ᠶᠢᠰᠦᠳᠤᠭᠡᠷ ᠰᠠᠷ᠎ᠠ ᠶᠢᠨ ᠪᠤᠷᠤᠭᠠᠠ
ᠨᠡᠶᠢᠲᠡᠯᠡᠭᠰᠡᠨ ᠴᠠᠭ᠄
2020/4/8
ᠶᠢᠷᠳᠢᠨᠴᠦ ᠶᠢᠨ ᠴᠠᠩᠭᠠᠭ᠎ᠠ ᠲᠠᠶᠢᠯᠵᠦ ᠶᠢᠰᠦᠳᠤᠭᠡᠷ ᠰᠠᠷ᠎ᠠ ᠶᠢᠨ ᠪᠤᠷᠤᠭᠠᠠ ᠮᠦᠷᠦᠭᠡᠳᠦᠯ ᠰᠢᠭ ᠵᠦᠰᠡᠷᠡᠨ᠎ᠡ ᠢᠨᠠᠭ ᠤᠨ ᠵᠦᠭᠡᠯᠡᠡ ᠶᠠᠷᠢᠶ᠎ᠡ ᠰᠢᠬ ᠶᠢᠰᠦᠳᠦᠭᠡᠷ ᠰᠠᠷ᠎ᠠ ᠶᠢᠨ ᠪᠤᠷᠤᠭᠠᠠ ᠦᠯᠢᠭᠡᠷ ᠮᠡᠳᠣ ᠰᠢᠪᠡᠷᠡᠨ᠎ᠡ ᠭᠤᠳᠤᠮᠵᠢ ᠪᠠᠷ ᠪᠢ ᠠᠯᠭᠤᠷᠬᠠᠠ ᠠᠯᠬᠤᠨ᠎ᠠ ᠭᠤᠨᠢᠭ ᠢ ᠮᠢᠨᠢ ᠤᠭᠢᠶᠠᠵᠦ ᠶᠢᠰᠦᠳᠦᠭᠡᠷ ᠰᠠᠷ᠎ᠠ ᠶᠢᠨ ᠪᠤᠷᠤᠭᠠᠠ ᠢᠨᠢᠶᠠᠮᠰᠦᠭᠯᠡᠭᠰᠡᠡ ᠬᠤᠩᠭᠤᠷ ᠤᠨ ᠮᠢᠨᠢ ᠰᠤᠯᠠ ᠭᠡᠵᠢᠭᠡ ᠰᠢᠭ ᠠᠰᠬᠠᠷᠠᠨ᠎ᠠ ᠴᠢ ᠪᠢᠳᠡᠡ ᠬᠤᠶᠠᠷ ᠤᠨ ᠲᠤᠮᠳᠠᠭᠤᠷ ᠲᠡᠭᠷᠢ ᠶᠢᠨ ᠰᠦ ᠢᠪᠢᠯᠦᠨ᠎ᠡ ᠴᠡᠩᠭᠡᠷ ᠵᠠᠮ ᠲᠠᠳᠠᠭᠤᠯᠤᠨ ᠤᠬᠢᠯᠠᠭᠰᠠᠠ ᠴᠤᠩᠬᠤᠨ ᠤ ᠴᠠᠭᠠᠨ᠎ᠠ ᠠᠴᠠ ᠴᠡᠴᠡᠭ ᠰᠠᠯᠬᠢᠨ᠎ᠠ ᠭᠠᠩᠬᠤᠬᠤ ᠮᠡᠳᠣ ᠴᠢ ᠬᠦᠭᠡᠷᠦᠬᠦᠨ ᠭᠡᠭᠴᠢ ᠨᠢ ᠲᠠᠯᠠᠯᠤᠨ᠎ᠠ ᠴᠡᠯ ᠶᠠᠭᠠᠠ ᠬᠦᠰᠢᠭᠡ ᠴᠢᠨᠢ ᠴᠢᠨᠦ ᠪᠠᠩᠵᠠᠯ ᠮᠡᠳᠣ ᠲᠡᠷᠪᠡᠯᠵᠡᠨ᠎ᠡ ᠭᠤᠳᠤᠮᠵᠢ ᠪᠠᠷ ᠪᠢ ᠶᠠᠭᠠᠷᠠᠪᠴᠢᠯᠠᠠ ᠠᠯᠬᠤᠯᠠᠨ᠎ᠠ ᠰᠢᠭᠤᠳ ᠯᠠ ᠪᠢ ᠵᠢᠷᠦᠬᠡ ᠤᠷᠤᠭᠤ ᠴᠢᠨᠢ ᠤᠴᠢᠨ᠎ᠠ ᠱᠠᠯ ᠨᠤᠷᠤᠭᠰᠠᠠ ᠮᠤᠳᠤᠳ ᠤᠨ ᠨᠠᠪᠴᠢᠨ ᠲᠡᠭᠡᠷ᠎ᠡ ᠭᠠᠷ ᠤᠳᠠᠰᠣᠨ ᠤ ᠴᠢᠨᠢ ᠵᠠᠬᠢᠶ᠎ᠠ ᠨᠢᠯᠪᠤᠰᠤ ᠮᠡᠳᠣ ᠮᠡᠯᠳᠡᠷᠡᠨ᠎ᠡ ᠦᠨᠦᠰᠥᠭᠦᠯᠵᠢᠨ ᠭᠤᠸ᠎ᠠ ᠲᠤᠭᠳᠤᠯᠤᠯ ᠮᠢᠨᠢ ᠰᠡᠷᠡᠯ ᠤᠨ ᠬᠠᠭᠠᠯᠭ᠎ᠠ ᠶᠢ ᠴᠢᠨᠢ ᠲᠤᠭᠰᠢᠨ᠎ᠠ ᠬᠦᠯᠢᠶᠡᠵᠦ ᠶᠠᠳᠠᠭᠰᠠᠠ ᠦᠭᠡ ᠨᠦᠭᠦᠳ ᠮᠢᠨᠢ ᠰᠡᠳᠬᠢᠯ ᠤᠨ ᠴᠢᠨᠢ ᠴᠤᠩᠬᠤ ᠤᠷᠤᠭᠤ ᠦᠰᠦᠷᠦᠨ᠎ᠡ ᠶᠠᠪᠤᠭᠠᠳ ᠶᠠᠪᠤᠭᠠᠳ ᠪᠠᠷᠠᠭᠳᠠᠳᠠᠭ ᠦᠭᠡᠢ ᠶᠠᠮᠠᠷ ᠤᠷᠳᠤ ᠭᠤᠳᠤᠮᠵᠢ ᠪᠤᠢ ᠱᠠᠷᠭᠢᠭᠠᠳ ᠱᠠᠷᠭᠢᠭᠠᠳ ᠪᠠᠷᠠᠭᠳᠠᠳᠠᠭ ᠦᠭᠡᠢ ᠶᠠᠮᠠᠷ ᠶᠡᠭᠡ ᠪᠤᠷᠤᠭᠠᠨ ᠪᠤᠢ ᠨᠠᠮᠠᠢᠢ ᠲᠠᠪᠡᠷᠢᠵᠦ ᠪᠠᠶᠢᠨ᠎ᠠ ᠭᠡᠵᠤ ᠪᠤᠳᠤᠭᠠᠳ ᠦᠪᠡᠷ ᠢ ᠪᠠᠨ ᠴᠢᠩᠭᠠᠬᠠᠠ ᠲᠡᠪᠡᠷᠢᠵᠦ ᠲᠠᠶᠢᠪᠤᠰᠢᠷᠠᠭᠠᠷᠠᠢ︕ ᠢᠯᠳᠠᠮᠬᠠᠠ ᠴᠢᠮᠠᠢᠢ ᠪᠠᠨ ᠪᠤᠳᠤᠭᠠᠳ ᠯᠠ᠂ ᠪᠤᠳᠤᠭᠠᠳ ᠯᠠ ᠠᠯᠬᠤᠭᠠᠳ ᠪᠠᠶᠢᠮᠠᠷ ᠪᠠᠶᠢᠨ᠎ᠠ ᠶᠢᠰᠦᠳᠦᠭᠡᠷ ᠰᠠᠷ᠎ᠠ ᠶᠢᠨ ᠪᠤᠷᠤᠭᠠᠠ ᠳᠤ ᠲᠡᠪᠳᠦᠭᠡᠳ ᠯᠠ᠂ ᠲᠡᠪᠳᠦᠭᠡᠳ ᠯᠠ ᠶᠠᠪᠤᠭᠠᠳ ᠪᠠᠶᠢᠮᠠᠷ ᠪᠠᠶᠢᠨ᠎ᠠ ᠶᠢᠰᠦᠳᠤᠭᠡᠷ ᠰᠠᠷ᠎ᠠ ᠶᠢᠨ ᠪᠤᠷᠤᠭᠠᠠ ᠁ᠶᠡᠭᠡ ᠬᠠᠶᠢᠷ᠎ᠠ ᠶᠢᠨ ᠪᠤᠷᠤᠭᠠᠠ ᠁ 2010 ᠤᠨ ᠤ 9 ᠰᠠᠷ᠎ᠠ ᠶᠢᠨ ᠡᠬᠢ ᠪᠠᠷ ᠡᠬᠢᠯᠡᠬᠦᠯᠵᠦ᠂ 2013 ᠤᠨ ᠤ 2 ᠰᠠᠷ᠎ᠠ ᠶᠢᠨ ᠡᠬᠢ ᠪᠠᠷ ᠲᠠᠭᠤᠰᠬᠠᠪᠠ᠃                                                           (ᠵᠣᠬᠢᠶᠠᠭᠴᠢ᠄ ᠪᠤᠶᠠᠨᠪᠠᠳᠣ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号