ᠰᠠᠷᠠᠨ ᠲᠤᠩᠭᠠᠯᠠᠭ ᠰᠥᠨᠢ ᠪᠢ ᠳᠠᠨᠳᠠᠷ ᠪᠠᠨᠳᠢ ᠲᠠᠢ ᠵᠤᠯᠭᠠᠨ᠎ᠠ
ᠨᠡᠶᠢᠲᠡᠯᠡᠭᠰᠡᠨ ᠴᠠᠭ᠄
2020/1/7
— ᠮᠣᠩᠭᠤᠯ᠂ ᠲᠥᠪᠡᠳ ᠬᠡᠯᠡᠨ ᠤ ᠳᠠᠷᠬᠠᠨ᠂ ᠢᠷᠠᠭᠤ ᠨᠠᠶᠢᠷᠠᠭᠴᠢ᠂ ᠭᠦᠨ ᠤᠬᠠᠭᠠᠨᠳᠠᠨ᠂      ᠮᠡᠷᠭᠡᠳ ᠤᠨ ᠡᠷᠬᠡᠳᠥ ᠠᠭᠸᠠᠩᠳᠠᠨᠳᠠᠷ ᠯᠾᠠᠷᠠᠮᠪᠠ ᠶᠢᠨ ᠮᠡᠨᠳᠥᠯᠡᠭᠰᠡᠨ ᠤ 255 ᠵᠢᠯ ᠤᠨ ᠤᠢ ᠳᠤ      ᠨᠣᠳᠤᠭ ᠨᠢᠭᠡᠳᠥ ᠰᠠᠷᠠᠨᠳᠤᠩᠭᠠᠯᠠᠭ ᠬᠡᠮᠡᠭᠴᠢ ᠬᠤᠯᠪᠤᠨ ᠰᠢᠯᠥᠭᠯᠡᠭᠰᠡᠨ ᠨᠢ ᠡᠨᠡ ᠪᠤᠶᠤ︕ ᠪᠠᠶᠠᠨᠨᠢᠷᠤᠭᠤᠨ ᠤ ᠨᠠᠯᠠᠷᠬᠠᠢ ᠡᠪᠡᠰᠥ ᠪᠠᠷ ᠪᠠᠳᠠᠭ ᠰᠢᠯᠥᠭ ᠥᠨᠡᠭᠡᠴᠢᠯᠡᠵᠤ ᠪᠢ ᠥᠭᠢᠷᠡᠭᠰᠡᠨ ᠮᠣᠳᠤᠨ ᠤ ᠳᠣᠣᠷ᠎ᠠ ᠤᠴᠢᠨ᠎ᠠ ᠤᠭ ᠨᠢ ᠲᠡᠷᠡ ᠳᠠᠨᠳᠠᠷ ᠪᠠᠨᠳᠢ ᠶᠢᠨ ᠲᠣᠭᠯᠠᠵᠤ ᠥᠰᠥᠭᠰᠡᠨ ᠵᠤᠯᠵᠠᠭᠠᠨ ᠲᠣᠣᠷᠠᠢ ᠪᠠᠶᠢᠵᠠᠢ᠃ ᠪᠣᠷᠪᠢ ᠮᠥᠷᠥᠯᠡᠭᠰᠡᠨ ᠳᠠᠨᠳᠠᠷ ᠤᠰᠤ ᠪᠠᠨ ᠳᠤᠰᠤᠯᠠᠭᠤᠯᠤᠭᠰᠠᠭᠠᠷ ᠭᠡᠷ ᠤᠨ ᠢᠶᠠᠨ ᠬᠠᠶᠠᠭᠠᠨ ᠳᠤ ᠢᠷᠡᠨ᠎ᠡ ᠮᠢᠨᠤ ᠯᠡ ᠤᠤᠭᠤᠵᠤ ᠠᠮᠰᠠᠬᠤ ᠤᠴᠢᠷᠳᠠᠢ ᠢᠷᠠᠭᠤ ᠨᠠᠶᠢᠷᠠᠭ ᠤᠨ ᠷᠠᠰᠢᠶᠠᠨ ᠪᠠᠶᠢᠵᠠᠢ᠃ ᠰᠠᠷᠠᠨ ᠲᠤᠩᠭᠠᠯᠠᠭ ᠰᠥᠨᠢ ᠪᠢ ᠳᠠᠨᠳᠠᠷ ᠪᠠᠨᠳᠢ ᠲᠠᠢ ᠵᠤᠯᠭᠠᠨ᠎ᠠ ᠰᠠᠷᠠᠯ ᠬᠥᠬᠡ ᠲᠡᠭᠷᠢ ᠶᠢᠨ ᠳᠤᠤᠷ᠎ᠠ ᠡᠨᠡ ᠵᠣᠯᠭᠠᠯᠳᠠ ᠤᠳᠠᠭ᠎ᠠ ᠦᠭᠡᠢ ᠁ ᠲᠤᠤᠯᠢ ᠬᠠᠶᠢᠯᠠᠭᠰᠠᠨ ᠡᠪᠥᠭᠡᠳ ᠣᠳᠣ ᠰᠢᠩᠭᠡᠷᠡᠳᠡᠯ᠎ᠡ ᠬᠠᠭᠤᠴᠢᠯᠠᠬᠤ ᠳᠤ ᠲᠤᠯᠭᠠᠨ ᠭᠠᠯ ᠤᠨ ᠲᠡᠷᠭᠡᠳᠡ ᠪᠢ ᠵᠡᠭᠦᠷᠮᠡᠭᠯᠡᠵᠥ ᠰᠡᠷᠡᠨ᠎ᠡ ᠤᠭ ᠨᠢ ᠲᠡᠳᠡ ᠳᠠᠨᠳᠠᠷ ᠯᠾᠠᠷᠠᠮᠪᠠ ᠶᠢᠨ ᠲᠤᠬᠠᠢ ᠤᠴᠢᠷᠯᠠᠨ ᠥᠭᠦᠯᠡᠯᠳᠥᠭᠰᠡᠨ ᠪᠠᠶᠢᠵᠠᠢ᠃ ᠤᠶᠢᠵᠠᠩ ᠵᠠᠶᠢᠰᠠᠩ ᠤᠨ ᠭᠠᠳᠠᠭ᠎ᠠ ᠤᠶᠠᠭ᠎ᠠ ᠲᠠᠢ ᠬᠦᠯᠥᠭ ᠡᠷᠭᠢᠴᠡᠭᠰᠡᠭᠡᠷ ᠳᠤᠷᠤᠨ᠎ᠠ ᠶᠢᠨ ᠵᠡᠷᠭᠡᠯᠭᠡᠨ ᠳᠤ ᠵᠠᠮᠬᠠᠷᠠᠵᠦ ᠰᠢᠩᠬᠡᠨ᠎ᠡᠳᠤᠯᠤᠭᠠᠨ ᠨᠠᠰᠥ ᠲᠠᠢ ᠳᠠᠨᠳᠠᠷ ᠶᠠᠮᠤᠨ ᠬᠡᠶᠢᠳ ᠢ ᠵᠣᠷᠢᠬᠤ ᠳᠤ ᠵᠣᠷᠢᠭ ᠢᠶᠠᠷ ᠰᠠᠯᠬᠢᠨ ᠤ ᠦᠵᠥᠭᠦᠷ ᠰᠦ ᠬᠠᠳᠠᠭ ᠨᠠᠮᠢᠷᠠᠨ᠎ᠠ ᠲᠤᠩᠭᠠᠯᠠᠭ ᠰᠠᠷᠠ ᠲᠠᠢ ᠰᠥᠨᠢ ᠪᠢ ᠳᠠᠨᠳᠠᠷ ᠠᠬ᠎ᠠ ᠶᠢ ᠵᠡᠭᠦᠳᠥᠯᠡᠨ᠎ᠡ ᠲᠤᠨᠤᠮᠠᠯ ᠬᠥᠬᠡ ᠲᠡᠭᠷᠢ ᠶᠢᠨ ᠲᠤᠤᠷ᠎ᠠ ᠡᠷᠲᠡᠨ ᠤ ᠬᠥᠮᠥᠨ ᠢᠷᠡᠨ᠎ᠡ᠃ ᠰᠠᠷᠠᠨ ᠲᠤᠩᠭᠠᠯᠠᠭ ᠰᠥᠨᠢ ᠪᠢ ᠳᠠᠨᠳᠠᠷ ᠠᠬ᠎ᠠ ᠲᠠᠢ ᠵᠤᠯᠭᠠᠨ᠎ᠠ ᠰᠠᠶ᠋ᠢᠬᠠᠨ ᠪᠤᠯᠤᠭᠰᠠᠨ ᠶᠠᠪᠤᠳᠠᠯ ᠢ ᠰᠡᠳᠬᠢᠯ ᠠᠭᠤᠵᠢᠷᠠᠳᠠᠯ᠎ᠠ ᠬᠠᠭᠤᠴᠢᠯᠠᠨ᠎ᠠ᠂ ᠠᠷᠪᠠᠨ ᠶᠢᠰᠥᠳᠡᠢ ᠳᠠᠨᠳᠠᠷ ᠠᠮᠳᠤᠤ ᠲᠥᠪᠡᠳ ᠢ ᠵᠤᠷᠢᠬᠤ ᠳᠤ ᠴᠠᠰᠤᠳᠤ ᠶᠢᠨ ᠪᠤᠭᠤᠷᠤᠯ ᠤᠷᠬᠢᠯ ᠴᠠᠭᠠᠨ᠎ᠠ ᠪᠠᠨ ᠰᠥᠷᠳᠡᠢ ᠲᠥᠩᠰᠦ᠋ᠢᠨ᠎ᠡ ᠠᠭᠸᠠᠩᠯᠤᠪᠰᠠᠩ ᠪᠠᠭᠰᠢ ᠶᠢᠨ ᠠᠯᠳᠠᠨ ᠵᠠᠬᠢᠶ᠎ᠠ ᠤᠷᠤᠰᠢᠬᠤ ᠳᠤ ᠰᠢᠯᠥᠭ ᠤᠨ ᠴᠠᠭᠠᠨ ᠮᠥᠷ ᠰᠢᠭ ᠰᠡᠳᠬᠢᠯ ᠤᠨ ᠭᠦᠨ ᠳᠤ ᠮᠥᠩᠭᠡᠷᠡᠨ᠎ᠡ ᠮᠥᠬᠦᠯᠢᠭᠳᠦ ᠰᠢᠭᠦᠳᠡᠷᠢ ᠶᠢᠨ ᠡᠷᠢᠭᠡ ᠪᠠᠷ ᠪᠠᠷᠳᠠᠮ ᠵᠠᠩ ᠢ ᠰᠢᠪᠬᠠᠷᠴᠥ ᠰᠦᠮᠪᠥᠮ ᠤᠨ ᠠᠯᠳᠠᠨ ᠦᠰᠥᠭ ᠲᠤ ᠳᠠᠨᠳᠠᠷ ᠤᠨ ᠰᠤᠷᠭᠠᠯ ᠰᠢᠩᠭᠡᠭᠰᠡᠨ ᠶᠤᠮ ᠮᠥᠷᠥᠭᠡᠳᠥᠯ ᠤᠨ ᠠᠯᠤᠰ ᠲᠤ ᠰᠡᠳᠬᠢᠯ ᠤᠨ ᠵᠤᠯᠠ ᠪᠠᠳᠮᠠᠯᠠᠠ ᠬᠤᠶᠢᠳ ᠳᠠᠨᠳᠠᠷ ᠤᠨ ᠤᠬᠠᠭᠠᠨ ᠨᠣᠮ ᠤᠨ ᠤᠳᠬ᠎ᠠ ᠳᠤ ᠤᠷᠤᠰᠢᠭᠰᠠᠨ ᠶᠤᠮ᠃ ᠲᠡᠷᠢᠬᠦᠨ ᠯᠾᠡᠷᠠᠮᠪᠠ ᠠᠭᠸᠠᠩᠳᠠᠨᠳᠠᠷ ᠨᠤᠶᠠᠨ ᠰᠠᠭᠤᠳᠠᠯ ᠳᠤ ᠵᠠᠯᠠᠷᠠᠬᠤ ᠳᠤ ᠲᠥᠪᠡᠳ ᠤᠨ ᠲᠦᠮᠡᠨ ᠮᠡᠷᠭᠡᠨ ᠠᠮᠠ ᠪᠠᠨ ᠪᠠᠷᠢᠵᠤ ᠭᠠᠰᠠᠯᠤᠨ᠎ᠠ ᠲᠡᠩᠬᠡᠬᠡ ᠰᠢᠨᠳᠠᠰᠤᠳᠤ ᠬᠦᠯᠥᠭ ᠠᠶᠠᠨ ᠬᠤᠯᠠ ᠳᠤ ᠴᠤᠴᠠᠳᠠᠭ ᠦᠭᠡᠢ ᠰᠢᠭ ᠲᠠᠩᠰᠤᠭ ᠡᠷᠳᠡᠮ ᠤᠨ ᠰᠢᠮ᠎ᠡ ᠶᠢ ᠶᠡᠭᠡ ᠳᠠᠨᠳᠠᠷ ᠬᠦᠷᠲᠡᠪᠡ ᠳᠦᠮᠡᠨ ᠳᠦᠮᠡᠨ ᠬᠦᠯᠦᠭ ᠰᠢᠭ ᠠᠯᠠᠱᠠ ᠠᠭᠤᠯᠠ ᠴᠡᠩᠬᠡᠷᠯᠡᠬᠦ ᠪᠠᠷ ᠬᠠᠷ᠎ᠠ ᠬᠥᠮᠥᠨ ᠰᠢᠭ ᠳᠠᠨᠳᠠᠷ ᠬᠠᠵᠠᠭᠤ ᠵᠠᠮ ᠢᠶᠠᠷ ᠰᠠᠵᠢᠯᠠᠭᠰᠠᠨ ᠭᠡᠨ᠎ᠡ ᠳᠥᠴᠢᠨ ᠬᠤᠶᠠᠷᠳᠠᠢ ᠯᠠᠷᠭᠢᠨ ᠠᠭᠠᠷᠤ ᠲᠠᠶᠠᠭ ᠲᠠᠢ ᠪᠤᠴᠠᠬᠤ ᠪᠠᠷ ᠪᠣᠳᠠᠩ ᠠᠭᠤᠯᠠ ᠶᠢᠨ ᠰᠢᠯᠢ ᠳᠤ ᠬᠤᠶᠢᠳᠤ ᠶᠢᠨ ᠢᠷᠥᠭᠡᠯ ᠨᠢ ᠰᠢᠩᠭᠡᠭᠰᠡᠨ ᠭᠡᠳᠡᠭ ᠮᠦᠩᠭᠦᠨ ᠰᠠᠷᠠ ᠲᠠᠢ ᠤᠷᠴᠢᠯᠠᠩ ᠳᠤ ᠪᠢ ᠳᠠᠨᠳᠠᠷ ᠯᠾᠡᠷᠠᠮᠪᠠ ᠶᠢ ᠵᠡᠭᠦᠳᠥᠯᠡᠪᠡ ᠮᠥᠩᠬᠡ ᠪᠤᠰᠤ ᠨᠠᠰᠤ ᠪᠠᠨ ᠪᠠᠷᠢᠨᠳᠠᠭᠳᠤ ᠰᠤᠳᠤᠷ ᠢᠶᠠᠷ ᠠᠳᠢᠰᠯᠠᠭᠤᠯᠤᠯ᠎ᠠ ᠁ ᠳᠤᠷᠤᠨ᠎ᠠ ᠶᠢᠨ ᠭᠤᠪᠢ ᠳᠤ ᠭᠠᠭᠴᠠ ᠮᠤᠷᠢᠳᠠᠨ ᠶᠥᠷᠭᠡᠬᠦ ᠨᠢ ᠳᠤᠭᠰᠢᠨ ᠬᠤᠲᠤᠭᠳᠤ ᠷᠠᠪᠵᠠᠢ《ᠰᠠᠷᠠᠨ ᠬᠥᠬᠦᠭᠡ》 ᠪᠠᠨ ᠳᠠᠭᠤᠯᠠᠭ᠎ᠠ ᠶᠤᠮᠰᠢᠭ ᠲᠤᠷᠤᠨᠠᠳᠠᠬᠢᠨ ᠤ ᠬᠤᠶᠠᠷ ᠮᠡᠷᠭᠡᠨ ᠬᠤᠨᠳᠠᠭ᠎ᠠ ᠲᠤᠯᠭᠠᠨ ᠬᠠᠭᠤᠴᠢᠯᠠᠬᠤ ᠳᠤ ᠪᠠᠶᠠᠨ ᠰᠥᠮᠪᠥᠷ ᠤᠨ ᠡᠩᠭᠡᠷ ᠲᠤ ᠪᠠᠳᠠᠭ ᠰᠢᠯᠥᠭ ᠨᠢ ᠦᠯᠡᠳᠡᠨ᠎ᠡ ᠲᠠᠯᠠᠨ ᠭᠤᠷᠪᠠ ᠲᠠᠢ ᠳᠠᠨᠳᠠᠷ᠂ ᠭᠤᠴᠢᠨ ᠨᠠᠢᠮᠠ ᠲᠠᠢ ᠷᠠᠪᠵᠠᠢ ᠨᠣᠮ ᠤᠨ ᠲᠠᠩᠭᠠᠷᠢᠭ ᠢᠶᠠᠷ ᠮᠥᠷᠬᠦᠬᠦ ᠳᠤ ᠡᠷᠲᠡᠨ ᠤ ᠢᠷᠥᠭᠡᠯ ᠠᠮᠢᠯᠠᠨ᠎ᠠ ᠳᠠᠯᠳᠠ ᠶᠢᠨ ᠳᠠᠯᠳᠠ ᠠᠴᠠ᠂ ᠳᠠᠯᠳᠠ ᠶᠢᠨ ᠳᠠᠯᠳᠠ ᠠᠴᠠ ᠨᠢᠭᠡᠨ ᠣᠩᠭᠤᠳ ᠨᠠᠮᠠᠢᠢ ᠳᠠᠭᠤᠳᠠᠨ ᠰᠡᠷᠡᠬᠡᠬᠦ ᠡᠨᠡ ᠰᠢᠯᠥᠭ ᠪᠢᠴᠢᠭᠳᠡᠨ᠎ᠡ᠃ ᠬᠤᠷᠠᠭᠠᠨ ᠡᠭᠦᠯᠡᠰ ᠤᠨ ᠴᠠᠭᠠᠨᠠᠬᠢ ᠨᠠᠷᠠᠨ ᠤ ᠭᠡᠭᠡᠨ ᠭᠡᠷᠡᠯ ᠰᠢᠭ ᠬᠤᠷᠮᠤᠰᠢᠨ ᠭᠡᠷ ᠤᠨ ᠬᠤᠶᠢᠮᠤᠷ ᠠᠯᠠᠱᠠ ᠴᠤᠷᠵᠢ ᠵᠠᠯᠠᠷᠠᠨ᠎ᠠ ᠬᠤᠭᠤᠴᠢᠷ ᠱᠠᠨᠵᠠ ᠶᠢᠨ ᠡᠭᠡᠰᠢᠭᠡᠨ ᠳᠤ ᠥᠬᠢᠨ ᠪᠥᠷᠢᠯᠸ᠎ᠠ ᠪᠥᠵᠢᠨ ᠬᠤᠳᠤᠭᠳᠤ ᠮᠡᠷᠭᠡᠨ ᠳᠠᠨᠳᠠᠷ ᠣᠩᠭᠤᠳ ᠤᠨ ᠬᠤᠷ᠎ᠠ ᠪᠠᠷ ᠤᠮᠳᠠᠯᠠᠨ᠎ᠠ ᠪᠤᠳᠢ ᠬᠥᠷᠥᠭᠡᠰᠥᠨ ᠤ ᠨᠢᠳᠥ ᠮᠡᠳᠥ ᠠᠮᠤᠷ ᠠᠮᠤᠭᠤᠯᠠᠩ ᠮᠤᠩᠭᠤᠯ ᠤᠷᠤᠨ ᠪᠣᠳ᠋ᠳ᠋ᠾᠨ ᠶᠢᠨ ᠱᠠᠰᠢᠨ ᠤ ᠤᠬᠠᠭᠠᠨ ᠳᠤ ᠰᠡᠳᠬᠢᠯ ᠤᠨ ᠲᠠᠮᠢᠷ ᠢᠶᠠᠷ ᠪᠠᠳᠠᠷᠠᠨ᠎ᠠ ᠪᠤᠶᠠᠨ ᠢ ᠦᠨᠳᠥᠰᠥᠯᠡᠭᠴᠢ ᠰᠥᠮ᠎ᠡ ᠶᠢᠨ ᠠᠯᠳᠠᠨ ᠭᠠᠨᠵᠢᠷ᠎ᠠ ᠬᠢᠯᠠᠰᠥᠨ ᠪᠠᠭᠤᠵᠤ ᠮᠣᠷᠳᠠᠬᠤ ᠶᠢᠨ ᠴᠢᠯᠥᠭᠡᠨ ᠳᠤ ᠥᠨᠡᠨ ᠤ ᠮᠥᠷ ᠢ ᠴᠠᠶᠢᠯᠭᠠᠨ᠎ᠠ ᠭᠤᠣᠯᠠ ᠶᠢᠨ ᠥᠨᠳᠥᠷ ᠠᠭᠤᠯᠠ ᠶᠢ ᠡᠭᠡᠰᠢᠭᠯᠡᠭᠦᠯᠥᠨ ᠡᠬᠢᠯᠡᠬᠦ ᠳᠤ ᠭᠤᠷᠪᠠᠨ ᠮᠠᠷᠠᠯ ᠤᠳᠤᠨ ᠲᠤᠭᠤᠨᠤ ᠭᠤᠣᠯᠯᠠᠨ ᠬᠤᠨᠤᠭᠯᠠᠨ᠎ᠠ ᠬᠦᠨᠳᠥᠳᠥ ᠶᠡᠬᠡᠰ ᠳᠡᠮᠪᠡᠭᠡᠯᠡᠵᠤ ᠬᠤᠶᠢᠮᠤᠷᠯᠠᠨ《ᠬᠥᠮᠥᠨ ᠤ ᠶᠤᠰᠤᠨ ᠤ ᠪᠠᠶᠠᠷ ᠬᠤᠷᠢᠮ》ᠴᠠᠭ ᠤᠨ ᠬᠦᠷᠳᠥᠨ ᠳᠤ ᠤᠷᠤᠰᠢᠨ᠎ᠠ ᠮᠢᠩᠭᠠᠨ ᠵᠤᠤ ᠶᠢᠨ ᠪᠠᠷ᠎ᠠ ᠳᠤ ᠮᠢᠨᠤ ᠨᠤᠲᠤᠭ᠂ ᠳᠠᠨᠳᠠᠷ ᠤᠨ ᠨᠤᠲᠤᠭ ᠮᠢᠷᠠᠯᠵᠠᠨ ᠪᠠᠳᠠᠷᠠᠭᠰᠠᠨ ᠵᠤᠯᠠ ᠶᠢᠨ ᠭᠡᠷᠡᠯ ᠠᠴᠠ ᠴᠤ ᠲᠤᠳᠤᠬᠠᠨ ᠨᠠᠶᠠ ᠲᠠᠢ ᠪᠤᠭᠤᠷᠤᠯ ᠡᠪᠥᠭᠡᠨ ᠨᠠᠮᠢᠷᠠᠭᠰᠠᠨ ᠰᠠᠬᠠᠯ ᠢᠶᠠᠨ ᠰᠢᠪᠳᠤᠷᠬᠤ ᠳᠤ《ᠬᠡᠯᠡᠨ ᠤ ᠴᠢᠮᠡᠭ》ᠳᠡᠯᠭᠡᠷᠡᠨ᠎ᠡ ᠠᠯᠠᠱᠠ ᠯᠾᠷᠠᠮᠪᠠ ᠳᠠᠨᠳᠠᠷ ᠰᠥᠨᠢ ᠶᠢᠨ ᠵᠡᠬᠦᠳᠤᠨ ᠳᠤ ᠢᠷᠡᠨ᠎ᠡ ᠠᠷᠴᠠ ᠲᠠᠢ ᠠᠭᠤᠯᠠᠰ ᠤᠨ ᠡᠩᠭᠡᠷ ᠢᠶᠠᠷ ᠠᠶᠢᠪᠤᠭᠤ ᠲᠠᠶᠢᠪᠤᠭᠤ ᠠᠯᠬᠤᠯᠠᠨ᠎ᠠ ᠁ ᠴᠠᠰᠥᠲᠤ ᠶᠢᠨ ᠥᠨᠳᠥᠷ ᠰᠠᠭᠤᠳᠠᠯ ᠳᠠᠨᠳᠠᠷ ᠠᠴᠠ ᠰᠥᠷᠳᠡᠳᠡᠭ ᠭᠡᠪᠡ ᠤᠤ ᠴᠠᠭᠠᠨ ᠪᠤᠭᠤᠷᠤᠯ ᠪᠠᠭᠰᠢ ᠲᠠᠨᠢ ᠳᠠᠷᠤᠤ ᠪᠠᠶᠢᠬᠤ ᠶᠢ ᠰᠤᠷᠭᠠᠭᠰᠠᠨ ᠭᠡᠪᠡ ᠤᠤ ᠲᠠᠪᠤᠨ ᠬᠠᠷ᠎ᠠ ᠢᠮᠠᠭ᠎ᠠ ᠨᠢ ᠪᠠᠶᠠᠠᠭᠤᠤᠯ ᠤᠨ ᠬᠥᠨᠳᠡᠢ ᠳᠤ ᠪᠡᠯᠴᠢᠳᠡᠭ ᠭᠡᠪᠡ ᠤᠤ ᠲᠤᠭ᠎ᠠ ᠶᠢ ᠨᠢ ᠪᠢ ᠲᠠᠩᠴᠢ ᠣᠯᠵᠣ ᠴᠢᠳᠠᠭᠰᠠᠨ ᠦᠭᠡᠢ ᠁ ᠮᠤᠳᠤ ᠲᠤᠯᠤᠭᠠᠢ ᠪᠠᠨ ᠲᠣᠭᠤᠨᠤᠨ ᠭᠡᠷᠡᠯ ᠳᠤ ᠲᠤᠬᠤᠳᠠᠭ ᠭᠡᠪᠡ ᠤᠤ ᠮᠣᠩᠭᠤᠯ ᠭᠡᠷ ᠠᠴᠠ ᠪᠢ ᠳᠠᠩᠴᠢ ᠭᠡᠷᠡᠯ ᠣᠯᠵᠣ ᠬᠠᠷᠠᠭᠰᠠᠨ ᠦᠭᠡᠢ ᠁ ᠡᠪᠥᠭᠡᠷᠡᠴᠢᠬᠡᠭᠡᠳ ᠷᠠᠪᠵᠠᠢ ᠲᠠᠢ ᠬᠤᠨᠳᠠᠭ᠎ᠠ ᠲᠤᠯᠭᠠᠵᠤ ᠪᠠᠶᠢᠭᠰᠠᠨ《 ᠳᠠᠩ ᠴᠠᠭᠠᠰᠥᠨ ᠤ ᠴᠠᠭᠠᠨᠠᠬᠢ ᠳᠠᠨᠳᠠᠷ ᠪᠠᠨᠳᠢ》 ᠳᠥᠷᠥᠯᠵᠢ ᠶᠢᠨ ᠲᠣᠯᠤᠭᠠᠳ ᠲᠤ ᠨᠠᠮᠠᠢᠢ ᠲᠥᠭᠡᠷᠢᠬᠦᠯᠴᠢᠭᠡᠭᠡᠳ ᠤᠳᠤᠨ᠎ᠠ ᠥᠷᠯᠥᠭᠡ ᠰᠡᠷᠢᠬᠦ ᠳᠤ ᠮᠥᠷ ᠨᠢ ᠪᠦᠯᠢᠶᠡᠬᠡᠨ ᠪᠠᠶᠢᠪᠠ᠂ ᠵᠡᠭᠦᠨ ᠬᠡᠶᠢᠳ ᠢ ᠲᠠᠮᠠᠬᠢᠨ ᠤᠳᠤᠭ᠎ᠠ ᠪᠠᠷ ᠷᠠᠪᠠᠨᠢᠯᠠᠵᠦ ᠪᠠᠶᠢᠭᠰᠠᠨ《ᠵᠤᠳᠠᠭ ᠦᠭᠡᠢ》 ᠪᠤᠭᠤᠷᠤᠯ ᠡᠪᠥᠭᠡᠨ ᠪᠠᠶᠠᠠᠭᠤᠤᠯ ᠤᠨ ᠬᠥᠨᠳᠡᠢ ᠳᠤ ᠨᠠᠮᠠᠢᠢ ᠤᠷᠬᠢᠭᠠᠳ ᠪᠤᠴᠠᠨ᠎ᠠ ᠵᠡᠭᠦᠳᠥᠯᠡᠭᠡᠳ ᠰᠡᠷᠢᠬᠦ ᠳᠤ ᠥᠨᠡᠰᠥ ᠨᠢ ᠪᠥᠯᠢᠶᠡᠬᠡᠨ ᠪᠠᠶᠢᠪᠠ᠃ ᠰᠠᠷᠠᠨ ᠲᠤᠩᠭᠠᠯᠠᠭ ᠰᠥᠨᠢ ᠪᠢ ᠳᠠᠨᠳᠠᠷ ᠯᠾᠠᠷᠠᠮᠪᠠ ᠲᠠᠢ ᠵᠤᠯᠭᠠᠨ᠎ᠠ ᠠᠯᠢ ᠴᠤ ᠰᠥᠨᠢ ᠠᠴᠠ ᠲᠤᠩᠭᠠᠯᠠᠭ ᠠᠷᠪᠠᠳ ᠤᠨ ᠰᠠᠷᠠ ᠲᠠᠢ ᠵᠤᠯᠭᠠᠨ᠎ᠠ᠂ ᠬᠠᠷ᠎ᠠ ᠬᠠᠷᠠᠬᠠᠨ ᠠᠭᠤᠯᠠᠰ ᠲᠡᠨᠳᠡ ᠰᠥᠨᠳᠡᠷᠯᠡᠭᠡᠳ ᠯᠡ ᠁ ᠬᠠᠪ ᠬᠠᠵᠠᠭᠤ ᠳᠤ ᠳᠠᠨᠳᠠᠷ ᠪᠠᠨᠳᠢ ᠰᠢᠯᠥᠭᠯᠡᠭᠡᠳ ᠯᠡ ᠁ ᠨᠠᠮᠬᠠᠨ ᠪᠤᠷᠤ ᠲᠤᠯᠤᠭᠠᠳ ᠲᠤ ᠨᠠᠶᠢᠷᠠᠭ᠂ ᠨᠤᠳᠤᠭ ᠬᠤᠶᠠᠷ ᠢᠶᠠᠨ ᠬᠠᠭᠤᠴᠢᠯᠠᠵᠤ ᠰᠠᠭᠤᠬᠤ ᠳᠤ ᠨᠠᠮᠤᠷ ᠤᠨ ᠰᠥᠨᠢ ᠶᠢᠨ ᠰᠠᠷᠠ ᠬᠤᠨᠳᠠᠭ᠎ᠠ ᠳᠠᠷᠠᠰᠤᠨ ᠳᠤ ᠰᠤᠭᠳᠤᠭᠰᠠᠨ ᠪᠠᠶᠢᠯ᠎ᠠ᠃ ᠪᠠᠶᠠᠨᠨᠢᠷᠤᠭᠤᠨ ᠤ ᠨᠠᠯᠠᠷᠬᠠᠢ ᠡᠪᠡᠰᠥ ᠪᠠᠷ ᠪᠠᠳᠠᠭ ᠰᠢᠯᠥᠭ ᠥᠨᠡᠭᠡᠴᠢᠯᠡᠵᠤ ᠪᠢ ᠥᠭᠢᠷᠡᠭᠰᠡᠨ ᠮᠣᠳᠤᠨ ᠤ ᠳᠣᠣᠷ᠎ᠠ ᠤᠴᠢᠨ᠎ᠠ ᠤᠭ ᠨᠢ ᠲᠡᠷᠡ ᠳᠠᠨᠳᠠᠷ ᠪᠠᠨᠳᠢ ᠶᠢᠨ ᠲᠣᠭᠯᠠᠵᠤ ᠥᠰᠥᠭᠰᠡᠨ ᠵᠤᠯᠵᠠᠭᠠᠨ ᠲᠣᠣᠷᠠᠢ ᠪᠠᠶᠢᠵᠠᠢ᠃ ᠪᠣᠷᠪᠢ ᠮᠥᠷᠥᠯᠡᠭᠰᠡᠨ ᠳᠠᠨᠳᠠᠷ ᠤᠰᠤ ᠪᠠᠨ ᠳᠤᠰᠤᠯᠠᠭᠤᠯᠤᠭᠰᠠᠭᠠᠷ ᠭᠡᠷ ᠤᠨ ᠢᠶᠠᠨ ᠬᠠᠶᠠᠭᠠᠨ ᠳᠤ ᠢᠷᠡᠨ᠎ᠡ ᠮᠢᠨᠤ ᠯᠡ ᠤᠤᠭᠤᠵᠤ ᠠᠮᠰᠠᠬᠤ ᠤᠴᠢᠷᠳᠠᠢ ᠢᠷᠠᠭᠤ ᠨᠠᠶᠢᠷᠠᠭ ᠤᠨ ᠷᠠᠰᠢᠶᠠᠨ ᠪᠠᠶᠢᠵᠠᠢ᠃ ᠰᠠᠷᠠᠨ ᠲᠤᠩᠭᠠᠯᠠᠭ ᠰᠥᠨᠢ ᠪᠢ ᠳᠠᠨᠳᠠᠷ ᠪᠠᠨᠳᠢ ᠲᠠᠢ ᠵᠤᠯᠭᠠᠨ᠎ᠠ ᠰᠠᠷᠠᠯ ᠬᠥᠬᠡ ᠲᠡᠭᠷᠢ ᠶᠢᠨ ᠳᠤᠤᠷ᠎ᠠ ᠡᠨᠡ ᠵᠣᠯᠭᠠᠯᠳᠠ ᠤᠳᠠᠭ᠎ᠠ ᠦᠭᠡᠢ ᠁                                                        (ᠵᠣᠬᠢᠶᠠᠭᠴᠢ᠄ ᠰᠠᠷᠠᠨᠲᠤᠩᠭᠠᠯᠠᠭ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号