ᠡ᠊ᠡᠭᠭᠡᠷᠡᠤᠰᠤ ᠨᠡᠬᠦᠴᠢᠭᠡᠵᠡᠢ
ᠨᠡᠶᠢᠲᠡᠯᠡᠭᠰᠡᠨ ᠴᠠᠭ᠄
2020/3/31
ᠬᠤᠷᠢᠭᠠᠳ ᠵᠢᠯ ᠤᠨ ᠡᠮᠤᠨ᠎ᠠᠬᠢᠯᠢ ᠶᠢᠨ ᠴᠠᠬᠳᠠᠭ᠎ᠠ ᠪᠠᠶᠢᠬᠤ ᠳᠠᠭᠠᠨᠬᠠᠶᠠ ᠤᠴᠢᠬᠤ ᠳᠤ ᠮᠢᠨᠢᠬᠥᠷ ᠬᠥᠭᠵᠢᠶᠡᠨ ᠢᠶᠠᠷ ᠤᠬᠳᠤᠳᠠᠬᠬᠥᠯᠭᠡᠨ ᠶᠡᠭᠡ ᠭᠤᠪᠢ ᠶᠢᠨ ᠡ᠊ᠡᠭᠭᠡᠷᠡᠤᠰᠤ ᠶᠢᠨᠬᠥᠮᠤᠨ ᠠᠷᠠᠳ ᠨᠢ ᠨᠡᠬᠦᠴᠢᠭᠡᠵᠡᠢ᠂ᠬᠥᠳᠡᠭᠡ ᠠᠴᠠ ᠬᠤᠳᠠ ᠵᠥᠭ ᠨᠡᠬᠦᠴᠢᠭᠡᠵᠡᠢ᠂ᠬᠠᠨ ᠬᠠᠷᠭᠠᠢ ᠰᠢᠬ ᠪᠤᠭᠤᠷᠤᠯ ᠤᠳ ᠨᠢ ᠬᠠᠳᠠᠨ ᠭᠡᠷ ᠲᠡᠭᠡᠨ ᠨᠡᠬᠦᠴᠢᠭᠡᠵᠡᠢ᠂ᠬᠠᠭᠤᠴᠢᠨ ᠪᠠᠭᠤᠴᠠ ᠨᠢ ᠬᠠᠷᠠᠯᠠᠭᠠᠳᠬᠠᠮᠢᠭ᠎ᠠ ᠶᠠᠪᠤᠭᠰᠠᠨ ᠨᠢ ᠮᠡᠳᠡᠭᠳᠡᠬᠦ ᠥᠭᠡᠢ ᠨᠡᠬᠦᠴᠢᠭᠡᠵᠡᠢ ᠁ᠪᠡᠯᠴᠢᠭᠡᠷ ᠲᠥᠬᠦᠷᠡᠩᠪᠠᠭ᠋ᠠᠷᠬᠠᠯ ᠢ ᠲᠠᠳᠠᠳᠠᠬᠲᠥᠨᠳᠦ᠋ᠢᠵᠤ ᠪᠠᠨᠳᠠᠶᠢᠳᠠᠬ ᠴᠢᠯᠠᠭᠤᠳ ᠨᠢᠲᠡᠯᠡᠭᠡᠢ ᠲᠤᠭᠤᠷᠢᠨ ᠨᠡᠬᠦᠴᠢᠭᠡᠵᠡᠢ᠂ᠮᠠᠨᠤᠨ ᠴᠢᠯᠠᠭᠤᠳ ᠢᠶᠠᠷ ᠬᠠᠰᠢᠵᠤ ᠪᠠᠷᠢᠭᠰᠠᠨᠮᠠᠯ ᠤᠨ ᠬᠠᠰᠢᠶ᠎ᠠ ᠬᠤᠷᠤᠭ᠎ᠠ ᠨᠢ ᠠᠯᠢ ᠭᠠᠯᠪᠠ ᠳᠤ ᠪᠠᠶᠢᠭᠰᠠᠨ ᠪᠤᠢ ᠭᠡᠮᠡᠷᠤᠷᠤ ᠪᠠᠷ᠎ᠠ ᠥᠭᠡᠢ ᠨᠡᠬᠦᠴᠢᠭᠡᠵᠡᠢ ᠁ᠤᠬ ᠤᠷᠤᠨ ᠳᠤᠨᠢᠤᠯᠠᠭᠠᠨ ᠬᠤᠮᠠᠬ ᠪᠤᠰᠴᠤᠲᠡᠷᠭᠡᠳᠡᠬᠦᠷ ᠨᠢ ᠬᠠᠷᠢᠨᠲᠡᠷᠭᠡ ᠮᠤᠲ᠋ᠤᠷ ᠲᠠᠢ ᠮᠠᠯᠳᠠᠭᠤᠷᠴᠢᠳ ᠲᠥᠬᠦᠷᠴᠢᠭᠡᠵᠡᠢ︕ᠲᠡᠮᠡᠭᠡ ᠪᠠᠷ ᠢᠶᠠᠨ ᠪᠠᠭ᠋ᠠᠷᠬᠠᠳᠠᠬᠪᠡᠯᠴᠢᠭᠡᠷ ᠨᠤᠳᠤᠬ ᠨᠢ ᠬᠤᠪᠢᠷᠠᠴᠢᠬᠠᠵᠡᠢ᠂ᠲᠡᠨᠢᠭᠡᠷ ᠠᠭᠤᠳᠠᠮ ᠭᠤᠪᠢ ᠨᠢ ᠪᠠᠶᠢᠭᠠᠯᠢ ᠤᠷᠴᠢᠨ ᠲᠠᠢ ᠪᠠᠨ ᠬᠤᠪᠢᠷᠠᠴᠢᠬᠠᠵᠡᠢ︕ᠵᠥᠷᠢᠭᠡᠳ ᠭᠠᠷᠬᠤ ᠳᠤ ᠮᠡᠨᠳᠤ ᠲᠠᠢ ᠲᠤᠭᠤᠷᠢᠭᠠᠳ ᠤᠴᠢᠬᠤ ᠳᠤ ᠬᠥᠨᠳᠤ ᠲᠠᠢ ᠭᠡᠷ ᠤᠨ ᠬᠢᠨᠢ ᠡᠬᠦᠳᠡ ᠨᠢ ᠤᠨᠢᠰᠤ ᠥᠭᠡᠢᠴᠠᠶᠢᠯᠭᠠᠨ ᠠᠷᠠᠨᠰᠢᠨ ᠨᠢ ᠨᠡᠬᠦᠴᠢᠭᠡᠵᠡᠢ᠂︽ᠬᠤᠷᠳᠤᠨ ᠴᠠᠰᠢ ᠪᠠᠨ ᠶᠠᠪᠤᠡᠰᠡᠪᠡᠯ ᠭᠡᠳᠤᠨ ᠮᠥᠡᠭᠬᠦ ᠪᠠᠨ ᠲᠤᠭᠠᠯᠠᠴᠢᠬᠠᠭᠠᠳ ᠭᠤᠷᠪᠠ ᠲᠠᠪᠤᠨ ᠬᠤᠨᠤᠬᠡᠷᠢᠵᠤ ᠮᠠᠯᠳᠠᠵᠤ ᠪᠤᠯᠤᠨ᠎ᠠ︾ ᠭᠡᠵᠤᠬᠥᠷᠥᠩᠭᠡ ᠮᠠᠶᠢᠮᠠᠢ ᠱᠥᠭᠯᠥᠭᠰᠡᠨᠬᠥᠯᠳᠡᠬᠦᠤ ᠴᠢᠷᠠᠶᠢᠯᠠᠭᠠᠳ ᠶᠡᠷᠬᠢᠭᠰᠡᠨᠬᠥᠢᠳᠡᠨ ᠬᠠᠯᠠᠭᠤᠨ ᠨᠢ ᠢᠯᠭᠠᠷᠠᠬᠤ ᠥᠭᠡᠢ ᠬᠥᠨᠳᠡᠢ ᠭᠤᠤᠯ ᠤᠳ ᠪᠤᠯᠴᠢᠬᠠᠵᠡᠢ ᠁ᠬᠠᠶᠠ ᠨᠢᠭᠡ ᠡᠷᠬᠢᠴᠡᠳᠡᠭᠴᠢᠯᠠᠭᠤᠨ ᠮᠠᠶᠢᠮᠠᠶᠢᠴᠢᠳ ᠰᠢᠬ ᠢᠶᠠᠨ ᠬᠠᠷᠠᠩᠭᠤᠢ ᠰᠢᠭᠤᠷᠭᠠᠨ ᠳᠤ ᠬᠠᠮᠤᠬᠳᠠᠨᠬᠤᠳᠠ ᠤᠷᠤᠭᠤ ᠨᠡᠬᠦᠴᠢᠭᠡᠭᠰᠡᠨ ᠶᠤᠮ ᠪᠢᠵᠠ⁈ᠡᠨᠡ ᠬᠤᠷᠸ᠎ᠠ ᠶᠢᠨ ᠵᠠᠶ ᠳᠤ ᠡ᠊ᠡᠭᠭᠡᠷᠡᠤᠰᠤ ᠨᠡᠬᠦᠴᠢᠭᠡᠵᠡᠢᠡᠷᠢᠭᠡᠳ ᠤᠯᠳᠠᠬᠤ ᠥᠭᠡᠢᠡᠴᠢᠨ᠎ᠠ ᠲᠠᠯᠳᠠ ᠨᠡᠬᠦᠴᠢᠭᠡᠵᠡᠢ︕                                      (ᠵᠣᠬᠢᠶᠠᠭᠴᠢ᠄ ᠰᠡᠷᠬᠦᠯᠡᠩᠪᠠᠳᠤ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号