ᠲᠠᠤᠯᠠᠢ ᠱᠠᠩᠳᠠ ᠶᠢᠨ ᠦᠯᠢᠭᠡᠷ
ᠨᠡᠶᠢᠲᠡᠯᠡᠭᠰᠡᠨ ᠴᠠᠭ᠄
2020/2/10
— ᠮᠢᠨᠤ ᠲᠥᠷᠥᠭᠰᠡᠨ ᠨᠤᠲᠤᠭ ᠲᠠᠤᠯᠠᠢ ᠱᠠᠩᠳᠠ ᠳᠠᠭᠠᠨ ᠵᠣᠷᠢᠭᠤᠯᠪᠠ ᠲᠤᠩ ᠡᠷᠲᠡᠨ ᠤ ᠨᠢᠭᠡᠨ ᠭᠤᠣᠯ ᠠᠭᠤᠯᠠᠨ ᠠᠴᠠ ᠦᠶᠡᠷᠯᠡᠵᠤ ᠭᠡᠨ᠎ᠡ ᠲᠤᠩ ᠡᠷᠲᠡᠨ ᠤ ᠨᠢᠭᠡᠨ ᠨᠠᠷᠠ ᠡᠭᠦᠯᠡᠨ ᠠᠴᠠ ᠤᠷᠭᠤᠵᠤ ᠭᠡᠨ᠎ᠡ ᠲᠡᠷᠡ ᠭᠤᠣᠯ ᠲᠠᠤᠯᠠᠢ ᠱᠠᠩᠳᠠ ᠪᠠᠶᠢᠭᠰᠠᠨ ᠶᠤᠮ ᠲᠡᠷᠡ ᠨᠠᠷᠠ ᠠᠪᠤ ᠮᠢᠨᠢ ᠪᠠᠶᠢᠭᠰᠠᠨ ᠶᠤᠮ᠃ ᠲᠠᠤᠯᠠᠢ ᠱᠠᠩᠳᠠ ᠠᠴᠠ ᠨᠠᠷᠠ ᠮᠠᠨᠳᠤᠬᠤ ᠨᠢ ᠤᠰᠤᠨ ᠪᠤᠳᠤᠭ ᠤᠨ ᠬᠢ ᠭᠡᠮᠡᠷ ᠲᠠᠤᠯᠠᠢ ᠱᠠᠩᠳᠠ ᠳᠤ ᠨᠠᠷᠠ ᠵᠢᠷᠭᠠᠬᠤ ᠨᠢ ᠲᠣᠰᠣᠨ ᠵᠢᠷᠤᠭ ᠤᠨ ᠬᠢ ᠭᠡᠮᠡᠷ ᠠᠪᠤ ᠮᠢᠨᠢ ᠬᠤᠳᠳᠤᠭ ᠤᠨ ᠠᠰᠬᠠᠷ ᠲᠡᠭᠡᠷ᠎ᠡ ᠬᠤᠨᠢᠳ ᠢᠶᠠᠨ ᠪᠠᠷᠠᠯᠠᠨ᠎ᠠ ᠬᠤᠨᠢᠳ ᠨᠢ ᠬᠥᠳᠥᠯ ᠤᠨ ᠴᠠᠭᠠᠨᠠᠬᠠᠨ ᠱᠣᠣᠬᠢᠯᠠᠨ᠎ᠠ᠃ ᠪᠢ ᠰᠡᠭᠦᠳᠡᠷ ᠲᠠᠢ ᠪᠠᠨ ᠤᠷᠤᠯᠳᠤᠵᠤ ᠪᠤᠷᠭᠠᠰᠥᠨ ᠮᠣᠷᠢ ︽ᠬᠥᠯᠥᠷᠡᠨ᠎ᠡ︾᠃ ᠭᠤᠣᠯ ᠤᠰᠤᠨ ᠤ ᠠᠶᠢᠯ ᠤᠳ ᠮᠠᠨᠠᠶᠢᠬᠢᠨ ᠠᠴᠠ ᠠᠮᠠᠨ ᠤᠰᠤ ᠪᠠᠨ ᠵᠥᠭᠡᠭᠡᠨ᠎ᠡ ᠭᠤᠶᠤᠤ ᠴᠤᠮᠪᠤᠯᠠᠵᠤ᠂ ᠱᠠᠭᠠᠵᠠᠭᠠᠢ ᠱᠠᠭᠰᠢᠵᠤ ᠡᠮᠥᠨ᠎ᠡ ᠬᠥᠳᠥᠯ ᠢᠶᠠᠷ ᠠᠶᠠᠨ ᠤ ᠬᠥᠮᠥᠨ ᠶᠠᠪᠤᠨ᠎ᠠ ᠭᠤᠣᠯ ᠢᠶᠠᠨ ᠨᠤᠷᠭᠠᠵᠤ᠂ ᠰᠤᠨᠢᠨ ᠰᠠᠶᠢᠬᠠᠨ ᠲᠡᠯᠭᠡᠵᠤ ᠶᠢᠷᠳᠢᠨᠴᠥ ᠡᠬᠢᠯᠡᠬᠦ ᠳᠤ ᠨᠠᠮᠤᠷ ᠪᠤᠯᠤᠨ᠎ᠠ᠃ ᠡᠭᠦᠯᠡ ᠬᠤᠷᠠᠪᠠᠯ ᠪᠤᠷᠤᠭᠠᠯᠠᠬᠤ ᠨᠢ ᠡ ᠭᠡᠵᠤ ᠡᠪᠦᠭᠡ ᠡᠷᠢᠭᠡ ᠪᠠᠨ ᠰᠢᠪᠳᠣᠷᠣᠨ᠎ᠠ ᠦᠷᠮᠥᠭ ᠳᠠᠯᠢᠩ ᠢᠶᠠᠨ ᠲᠤᠬᠤᠵᠤ ᠠᠪᠤ ᠬᠡᠨᠵᠡ ᠲᠥᠯ ᠳᠡᠭᠡᠨ ᠶᠠᠪᠤᠨ᠎ᠠ ᠡᠮᠥᠨᠡᠭᠦᠷ ᠬᠤᠶᠢᠭᠤᠷ ᠨᠢ ᠬᠥᠶᠥᠵᠤ ᠪᠢ ᠥᠨᠥᠴᠢᠨ ᠰᠢᠬᠢᠷ ᠤᠨ ᠭᠤᠷᠢᠳᠠᠯᠭ᠎ᠠ ᠲᠠᠯᠪᠢᠨ᠎ᠠ᠃ ᠡᠷᠲᠡ ᠤᠷᠢᠳᠥ ᠶᠢᠨ ᠨᠢᠭᠡᠨ ᠭᠤᠣᠯ ᠠᠭᠤᠯᠠᠨ ᠠᠴᠠ ᠦᠶᠡᠷᠯᠡᠭᠰᠡᠨ ᠭᠡᠨ᠎ᠡ ᠡᠷᠲᠡ ᠤᠷᠢᠳᠥ ᠶᠢᠨ ᠨᠢᠭᠡᠨ ᠨᠠᠷᠠ ᠡᠭᠦᠯᠡᠨ ᠠᠴᠠ ᠤᠷᠭᠤᠭᠰᠠᠨ ᠭᠡᠨ᠎ᠡ ᠲᠡᠷᠡ ᠭᠤᠣᠯ ᠤᠨ ᠨᠡᠷ᠎ᠡ ᠶᠢ ᠲᠠᠤᠯᠠᠢ ᠱᠠᠩᠳᠠ ᠭᠡᠳᠡᠭ ᠲᠡᠷᠡ ᠨᠠᠷᠠ ᠶᠢ ᠠᠪᠤ ᠭᠡᠳᠡᠭ ᠡ᠃ ᠲᠠᠤᠯᠠᠢ ᠱᠠᠩᠳᠠ ᠠᠴᠠ ᠨᠠᠷᠠ ᠮᠠᠨᠳᠤᠬᠤ ᠨᠢ ᠥᠯᠢᠭᠡᠷ ᠤᠨ ᠶᠤᠮᠰᠢᠭ ᠲᠠᠤᠯᠠᠢ ᠱᠠᠩᠳᠠ ᠳᠤ ᠨᠠᠷᠠ ᠵᠢᠷᠭᠠᠬᠠᠤ ᠨᠢ ᠥᠯᠢᠭᠡᠷ ᠤᠨ ᠲᠡᠭᠦᠰᠭᠡᠯ ᠶᠤᠮᠰᠢᠭ ᠠᠪᠤ ᠮᠢᠨᠢ ᠬᠤᠳᠠᠨ ᠤ ᠪᠠᠨ ᠳᠤᠮᠳᠠ ᠬᠤᠨᠢᠳ ᠢᠶᠠᠨ ᠵᠢᠰᠥᠯᠡᠨ᠎ᠡ ᠬᠡᠪᠢᠭᠰᠡᠨ ᠬᠤᠨᠢᠳ ᠠᠴᠠ ᠨᠠᠷᠠ᠂ ᠨᠠᠮᠤᠷ ᠬᠠᠩᠬᠤᠯᠥᠨ᠎ᠡ ᠪᠢ ᠲᠡᠭᠦᠨ ᠤ ᠵᠠᠬ᠎ᠠ ᠳᠤ ᠤᠭᠵᠢᠭᠤᠷ ᠪᠣᠷᠣ ᠪᠠᠨ ︽ᠤᠷᠭᠠᠯᠠᠨ᠎ᠠ︾᠃ ᠥᠷᠯᠥᠭᠡ ᠰᠡᠷᠢᠬᠦ ᠳᠤ ᠲᠡᠪᠥᠷ᠎ᠡ ᠲᠠᠢ ᠴᠠᠢ ᠭᠠᠯ ᠲᠡᠭᠡᠷ᠎ᠡ ᠳᠠᠷᠬᠢᠯᠤᠨ᠎ᠡ ᠡᠷᠥᠭᠡ ᠪᠠᠨ ᠰᠡᠬᠦᠬᠦ ᠳᠤ ᠨᠠᠷᠠ ᠵᠣᠯᠠᠢ ᠲᠡᠭᠡᠷ᠎ᠡ ᠠᠴᠠ ︽ᠳᠠᠷᠬᠢᠯᠤᠨ᠎ᠠ︾᠃ ᠭᠤᠪᠢ ᠶᠢᠨ ᠪᠣᠷᠤᠭ᠎ᠠ ᠭᠤᠣᠯ ᠠᠴᠠ ᠪᠠᠨ ᠠᠮᠢᠲᠠᠢ ᠭᠡᠵᠤ ᠡᠪᠦᠭᠡ ᠰᠠᠬᠠᠯ ᠢᠶᠠᠨ ᠰᠢᠪᠳᠣᠷᠣᠨ᠎ᠠ ᠭᠤᠶᠤᠯᠠᠯ ᠤᠨ ᠲᠡᠪᠡᠯ ᠢᠶᠠᠨ ᠬᠡᠳᠥᠷᠴᠥ ᠰᠤᠮᠤ ᠶᠢᠨ ᠨᠠᠭᠠᠳᠤᠮ ᠳᠤ ᠠᠪᠤ ᠶᠠᠪᠤᠨ᠎ᠠ ᠭᠠᠭᠴᠠᠬᠠᠨ ᠡᠳᠥᠷ ᠤᠨ ᠬᠤᠨᠢᠨ ᠤ ︽ᠳᠠᠭᠠᠭᠠᠮᠠᠯ︾ ᠪᠣᠯᠵᠤ ᠪᠢ ᠰᠥᠨᠢᠵᠢᠨ ᠡᠷᠢᠯ ᠪᠤᠯᠭᠠᠨ᠎ᠠ᠃ ᠬᠤᠳᠠ ᠶᠢᠨ ᠨᠠᠮᠤᠷ ᠵᠡᠭᠦᠳᠥᠨ ᠳᠤ ᠨᠣᠳᠤᠭ ᠢᠷᠡᠨ᠎ᠡ ᠬᠥᠥ ᠪᠠᠨ ᠬᠥᠯᠢᠶᠡᠭᠰᠡᠨ ᠠᠪᠤ ᠭᠡᠷ ᠤᠨ ᠢᠶᠠᠨ ᠭᠠᠳᠠᠭ᠎ᠠ ᠲᠤᠷᠠᠨᠳᠠᠵᠤ ᠰᠠᠭᠤᠭ᠎ᠠ ᠨᠢ ᠦᠵᠡᠭᠳᠡᠨ᠎ᠡ᠂ ᠠᠪᠤ ᠮᠢᠨᠢ ᠲᠠ ᠣᠳᠣ ᠠᠯᠢᠬᠠᠨ ᠭᠠᠵᠠᠷ ᠮᠡᠯᠮᠡᠷᠡᠵᠤ ᠰᠠᠭᠤᠭ᠎ᠠ ᠶᠤᠮ ᠪᠣᠯ︖ ᠬᠤᠳᠠ ᠶᠢᠨ ᠨᠠᠮᠤᠷ ᠤᠷᠦ᠋ᠢᠳᠠᠭᠰᠠᠨ ᠪᠤᠷᠤᠭ᠎ᠠ ᠰᠥᠨᠢᠵᠢᠨ ᠰᠢᠪᠡᠷᠡᠨ᠎ᠡ ᠤᠶᠢᠳᠬᠠᠷ ᠬᠢᠰᠬᠢᠯᠡᠵᠤ ᠪᠢ ᠭᠤᠳᠤᠮᠵᠢᠨ ᠳᠤ ᠰᠥᠨᠢ ᠶᠢᠨ ᠰᠠᠷᠠ ᠲᠠᠢ ᠬᠠᠨᠢᠰᠤᠨ᠎ᠠ᠂ ᠰᠠᠷᠠᠨ ᠤ ᠨᠣᠲᠤᠭ ᠲᠤ ᠪᠠᠰᠠ ᠨᠠᠮᠤᠷ ᠪᠤᠯᠤᠭ᠎ᠠ ᠶᠤᠮ ᠪᠣᠯᠪᠠ ᠤᠤ︖ ᠰᠡᠪᠡᠯᠵᠡᠬᠦ ᠶᠠᠭᠠᠨ ᠰᠠᠯᠬᠢᠨ ᠳᠤ ᠰᠡᠭᠦᠳᠡᠷ ᠮᠢᠨᠢ ᠶᠠᠪᠤᠴᠢᠬᠬᠠᠤ ᠭᠡᠳ ᠪᠠᠶᠢᠨ᠎ᠠ ᠨᠣᠳᠤᠭ ᠮᠢᠨᠢ ᠴᠢ ᠰᠠᠯᠬᠢᠨ ᠤ ᠤᠶᠠᠭ᠎ᠠ ᠴᠦ ᠶᠤᠮ ᠪᠢᠯᠡ ᠤᠤ︖ ᠰᠡᠷᠭᠦᠯᠡᠩ ᠪᠠᠭ᠎ᠠ ᠨᠠᠰᠤᠨ ᠳᠠᠭᠠᠨ ᠰᠥᠨᠡᠰᠥ ᠮᠢᠨᠢ ᠪᠣᠴᠠᠴᠢᠬᠠᠬᠤ ᠭᠡᠳ ᠪᠠᠶᠢᠨ᠎ᠠ ᠨᠣᠳᠤᠭ ᠮᠢᠨᠢ ᠴᠢ ᠢᠰᠡᠭᠡᠢ ᠦᠨᠡᠭᠡ ᠴᠤ ᠶᠤᠮ ᠪᠢᠯᠡ ᠤᠤ︖ ᠲᠠᠤᠯᠠᠢ ᠤᠰᠤ ᠶᠢ ᠨᠢ ᠲᠣᠯᠢᠶᠠᠴᠢᠬᠠᠭᠠᠳ ᠰᠠᠷᠠᠨ ᠳᠤ ᠭᠠᠷᠤᠭᠰᠠᠨ ᠭᠡᠨ᠎ᠡ ᠯᠠᠢ᠂ ᠲᠠᠤᠯᠠᠢ ᠱᠠᠩᠳᠠ ᠮᠢᠨᠢ ᠰᠢᠪᠡᠷᠡᠭᠰᠡᠨ ᠪᠣᠷᠣᠭᠠᠨ ᠢ ᠪᠢ ᠰᠠᠷᠠᠨ ᠤ ᠨᠢᠯᠪᠤᠰᠥ ᠭᠡᠵᠤ ᠰᠠᠨᠠᠨᠠᠮ︕ ᠲᠤᠤᠯᠢᠰ ᠤᠨ ᠪᠠᠭᠠᠳᠤᠷ ᠤᠳ ᠠᠳᠠ ᠦᠳᠡᠯᠡᠭᠡᠳ ᠮᠣᠷᠳᠠᠭᠰᠠᠨ ᠭᠡᠨ᠎ᠡ ᠯᠠᠢ᠂ ᠲᠠᠤᠯᠠᠢ ᠱᠠᠩᠳᠠ ᠮᠢᠨᠢ ᠤᠮᠠᠷ᠎ᠠ ᠶᠢᠨ ᠬᠥᠬᠡ ᠵᠢᠪᠠᠷ ᠢ ᠪᠢ ᠤᠬᠠᠭᠠᠨᠳᠤ ᠶᠡᠬᠡᠰ ᠤᠨ ᠬᠠᠲᠠᠭᠤ ᠵᠠᠬᠢᠶ᠎ᠠ ᠭᠡᠵᠤ ᠪᠤᠳᠤᠨᠠᠮ︕ ᠱᠠᠩᠳᠠ ᠯᠡ ᠶᠤᠮ ᠪᠣᠯᠬᠤᠷ ᠢᠶᠠᠨ ᠭᠠᠵᠠᠷ ᠲᠠᠭᠠᠨ ᠰᠢᠩᠭᠡᠴᠢᠭᠡᠳᠡᠭ ᠶᠤᠮ ᠭᠡᠨ᠎ᠡ ᠯᠠᠢ᠂ ᠲᠠᠤᠯᠠᠢ ᠱᠠᠩᠳᠠ ᠮᠢᠨᠢ ᠤᠷᠭᠤᠭᠰᠠᠨ ᠴᠡᠴᠡᠭᠡᠰ ᠢ ᠪᠢ ᠤᠰᠤᠨ ᠤ ᠦᠷᠬᠦᠯᠵᠢᠯᠡᠯ ᠭᠡᠵᠤ ᠪᠤᠳᠤᠨᠠᠮ︕ ᠰᠥᠷᠥᠭ ᠰᠥᠷᠥᠭ ᠲᠡᠮᠡᠭᠡᠳ ᠠᠳᠠ ᠠᠴᠠ ᠤᠤᠭᠤᠭᠠᠳ ᠭᠠᠷᠤᠭᠰᠠᠨ ᠭᠡᠨ᠎ᠡ ᠯᠠᠢ᠂ ᠲᠠᠤᠯᠠᠢ ᠱᠠᠩᠳᠠ ᠮᠢᠨᠢ ᠮᠠᠨᠳᠤᠵᠤ ᠪᠠᠶᠢᠭ᠎ᠠ ᠨᠠᠷᠠ ᠶᠢ ᠪᠢ ᠮᠠᠨ ᠤ ᠤᠳᠤᠮ ᠤᠨ ᠭᠠᠯ ᠭᠡᠵᠤ ᠪᠤᠳᠤᠨᠠᠮ︕ ᠬᠥᠮᠥᠰᠭᠡ ᠵᠠᠩᠬᠢᠳᠬᠤ ᠮᠡᠳᠥ ᠬᠥᠷᠡᠩ ᠡᠭᠦᠯᠡᠰ ᠲᠤᠯᠤᠭᠠᠶᠢᠯᠠᠨ᠎ᠠ ᠬᠥᠭᠡᠮᠡᠢ ᠰᠢᠭ ᠨᠠᠮᠤᠷ ᠨᠠᠳᠠ ᠲᠤᠮᠳᠠᠭᠤᠷ ᠥᠩᠭᠡᠷᠡᠨ᠎ᠡ ᠲᠠᠤᠯᠠᠢ ᠱᠠᠩᠳᠠ ᠶᠢᠨ ᠪᠣᠷᠣ ᠲᠤᠯᠤᠭᠠᠳ ᠰᠢᠷᠭᠠᠯᠳᠤᠴᠢᠬᠠᠭᠰᠠᠨ ᠪᠠᠶᠢᠨ᠎ᠠ ᠯᠠᠢ︕ ᠬᠤᠨᠢᠨ ᠵᠢᠯ ᠲᠠᠢ ᠠᠪᠤ᠂ ᠲᠠᠤᠯᠠᠢ ᠱᠠᠩᠳᠠ ᠬᠤᠶᠠᠷ ᠲᠥᠷᠪᠡᠨ ᠮᠥᠩᠭᠡᠳᠡ ᠶᠢᠨ ᠵᠢᠷᠤᠭ ᠪᠣᠯᠵᠤ ᠬᠥᠬᠡ ᠮᠣᠷᠢᠨ ᠵᠢᠯ ᠤᠨ ᠨᠠᠮᠤᠷ ᠵᠡᠬᠦᠳᠥᠨ ᠳᠤ ᠢᠷᠡᠨ᠎ᠡ᠂ ᠬᠠᠭᠤᠴᠢᠷᠠᠭᠰᠠᠨ ᠪᠣᠷᠣ ᠣᠩᠭᠤᠴᠠ ᠵᠢᠪᠡ ᠵᠠᠭᠤᠵᠤ ᠬᠤᠳᠳᠤᠭ ᠪᠠᠯ ᠵᠠᠭᠤᠵᠤ ᠨᠠᠮᠠᠢᠢ ᠤᠭᠳᠤᠨ᠎ᠠ ᠠᠷᠭᠠᠳᠠᠨ ᠠᠷᠭᠠᠳᠠᠨ ᠪᠠᠶᠢᠵᠤ ᠠᠮᠠᠨ ᠳᠤᠨᠢ ᠰᠦ ᠲᠤᠰᠤᠭᠠᠪᠠ ᠪᠢ᠃ ᠴᠠᠩᠭᠠᠭᠰᠠᠨ ᠬᠥᠬᠡ ᠲᠡᠭᠳᠡᠭᠡᠭᠡᠢ ᠴᠢᠳᠠᠯ ᠤᠷᠤᠭᠰᠠᠨ ᠮᠡᠳᠥ ᠲᠡᠪᠳᠡᠷᠢᠨ ᠭᠠᠷᠬᠤ ᠳᠤ ᠥᠯᠥᠨ ᠴᠢᠬᠢᠭᠳᠡᠢ ᠬᠤᠳᠳᠤᠭ ᠲᠤ ᠰᠢᠪᠠᠭᠤ ᠡᠭᠦᠷᠯᠡᠭᠰᠡᠨ ᠪᠠᠶᠢᠵᠠᠢ ᠁ ᠡᠪᠥᠯ ᠠᠴᠠ ᠤᠷᠢᠳᠠᠵᠤ ᠥᠳᠥᠨ ᠳᠤᠨᠢ ᠬᠢᠷᠠᠭᠤ ᠤᠨᠠᠴᠢᠬᠠᠭᠰᠠᠨ ᠪᠠᠶᠢᠪᠠ᠃ ᠪᠣᠷᠬᠠᠨ ᠠᠪᠤ ᠶᠢ ᠮᠢᠨᠢ ᠨᠠᠳᠠ ᠠᠴᠠ ᠰᠠᠶᠢᠨ ᠲᠠᠨᠢᠳᠠᠭ ᠲᠡᠷᠡ ᠰᠢᠪᠠᠭᠤ ᠪᠤᠯᠠᠭᠠᠨ ᠭᠤᠪᠢ ᠶᠢᠨ ᠠᠷᠭᠠᠯ ᠥᠨᠥᠷᠳᠥᠭᠰᠡᠨ ᠬᠤᠳᠳᠤᠭ ᠢ ᠲᠡᠭᠡᠵᠤ ᠰᠠᠬᠢᠳᠠᠭ ᠪᠠᠶᠢᠵᠠᠢ ᠁ ᠨᠠᠮᠤᠷ ᠤᠨ ᠰᠢᠪᠠᠭᠤᠳ ᠬᠠᠪᠤᠷ ᠢᠷᠡᠬᠦ ᠳᠡᠭᠡᠨ ᠡᠶᠢᠮᠥ ᠨᠢᠭᠡᠨ ᠦᠯᠢᠭᠡᠷ ᠵᠠᠭᠤᠵᠤ ᠢᠷᠡᠨ᠎ᠡ ᠲᠡᠷᠡ ᠦᠯᠢᠭᠡᠷ ᠢ ᠬᠥᠥ ᠮᠢᠨᠢ ᠰᠤᠨᠤᠰᠴᠥ ᠬᠡᠯᠡ ᠳᠤ ᠤᠷᠤᠨ᠎ᠠ ᠁ ᠡᠷᠲᠡ ᠤᠷᠢᠳᠥ ᠶᠢᠨ ᠨᠢᠭᠡᠨ ᠭᠤᠣᠯ ᠠᠭᠤᠯᠠᠨ ᠠᠴᠠ ᠦᠶᠡᠷᠯᠡᠭᠰᠡᠨ ᠭᠡᠨ᠎ᠡ ᠡᠷᠲᠡ ᠤᠷᠢᠳᠥ ᠶᠢᠨ ᠨᠢᠭᠡᠨ ᠨᠠᠷᠠ ᠡᠭᠦᠯᠡᠨ ᠠᠴᠠ ᠤᠷᠭᠤᠭᠰᠠᠨ ᠭᠡᠨ᠎ᠡ ᠲᠡᠷᠡ ᠭᠤᠣᠯ ᠤᠨ ᠨᠡᠷ᠎ᠡ ᠶᠢ ᠲᠠᠤᠯᠠᠢ ᠱᠠᠩᠳᠠ ᠭᠡᠳᠡᠭ ᠲᠡᠷᠡ ᠨᠠᠷᠠ ᠶᠢ ᠠᠪᠤ ᠭᠡᠳᠡᠭ ᠡ ᠁                                       (ᠵᠣᠬᠢᠶᠠᠭᠴᠢ᠄ ᠲᠤᠷᠭᠤᠳ ᠰᠠᠷᠠᠩᠳᠤᠩᠭᠠᠯᠠᠭ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号