ᠲᠡᠪᠡᠯ ᠲᠠᠢ ᠲᠡᠯᠡᠬᠡᠢ
ᠨᠡᠶᠢᠲᠡᠯᠡᠭᠰᠡᠨ ᠴᠠᠭ᠄
2020/3/13
ᠬᠠᠲᠠᠨ ᠵᠢᠷᠤᠭ ᠤᠨ ᠲᠣᠳᠣᠷ᠎ᠠ ᠲᠡᠷᠯᠢᠭ ᠢᠶᠠᠨ ᠪᠦᠰᠡᠯᠡᠭᠰᠡᠨ ᠦᠬᠢᠨ ᠶᠠᠪᠣᠵᠣ ᠪᠠᠶᠢᠨ᠎ᠠ ᠪᠦᠰᠡ ᠶᠢ ᠨᠢ ᠲᠠᠶᠢᠯᠣᠭᠠᠳ ᠪᠦᠰᠡᠭᠦᠢ ᠪᠠᠨ ᠪᠣᠯᠭᠠᠴᠢᠬᠠᠶ᠎ᠠ ᠭᠡᠵᠣ ᠲᠦᠷᠬᠦᠮ ᠮᠡᠲᠦ ᠬᠠᠳᠡᠨ ᠳᠤᠨᠢ ᠬᠠᠳᠠᠭ ᠲᠠᠯᠪᠢᠵᠣ ᠦᠵᠡᠯ᠎ᠡ ᠭᠠᠩᠭᠠᠩ ᠲᠡᠯᠡᠬᠡᠢ ᠶᠢᠨ ᠮᠠᠩᠨᠠᠢ ᠨᠢᠬᠠᠯᠴᠠᠷᠠᠴᠢᠬᠠᠳᠠᠭ ᠭᠡᠵᠣ ᠨᠠᠮᠠᠢᠢ ᠪᠣᠴᠠᠭᠠᠭᠰᠠᠨ ᠣᠯᠠᠨ ᠵᠢᠯ ᠤᠨ ᠲᠠᠷᠠᠭ᠎ᠠ ᠲᠠᠬᠢᠭᠠᠳ ᠪᠢ ᠣᠴᠢᠭᠰᠠᠨᠬᠠᠭᠤᠷᠠᠢ ᠨᠢᠯᠪᠣᠰᠣ ᠲᠠᠢ ᠭᠠᠵᠠᠷ ᠤᠨ ᠰᠢᠷᠬ᠎ᠠ ᠠᠯᠮᠠᠶᠢᠷᠠᠵᠣ ᠣᠭᠲᠣᠪᠠ ᠮᠦᠩᠭᠦᠨ ᠵᠠᠯᠠᠭ᠎ᠠ ᠲᠠᠢ ᠮᠠᠯᠠᠭᠠᠢ ᠪᠠᠨ ᠠᠪᠴᠣᠲᠠᠯᠪᠢᠭᠠᠳ ᠪᠢ ᠶᠠᠪᠣᠭᠰᠠᠨ ᠰᠡᠭᠦᠯᠡᠷ ᠨᠢ ᠲᠡᠷᠡ ᠮᠠᠯᠠᠭᠠᠢ ᠰᠦᠮᠪᠦᠷ ᠴᠠᠭᠠᠨ ᠠᠭᠤᠯᠠ ᠪᠣᠯᠣᠭᠰᠠᠨ ᠭᠡᠳᠡᠭ ᠪᠣᠵᠢᠬᠢᠨᠠᠭᠰᠠᠨ ᠣᠯᠠᠨ ᠨᠠᠭᠠᠳᠣᠮᠴᠢᠳ ᠤᠨ ᠲᠣᠳᠣᠷ᠎ᠠ ᠠᠴᠠ ᠲᠣᠭᠤᠷᠴᠤᠭ ᠮᠠᠯᠠᠭᠠᠢ ᠲᠠᠢ ᠡᠭᠡᠴᠢ ᠮᠢᠨᠢ ᠯᠠ ᠲᠤᠷᠮᠦ᠋ᠢᠵᠤ ᠬᠠᠷᠠᠭᠳᠠᠨ᠎ᠠ ᠲᠣᠭᠤᠷᠴᠤᠭ ᠤᠨ ᠬᠢᠨᠢ ᠣᠷᠣᠢ ᠳᠤ ᠲᠣᠭᠤᠰ ᠤᠨ ᠦᠳᠦ ᠬᠠᠳᠬᠤᠵᠣ ᠭᠠᠩᠭᠠᠯᠠᠶ᠎ᠠ ᠭᠡᠵᠣ ᠬᠠᠨᠢ ᠮᠡᠲᠦ ᠣᠢ ᠬᠦᠪᠴᠢ ᠠᠴᠠ ᠨᠢ ᠲᠠᠯ᠎ᠠ ᠵᠠᠰᠠᠵᠣ ᠠᠰᠠᠭᠤᠯ᠎ᠠ ᠴᠡᠯ ᠵᠠᠯᠠᠭᠤᠬᠠᠨ ᠲᠡᠯᠡᠬᠡᠢ ᠶᠢᠨ ᠵᠢᠷᠦᠬᠡ ᠨᠢᠡᠮᠲᠡᠷᠡᠴᠢᠬᠡᠳᠡᠭ ᠭᠡᠵᠣ ᠨᠠᠮᠠᠢᠢ ᠪᠣᠴᠠᠭᠠᠭᠰᠠᠨᠣᠯᠠᠨ ᠵᠢᠯ ᠤᠨ ᠲᠠᠷᠠᠭ᠎ᠠ ᠲᠠᠬᠢᠭᠠᠳ ᠪᠢ ᠣᠴᠢᠭᠰᠠᠨ ᠠᠨᠢᠷᠲᠠᠬᠤ ᠶᠠᠭᠤᠮ᠎ᠠ ᠦᠭᠡᠢ ᠪᠦᠬᠦᠭᠰᠡᠨ ᠣᠢ ᠮᠠᠯᠮᠠᠷᠡᠵᠣ ᠤᠭᠳᠤᠪᠠ ᠮᠢᠨᠳᠠᠰᠣᠨ ᠲᠣᠷᠭᠠᠨ ᠪᠦᠰᠡ ᠪᠠᠨ ᠲᠡᠯᠭᠡᠵᠣ ᠲᠠᠯᠪᠢᠭᠠᠳ ᠪᠢ ᠶᠠᠪᠣᠭᠰᠠᠨ ᠰᠡᠭᠦᠯᠡᠷ ᠨᠢ ᠲᠡᠷᠡ ᠪᠦᠰᠡ ᠦᠷᠭᠡᠨ ᠴᠡᠩᠬᠡᠷ ᠮᠦᠷᠡᠨ ᠪᠣᠯᠣᠭᠰᠠᠨ ᠭᠡᠳᠡᠭ ᠬᠡᠳᠦᠨ ᠮᠠᠭᠤ ᠭᠤᠳᠣᠷᠠᠩ ᠲᠠᠢ ᠪᠠᠨ ᠶᠠᠷᠢᠭᠰᠠᠭᠠᠷ ᠲᠠᠯᠢᠩᠪᠦᠨ ᠲᠡᠷᠯᠢᠭ ᠲᠠᠢ ᠡᠮᠡᠭᠡ ᠮᠢᠨᠢ ᠮᠠᠶᠢᠵᠢᠭᠢᠨᠠᠵᠣ ᠪᠠᠶᠢᠨ᠎ᠠ ᠨᠠᠷᠠᠨ ᠤ ᠪᠠᠭᠤᠴᠠ ᠬᠡᠮᠡᠷ ᠣᠩᠭᠤᠭᠰᠠᠨ ᠡᠩᠭᠡᠷ ᠲᠤᠨᠢ ᠨᠠᠷᠠᠲᠣ ᠶᠢᠨ ᠬᠠᠮᠤᠭ ᠭᠤᠶᠣ ᠴᠡᠴᠡᠭ ᠢ ᠵᠦᠢᠵᠣ ᠬᠡᠬᠡᠷᠡᠭᠦᠯᠦᠶ᠎ᠡ ᠭᠡᠵᠣ ᠠᠮᠠᠷᠠᠭ ᠮᠡᠲᠦ ᠡᠷᠪᠡᠬᠡᠢ ᠠᠴᠠ ᠨᠢ ᠵᠦᠪ ᠠᠰᠠᠭᠤᠵᠣ ᠦᠵᠡᠯ᠎ᠡ ᠬᠦᠪᠴᠢᠨ ᠲᠡᠯᠡᠬᠡᠢ ᠶᠢᠨ ᠰᠠᠨᠴᠢᠭ ᠨᠢ ᠪᠣᠭᠤᠷᠣᠯᠳᠣᠳᠠᠭ ᠭᠡᠵᠣ ᠨᠠᠮᠠᠢᠢ ᠪᠣᠴᠠᠭᠠᠭᠰᠠᠨ ᠣᠯᠠᠨ ᠵᠢᠯ ᠤᠨ ᠲᠠᠷᠠᠭ᠎ᠠ ᠠᠬᠢᠭᠠᠳ ᠪᠢ ᠣᠴᠢᠭᠰᠠᠨᠦᠷᠲᠥᠬᠦ ᠶᠠᠭᠤᠮ᠎ᠠ ᠦᠭᠡᠢ ᠨᠢᠴᠦᠭᠦᠨ ᠲᠣᠯᠣᠭᠠᠳᠭᠠᠩᠰᠠᠷᠠᠵᠣ ᠣᠭᠲᠤᠪᠠ ᠬᠤᠷᠠᠭᠠᠰᠬᠠᠨ ᠲᠡᠪᠡᠯ ᠢᠶᠠᠷ ᠢᠶᠠᠨ ᠬᠤᠴᠢᠵᠣ ᠲᠠᠯᠪᠢᠭᠠᠳ ᠪᠢ ᠶᠠᠪᠣᠭᠰᠠᠨ ᠬᠤᠵᠢᠮ ᠨᠢ ᠲᠡᠷᠡ ᠲᠡᠪᠡᠯ ᠨᠣᠮᠢᠨ ᠨᠣᠭᠤᠭᠠᠨ ᠲᠠᠯ᠎ᠠ ᠪᠣᠯᠣᠭᠰᠠᠨ ᠭᠡᠳᠡᠭ ᠣᠯᠠᠨ ᠣᠯᠠᠨ ᠵᠢᠯ ᠤᠨ ᠬᠤᠶᠢᠨ᠎ᠠ ᠪᠢ ᠪᠣᠷᠬᠠᠨ ᠠᠴᠠ ᠴᠢᠯᠦᠭᠡ ᠭᠤᠶᠣᠵᠣ ᠪᠦᠯᠢᠶᠡᠨ ᠰᠦ ᠨᠡᠭᠡᠭᠰᠡᠨ ᠦᠯᠦᠭᠡᠢ ᠲᠣᠳᠣᠷ᠎ᠠ ᠪᠠᠨ ᠴᠢᠷᠠᠯᠠᠵᠣ ᠰᠡᠷᠡᠬᠦ ᠳᠤ ᠠᠭᠤᠯᠠ ᠪᠠᠨ ᠲᠡᠷᠡᠯᠡᠵᠣ᠂ ᠲᠠᠯ᠎ᠠ ᠪᠠᠨ ᠲᠡᠪᠢᠰᠴᠣ ᠲᠡᠭᠷᠢ ᠪᠠᠨ ᠨᠦᠮᠦᠷᠴᠦ᠂ ᠭᠤᠣᠯ ᠮᠦᠷᠡᠨ ᠢᠶᠠᠨᠪᠦᠰᠡᠯᠡᠴᠢᠬᠡᠭᠰᠡᠨ ᠣᠨᠲᠠᠵᠣ ᠪᠠᠶᠢᠯ᠎ᠡ ᠲᠡᠷᠭᠡᠳᠡ ᠡᠵᠢ ᠮᠢᠨᠢ ᠲᠡᠯᠡᠬᠡᠢ ᠳᠤ ᠡᠯᠪᠡᠭᠳᠡᠭᠰᠡᠨ ᠲᠡᠪᠡᠯ ᠤᠨ ᠮᠢᠨᠢ ᠰᠡᠭᠦᠯᠴᠢ ᠶᠢᠨ ᠲᠣᠪᠴᠢ ᠶᠢ ᠬᠠᠳᠠᠵᠤ ᠰᠠᠭᠤᠨ᠎ᠠ                                        (ᠵᠣᠬᠢᠶᠠᠭᠴᠢ᠄ ᠠᠯᠲᠠᠨᠪᠠᠶᠠᠷ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号