᠢᠳᠤᠯᠭᠡ ᠳᠤ ᠬᠤᠯᠪᠤᠬᠳᠠᠳᠠᠬ ᠠᠮᠢᠳᠠᠨ ᠤ ᠵᠢᠷᠤᠬ ᠢᠶᠠᠷ ᠭᠤᠤᠯᠳᠠᠵᠦ᠂ ᠮᠤᠭᠠᠢ᠂ ᠬᠤᠯᠤᠭᠠᠨ᠎ᠠ ᠵᠡᠷᠭᠡ ᠠᠷᠪᠠᠨ ᠬᠤᠶᠠᠷ ᠵᠢᠯ ᠤᠨ ᠠᠮᠢᠳᠠᠨ ᠤ ᠵᠢᠷᠤᠬ ᠲᠦᠷᠰᠦ ᠴᠦ ᠨᠡᠯᠢᠶᠡᠳ ᠬᠡᠷᠡᠭᠯᠡᠭᠳᠡᠳᠡᠭ ᠠᠵᠢ᠃ ᠬᠡ ᠤᠭᠠᠯᠵᠠ ᠶᠢᠨ ᠲᠠᠯ᠎ᠠ ᠪᠠᠷ ᠪᠠᠳᠮ᠎ᠠ ᠬᠡ᠂ ᠡᠪᠡᠰᠤᠨ ᠬᠡ᠂ ᠠᠯᠤᠬᠠᠨ ᠬᠡ᠂ ᠲᠦᠮᠡᠨ ᠬᠡ᠂ ᠡᠬᠦᠯᠡᠨ ᠬᠡ᠂ ᠤᠰᠤᠨ ᠭᠡ᠂ ᠬᠠᠮᠠᠷ ᠬᠡ᠂ ᠡᠷᠪᠡᠬᠡᠢ ᠬᠡ᠂ ᠡᠪᠡᠷ ᠬᠡ ᠵᠡᠷᠭᠡ ᠪᠠᠷ ᠭᠤᠤᠯᠯᠠᠵᠦ᠂ ᠤᠷᠳᠤ ᠨᠠᠰᠤᠯᠠᠵᠦ ᠤᠳᠠᠭᠠᠨ ᠵᠢᠷᠭᠠᠬᠤ ᠶᠢ ᠵᠦᠡᠭᠨᠡᠡ ᠪᠡᠯᠭᠡᠳᠡᠭᠰᠡᠨ ᠪᠠ ᠱᠠᠰᠢᠨ ᠰᠢᠳᠤᠭᠡᠨ ᠤ ᠤᠳᠬ᠎ᠠ ᠠᠭᠤᠯᠭ᠎ᠠ ᠶᠢ ᠢᠯᠡᠷᠡᠬᠦᠯᠳᠡᠭ ᠪᠠᠶᠢᠨ᠎ᠠ᠃       ᠨᠡᠶᠢᠬᠡᠮ ᠤᠨ ᠬᠦᠭᠵᠢᠯᠳᠡ ᠶᠢ ᠲᠠᠭᠠᠯᠳᠤᠨ ᠬᠠᠭᠤᠴᠢᠨ ᠤ ᠮᠤᠳᠤᠨ ᠡᠳ᠋ᠯᠡᠯ ᠬᠡᠷᠡᠭᠰᠡᠯ ᠬᠠᠶᠠᠬᠳᠠᠵᠦ ᠪᠠᠶᠢᠨ᠎ᠠ᠃ ᠪᠢᠳᠠ ᠬᠠᠭᠤᠴᠢᠨ ᠤ ᠡᠳ᠋ᠯᠡᠯ ᠬᠡᠷᠡᠭᠰᠡᠯ ᠢᠶᠠᠨ ᠨᠡᠶᠢᠬᠡᠮ ᠠᠴᠠ ᠬᠤᠵᠢᠬᠳᠠᠯ᠎ᠠ ᠬᠡᠵᠦ ᠬᠠᠶᠠᠭᠠᠨ ᠳᠤᠨᠢ ᠬᠠᠶᠠᠬᠤ ᠪᠤᠶᠤ ᠡᠪᠳᠡᠯᠠᠵᠦ ᠲᠦᠯᠡᠰᠢ ᠪᠤᠯᠭᠠᠬᠤ᠂ ᠭᠠᠳᠠᠬᠰᠢ ᠬᠤᠳᠠᠯᠳᠤᠬᠤ ᠪᠤᠯᠤᠬᠰᠠᠨ ᠢ ᠪᠠᠶᠢᠡᠭᠭᠤ ᠤᠯᠵᠦ ᠬᠠᠷᠠᠬᠤ ᠪᠤᠯᠵᠠᠢ᠃ ᠡᠨᠡ ᠤᠳᠠᠭᠠᠨ ᠤ ᠠᠯᠠᠱᠠ ᠮᠦᠽᠸᠢ ᠶᠢᠨ ᠠᠯᠠᠱᠠ ᠬᠤᠱᠤᠳ ᠤᠨ ᠭᠡᠷ ᠤᠨ ᠡᠳ᠋ᠯᠡᠯ ᠭᠡᠷᠡᠭᠰᠡᠯ ᠤᠨ ᠲᠡᠯᠭᠡᠨ ᠦᠵᠡᠬᠦᠯᠦᠯᠭᠡ ᠨᠢ ᠬᠦᠮᠦᠰ ᠲᠤ ᠶᠠᠭᠤ ᠨᠢᠭᠡ ᠶᠢ ᠤᠬᠠᠭᠠᠷᠠᠭᠤᠯᠤᠬᠰᠠᠨ ᠨᠢ ᠲᠠᠮᠵᠢᠬ ᠦᠭᠡᠢ᠃ ᠮᠦᠨᠴᠤ ᠬᠠᠭᠤᠴᠢᠨ ᠤ ᠡᠳ᠋ᠯᠡᠯ ᠬᠡᠷᠡᠭᠰᠡᠯ ᠢ ᠳᠡᠯᠭᠡᠨ ᠦᠵᠡᠭᠦᠯᠬᠦ ᠪᠠᠷ ᠳᠠᠮᠵᠢᠭᠤᠯᠤᠨ ᠲᠡᠬᠦᠨ ᠢᠶᠠᠨ ᠬᠠᠮᠠᠭᠠᠯᠠᠨ ᠤᠯᠠᠮᠵᠢᠯᠠᠵᠦ᠂ ᠬᠤᠶᠢᠰᠢᠳᠠ ᠶᠢᠨ ᠦᠨᠳᠦᠰᠦᠳᠡᠨ ᠤ ᠲᠡᠤᠬᠡ ᠰᠤᠶᠤᠯ ᠤᠨ ᠰᠤᠳᠤᠯᠭᠠᠨ ᠳᠤ ᠦᠨᠡᠳᠦ ᠪᠠᠷᠢᠮᠳᠠ ᠬᠠᠨᠭ᠍ᠭᠠᠵᠦ᠂ ᠲᠡᠤᠬᠡ ᠰᠤᠶᠤᠯ ᠢᠶᠠᠨ ᠮᠦᠬᠦᠰᠢ ᠦᠭᠡᠢ ᠵᠠᠯᠭᠠᠮᠵᠢᠯᠠᠨ ᠶᠠᠪᠤᠬᠤ ᠶᠢ ᠠᠩᠬᠠᠷᠤᠭᠤᠰᠢᠳᠠᠢ ᠪᠠᠶᠢᠨ᠎ᠠ᠃                                                      ︵ᠵᠣᠬᠢᠶᠠᠭᠴᠢ᠄  ᠴ᠊ · ᠰᠤᠳᠤᠠ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号