ᠪᠠᠶᠢᠭᠠᠯᠢ ᠶᠢᠨ ᠣᠷᠴᠢᠨ ᠳᠣᠭᠤᠷᠢᠨ — ᠠᠮᠢᠳᠠᠨ ᠤᠷᠭᠤᠮᠠᠯ ᠤᠨ ᠡᠬᠢ ᠪᠠᠶᠠᠯᠢᠭ
ᠨᠡᠶᠢᠲᠡᠯᠡᠭᠰᠡᠨ ᠴᠠᠭ᠄
2020/1/13
      ᠠᠯᠠᠱᠨ ᠠᠶᠢᠮᠠᠭ ᠤᠨ ᠬᠢᠯᠢ ᠲᠤᠲᠤᠷ᠎ᠠ ᠭᠡᠭᠡᠷ᠎ᠠ ᠶᠢᠨ ᠠᠮᠢᠳᠠᠨ ᠤ ᠡᠬᠢ ᠪᠠᠶᠠᠯᠢᠭ ᠡᠯᠪᠡᠭ ᠪᠠᠶᠢᠵᠦ᠂ ᠡᠯ᠎ᠠ ᠵᠦᠢᠯ ᠤᠨ ᠭᠡᠭᠡᠷ᠎ᠠ ᠶᠢᠨ ᠰᠡᠭᠡᠷᠳᠠᠨ 200 ᠭᠠᠷᠤᠢ ᠲᠦᠷᠦᠯ ᠪᠤᠢ᠂ ᠡᠬᠦᠨ ᠳᠤ ᠤᠯᠤᠰ ᠤᠨ ᠨᠢᠭᠡᠲᠤᠭᠡᠷ ᠲᠡᠰ ᠤᠨ ᠬᠠᠮᠠᠭᠠᠯᠠᠯᠳᠠ ᠶᠢᠨ ᠭᠡᠭᠡᠷ᠎ᠠ ᠶᠢᠨ ᠠᠮᠢᠳᠠᠨ ᠳᠤ ᠵᠡᠷᠯᠢᠭ ᠡᠯᠵᠢᠭᠡ᠂ ᠵᠡᠷᠯᠢᠭ ᠲᠡᠮᠡᠭᠡ᠂ ᠢᠮᠠᠭ᠎ᠠ᠂ ᠴᠠᠬᠤᠯᠠᠢ᠂ ᠮᠤᠷᠢᠨ ᠬᠦᠳᠡᠷᠢ᠂ ᠬᠠᠷ᠎ᠠ ᠦᠷᠪᠢ᠂ ᠬᠠᠯᠵᠠᠨ ᠪᠦᠷᠬᠦᠳ᠂ ᠲᠤᠭᠤᠳᠠᠭ ᠵᠡᠷᠭᠡ ᠪᠤᠢ︔ ᠤᠯᠤᠰ ᠤᠨ ᠬᠤᠶᠠᠲᠤᠭᠠᠷ ᠲᠡᠰ ᠤᠨ ᠬᠠᠮᠠᠭᠠᠯᠠᠯᠳᠠ ᠶᠢᠨ ᠭᠡᠭᠡᠷ᠎ᠠ ᠶᠢᠨ ᠠᠮᠢᠳᠠᠨ ᠳᠤ ᠤᠷᠲᠤ ᠰᠡᠬᠦᠯᠲᠤ ᠵᠡᠭᠡᠷ᠎ᠠ᠂ ᠲᠤᠷᠤᠭ ᠪᠤᠭᠤ᠂ ᠠᠷᠭᠠᠯᠢ᠂ ᠶᠠᠩᠬᠢᠷ᠂ ᠬᠤᠨ ᠭᠠᠯᠠᠭᠤ᠂ ᠱᠤᠩᠬᠤᠷ᠂ ᠬᠦᠭᠡ ᠭᠤᠷᠭᠤᠤᠯ᠂ ᠰᠢᠷ᠎ᠠ ᠰᠢᠪᠠᠭᠤ ᠵᠡᠷᠭᠡ ᠪᠤᠢ᠃       ᠠᠯᠠᠱᠨ ᠠᠶᠢᠮᠠᠭ ᠤᠨ ᠭᠡᠭᠡᠷ᠎ᠠ ᠶᠢᠨ ᠤᠷᠭᠤᠮᠠᠯ ᠨᠢ ᠭᠠᠩ ᠬᠠᠭᠤᠷᠠᠢ᠂ ᠲᠤᠶᠢᠯ ᠤᠨ ᠭᠠᠩ ᠬᠠᠭᠤᠷᠠᠢ᠂ ᠬᠤᠵᠢᠷᠯᠢᠭ ᠪᠠ ᠡᠯᠡᠰᠤᠷᠭᠡᠭ ᠭᠠᠵᠠᠷ ᠤᠨ ᠤᠷᠭᠤᠮᠠᠯ ᠢᠶᠠᠷ ᠭᠤᠤᠯ ᠪᠤᠯᠭᠠᠵᠦ᠂ ᠤᠲᠤ ᠪᠠᠶᠢᠭ᠎ᠠ ᠭᠡᠭᠡᠷ᠎ᠠ ᠶᠢᠨ ᠤᠷᠭᠤᠮᠠᠯ 900 ᠭᠠᠷᠤᠢ ᠲᠦᠷᠦᠯ ᠪᠤᠢ᠃ ᠡᠬᠦᠨ ᠳᠤ᠂ ︽ᠦᠪᠤᠷ ᠮᠤᠩᠭᠤᠯ ᠤᠨ ᠬᠤᠪᠤᠷ ᠴᠤᠬᠠᠭ ᠤᠰᠠᠳᠬᠤ ᠠᠶᠤᠯ ᠲᠠᠢ ᠬᠠᠮᠠᠭᠠᠯᠠᠯᠳᠠ ᠶᠢᠨ ᠤᠷᠭᠤᠮᠠᠯ ᠤᠨ ᠨᠠᠷᠡᠰ ᠤᠨ ᠭᠠᠷᠴᠠᠭ︾ ᠲᠤ 45 ᠵᠦᠢᠯ ᠢ ᠤᠷᠤᠭᠤᠯᠪᠠ᠃ ᠨᠢᠭᠡᠲᠤᠭᠡᠷ ᠲᠡᠰ ᠤᠨ ᠬᠠᠮᠠᠭᠠᠯᠠᠯᠳᠠ ᠶᠢᠨ ᠤᠷᠭᠤᠮᠠᠯ ᠳᠤ ᠵᠠᠭ᠂ ᠲᠤᠤᠷᠠᠢ᠂ ᠴᠠᠭᠠᠨ ᠭᠤᠶᠤᠤ᠂ ᠨᠤᠴᠤᠭᠠᠨ᠎ᠠ᠂ ᠬᠤᠯᠤᠨ ᠬᠤᠶᠢᠷᠠᠭ᠂ ᠬᠠᠷᠭᠠᠨ᠎ᠠ ᠵᠡᠷᠭᠡ 6 ᠵᠦᠢᠯ ᠪᠤᠢ︔ ᠬᠤᠶᠠᠲᠤᠭᠠᠷ ᠲᠡᠰ ᠤᠨ ᠬᠠᠮᠠᠭᠠᠯᠠᠯᠳᠠ ᠶᠢᠨ ᠤᠷᠭᠤᠮᠠᠯ  ᠳᠤ ᠲᠤᠯᠪᠤᠲᠤ ᠵᠡᠭᠡᠷᠭᠡᠨ᠎ᠠ᠂ ᠤᠯᠠᠭᠠᠨ ᠲᠦᠯᠡᠭᠡ᠂ ᠬᠠᠳᠠᠭᠤ ᠬᠠᠷ᠎ᠠ᠂ ᠪᠠᠲᠤᠴᠠᠭᠠᠨ᠂ ᠰᠢᠬᠢᠷ ᠡᠪᠠᠰᠤ᠂ ᠰᠡᠩᠳᠡᠩ ᠮᠤᠲᠤ᠂ ᠠᠯᠠᠱᠨ ᠠᠭᠤᠯᠨ ᠶᠢᠨ ᠭᠤᠤᠯᠲᠤ ᠪᠤᠷᠤ᠂ ᠠᠯᠠᠱᠨ ᠶᠢᠨ ᠲᠡᠮᠡᠭᠡᠨ ᠠᠩᠭᠠᠯᠵᠠᠭᠤᠷ᠂ ᠰᠢᠷᠠᠯᠵᠢ ᠵᠡᠷᠭᠡ 9 ᠵᠦᠢᠯ ᠪᠤᠢ︔ ᠭᠤᠷᠪᠠᠲᠤᠭᠠᠷ ᠲᠡᠰ ᠤᠨ ᠬᠠᠮᠠᠭᠠᠯᠠᠯᠳᠠ ᠶᠢᠨ ᠤᠷᠭᠤᠮᠠᠯ ᠳᠤ ᠡᠮᠡᠭᠡᠨ ᠰᠢᠯᠪᠢ᠂ ᠠᠯᠠᠱᠨ ᠶᠢᠨ ᠲᠤᠰᠤᠨ ᠲᠤᠷᠯᠤᠭ᠂ ᠲᠦᠯᠭᠡᠴᠢ ᠡᠪᠠᠰᠤ᠂ ᠠᠯᠠᠱᠨ ᠠᠭᠤᠯᠨ ᠶᠢᠨ ᠣᠷᠳᠣᠣᠵᠠ᠂ ᠦᠪᠤᠷ ᠮᠤᠩᠭᠤᠯ ᠤᠨ ᠣᠷᠳᠣᠣᠵᠠ᠂ ᠠᠯᠠᠱᠨ ᠶᠢᠨ ᠬᠤᠨᠴᠢᠷ᠂ ᠠᠯᠠᠱᠨ ᠶᠢᠨ ᠦᠮᠠᠭᠡᠢ ᠭᠡᠷᠡᠰᠤ᠂ ᠠᠯᠠᠱᠨ ᠠᠭᠤᠯᠨ ᠶᠢᠨ ᠬᠠᠷ᠎ᠠ ᠲᠤᠬᠢᠭᠤᠷ ︵ᠰᠦᠨᠢᠵᠢᠮᠠᠯ ᠴᠡᠴᠡᠭ︶᠂  ᠪᠡᠭᠡᠲᠤ ᠡᠪᠠᠰᠤ᠂ ᠠᠯᠠᠱᠨ ᠠᠭᠤᠯᠨ ᠶᠢᠨ ᠬᠤᠷᠤᠬᠠᠢ ᠴᠡᠴᠡᠭ᠂ ᠠᠯᠠᠱᠨ ᠠᠭᠤᠯᠨ ᠶᠢᠨ ᠱᠤᠪᠲᠤᠭᠠᠬᠠᠢ᠂ ᠠᠯᠠᠱᠨ ᠶᠢᠨ ᠡᠯᠡᠰᠤᠨ ᠯᠤᠤᠪᠠᠩ᠂ ᠮᠤᠨᠢ ᠠᠭᠤᠯᠨ ᠶᠢᠨ ᠭᠡᠴᠢ᠂ ᠰᠢᠯᠮᠤᠤᠰᠤᠲᠤ ᠰᠦᠯᠦ᠂ ᠤᠯᠠᠭᠠᠨ ᠪᠤᠳᠠᠷᠭᠠᠨ᠎ᠠ᠂ ᠦᠪᠤᠷ ᠮᠤᠩᠭᠤᠯ ᠤᠨ ᠦᠮᠠᠭᠡᠢ ᠰᠢᠷᠠᠯᠵᠢ᠂ ᠠᠯᠠᠱᠨ ᠶᠢᠨ ᠲᠠᠯᠠᠨ ᠲᠤᠪᠴᠢ᠂ ᠵᠢᠭᠠᠰᠤᠨ ᠬᠤᠤᠷ ᠴᠡᠴᠡᠭ᠂ ᠴᠠᠭᠠᠨ ᠤᠯᠤᠰᠤ᠂ ᠠᠯᠠᠱᠨ ᠠᠭᠤᠯᠨ ᠶᠢᠨ ᠬᠠᠷ᠎ᠠ ᠤᠷᠬᠤᠲᠠᠢ᠂ ᠦᠪᠤᠷ ᠮᠤᠩᠭᠤᠯ ᠤᠨ ᠭᠡᠭᠡᠷ᠎ᠠ  ᠶᠢᠨ ᠭᠤᠤᠯᠲᠤ ᠪᠤᠷᠤ᠂ ᠭᠡᠭᠡᠷ᠎ᠠ ᠶᠢᠨ ᠴᠠᠭᠠᠨ ᠤᠳ᠋ᠪᠠᠯ᠎ᠠ᠂ ᠠᠯᠠᠱᠨ ᠠᠭᠤᠯᠨ ᠶᠢᠨ ᠬᠠᠷ᠎ᠠ ᠰᠢᠪᠠᠭ᠂ ᠠᠯᠠᠱᠨ ᠶᠢᠨ ᠬᠠᠯᠳᠠᠷᠭᠠᠨ᠎ᠠ ︵ᠴᠤᠷᠤᠯ︶᠂ ᠭᠡᠭᠡᠷ᠎ᠠ ᠶᠢᠨ ᠨᠤᠶᠢᠯ ᠡᠪᠠᠰᠤ᠂ ᠱᠤᠷᠨᠤ᠂ ᠠᠯᠳᠠᠨ ᠬᠤᠨᠳᠠᠭᠠᠨ ᠴᠡᠴᠡᠭ ᠵᠡᠷᠭᠡ 30 ᠵᠦᠢᠯ ᠪᠤᠢ᠃ ᠠᠯᠠᠱᠨ ᠠᠶᠢᠮᠠᠭ ᠤᠨ ᠪᠠᠶᠢᠭᠠᠯᠢ ᠶᠢᠨ ᠲᠤᠷᠤᠭ ᠮᠤᠲᠤᠨ ᠤᠢ ᠶᠢᠨ ᠲᠠᠷᠬᠠᠯᠳᠠ ᠨᠢ 110 ᠲᠦᠮᠠᠨ ᠮᠤ᠋ ᠪᠠᠶᠢᠵᠦ᠂ ᠡᠬᠦᠨ ᠳᠤ᠂ ᠠᠯᠠᠱᠨ ᠠᠭᠤᠯᠨ ᠶᠢᠨ ᠪᠠᠷᠠᠭᠤᠨ ᠬᠤᠷᠮᠤᠢ ᠶᠢᠨ ᠬᠦᠭᠡᠨᠠᠭᠤᠷ ᠤᠨ ᠭᠠᠴᠤᠷ᠎ᠠ ᠪᠠᠷ ᠭᠤᠤᠯ ᠪᠤᠯᠭᠠᠭᠰᠠᠨ ᠪᠠᠶᠢᠭᠠᠯᠢᠯᠢᠭ ᠡᠬᠦᠰᠤᠮᠠᠯ ᠤᠢ ᠨᠢ 58 ᠲᠦᠮᠠᠨ ᠮᠤ᠋ ᠪᠤᠢ︔ ᠡᠵᠠᠨ᠎ᠠ ᠶᠢᠨ ᠵᠢᠤᠢ ᠶᠠᠨ ᠤ ᠨᠤᠭᠤᠭᠠᠨ ᠪᠦᠷᠢᠲᠤ ᠶᠢᠨ ᠲᠤᠤᠷᠠᠢ ᠶᠢᠨ ᠤᠢ ᠨᠢ 44 ᠲᠦᠮᠠᠨ ᠮᠤ᠋ ᠪᠤᠯᠤᠨ᠎ᠠ᠃ ᠪᠠᠶᠢᠭᠠᠯᠢ ᠶᠢᠨ ᠪᠤᠳᠠ ᠮᠤᠲᠤᠨ  ᠳᠤ ᠭᠤᠤᠯᠳᠠᠭᠤ ᠬᠠᠷᠮᠠᠭ᠂ ᠵᠠᠭ᠂ ᠬᠤᠯᠤᠨ ᠬᠤᠶᠢᠷᠠᠭ᠂ ᠰᠤᠬᠠᠢ᠂ ᠬᠠᠷᠭᠠᠨ᠎ᠠ᠂ ᠪᠤᠴᠢᠬᠢᠨᠠᠭᠤᠷ ᠵᠡᠷᠭᠡ ᠪᠠᠶᠢᠵᠦ᠂ ᠲᠠᠯᠠᠪᠠᠢ ᠨᠢ 2980 ᠲᠦᠮᠠᠨ ᠮᠤ᠋ ᠪᠤᠢ᠃ ᠭᠡᠭᠡᠷ᠎ᠠ ᠶᠢᠨ ᠡᠮ ᠤᠨ ᠮᠠᠲ᠋ᠧᠷᠢᠶᠠᠯ ᠤᠨ ᠲᠦᠷᠦᠯ ᠵᠦᠢᠯ ᠪᠠ ᠬᠠᠳᠠᠭᠠᠯᠠᠭᠳᠠᠵᠦ ᠪᠠᠶᠢᠭ᠎ᠠ ᠭᠡᠮᠵᠢᠶ᠎ᠠ ᠨᠢ ᠪᠦᠷ ᠨᠠᠯᠢᠶᠠᠳ ᠡᠯᠪᠡᠭ ᠪᠠᠶᠢᠵᠦ᠂ ᠴᠠᠭᠠᠨ ᠭᠤᠶᠤᠤ᠂ ᠰᠢᠬᠢᠷ ᠡᠪᠠᠰᠤ᠂ ᠤᠯᠠᠭᠠᠨ ᠭᠤᠶᠤᠤ᠂ ᠬᠤᠯᠠᠨ ᠪᠤᠶᠠ᠂ ᠵᠡᠭᠡᠷᠭᠡᠨ᠎ᠠ᠂ ᠠᠯᠠᠱᠨ ᠠᠭᠠᠷᠤ᠂ ᠴᠢᠨ᠋ᠸ᠎ᠠ ᠶᠢᠨ ᠬᠠᠷᠮᠠᠭ᠂ ᠪᠤᠷᠭᠠᠰᠤᠨ ᠴᠠᠢ     ︵ᠯᠤᠪ ᠤᠯᠤᠰᠤ︶ ᠵᠡᠷᠭᠡ ᠤᠯᠠᠨ ᠲᠦᠷᠦᠯ ᠤᠨ ᠬᠤᠪᠤᠷ ᠴᠤᠬᠠᠭ ᠡᠮ ᠤᠨ ᠮᠠᠲ᠋ᠧᠷᠢᠶᠠᠯ ᠪᠣᠢ᠃
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号